ᠳᠠᠪᠣᠳᠣᠭᠠᠷ ᠪᠦᠯᠦᠭ ᠪᠣᠷᠣᠪᠠᠯᠭᠠᠰᠣᠨ ᠤ ᠰᠠᠭᠤᠷᠢᠨ ᠭᠠᠵᠠᠷ | ᠨᠢᠭᠡ᠂ ᠪᠣᠷᠣᠪᠠᠯᠭᠠᠰᠣ ᠶᠢᠨ ᠬᠠᠭᠤᠴᠢᠨ ᠬᠤᠳᠠ ᠶᠢ ᠬᠠᠶᠢᠭᠰᠠᠨ ᠨᠢ | ᠪᠣᠷᠣᠪᠠᠯᠭᠠᠰᠣ ᠶᠢ ᠬᠢᠳᠡᠳ ᠢᠶᠠᠷ ᠴᠧᠩᠴᠣᠸᠡᠨ ᠬᠡᠳᠡᠭ᠂ ᠡᠨᠡ ᠨᠢ ᠲᠠᠩ ᠣᠯᠣᠰ ᠤᠨ ᠦᠶ᠎ᠡ ᠶᠢᠨ ᠰᠢᠨ᠎ᠡ ᠶᠧᠦ ᠵᠧᠦ ᠬᠤᠳᠠ ᠶᠢᠨ ᠬᠠᠭᠤᠴᠢᠨ ᠪᠠᠭᠤᠷᠢ ᠪᠤᠯᠬᠤ | ᠶᠤᠮ᠃ | ᠵᠡᠭᠦᠨ ᠣᠷᠳᠣᠷᠢᠭ ᠤᠨ 108.3。 ᠤᠨ ᠭᠤᠣᠯᠳᠠᠴᠢ ᠶᠢᠨ ᠱᠤᠭᠤᠮ ᠪᠤᠯᠤᠨ ᠣᠮᠠᠷᠠᠳᠣ ᠦᠷᠬᠡᠷᠢᠭ ᠤᠨ 37.7。 ᠤᠨ ᠵᠡᠷᠬᠡᠤᠨ ᠤᠨ ᠱᠤᠭᠤᠮ ᠤᠨ | ᠣᠭᠳᠣᠯᠣᠯᠴᠠᠵᠣ ᠪᠠᠶᠢᠭ᠎ᠠ ᠴᠡᠭ ᠳᠡᠬᠡᠷ᠎ᠡ ᠪᠤᠷᠤᠪᠠᠯᠭᠠᠰᠤ ᠪᠠᠶᠢᠳᠠᠭ᠃ ᠳᠠᠷᠠ ᠨᠢ ᠳᠠᠯᠠᠢ ᠶᠢᠨ ᠳᠦᠪᠰᠢᠨ ᠠᠴᠠ ᠳᠡᠬᠡᠭᠰᠢ 1260 ᠮᠧᠲᠷ ᠣᠷᠴᠢᠮ ᠡᠷᠭᠦᠭᠳᠡᠵᠣ᠂ | ᠣᠷᠳᠣᠰ ᠤᠨ ᠪᠠᠷᠠᠭᠤᠨ ᠡᠮᠣᠨᠡᠳᠣ ᠭᠡᠰᠡᠭ ᠲᠤ ᠪᠠᠶᠢᠷᠢᠯᠠᠵᠣ ᠪᠣᠢ᠃ ᠪᠣᠷᠣᠪᠠᠯᠭᠠᠰᠣᠨ ᠤ ᠬᠢᠵᠠᠭᠠᠷ ᠲᠤ ᠡᠯᠡᠰᠣᠨ ᠳᠣᠪᠤ᠂ ᠨᠠᠮᠤᠭ ᠴᠠᠶᠢᠳᠠᠮ ᠠᠯᠭᠠᠰᠠᠨ᠂ ᠡᠮᠣᠨ᠎ᠡ | ᠬᠤᠶᠢᠨ᠎ᠠ ᠬᠤᠶᠡᠷ ᠭᠦᠪᠡᠭᠡ ᠪᠠᠷ ᠡᠯᠡᠰᠣᠨ ᠳᠣᠪᠣᠴᠠᠭ ᠳᠠᠷᠬᠠᠵᠣ᠂ ᠭᠤᠣᠯ ᠳᠤ ᠨᠢ ᠵᠡᠭᠦᠨᠰᠢ ᠪᠠᠷᠠᠭᠤᠨᠰᠢ ᠪᠠᠨ ᠣᠷᠳᠣᠯᠵᠢᠨ ᠬᠡᠯᠪᠡᠷᠢᠳᠣ ᠪᠠᠷᠤᠭ 30 ᠺᠢᠯᠣᠮᠧᠲᠷ | ᠣᠷᠳᠣ ᠴᠠᠶᠢᠳᠠᠮ ᠲᠠᠢ᠂ ᠶᠠᠷᠣᠩᠬᠡᠢ ᠭᠠᠵᠠᠷ ᠤᠨ ᠪᠠᠶᠢᠴᠠ ᠨᠢ ᠪᠠᠷᠠᠭᠤᠨ ᠡᠮᠤᠨᠡᠬᠦᠷ ᠢᠶᠠᠨ ᠦᠨᠳᠣᠷ᠂ ᠵᠡᠭᠦᠨ ᠬᠤᠶᠢᠭᠤᠷ ᠢᠶᠠᠨ ᠨᠠᠮ ᠶᠣᠮ᠃ | ᠪᠣᠷᠣᠪᠠᠯᠭᠠᠰᠣᠨ ᠤ ᠵᠡᠭᠦᠨ ᠭᠡᠰᠡᠭ ᠲᠤ ᠨᠠᠷᠠ ᠠᠯᠳᠠᠷᠰᠢᠭᠰᠠᠨ ᠨᠢᠬᠡᠨ ᠣᠷᠣᠰᠬᠠᠯ ᠭᠤᠣᠯ ᠪᠡᠶᠢᠳᠠᠭ᠂ ᠡᠭᠦᠨ ᠢ ᠰᠢᠷᠬᠤᠰᠤᠨ ᠭᠤᠣᠯ ᠬᠡᠳᠡᠭ᠂ ᠳᠡᠨᠳᠠ | ᠨᠠᠷᠠ ᠠᠯᠳᠠᠷᠰᠢᠭᠰᠠᠨ ᠭᠦᠮᠦᠨ ᠳᠦᠷᠦᠯᠬᠢᠳᠡᠨ ᠤ ᠴᠢᠯᠠᠭᠤᠵᠢᠮᠠᠯ — ︽ᠪᠣᠷᠣ ᠳᠣᠬᠤᠢ ᠭᠦᠮᠦᠨ︾᠂ ᠡᠷᠳᠡᠨ ᠤ ᠠᠮᠢᠳᠣ ᠪᠣᠳᠠᠰ᠂ ᠡᠷᠳᠡᠨ ᠤ ᠭᠠᠵᠠᠷ | ᠰᠢᠨᠵᠢᠯᠡᠭᠡ᠂ ᠡᠷᠳᠡᠨ ᠤ ᠭᠦᠮᠦᠨ ᠳᠦᠷᠦᠯᠬᠢᠳᠡᠨ ᠤ ᠰᠣᠶᠣᠯ — ᠰᠢᠷᠬᠤᠰᠤᠨ ᠭᠤᠤᠯ ᠤᠨ ᠬᠠᠭᠤᠴᠢᠤᠨ ᠪᠠᠶᠢᠭ᠎ᠠ ᠶᠣᠮ᠃ | ᠳᠡᠣᠬᠡ ᠤᠯᠠᠷᠢᠭᠰᠠᠭᠠᠷ ᠬᠠᠭᠤᠴᠢᠨ ᠴᠢᠯᠠᠭᠤᠨ ᠵᠡᠪᠰᠡᠭ ᠤᠨ ᠦᠶ᠎ᠡ ᠬᠦᠷᠬᠦ ᠳᠤ ᠪᠣᠷᠣᠪᠠᠯᠭᠠᠰᠣᠨ ᠳᠤ ᠭᠦᠮᠦᠨ ᠳᠦᠷᠦᠯᠬᠢᠳᠡᠨ ᠤ ᠣᠯᠠ ᠮᠦᠷ ᠢᠯᠡᠷᠡᠭᠰᠡᠨ | ᠪᠠᠶᠢᠵᠣ ᠮᠡᠳᠡᠨ᠎ᠡ᠃ ᠪᠣᠷᠣ ᠳᠣᠬᠤᠢ ᠭᠦᠮᠦᠨ ᠯᠠᠪᠳᠠᠢ ᠪᠣᠷᠣᠪᠠᠯᠭᠠᠰᠣᠨ ᠤ ᠭᠠᠵᠠᠷ ᠨᠣᠳᠤᠭ ᠲᠤ ᠮᠦᠷ ᠢᠶᠠᠨ ᠦᠯᠡᠳᠡᠭᠡᠵᠣ ᠦᠩᠭᠡᠷᠡᠭᠰᠡᠨ ᠭᠡᠳᠡᠭ ᠢ ᠪᠢᠳᠠ ᠪᠠᠳᠤᠳᠠᠢ | ᠬᠡᠯᠡᠵᠣ ᠴᠢᠳᠠᠨ᠎ᠠ᠃ ᠬᠡᠭᠦ ᠳᠤ ᠣᠷᠳᠣ ᠣᠳᠠᠭᠠᠨ ᠳᠡᠣᠭᠡ ᠶᠢᠨ ᠶᠠᠪᠣᠴᠠ ᠳᠤ ᠪᠣᠷᠣ ᠳᠣᠬᠤᠢ ᠭᠦᠮᠦᠨ ᠤ ᠠᠮᠢᠳᠣᠷᠡᠵᠣ ᠪᠠᠶᠢᠭᠰᠠᠨ ᠭᠡᠰᠡᠭ ᠪᠣᠰᠠᠭ ᠮᠦᠷ ᠰᠡᠭᠦᠳᠡᠷ | ᠨᠢ ᠴᠣ᠋ ᠠᠶᠠᠨᠳᠠᠭᠠᠨ ᠵᠠᠮᠬᠠᠷᠠᠭᠰᠡᠨ ᠠᠴᠠ ᠪᠢᠳᠠ ᠭᠠᠵᠠᠷ ᠤᠨ ᠬᠦᠷᠤᠰᠤᠨ ᠠᠴᠠ ᠨᠠᠩ ᠠᠷᠪᠢᠨ ᠰᠢᠭᠤᠤᠨ ᠭᠡᠷᠡᠴᠢ ᠪᠠᠷᠢᠮᠳᠠ ᠶᠢ ᠣᠯᠬᠤᠶ᠎ᠠ ᠪᠡᠷᠭᠡ ᠪᠤᠯᠵᠠᠢ᠃ | 1956 ᠣᠨ ᠤ 10 ᠰᠠᠷ᠎ᠠ ᠳᠤ᠂ ᠦᠪᠣᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ ᠳᠡᠣᠭᠡ ᠶᠢᠨ ᠳᠣᠷᠠᠰᠬᠠᠯᠳᠣ ᠵᠦᠢᠯ ᠤᠨ ᠳᠣᠪᠴᠢᠶ᠎ᠠ ᠠᠴᠠ | ᠸᠠᠩ ᠢᠦᠢ ᠫᠢᠩ ᠢ ᠳᠣᠮᠢᠯᠠᠨ᠂ ᠪᠣᠷᠣᠪᠠᠯᠭᠠᠰᠣᠨ ᠤ ᠡᠷᠳᠡᠨ ᠤ ᠬᠤᠳᠠ ᠶᠢ ᠪᠠᠶᠢᠴᠠᠭᠠᠭᠠᠳ᠂ ᠡᠷᠳᠡᠨ ᠤ ᠬᠤᠳᠠ ᠵᠡᠭᠦᠨᠰᠢ ᠪᠠᠷᠠᠭᠤᠨᠰᠢ ᠣᠷᠳᠣ ᠪᠠᠷ ᠢᠶᠠᠨ 500 | ᠮᠧᠲᠷ᠂ ᠡᠮᠤᠨᠡᠰᠢ ᠬᠤᠶᠢᠰᠢ ᠦᠷᠭᠡᠨ ᠢᠶᠠᠷ ᠢᠶᠠᠨ 750 ᠮᠧᠲᠷ᠂ ᠬᠤᠳᠠ ᠶᠢᠨ ᠪᠠᠭᠤᠷᠢ ᠶᠢ ᠠᠳᠡᠷ ᠬᠠᠭᠠᠯᠪᠤᠷᠢᠯᠠᠵᠤ ᠳᠠᠷᠢᠶᠠᠨ ᠭᠠᠵᠠᠷ ᠪᠤᠯᠭᠠᠭᠰᠡᠨ ᠪᠤᠯᠬᠤᠷ | ᠱᠠᠭᠠᠵᠠᠩ ᠤᠨ ᠬᠡᠯᠳᠡᠷᠬᠡᠢ᠂ ᠸᠠᠭᠠᠷ ᠤᠨ ᠪᠡᠯᠪᠠᠷᠬᠠᠢ ᠠᠳᠠ ᠳᠡᠨᠳᠠ ᠦᠬᠡᠢ ᠬᠠᠷᠠᠭᠳᠠᠵᠤ ᠪᠠᠶᠢᠳᠠᠭ᠃ ᠸᠠᠩ ᠢᠤᠢ ᠫᠢᠩ ᠡᠬᠦᠨ ᠢ ᠶᠤᠸᠠᠨ ᠤᠯᠤᠰ ᠤᠨ ᠦᠶ᠎ᠡ ᠳᠤ | ᠪᠠᠶᠢᠭᠤᠯᠤᠭᠰᠡᠨ ᠡᠷᠳᠡᠨ ᠤ ᠬᠤᠳᠠ ᠪᠤᠯᠤᠯᠳᠠᠢ ᠬᠡᠵᠤ ᠮᠠᠭᠠᠤᠨᠯᠠᠭᠠᠤᠨ᠂ ᠴᠢᠨᠠᠭᠰᠢᠳᠠ ᠰᠢᠯᠭᠠᠨ ᠨᠤᠳᠠᠯᠠᠯᠳᠠ ᠬᠢᠭᠰᠡᠨ ᠦᠬᠡᠢ᠂ ᠸᠠᠩ ᠢᠦᠢ ᠫᠢᠩ ᠤᠨ | ᠢᠯᠡᠷᠡᠭᠦᠯᠦᠭᠰᠡᠨ ᠰᠣᠷᠠᠭ ᠢ ᠦᠨᠳᠣᠰᠣᠯᠡᠨ᠂ ᠣᠣᠯ ᠤᠨ ᠳᠣᠮᠳᠠᠳᠣ ᠣᠯᠣᠰ ᠤᠨ ᠰᠢᠨᠵᠢᠯᠡᠭᠦ ᠣᠬᠠᠭᠠᠨ ᠤ ᠭᠦᠷᠢᠶᠠᠯᠠᠩ ᠤᠨ ᠡᠯᠡᠰᠣ ᠶᠢ ᠵᠠᠰᠠᠬᠤ ᠠᠩᠬᠢ ᠠᠴᠠ | ᠮᠣᠣᠠᠣᠰᠣᠨ ᠡᠯᠡᠰᠣᠨ ᠴᠦᠯ ᠤᠨ ᠳᠡᠣᠭᠡ ᠭᠠᠵᠠᠷ ᠵᠦᠢ ᠶᠢ ᠰᠢᠨᠵᠢᠯᠡᠨ ᠪᠠᠶᠢᠴᠠᠭᠠᠬᠤ ᠳᠣᠭᠤᠶᠢᠯᠠᠩ ᠪᠠᠶᠢᠭᠤᠯᠵᠣ᠂ 1964 ᠣᠨ ᠤ ᠵᠣᠨ᠂ ᠪᠣᠷᠣᠪᠠᠯᠭᠠᠰᠣᠨ ᠤ | ᠡᠷᠳᠡᠨ ᠤ ᠬᠤᠳᠠ ᠶᠢ ᠬᠠᠶᠢᠨ ᠪᠠᠶᠢᠴᠠᠭᠠᠪᠠ᠃ ᠡᠬᠦᠨ ᠳᠤ ᠠᠯᠳᠡᠷᠳᠣ ᠳᠡᠣᠭᠡ ᠶᠢᠨ ᠡᠷᠳᠡᠮᠳᠠᠨ ᠾᠧᠦ ᠷᠧᠨ ᡁᠢ ᠴᠣ᠋ ᠳᠤᠰ ᠪᠠᠶᠢᠴᠠᠭᠠᠬᠤ ᠳᠣᠭᠤᠶᠢᠯᠠᠩ ᠳᠤ | ᠪᠠᠶᠢᠯᠴᠠᠪᠠ᠃ ᠰᠢᠨᠵᠢᠯᠡᠨ ᠪᠠᠶᠢᠴᠠᠭᠠᠬᠤ ᠳᠣᠭᠤᠶᠢᠯᠠᠩ ᠤᠨ ᠬᠢᠨ ᠪᠣᠷᠣᠪᠠᠯᠭᠠᠰᠣᠨ ᠤ ᠡᠷᠳᠡᠨ ᠤ ᠬᠤᠳᠠ ᠶᠢᠨ ᠪᠠᠭᠤᠷᠢ ᠠᠴᠠ ᠪᠠᠷᠠᠭᠤᠨ ᠬᠠᠨ ᠣᠯᠣᠰ ᠠᠴᠠ | ᠠᠪᠣᠭᠠᠳ ᠪᠠᠷᠠᠭᠤᠨ ᠰᠢᠶᠠ ᠣᠯᠣᠰ ᠪᠣᠯᠣᠨ ᠠᠯᠳᠠᠨ ᠣᠯᠣᠰ ᠤᠨ ᠦᠶ᠎ᠡ ᠭᠦᠷᠳᠡᠯᠡᠬᠢ ᠳᠠᠮᠦᠷᠯᠢᠭ ᠵᠣᠭᠤᠰ ᠤᠳ ᠢ ᠬᠠᠶᠢᠨ ᠤᠯᠤᠭᠰᠠᠨ ᠪᠢᠯᠡ᠃ ᠡᠬᠦᠨ ᠳᠤ ᠲᠠᠩ | ᠣᠯᠣᠰ ᠤᠨ ᠦᠶ᠎ᠡ ᠶᠢᠨ ︽ᠺᠠᠢ ᠶᠤᠸᠠᠨ ᠲᠦᠩ ᠪᠣᠣ︾ ᠵᠤᠭᠤᠰ ᠮᠠᠰᠢ ᠶᠡᠭᠡ ᠬᠠᠷᠢᠴᠡᠯ ᠢ ᠡᠵᠡᠯᠡᠵᠣ᠂ ᠶᠤᠸᠠᠨ᠂ ᠮᠢᠩ ᠬᠤᠶᠡᠷ ᠣᠯᠣᠰ ᠤᠨ ᠦᠶ᠎ᠡ ᠶᠢᠨ | ᠳᠠᠮᠦᠷᠯᠢᠭ ᠵᠣᠭᠤᠰ ᠨᠢᠭᠡ ᠴᠣ᠋ ᠦᠬᠡᠢ ᠪᠡᠶᠢᠵᠣ᠂ ᠴᠢᠩ ᠣᠯᠣᠰ ᠤᠨ ᠳᠠᠮᠦᠷᠯᠢᠭ ᠵᠣᠭᠤᠰ ᠬᠠᠷᠢᠨ ᠨᠡᠯᠢᠶᠡᠤᠨ ᠪᠠᠶᠢᠪᠠ᠃ 1965 ᠣᠨ ᠤ ᠵᠢᠷᠭᠤᠭ᠎ᠠ ᠳᠣᠯᠣᠳᠣᠭᠠᠷ | ᠰᠠᠷ᠎ᠠ ᠳᠤ᠂ ᠳᠡᠣᠭᠡ ᠶᠢᠨ ᠰᠣᠳᠣᠯᠭᠠᠳᠡᠨ ᠵᠦ ᠱᠢ ᠭᠤᠸᠠᠩ ᠪᠣᠷᠣᠪᠠᠯᠭᠠᠰᠣᠨ ᠤ ᠭᠠᠵᠠᠷ ᠣᠷᠣᠨ ᠳᠤ ᠭᠠᠵᠠᠷ ᠤᠨ ᠭᠠᠳᠠᠷᠭᠤ᠂ ᠲᠦᠷᠪᠡᠳᠡᠭᠴᠢ ᠭᠠᠯᠪᠠ ᠶᠢᠨ ᠭᠠᠵᠠᠷ | ᠰᠢᠨᠵᠢᠯᠡᠭᠡ ᠪᠠ ᠬᠠᠭᠤᠴᠢ ᠰᠣᠳᠣᠯᠣᠯ ᠤᠨ ᠲᠠᠯ᠎ᠠ ᠪᠠᠷ ᠬᠢ ᠪᠠᠶᠢᠴᠠᠭᠠᠯᠳᠠ ᠬᠢᠵᠡᠢ᠃ 1973 ᠣᠨ ᠳᠤ᠂ ᠾᠧᠦ ᠷᠧᠨ ᡁᠢ ︽ᠳᠡᠣᠭᠡ ᠶᠢᠨ ᠳᠣᠷᠠᠰᠬᠠᠯᠳᠣ ᠵᠦᠢᠯ︾ | ᠬᠡᠭᠦ ᠰᠡᠳᠭᠦᠯ ᠳᠤ ︽ᠬᠤᠩ ᠯᠢᠣ ᠾᠧ ︵ᠰᠢᠷᠬᠤᠰᠣᠨ ᠭᠤᠣᠯ︶ ᠭᠤᠣᠯ ᠳᠡᠭᠡᠷᠡᠬᠢ ᠡᠷᠳᠡᠨ ᠤ ᠬᠤᠳᠠ ᠶᠢᠨ ᠪᠠᠭᠤᠷᠢ ᠠᠴᠠ ᠮᠤᠤᠠᠤᠰᠤ ᠶᠢᠨ ᠡᠯᠡᠰᠣᠨ ᠴᠦᠯ | ᠤᠨ ᠬᠤᠪᠢᠷᠠᠯᠳᠠ ᠶᠢ ᠠᠵᠢᠬᠤ ᠨᠢ︾ ᠬᠡᠭᠦ ᠵᠣᠬᠢᠶᠡᠯ ᠨᠡᠶᠢᠳᠡᠯᠡᠭᠡᠳ᠂ ᠪᠣᠷᠣᠪᠠᠯᠭᠠᠰᠣᠨ ᠤ ᠡᠷᠳᠡᠨ ᠤ ᠬᠤᠳᠠ ᠶᠢᠨ ᠪᠠᠭᠤᠷᠢ ᠶᠢ ᠲᠠᠩ ᠣᠯᠣᠰ ᠤᠨ ᠦᠶ᠎ᠡ ᠶᠢᠨ ᠶᠸᠤ | ᠵᠧᠦ ᠶᠢ ᠵᠠᠬᠢᠷᠬᠤ ᠬᠤᠳᠠ — ᠰᠢᠶᠠᠵᠸᠣ ᠶᠢᠨ ᠴᠠᠩ ᠽᠧ ᠰᠢᠶᠠᠨ ᠤ ᠬᠤᠳᠠ ᠬᠡᠵᠣ ᠳᠣᠭᠳᠠᠭᠠᠭᠠᠳ᠂ ᠳᠠᠶᠠᠭᠠᠷ ᠣᠯᠠᠨ ᠤ ᠵᠦᠪᠰᠢᠶᠡᠷᠡᠯ ᠢ ᠣᠯᠣᠭᠰᠠᠨ ᠪᠡᠶᠢᠨ᠎ᠡ᠃ | ᠰᠣᠷᠪᠣᠯᠵᠢ ᠪᠢᠴᠢᠭ ᠢ ᠰᠡᠬᠦᠵᠤ᠂ ᠪᠢᠳᠠ ᠲᠠᠩ ᠣᠯᠣᠰ ᠤᠨ ᠺᠠᠢ ᠶᠤᠸᠠᠨ ᠤ ᠬᠤᠷᠢᠨ ᠵᠢᠷᠭᠤᠳᠤᠭᠠᠷ ᠣᠨ᠂ ᠳᠣᠬᠠᠶᠢᠯᠠᠪᠡᠯ ᠨᠠᠶᠢᠳᠠ ᠶᠢᠨ ᠣᠨ ᠳᠣᠭᠠᠯᠠᠯ ᠤᠨ | 738 ᠣᠨ ᠠᠴᠠ ᠡᠬᠢᠯᠡᠨ ᠦᠵᠡᠶ᠎ᠡ᠃ | ᠲᠠᠩ ᠣᠯᠣᠰ ᠤᠨ ᠺᠠᠢ ᠶᠤᠸᠠᠨ ᠤ ᠬᠤᠷᠢᠨ ᠵᠢᠷᠭᠤᠳᠤᠭᠠᠷ ᠣᠨ ᠤ 9 ᠰᠠᠷ᠎ᠠ ᠳᠤ᠂ ᠬᠠᠭᠤᠴᠢᠨ ᠬᠠᠷᠢ ᠵᠢᠷᠭᠤᠭᠠᠨ ᠵᠠᠬᠢᠷᠭ᠎ᠠ ᠶᠢᠨ ᠭᠠᠵᠠᠷ ᠲᠤ ᠶᠸᠤ ᠵᠧᠦ ᠶᠢ | ᠪᠠᠶᠢᠭᠤᠯᠵᠡᠢ᠃ ᠶᠸᠤ ᠵᠸᠤ ᠶᠢ ᠡᠬᠢᠯᠡᠨ ᠪᠠᠶᠢᠭᠤᠯᠬᠤ ᠳᠤ ᠵᠠᠬᠢᠷᠭᠠᠨ ᠤ ᠭᠠᠵᠠᠷ ᠨᠢ ᠪᠣᠷᠣᠪᠠᠯᠭᠠᠰᠣᠨ ᠤ ᠡᠷᠳᠡᠨ ᠤ ᠬᠤᠳᠠ ᠳᠤ ᠪᠠᠶᠢᠭᠰᠠᠨ ᠦᠬᠡᠢ᠃ ᠶᠸᠤ ᠵᠸᠤ | ᠶᠢᠨ ᠤᠤᠯ ᠤᠨ ᠵᠠᠬᠢᠷᠭᠠᠨ ᠤ ᠭᠠᠵᠠᠷ ᠤᠨ ᠬᠤᠳᠠ ᠨᠢ ᠳᠠᠶᠢᠨ ᠳᠠᠵᠢᠨ ᠪᠤᠶᠤ ᠪᠤᠰᠤᠤᠨ ᠰᠢᠯᠳᠠᠭᠠᠨ ᠠᠴᠠ ᠪᠤᠯᠤᠭᠠᠤᠨ ᠠᠭᠠᠵᠢᠮ ᠢᠶᠠᠷ ᠬᠠᠶᠠᠭᠳᠠᠭᠠᠳ ᠲᠠᠩ | ᠣᠯᠣᠰ ᠤᠨ ᠶᠤᠸᠠᠨ ᠾᠧ ᠶᠢᠨ ᠠᠷᠪᠠᠨ ᠳᠠᠪᠤᠳᠤᠭᠠᠷ ᠣᠨ ︵ᠨᠡᠶᠢᠳᠠ ᠶᠢᠨ ᠣᠨ ᠳᠣᠭᠠᠯᠠᠯ ᠤᠨ 820 ᠣᠨ︶ ᠤ 9 ᠰᠠᠷ᠎ᠠ ᠳᠤ ᠶᠸᠤ ᠵᠧᠦ ᠶᠢ ᠰᠢᠶᠠᠵᠸᠣ ᠶᠢᠨ | ᠴᠠᠩ ᠽᠧ ᠰᠢᠶᠠᠨ ᠳᠤ ᠨᠡᠬᠦᠯᠬᠡᠨ᠂ ᠳᠣᠬᠠᠶᠢᠯᠠᠪᠡᠯ ᠦᠨᠣ ᠶᠢᠨ ᠪᠣᠷᠣᠪᠠᠯᠭᠠᠰᠣᠨ ᠤ ᠡᠷᠳᠡᠨ ᠤ ᠬᠤᠳᠠ ᠶᠢᠨ ᠪᠠᠭᠤᠷᠢ ᠪᠠᠶᠢᠭ᠎ᠠ ᠭᠠᠵᠠᠷ ᠲᠤ ᠪᠠᠶᠢᠭᠤᠯᠵᠡᠢ᠃ ᠮᠦᠨ | ᠵᠢᠯ ᠶᠸᠤ ᠵᠧᠦ ᠬᠤᠳᠠ ᠳᠠᠩᠭᠤᠤᠨ ᠲᠤ ᠳᠠᠯᠬᠢᠭᠳᠠᠵᠣ᠂ ᠶᠸᠤ ᠵᠧᠦ ᠶᠢᠨ ᠪᠠᠶᠢᠭᠤᠯᠣᠮᠵᠢ ᠤᠰᠠᠤᠨᠴᠠᠢ᠃ ᠴᠠᠩ ᠴᠢᠩ ᠤᠨ ᠲᠦᠷᠪᠡᠳᠤᠬᠡᠷ ᠣᠨ ︵ᠨᠡᠶᠢᠳᠠ ᠶᠢᠨ | ᠣᠨ ᠳᠣᠭᠠᠯᠠᠯ ᠤᠨ 824 ᠣᠨ︶ ᠳᠤ ᠰᠢᠶᠠᠵᠸᠤ ᠶᠢᠨ ᠵᠢᠶᠧ ᠳ᠋ᠦ᠋ ᠱᠢ ᠲᠦᠰᠢᠮᠡᠯ ᠯᠢ ᠶᠸᠤ ᠠᠶᠢᠯᠠᠤᠨᠬᠠᠯ ᠡᠷᠬᠦᠬᠡᠤᠨ᠂ ᠶᠸᠤ ᠵᠧᠦ ᠶᠢ ᠭᠤᠷᠪᠠᠳᠣᠭᠠᠷ ᠣᠳᠠᠭ᠎ᠠ | ᠪᠠᠶᠢᠭᠤᠯᠵᠣ᠂ ᠴᠠᠩ ᠽᠧ ᠰᠢᠶᠡᠨ ᠤ ᠵᠠᠬᠢᠷᠭ᠎ᠠ ᠪᠤᠯᠭᠠᠨ᠂ ᠶᠠᠨ ᠡᠸ᠋ᠨ᠂ ᠴᠠᠩ ᠽᠧ ᠬᠤᠶᠡᠷ ᠰᠢᠶᠡᠨ ᠢ ᠬᠠᠮᠢᠶᠠᠷᠤᠭᠤᠯᠵᠤ ᠲᠠᠩ ᠣᠯᠣᠰ ᠤᠨ ᠰᠡᠬᠦᠯᠴᠢ ᠭᠦᠷᠳᠡᠯ᠎ᠡ | ᠦᠷᠬᠦᠯᠵᠢᠯᠡᠪᠡ᠃ | ᠪᠣᠷᠣᠪᠠᠯᠭᠠᠰᠣ ᠨᠢ ᠶᠸᠤ ᠵᠧᠦ ᠶᠢᠨ ᠵᠠᠬᠢᠷᠭ᠎ᠠ ᠪᠣᠯᠬᠤ ᠠᠴᠠ ᠡᠮᠣᠨ᠎ᠡ ᠴᠠᠩ ᠽᠧ ᠰᠢᠶᠡᠨ ᠳᠤ ᠬᠠᠮᠢᠶᠠᠷᠣᠭᠳᠠᠵᠣ ᠪᠡᠶᠢᠵᠡᠢ᠃ ᠴᠠᠩ ᠽᠧ ᠰᠢᠶᠡᠨ ᠤ ᠳᠣᠬᠠᠢ | ︽ᠶᠤᠸᠠᠨ ᠾᠧ ᠶᠢᠨ ᠤᠨ ᠤ ᠵᠢᠶᠦ᠋ᠨ ᠰᠢᠶᠡᠨ ᠤ ᠣᠶᠢᠯᠠᠯᠭ᠎ᠠ︾ ᠳᠤ ︽ ᠬᠠᠨ ᠤᠯᠤᠰ ᠤᠨ ᠰᠠᠨ ᠹᠧᠩ ᠰᠢᠶᠡᠨ ᠤ ᠭᠠᠵᠠᠷ᠂ ᠱᠥᠸᠧ ᠹᠠᠩ ᠵᠢᠶᠦ᠋ᠨ ᠳᠤ | ᠬᠠᠷᠢᠶᠠᠯᠠᠭᠳᠠᠨ᠎ᠠ︾ ᠬᠡᠵᠤ ᠳᠡᠮᠳᠡᠭᠯᠡᠵᠤ᠂ ᠱᠥᠸᠧ ᠹᠠᠩ ᠵᠢᠶᠦ᠋ᠨ ᠤ ᠠᠷᠪᠡᠨ ᠰᠢᠶᠡᠨ ᠤ ᠨᠢᠭᠡ ᠨᠢ ᠪᠡᠶᠢᠵᠣ᠂ ᠬᠤᠵᠢᠮ ᠸᠧᠢ ︵ᠣᠮᠠᠷᠠᠳᠣ ᠸᠧᠢ ᠣᠯᠣᠰ︶ | ᠣᠯᠣᠰ ᠠᠳᠠ ᠴᠠᠩ ᠽᠧ ᠰᠢᠶᠡᠨ ᠢ ᠪᠠᠶᠢᠭᠤᠯᠵᠣ᠂ ᠴᠠᠨ ᠰᠢ ᠵᠢᠶᠦ᠋ᠨ ᠳᠤ ᠬᠠᠷᠢᠶᠠᠯᠠᠭᠤᠯᠵᠡᠢ᠃ ᠰᠦᠢ ᠣᠯᠣᠰ ᠤᠨ ᠦᠶ᠎ᠡ ᠬᠦᠷᠤᠬᠡᠤᠨ ᠵᠢᠶᠦ᠋ᠨ ᠤ ᠲᠦᠷᠢᠮ ᠢ | ᠦᠬᠡᠶᠢᠰᠬᠡᠵᠣ᠂ ᠴᠠᠩ ᠽᠧ ᠰᠢᠶᠡᠨ ᠨᠢ ᠰᠢᠶᠠᠵᠸᠣ ᠳᠤ ᠬᠠᠷᠢᠶᠠᠯᠠᠭᠳᠠᠵᠡᠢ᠃ 1964 ᠣᠨ ᠤ ᠵᠣᠨ᠂ ᠪᠣᠷᠣᠪᠠᠯᠭᠠᠰᠣᠨ ᠤ ᠡᠷᠳᠡᠨ ᠤ ᠬᠤᠳᠠ ᠶᠢᠨ ᠪᠠᠭᠤᠷᠢ ᠳᠤ | ᠪᠠᠶᠢᠴᠠᠭᠠᠯᠳᠠ ᠬᠢᠭᠡᠳ ᠢᠯᠡᠷᠡᠬᠦᠯᠦᠭᠰᠡᠨ ᠳᠠᠮᠦᠷᠯᠢᠭ ᠵᠣᠭᠤᠰ ᠨᠢ ᠪᠣᠷᠣᠪᠠᠯᠭᠠᠰᠣᠨ ᠤ ᠡᠷᠳᠡᠨ ᠤ ᠬᠤᠳᠠ ᠶᠢᠨ ᠦᠷᠭᠦᠯᠵᠢᠯᠡᠨ ᠭᠦᠭᠵᠢᠭᠰᠡᠭᠡᠷ ᠢᠷᠡᠭᠰᠡᠨ ᠬᠡᠷᠡᠴᠢ | ᠪᠣᠯᠬᠤ ᠶᠣᠮ᠃ | 19 ᠳ᠋ᠣᠭᠡᠷ ᠵᠠᠭᠤᠨ ᠳᠤ᠂ ᠬᠠᠷᠢ ᠶᠢᠨ ᠬᠦᠴᠤᠷᠬᠡᠭ ᠤᠳ ᠬᠤᠷᠳᠣᠨ ᠭᠦᠯᠭᠡ ᠤᠩᠭᠤᠴᠠ᠂ ᠬᠤᠷᠴᠠ ᠫᠣᠣ ᠵᠡᠪᠰᠡᠩ ᠢᠶᠠᠷ ᠴᠢᠩ ᠣᠯᠣᠰ ᠤᠨ ᠨᠤᠶᠠᠷᠬᠠᠯ ᠢ | ᠭᠤᠶᠢᠪᠢᠯᠵᠠᠭᠤᠯᠤᠨ᠂ ᠱᠠᠰᠢᠨ ᠳᠡᠯᠬᠡᠷᠡᠬᠦᠯᠦᠭᠴᠢᠤᠨ ᠱᠠᠰᠢᠨ ᠳᠡᠯᠭᠡᠷᠡᠭᠦᠯᠭᠦ ᠬᠠᠣᠯᠢ ᠶᠣᠰᠣᠨ ᠤ ᠡᠷᠭᠡ ᠶᠢ ᠤᠯᠵᠤ᠂ ᠪᠣᠷᠣᠪᠠᠯᠭᠠᠰᠣ ᠨᠢ ᠬᠠᠷᠢ ᠶᠢᠨ ᠱᠠᠰᠢᠨ ᠤ | ᠣᠷᠣᠨ ᠪᠣᠯᠵᠡᠢ᠃ ᠳᠣᠮᠳᠠᠳᠣ ᠶᠢᠨ ᠡᠬᠡ ᠭᠠᠵᠠᠷ ᠤᠨ ᠪᠠᠷᠠᠭᠤᠨ ᠬᠤᠶᠢᠳᠤ ᠤᠷᠤᠨ ᠳᠤ ᠪᠠᠶᠢᠷᠢᠯᠠᠵᠤ ᠪᠠᠶᠢᠭᠰᠡᠨ ᠪᠤᠶᠢᠳᠠ ᠪᠦᠭᠯᠡᠬᠦᠤ ᠪᠣᠷᠣᠪᠠᠯᠭᠠᠰᠣ ᠪᠠᠰᠠ ᠨᠢᠭᠡ | ᠣᠳᠠᠭ᠎ᠠ ᠳᠡᠣᠬᠡ ᠶᠢᠨ ᠬᠠᠷᠠᠭᠠᠨ ᠳᠤ ᠣᠷᠣᠭᠰᠠᠨ ᠤ ᠳᠠᠷᠠᠭᠠᠬᠢ ᠦᠢᠮᠡᠭᠡᠨ ᠳᠠᠪᠵᠢᠶᠠᠨᠳᠣ ᠡᠳᠣᠷ ᠬᠤᠨᠤᠭ ᠤᠳ ᠲᠤ ᠭᠦᠮᠦᠰ ᠤᠨ ᠰᠡᠳᠬᠢᠯ ᠢ ᠭᠦᠳᠡᠯᠭᠡᠮ᠎ᠡ ᠮᠠᠰᠢ | ᠠᠷᠪᠢᠨ ᠳᠡᠣᠬᠡ ᠶᠢᠨ ᠬᠠᠭᠤᠳᠠᠰᠤ ᠶᠢ ᠪᠢᠴᠢᠭᠯᠡᠭᠰᠡᠨ ᠪᠠᠶᠢᠨ᠎ᠠ᠃ | 1941 ᠣᠨ ᠤ 11 ᠰᠠᠷ᠎ᠠ ᠳᠤ᠂ ᠪᠣᠷᠣᠪᠠᠯᠭᠠᠰᠣ ᠴᠢᠯᠦᠭᠡᠯᠡᠭᠳᠡᠭᠰᠡᠨ ᠤ ᠳᠠᠷᠣᠶᠢᠬᠠᠨ ᠪᠣᠷᠣᠪᠠᠯᠭᠠᠰᠣᠨ ᠤ ᠬᠤᠪᠢᠰᠬᠠᠯ ᠤᠨ ᠰᠠᠭᠤᠷᠢᠨ ᠭᠠᠵᠠᠷ ᠤᠨ | ᠪᠦᠳᠦᠭᠡᠨ ᠪᠠᠶᠢᠭᠤᠯᠣᠯᠳᠠ ᠶᠢ ᠡᠬᠢᠯᠡᠭᠦᠯᠵᠣ᠂ ᠠᠯᠬᠤᠮ ᠠᠯᠬᠤᠮ ᠢᠶᠠᠷ ᠣᠷᠳᠣᠰ ᠤᠨ ᠬᠤᠪᠢᠰᠬᠠᠯ ᠢ ᠣᠳᠣᠷᠢᠳᠬᠤ ᠬᠦᠢᠰᠤ᠂ ᠱᠠᠨ— ᠭᠠᠨ— ᠨᠢᠩ | ᠬᠢᠵᠠᠭᠠᠷ ᠤᠷᠤᠨ ᠤ ᠬᠠᠯᠬᠠᠪᠴᠢ ᠪᠤᠯᠵᠠᠢ᠃ ᠬᠤᠪᠢᠰᠬᠠᠯ ᠤᠨ ᠪᠡᠶᠢᠳᠡᠯ ᠤᠨ ᠭᠦᠭᠵᠢᠯᠳᠠ ᠶᠢ ᠳᠠᠭᠠᠯᠳᠣᠨ᠂ ᠶᠠᠨ ᠠᠨ ᠤ ᠦᠨᠳᠣᠰᠣᠳᠡᠨ ᠤ ᠳᠡᠭᠡᠳᠣ | ᠰᠣᠷᠭᠠᠭᠤᠯᠢ ᠴᠣ᠋ ᠪᠣᠷᠣᠪᠠᠯᠭᠠᠰᠣᠨ ᠳᠤ ᠰᠢᠯᠵᠢᠨ ᠢᠷᠡᠪᠡ᠃ ᠡᠨᠡ ᠨᠢ ᠳᠣᠮᠳᠠᠳᠣ ᠣᠯᠣᠰ ᠤᠨ ᠦᠨᠳᠣᠰᠣᠳᠡᠨ ᠤ ᠭᠠᠵᠠᠷ ᠣᠷᠣᠨ ᠳᠠᠬᠢ ᠦᠨᠳᠣᠰᠣᠳᠡᠨ ᠤ ᠳᠡᠭᠡᠳᠣ | ᠵᠡᠷᠭᠡ ᠶᠢᠨ ᠰᠣᠷᠭᠠᠨ ᠭᠦᠮᠦᠵᠢᠯ ᠤᠨ ᠠᠩᠬᠠᠳᠠᠭᠴᠢ ᠶᠡᠭᠡ ᠰᠣᠷᠭᠠᠭᠤᠯᠢ ᠪᠣᠯᠣᠨ᠎ᠠ᠃ | | | ᠢᠷᠠᠯᠳᠠ᠄ ︽ᠳᠠᠯ᠎ᠠ ᠨᠤᠳᠤᠭ ᠤᠨ ᠬᠤᠪᠢᠰᠬᠠᠯ ᠤᠨ ᠳᠡᠤᠬᠡ ᠤᠯᠪᠠᠭ᠎ᠠ︾ | |