ᠪᠠᠶᠢᠭᠠᠯᠢ ᠶᠢᠨ ᠭᠠᠢ ᠭᠠᠮᠰᠢᠭ — ᠬᠦᠢᠳᠡᠨ ᠤᠷᠤᠰᠬᠠᠯ
ᠨᠡᠶᠢᠲᠡᠯᠡᠭᠰᠡᠨ ᠴᠠᠭ᠄
2024/10/11
     ᠬᠦᠢᠳᠡᠨ ᠤᠷᠤᠰᠬᠠᠯ ᠤᠨ ᠬᠦᠳᠡᠯᠬᠦ ᠤᠯᠠᠷᠢᠯ ᠨᠢ 9 ᠰᠠᠷ᠎ᠠ ᠶᠢᠨ ᠬᠤᠷᠢᠤᠨ ᠠᠴᠠ ᠳᠠᠷᠠᠭ᠎ᠠ ᠵᠢᠯ ᠤᠨ ᠬᠢ ᠨᠢ 5 ᠰᠠᠷ᠎ᠠ ᠶᠢᠨ ᠳᠤᠮᠳᠠᠴᠢ ᠬᠦᠷᠳᠡᠯ᠎ᠡ ᠳᠤᠮᠳᠠᠴᠢ  ᠪᠠᠷ ᠵᠢᠯ ᠪᠦᠷᠢ 5 ~ 6 ᠤᠳᠠᠭ᠎ᠠ ᠡᠬᠦᠰᠳᠡᠭ᠃ 1970 ᠤᠨ ᠳᠤ 10 ᠤᠳᠠᠭ᠎ᠠ ᠡᠬᠦᠰᠴᠠᠢ᠃     ᠬᠦᠢᠳᠡᠨ ᠤᠷᠤᠰᠬᠠᠯ ᠡᠩ ᠳᠤ ᠪᠠᠨ 10 ᠰᠠᠷ᠎ᠠ ᠶᠢᠨ ᠳᠤᠮᠳᠠᠴᠢ ᠠᠴᠠ ᠡᠬᠢᠯᠡᠵᠤ᠂ ᠬᠠᠮᠤᠭ ᠡᠷᠳᠠ 1967 ᠤᠨ ᠳᠤ 9 ᠰᠠᠷ᠎ᠠ ᠶᠢᠨ 28 ᠳᠤ ᠡᠬᠦᠰᠴᠤ᠂ ᠳᠠᠷᠠᠭ᠎ᠠ ᠵᠢᠯ ᠤᠨ ᠬᠢ ᠨᠢ 4 ᠰᠠᠷ᠎ᠠ ᠶᠢᠨ ᠳᠤᠮᠳᠠᠴᠢ ᠳᠤ ᠳᠡᠬᠦᠰᠴᠠᠢ᠃ ᠬᠠᠮᠤᠭ ᠤᠨ ᠤᠷᠤᠢ ᠨᠢ 1982 ᠤᠨ ᠳᠤ 5 ᠰᠠᠷ᠎ᠠ ᠶᠢᠨ 14 ᠤ ᠡᠳᠤᠷ ᠰᠠᠶ᠋ᠢ ᠳᠡᠬᠦᠰᠴᠠᠢ᠃ ᠬᠦᠢᠳᠡᠨ ᠤᠷᠤᠰᠬᠠᠯ ᠨᠢ ᠰᠠᠪᠠ ᠬᠢᠵᠠᠭᠠᠷ ᠦᠩᠬᠡᠷᠡᠬᠦ ᠳᠤ ᠪᠠᠨ 8 ᠳᠡᠰ ᠠᠴᠠ ᠳᠡᠬᠡᠭᠰᠢ ᠬᠢ ᠤᠮᠠᠷᠠᠳᠤ ᠶᠢᠨ ᠰᠠᠯᠬᠢᠨ ᠲᠠᠢ ᠬᠤᠯᠢᠴᠠᠯᠳᠤᠨ᠂ 1 ~ 2 ᠡᠳᠤᠷ ᠦᠷᠬᠦᠯᠵᠢᠯᠡᠳᠡᠭ᠂ ᠳᠤᠯᠠᠭᠠᠨ ᠤ ᠬᠡᠮᠵᠢᠶ᠎ᠡ ᠦᠤᠨᠳᠠᠷ ᠲᠦᠷᠬᠡᠨ ᠳᠤᠷᠤᠭᠰᠢᠯᠠᠵᠤ᠂ 24 ᠴᠠᠭ ᠤᠨ ᠳᠤᠳᠤᠷ᠎ᠠ 10℃ ᠠᠴᠠ ᠳᠡᠬᠡᠭᠰᠢ ᠳᠤᠷᠤᠭᠰᠢᠯᠠᠳᠠᠭ᠃ 1984 ᠤᠨ ᠤ 4 ᠰᠠᠷ᠎ᠠ ᠶᠢᠨ 26 ᠤ ᠡᠳᠤᠷ 12.6℃ ᠢᠶᠠᠷ ᠪᠠᠭᠤᠷᠠᠵᠠᠢ᠃     ᠬᠦᠢᠳᠡᠨ ᠤᠷᠤᠰᠬᠠᠯ ᠨᠢ ᠳᠠᠷᠢᠶᠠᠯᠠᠩ ᠤᠨ ᠳᠠᠷᠢᠮᠠᠯ᠂ ᠡᠪᠡᠰᠤ ᠪᠡᠯᠴᠢᠬᠡᠷ ᠤᠨ ᠤᠷᠭᠤᠯᠳᠠ ᠪᠤᠯᠤᠨ ᠪᠤᠯᠪᠠᠰᠤᠷᠠᠯᠳᠠ ᠶᠢ ᠰᠢᠭᠤᠤᠨ ᠨᠦᠯᠤᠬᠡᠯᠡᠳᠡᠭ᠃ ᠰᠠᠯᠬᠢ᠂ ᠭᠠᠩ ᠭᠠᠮᠰᠢᠭ ᠤᠨ ᠨᠦᠯᠤᠬᠡᠯᠡᠯ ᠢᠶᠠᠷ ᠳᠠᠷᠢᠶᠠᠯᠠᠩ ᠤᠨ ᠳᠠᠷᠢᠮᠠᠯ ᠤᠨ ᠳᠠᠷᠢᠬᠤ ᠬᠤᠭᠤᠴᠠᠭ᠎ᠠ ᠶᠢ ᠬᠤᠶᠢᠰᠢᠯᠠᠭᠤᠯᠵᠤ᠂ ᠤᠨᠠᠯᠳᠠ ᠶᠢ ᠨᠢ ᠪᠠᠭᠤᠷᠠᠭᠤᠯᠳᠠᠭ᠃ 1981 ᠤᠨ ᠤ 1 ~ 5 ᠰᠠᠷ᠎ᠠ ᠪᠤᠯᠳᠠᠯ᠎ᠠ ᠬᠦᠢᠳᠡᠨ ᠤᠷᠤᠰᠬᠠᠯ 2 ᠤᠳᠠᠭ᠎ᠠ ᠡᠬᠦᠰᠴᠤ᠂ ᠬᠦᠢᠳᠡᠨ ᠤᠷᠤᠰᠬᠠᠯ ᠤᠨ ᠬᠤᠭᠤᠴᠠᠭᠠᠨ᠎ᠠ ᠳᠤᠯᠠᠭᠠᠨ ᠤ ᠬᠡᠮᠵᠢᠶ᠎ᠠ 10℃ ᠢᠶᠠᠷ ᠪᠠᠭᠤᠷᠠᠨ᠂ 3 ᠰᠠᠨᠲ᠋ᠢᠮᠧᠲᠷ ᠤᠨ ᠮᠦᠰᠤ ᠬᠦᠯᠳᠡᠵᠤ᠂ ᠵᠢᠮᠢᠰ ᠤᠨ ᠮᠤᠳᠤ᠂ ᠤᠷᠳᠤᠤᠵᠠ ︵ᠤᠷᠳᠤᠤᠨ︶ ᠶᠢᠨ ᠴᠡᠴᠡᠭ ᠬᠦᠯᠳᠡᠨ ᠦᠬᠦᠵᠤ᠂ ᠬᠠᠪᠤᠷ ᠡᠷᠳᠠ ᠶᠢᠨ ᠳᠠᠷᠢᠮᠠᠯ ᠪᠠ ᠲᠦᠩᠬᠡᠵᠤ ᠨᠤᠭᠤᠭᠠᠷᠠᠭᠰᠠᠨ ᠡᠪᠡᠰᠤ ᠪᠡᠯᠴᠢᠬᠡᠷ ᠬᠦᠯᠳᠡᠬᠡᠤᠨ ᠳᠠᠬᠢᠨ ᠡᠬᠢᠯᠡᠵᠤ ᠤᠷᠭᠤᠭᠰᠠᠨ ᠪᠠᠶᠢᠨ᠎ᠠ᠃    1983 ᠤᠨ ᠤ 4 ᠰᠠᠷ᠎ᠠ ᠶᠢᠨ 27 ᠤ ᠡᠳᠤᠷ ᠡᠯᠡᠰᠤᠨ ᠰᠢᠭᠤᠷᠭ᠎ᠠ ᠦᠩᠬᠡᠷᠡᠭᠰᠡᠨ ᠤ ᠳᠠᠷᠠᠭᠠᠬᠢ ᠬᠦᠢᠳᠡᠨ ᠤᠷᠤᠰᠬᠠᠯ ᠢᠶᠠᠷ ᠳᠤᠯᠠᠭᠠᠨ ᠤ ᠬᠡᠮᠵᠢᠶ᠎ᠡ 12℃ ᠪᠠᠭᠤᠷᠠᠵᠤ᠂ ᠮᠤᠳᠤᠨ ᠨᠠᠪᠴᠢ᠂ ᠴᠡᠴᠡᠭ᠂ ᠪᠡᠯᠴᠢᠬᠡᠷ ᠡᠪᠡᠰᠤ᠂ ᠪᠤᠭᠤᠳᠠᠢ ᠵᠡᠷᠬᠡ ᠵᠤᠨ ᠤ ᠳᠠᠷᠢᠮᠠᠯ ᠪᠦᠬᠦᠨ ᠢᠶᠠᠷ ᠢᠶᠠᠨ ᠬᠦᠯᠳᠡᠵᠤ ᠳᠠᠭᠤᠰᠴᠠᠢ᠃
ᠢᠷᠡᠯᠲᠡ᠄ ᠤᠳᠤᠭ ᠤᠨ ᠡᠮᠤᠨᠡᠳᠤ ᠬᠤᠰᠢᠭᠤᠨ ᠤ ᠤᠶᠢᠯᠠᠯᠭ᠎ᠠ ︵1980 — 2009 ᠤᠨ︶