ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤ ᠶᠢᠨ ᠤᠯᠵᠠᠴᠢ ᠭᠠᠴᠠᠭᠠᠨ ᠤ ᠨᠠᠷᠢᠮᠤ ᠶᠢᠨ ᠳᠤᠷᠰᠢᠯᠳᠠ ᠶᠢᠨ ᠰᠠᠭᠤᠷᠢᠨ ᠳᠤ ᠤᠴᠢᠬᠤ ᠳᠤ᠂ | ᠨᠠᠷᠢᠮᠤ ᠶᠢᠨ ᠲᠦᠷᠤᠬᠦᠤ ᠨᠠᠷᠠᠨ ᠤ ᠬᠡᠷᠡᠯ ᠳᠤ ᠬᠠᠯᠢᠭᠤᠷᠠᠵᠤ᠂ ᠠᠩᠬᠢᠯᠤᠮ᠎ᠠ ᠰᠠᠶᠢᠬᠠᠨ ᠦᠨᠤᠷ ᠨᠢ ᠬᠠᠮᠠᠷ ᠢ ᠰᠡᠩᠬᠢᠨᠡᠬᠦᠯᠵᠤ᠂ ᠬᠠᠳᠤᠵᠤ ᠬᠤᠷᠢᠶᠠᠬᠤ ᠳᠤᠮᠤ ᠮᠠᠰᠢᠨ | ᠳᠠᠷᠢᠶᠠᠨ ᠳᠤᠮᠳᠠ ᠰᠦᠯᠵᠢᠯᠳᠤᠨ ᠵᠢᠷᠢᠯᠵᠠᠵᠤ᠂ ᠠᠳᠡᠬᠢ ᠶᠢᠨ ᠨᠠᠷᠢᠮᠤ ᠶᠢᠨ ᠳᠠᠷᠢᠶ᠎ᠠ ᠨᠢᠬᠡᠨᠳᠠ ᠬᠤᠷᠢᠶᠠᠯᠳᠠ ᠶᠢᠨ ᠬᠤᠭᠤᠴᠠᠭᠠᠨ ᠳᠤ ᠤᠷᠤᠭᠰᠡᠨ ᠢ ᠬᠠᠷᠠᠭᠤᠯᠵᠤ | ᠪᠠᠶᠢᠯ᠎ᠠ᠃ | ᠢ ᠹᠧᠩ ᠮᠠᠯ ᠳᠠᠷᠢᠶᠠᠯᠠᠩ ᠤᠨ ᠬᠢᠵᠠᠭᠠᠷᠳᠤ ᠺᠤᠮᠫᠠᠨᠢ ᠶᠢᠨ ᠬᠠᠷᠢᠭᠤᠴᠠᠯᠭᠠᠳᠠᠨ ᠳ᠋ᠤᠸᠠᠨ ᠡᠯ ᠯᠢ ᠶᠢᠨ ᠳᠠᠨᠢᠯᠴᠠᠭᠤᠯᠬᠤ ᠪᠠᠷ᠂ ᠡᠨᠡ ᠵᠢᠯ ᠳᠠᠳᠠ 350 ᠮᠤ᠋ | ᠨᠠᠷᠢᠮᠤ ᠳᠤᠷᠰᠢᠨ ᠳᠠᠷᠢᠭᠠᠤᠨ᠂ ᠤᠳᠤᠬᠠᠨ ᠳᠤ ᠮᠤ᠋ ᠶᠢᠨ ᠤᠨᠠᠯᠳᠠ ᠨᠢ 700 — 800 ᠵᠢᠩ ᠪᠠᠶᠢᠵᠤ᠂ ᠤᠳᠤ ᠶᠢᠨ ᠵᠠᠬ᠎ᠠ ᠳᠡᠯᠬᠡᠬᠦᠷ ᠤᠨ ᠦᠨ᠎ᠡ ᠪᠠᠷ ᠵᠢᠩ | ᠪᠦᠷᠢ ᠳᠤ ᠪᠠᠨ 1.5 ᠲᠦᠬᠦᠷᠢᠭ ᠢᠶᠠᠷ ᠪᠤᠳᠤᠪᠠᠯ᠂ ᠮᠤ᠋ ᠪᠦᠷᠢ ᠶᠢᠨ ᠠᠰᠢᠭ ᠤᠷᠤᠯᠭ᠎ᠠ ᠨᠢ 1000 ᠲᠦᠬᠦᠷᠢᠭ ᠤᠷᠴᠢᠮ ᠬᠦᠷᠬᠦ ᠪᠤᠯᠤᠨ᠎ᠠ ᠬᠡᠵᠤ ᠪᠠᠶᠢᠯ᠎ᠠ᠃ | ᠤᠶᠢᠯᠠᠭᠠᠭᠰᠡᠨ ᠢᠶᠠᠷ᠂ ᠨᠠᠷᠢᠮᠤ ᠪᠤᠯ ᠭᠠᠩ ᠳᠤ ᠳᠡᠰᠪᠤᠷᠢᠳᠠᠢ᠂ ᠬᠤᠵᠢᠷᠯᠢᠭ᠂ ᠳᠠᠴᠢᠷ ᠨᠢᠮᠬᠡᠨ ᠭᠠᠵᠠᠷ ᠳᠠᠷᠢᠬᠤ ᠳᠤ ᠳᠤᠬᠢᠷᠠᠮᠵᠢᠳᠠᠢ ᠨᠢᠬᠡ ᠵᠦᠢᠯ ᠤᠨ ᠦᠶᠡᠳᠤ | ᠤᠷᠭᠤᠮᠠᠯ ᠤᠨ ᠢᠵᠠᠭᠤᠷ ᠤᠨ ᠳᠠᠷᠢᠮᠠᠯ ᠪᠤᠯᠬᠤᠷ ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤ ᠨᠢ ᠶᠠᠭ ᠡᠨᠡ ᠬᠦ ᠬᠤᠵᠢᠷᠯᠢᠭ᠂ ᠬᠦᠪᠡᠭᠡ ᠵᠠᠬ᠎ᠠ ᠭᠠᠵᠠᠷ | ᠢ ᠬᠦᠢᠴᠡᠤᠨ ᠠᠰᠢᠭᠯᠠᠨ ᠨᠠᠷᠢᠮᠤ ᠶᠢ ᠳᠤᠷᠰᠢᠨ ᠳᠠᠷᠢᠭᠠᠤᠨ᠂ ᠤᠰᠤ ᠠᠷᠪᠢᠯᠠᠬᠤ᠂ ᠳᠠᠷᠢᠶᠠᠯᠠᠩ ᠢ ᠬᠦᠭᠵᠢᠬᠦᠯᠬᠦ ᠪᠠ ᠠᠮᠢ ᠠᠬᠤᠢ ᠶᠢᠨ ᠤᠷᠴᠢᠨ ᠳᠤᠭᠤᠷᠢᠨ ᠢ | ᠬᠠᠮᠠᠭᠠᠯᠠᠬᠤ ᠳᠤ ᠠᠰᠢᠭᠳᠠᠢ ᠳᠤᠷᠰᠢᠯᠳᠠ ᠶᠢ ᠨᠡᠬᠡᠬᠡᠭᠰᠡᠨ ᠪᠠᠶᠢᠨ᠎ᠠ᠃ |