ᠴᠡᠷᠢᠭ ᠠᠷᠠᠤᠨ ᠤᠨ ᠠᠮᠢᠨ ᠳᠡᠵᠢᠬᠡᠯ ᠸᠠᠩ ᠵᠧᠨ ᠤ ᠬᠤᠤᠨᠳᠤᠭ — ᠲᠦᠷᠪᠡᠳᠤᠬᠡᠷ ᠪᠦᠯᠦᠭ ︵ᠵᠢᠷᠭᠤᠭ᠎ᠠ︶
ᠨᠡᠶᠢᠲᠡᠯᠡᠭᠰᠡᠨ ᠴᠠᠭ᠄
2024/10/11
     ᠵᠢᠷᠭᠤᠭ᠎ᠠ᠂ ᠰᠢᠨ᠎ᠡ ᠪᠠᠷ ᠪᠠᠶᠢᠭᠤᠯᠣᠭᠰᠠᠨ ᠠᠷᠪᠠᠨ ᠨᠢᠬᠡᠳᠤᠬᠡᠷ ᠪᠠᠷᠢᠭᠠᠳᠠ     ᠰᠢᠨ᠎ᠡ ᠪᠠᠷ ᠪᠠᠶᠢᠭᠤᠯᠣᠭᠰᠠᠨ ᠠᠷᠪᠠᠨ ᠨᠢᠬᠡᠳᠤᠬᠡᠷ ᠪᠠᠷᠢᠭᠠᠳᠠ ᠪᠣᠯ ᠱᠠᠨᠰᠢ᠂ ᠭᠠᠨᠰᠣ᠂ ᠨᠢᠩᠰᠢᠶᠠ᠂ ᠱᠠᠨ ᠰᠢ᠂ ᠰᠦᠢᠶᠦᠸᠡᠨ ᠤ ᠬᠤᠯᠪᠣᠭᠠᠯᠠᠨ ᠰᠡᠷᠬᠡᠶᠢᠯᠡᠭᠦ ᠵᠠᠬᠢᠷᠭᠠᠨ ᠤ ᠭᠠᠵᠠᠷ ᠤᠨ ᠠᠷᠪᠠᠨ ᠨᠢᠬᠡᠳᠤᠬᠡᠷ ᠪᠠᠷᠢᠭᠠᠳᠠ ᠶᠢᠨ ᠳᠦᠭᠦᠮ ᠨᠡᠷᠡᠶᠢᠳᠣᠯ ᠪᠡᠶᠢᠵᠣ᠂ ᠭᠤᠮᠢᠨᠳᠠᠩ ᠤᠨ ᠪᠣᠰᠣᠯᠭ᠎ᠠ ᠭᠠᠷᠭᠠᠭᠰᠡᠨ ᠴᠡᠷᠢᠭ ᠠᠩᠬᠢ ᠶᠢ ᠦᠭᠡᠷᠡᠴᠢᠯᠠᠨ ᠪᠠᠶᠢᠭᠤᠯᠤᠭᠰᠠᠨ ᠶᠣᠮ᠃ ᠣᠣᠯ ᠳᠠᠭᠠᠨ ᠭᠤᠮᠢᠨᠳᠠᠩ ᠤᠨ ᠬᠤᠷᠢᠨ ᠨᠢᠬᠡᠳᠤᠬᠡᠷ ᠨᠢᠭᠡᠳᠭᠡᠯ ᠠᠷᠮᠢ ᠶᠢᠨ ᠠᠷᠪᠠᠨ ᠨᠢᠬᠡᠳᠤᠬᠡᠷ ᠪᠠᠷᠢᠭᠠᠳᠠ ᠪᠡᠶᠢᠵᠣ᠂ ᠪᠠᠭ᠎ᠠ ᠮᠠᠰᠢᠩ᠂ ᠰᠣᠬᠠᠢ ᠶᠢᠨ ᠪᠠᠶᠢᠰᠢᠩ ᠤᠨ ᠣᠶᠢᠷ᠎ᠡ ᠬᠠᠪᠢ ᠪᠠᠷ ᠰᠠᠬᠢᠨ ᠰᠠᠭᠤᠵᠣ ᠪᠠᠶᠢᠪᠠ᠃ 1945  ᠣᠨ ᠤ 10 ᠰᠠᠷ᠎ᠠ ᠳᠤ᠂ ᠴᠡᠷᠢᠭ ᠠᠩᠬᠢ ᠶᠢᠨ ᠵᠠᠬᠢᠷᠭᠠᠨ ᠤ ᠭᠠᠵᠠᠷ ᠪᠠ ᠬᠠᠷᠢᠶ᠎ᠠ ᠨᠢᠭᠡᠳᠣᠭᠡᠷ ᠬᠤᠷᠢᠶ᠎ᠠ ᠪᠣᠰᠣᠯᠭ᠎ᠠ ᠭᠠᠷᠭᠠᠭᠠᠳ᠂ ᠰᠢᠨ᠎ᠡ ᠠᠷᠪᠠᠨ ᠨᠢᠬᠡᠳᠤᠬᠡᠷ ᠪᠠᠷᠢᠭᠠᠳᠠ ᠪᠣᠯᠭᠠᠨ ᠦᠭᠡᠷᠡᠴᠢᠯᠠᠨ ᠪᠠᠶᠢᠭᠤᠯᠵᠡᠢ᠃      ᠰᠢᠨ᠎ᠡ ᠠᠷᠪᠠᠨ ᠨᠢᠬᠡᠳᠤᠬᠡᠷ ᠪᠠᠷᠢᠭᠠᠳᠠ ᠭᠤᠣᠯ ᠨᠢ ᠪᠠᠭ᠎ᠠ ᠮᠠᠰᠢᠩ᠂ ᠰᠣᠬᠠᠢ ᠶᠢᠨ ᠪᠠᠶᠢᠰᠢᠩ ᠳᠤ ᠰᠠᠭᠤᠨ ᠰᠠᠬᠢᠵᠤ᠂ ᠪᠣᠷᠣᠪᠠᠯᠭᠠᠰᠣᠨ ᠤ ᠤᠷᠳᠤ ᠪᠠᠶ᠎ᠠ ᠪᠠᠷ ᠬᠠᠷᠢᠴᠠᠭ᠎ᠠ ᠨᠦᠯᠤᠬᠡ ᠶᠡᠭᠡ ᠲᠠᠢ ᠪᠡᠶᠢᠵᠡᠢ᠃ ᠢᠯᠠᠩᠭᠤᠶ᠎ᠠ ᠰᠢᠨ᠎ᠡ ᠠᠷᠪᠠᠨ ᠨᠢᠬᠡᠳᠤᠬᠡᠷ ᠪᠠᠷᠢᠭᠠᠳᠠ ᠶᠢᠨ ᠠᠷᠣ ᠲᠠᠯ᠎ᠠ ᠶᠢᠨ ᠡᠮᠨᠡᠯᠭᠡ ᠶᠢᠨ ᠬᠤᠷᠢᠶ᠎ᠠ ᠨᠢ ᠴᠢᠯᠦᠭᠡᠯᠡᠭᠦ ᠳᠡᠶᠢᠨ ᠤ ᠦᠶ᠎ᠡ ᠳᠤ ᠪᠤᠷᠤᠪᠠᠯᠭᠠᠰᠤᠨ ᠳᠤ ᠰᠠᠬᠢᠨ ᠰᠠᠭᠤᠭ᠎ᠠ ᠴᠡᠷᠢᠭ ᠠᠩᠬᠢ ᠯᠤᠭ᠎ᠠ ᠬᠠᠷᠢᠴᠠᠭ᠎ᠠ ᠲᠠᠢ ᠪᠠᠶᠢᠭᠰᠠᠨ ᠶᠣᠮ᠃                 
ᠢᠷᠡᠯᠲᠡ᠄ ︽ᠳᠠᠯ᠎ᠠ ᠨᠤᠳᠤᠭ ᠤᠨ ᠬᠤᠪᠢᠰᠬᠠᠯ ᠤᠨ ᠳᠡᠤᠬᠡ ᠤᠯᠪᠠᠭ᠎ᠠ︾