ᠰᠢᠬᠢᠷ ᠰᠢᠵᠢᠩ ᠡᠪᠡᠳᠴᠢᠲᠡᠨ ᠦᠨᠢᠶᠡᠨ ᠰᠦ ᠤᠤᠭᠤᠵᠤ ᠪᠣᠯᠬᠤ ᠪᠠᠷ ᠪᠠᠷᠠᠬᠤ ᠦᠭᠡᠢ᠂ ᠪᠠᠰᠠ ᠢᠯᠡᠭᠦᠦ ᠤᠤᠭᠤᠬᠤ ᠶᠢ ᠰᠠᠨᠠᠭᠠᠴᠢᠯᠠᠨ᠎ᠠ᠃ ᠦᠨᠢᠶᠡᠨ | ᠰᠦᠨ ᠳᠤ ᠠᠶᠠᠨᠳᠠᠭᠠᠨ ᠠᠭᠤᠯᠵᠤ ᠪᠦᠬᠦᠢ ᠰᠦᠨ ᠰᠢᠬᠢᠷ ᠪᠣᠯ ᠨᠢᠰᠢᠩᠭᠦ ᠶᠢᠨ ᠰᠢᠬᠢᠷ ᠲᠠᠢ ᠠᠳᠠᠯᠢ ᠦᠭᠡᠢ᠂ ᠦᠨᠢᠶᠡᠨ ᠰᠦ ᠪᠣᠯ ᠳᠣᠣᠷ᠎ᠠ GI ᠢᠳᠡᠭᠡᠨ ᠳᠤ | ᠪᠠᠭᠲᠠᠨ᠎ᠠ᠂ ᠰᠢᠬᠢᠷ ᠰᠢᠵᠢᠩ ᠡᠪᠡᠳᠴᠢᠲᠡᠨ ᠪᠦᠷ ᠤᠤᠭᠤᠵᠤ ᠪᠣᠯᠣᠨ᠎ᠠ᠃ ᠣᠳᠣᠬᠠᠨ ᠳᠤ ᠦᠨᠢᠶᠡᠨ ᠰᠦᠨ ᠳᠠᠬᠢ ᠺᠠᠯᠼ᠂ ᠤᠭᠤᠷᠠᠭ ᠵᠢᠴᠢ ᠵᠠᠷᠢᠮ ᠥᠭᠡᠬᠦᠨ | ᠬᠦᠴᠢᠯ ᠨᠢ 2 ᠬᠡᠯᠪᠡᠷᠢ ᠶᠢᠨ ᠰᠢᠬᠢᠷ ᠰᠢᠵᠢᠩ ᠡᠪᠡᠳᠴᠢᠨ ᠢ ᠤᠷᠢᠳᠴᠢᠯᠠᠨ ᠰᠡᠷᠭᠡᠶᠢᠯᠡᠵᠦ ᠪᠣᠯᠣᠨ᠎ᠠ ᠭᠡᠵᠦ ᠦᠵᠡᠵᠦ ᠪᠠᠶᠢᠨ᠎ᠠ᠃ ᠤᠴᠢᠷ ᠨᠢ ᠢᠨᠰᠦ᠋ᠯᠢᠨ ᠤ ᠡᠳ᠋ ᠢ | ᠢᠯᠭᠠᠷᠠᠭᠤᠯᠬᠤ ᠳᠤ ᠺᠠᠯᠼ ᠤᠨ ᠣᠷᠤᠯᠴᠠᠯᠭ᠎ᠠ ᠶᠢ ᠱᠠᠭᠠᠷᠳᠠᠨ᠎ᠠ᠂᠃ ᠺᠠᠯᠼ ᠢ ᠭᠦᠢᠴᠡᠳ ᠰᠢᠩᠭᠡᠬᠡᠨ ᠠᠪᠬᠤ ᠦᠭᠡᠢ ᠪᠣᠯ ᠨᠦᠢᠷ ᠤᠨ ᠪᠤᠯᠴᠢᠷᠬᠠᠢ ᠶᠢᠨ B ᠡᠰ ᠤᠨ | ᠡᠰ ᠤᠨ ᠳᠣᠲᠣᠷ ᠪᠠ ᠡᠰ ᠤᠨ ᠭᠠᠳᠠᠨᠠᠬᠢ ᠺᠠᠯᠼ ᠤᠨ ᠲᠠᠲᠠᠭᠠᠯ ᠳᠠᠬᠢ ᠺᠠᠯᠼ ᠤᠨ ᠢᠶᠤᠨ ᠤ ᠲᠡᠩᠴᠡᠭᠦᠷᠢ ᠶᠢ ᠬᠤᠪᠢᠷᠠᠭᠤᠯᠵᠤ᠂ ᠡᠴᠦᠰ ᠲᠡᠭᠡᠨ ᠢᠨᠰᠦ᠋ᠯᠢᠨ ᠤ | ᠡᠳ᠋ ᠤᠨ ᠬᠡᠪ ᠤᠨ ᠢᠯᠭᠠᠷᠠᠭᠤᠯᠤᠯᠳᠠ ᠶᠢ ᠨᠥᠯᠥᠭᠡᠯᠡᠨ᠎ᠡ᠃ ᠰᠢᠷᠠᠰᠤ ᠶᠢᠨ ᠤᠭᠤᠷᠠᠭ ᠨᠢ ᠢᠨᠰᠦ᠋ᠯᠢᠨ ᠤ ᠡᠳ᠋ ᠤᠨ ᠡᠰᠡᠷᠭᠦᠴᠡᠯ ᠢ ᠰᠠᠶᠢᠵᠢᠷᠠᠭᠤᠯᠳᠠᠭ᠃ ᠪᠠᠰᠠ ᠵᠠᠷᠢᠮ | ᠠᠮᠢᠲᠠᠨ ᠤ ᠲᠤᠷᠰᠢᠯᠲᠠ ᠭᠡᠷᠡᠴᠢᠯᠡᠭᠰᠡᠨ ᠨᠢ᠄ ᠭᠦᠢᠴᠡᠳ ᠬᠡᠮᠵᠢᠶᠡᠨ ᠤ ᠺᠠᠯᠼ ᠨᠢ ᠲᠣᠮᠣ ᠬᠤᠯᠤᠭᠠᠨ᠎ᠠ ᠶᠢᠨ ᠪᠡᠶ᠎ᠡ ᠶᠢᠨ ᠬᠦᠨᠳᠦ᠂ ᠴᠢᠰᠤᠨ ᠴᠠᠶᠢᠪᠠᠩ ᠤᠨ ᠶᠡᠷᠦᠩᠬᠡᠢ | ᠰᠥᠰᠥᠨ ᠤ ᠭᠤᠨᠠᠨ ᠠᠯᠺᠣᠣᠯ ᠤᠨ ᠬᠡᠮᠵᠢᠶ᠎ᠡ ᠶᠢ ᠪᠠᠭᠤᠷᠠᠭᠤᠯᠬᠤ ᠶᠢᠨ ᠬᠠᠮᠲᠤ᠂ ᠶᠡᠭᠡ ᠢᠨᠰᠦᠯᠢᠨᠲᠦ ᠴᠢᠰᠤᠨ ᠭᠡᠮ ᠢ ᠰᠠᠶᠢᠵᠢᠷᠠᠭᠤᠯᠤᠨ᠎ᠠ᠃ ᠡᠭᠦᠨ ᠠᠴᠠ ᠭᠠᠳᠠᠨ᠎ᠠ᠂ | ᠦᠨᠢᠶᠡᠨ ᠰᠦ ᠳᠣᠲᠣᠷᠠᠬᠢ ᠬᠤᠣᠰᠮᠠᠭ ᠳᠤᠲᠠᠭᠤ ᠲᠣᠰᠣᠨ ᠬᠦᠴᠢᠯ ᠨᠢ ᠲᠣᠮᠣ ᠬᠤᠯᠤᠭᠠᠨ᠎ᠠ ᠶᠢᠨ ᠶᠡᠭᠡ ᠢᠨᠰᠦᠯᠢᠨᠲᠦ ᠴᠢᠰᠤᠨ ᠬᠡᠮ ᠪᠠ ᠶᠡᠭᠡ ᠰᠢᠬᠢᠷᠲᠦ ᠴᠢᠰᠤᠨ | ᠬᠡᠮ ᠢ ᠢᠯᠡᠳᠲᠡ ᠰᠠᠶᠢᠵᠢᠷᠠᠭᠤᠯᠵᠤ ᠪᠣᠯᠣᠨ᠎ᠠ᠃ ᠡᠶᠢᠮᠦ ᠠᠴᠠ ᠴᠢᠰᠤᠨ ᠰᠢᠬᠢᠷ ᠢ ᠬᠢᠵᠠᠭᠠᠷᠯᠠᠬᠤ ᠬᠥᠮᠥᠰ ᠢᠯᠡᠭᠦᠬᠡᠨ ᠰᠦ ᠤᠤᠭᠤᠬᠤ ᠶᠢ ᠰᠠᠨᠠᠭᠤᠯᠤᠶ᠎ᠠ᠃ |