ᠴᠢ᠊ · ᠭᠠᠩᠵᠣᠷᠢᠭᠲᠤ | | ᠭᠠᠷᠪᠤ ᠡᠪᠥᠭᠡᠨ ᠪᠣᠯ ᠠᠬᠠᠮᠠᠳ ᠪᠢᠴᠢᠭ ᠤᠨ ᠭᠥᠮᠥᠨ᠂ ᠬᠠᠶᠢᠷ᠎ᠠ ᠰᠡᠳᠬᠢᠯᠭᠡ ᠪᠠᠷ ᠪᠢᠯᠬᠠᠮ᠎ᠠ ᠭᠥᠡᠳᠥ ᠮᠥᠷᠳᠡᠭᠡᠨ ᠬᠠᠴᠢᠨ ᠪᠣᠳᠣᠯ ᠲᠠᠢ ᠰᠣᠨᠢᠨ ᠭᠥᠮᠥᠨ | ᠶᠤᠮ᠃ ᠲᠡᠷᠡ ᠤᠳᠠᠭᠠᠨ ᠵᠢᠯ ᠤᠨ ᠲᠤᠷᠰᠢ ᠬᠡᠷᠡᠭᠯᠡᠵᠦ ᠥᠩᠭᠡᠷᠡᠭᠰᠡᠨ ᠬᠠᠭᠤᠴᠢᠨ ᠬᠤᠪᠴᠠᠰᠤ᠂ ᠥᠢᠮᠥᠰᠦ᠂ ᠴᠢᠨᠠᠭᠰᠢᠯᠠᠨ ᠤᠰᠤᠨ ᠴᠣᠮᠣ᠂ ᠦᠵᠦᠭ ᠪᠢᠷ ᠢᠶᠠᠨ | ᠭᠥᠷᠳᠡᠯ᠎ᠡ ᠡᠳᠥᠭᠡ ᠪᠣᠯᠲᠠᠯ᠎ᠠ ᠪᠥᠬᠦᠨ ᠢ ᠨᠢ ᠬᠠᠶᠠᠯ ᠦᠭᠡᠢ ᠰᠠᠶᠢᠬᠠᠨ ᠬᠠᠳᠠᠭᠠᠯᠠᠭᠰᠠᠭᠠᠷ ᠢᠷᠡᠵᠡᠢ᠃ | ᠭᠠᠷᠪᠤ ᠡᠪᠥᠭᠡᠨ ᠤ ᠪᠥᠰᠡᠬᠦᠢ ᠭᠠᠪᠤᠷ ᠡᠮᠡᠭᠡᠨ ᠨᠢ ᠨᠢᠭᠡᠨ ᠡᠳᠥᠷ ᠡᠪᠥᠭᠡᠨ ᠤ ᠪᠠᠨ ᠤᠠᠲᠠᠲᠠᠭ ᠪᠥᠳᠥᠭᠦᠨ ᠮᠣᠳᠣᠨ ᠤᠷᠦ ᠶᠢᠨ ᠬᠢᠨᠢ ᠲᠤᠤᠷᠠᠲᠤ ᠲᠠᠯ᠎ᠠ ᠶᠢᠨ | ᠬᠠᠶᠢᠷᠴᠠᠭ ᠢ ᠨᠢ ᠨᠡᠭᠡᠭᠡᠵᠦ ᠥᠵᠡᠭᠰᠡᠨ ᠳᠤ ᠣᠪᠣᠭ᠎ᠠ ᠣᠪᠣᠭ᠎ᠠ ᠪᠠᠷ ᠡᠪᠬᠡᠵᠦ ᠬᠤᠷᠢᠶᠠᠭᠰᠠᠨ ᠬᠠᠭᠤᠴᠢᠨ ᠬᠤᠪᠴᠠᠰᠤ ᠬᠤᠨᠠᠷ᠂ ᠬᠠᠭᠤᠴᠢᠨ ᠥᠢᠮᠥᠰᠦ ᠤᠳ | ᠲᠥᠪ ᠳᠥᠭᠦᠷᠡᠩ ᠪᠠᠶᠢᠬᠤ ᠶᠢ ᠨᠢ ᠥᠵᠡᠭᠡᠳ᠄ ︽ᠮᠢᠨᠥ ᠡᠪᠥᠭᠡᠨ ᠭᠠᠷᠪᠤ ᠭᠡᠵᠢ᠂ ᠳᠠᠩᠳᠠ ᠬᠤᠭ ᠨᠣᠪᠰᠢ ᠴᠤᠭᠯᠠᠭᠤᠯᠳᠠᠭ ᠶᠠᠭᠠᠬᠢᠭᠰᠠᠨ ᠬᠠᠴᠢᠨ ᠪᠣᠳᠣᠯ ᠲᠠᠢ | ᠰᠣᠨᠢᠨ ᠭᠥᠮᠥᠨ ᠪᠤᠢ︖ ᠰᠡᠭᠦᠯᠡᠷ ᠭᠠᠷᠠᠭ ᠤᠨ ᠡᠳᠥᠷ ᠲᠠᠭᠠᠷᠠᠪᠠᠯ ᠡᠳᠡᠭᠡᠷ ᠬᠠᠭᠤᠴᠢᠨ ᠶᠠᠭᠤᠮᠠᠰ ᠢ ᠨᠢ ᠪᠦᠷ ᠭᠠᠳᠠᠨ᠎ᠠ ᠠᠪᠠᠴᠢᠵᠤ ᠬᠤᠭ ᠤᠨ ᠰᠠᠪᠠᠨ ᠳᠤ | ᠬᠠᠶᠠᠶ᠎ᠠ︾ ᠭᠡᠵᠦ ᠠᠮᠠᠨ ᠳᠠᠭᠠᠨ ᠳᠥᠳᠥᠨᠡᠵᠡᠢ᠃ | ᠨᠢᠭᠡᠨ ᠭᠠᠷᠠᠭ ᠤᠨ ᠡᠳᠥᠷ᠂ ᠭᠠᠷᠪᠤ ᠡᠪᠥᠭᠡᠨ ᠥᠷᠯᠥᠭᠡ ᠡᠷᠲᠡ ᠭᠥᠳᠡᠭᠡ ᠳᠤ ᠬᠤᠷᠢᠮ ᠢᠳᠡᠬᠦ ᠪᠠᠷ ᠲᠡᠷᠭᠡ ᠲᠠᠭᠠᠨ ᠶᠠᠪᠤᠴᠢᠬᠠᠪᠠ᠃ ᠳᠡᠭᠡᠲᠡᠯᠡ ᠭᠠᠪᠤᠷ ᠤᠨ | ᠬᠡᠤᠭᠡᠨ ᠭᠠᠨᠳᠢᠮ᠎ᠠ ᠨᠢ ᠠᠪᠡᠢ ᠮᠥᠮᠥ ᠪᠠᠨ ᠡᠷᠭᠢᠵᠦ ᠥᠵᠡᠬᠦ ᠪᠠᠷ ᠢᠷᠡᠴᠢᠭᠡᠯ᠎ᠡ᠃ ᠭᠠᠪᠤᠷ ᠡᠮᠡᠭᠡᠨ ᠭᠡᠤᠭᠡᠨ ᠳᠤ ᠪᠠᠨ᠄ ︽ᠠᠪᠡᠢ ᠴᠢᠨᠢ ᠭᠥᠳᠡᠭᠡ ᠳᠤ ᠬᠤᠷᠢᠮ | ᠢᠳᠡᠬᠦ ᠪᠠᠷ ᠲᠡᠷᠭᠡ ᠳᠠᠭᠠᠭᠠᠳ ᠶᠠᠪᠤᠭᠰᠠᠨ᠃ ᠥᠨᠡᠭᠡᠷ ᠭᠠᠶᠢᠬᠠᠮᠠᠷ ᠡ᠂ ᠠᠪᠡᠢ ᠴᠢᠨᠢ ᠶᠠᠭᠠᠬᠢᠭᠠᠳ ᠨᠡᠪᠲᠡ ᠬᠤᠭ ᠨᠣᠪᠰᠢ ᠴᠤᠭᠯᠠᠭᠤᠯᠤᠭᠠᠳ ᠪᠠᠶᠢᠳᠠᠭ ᠬᠠᠴᠢᠨ | ᠪᠣᠳᠣᠯ ᠲᠠᠢ ᠰᠣᠨᠢᠨ ᠭᠥᠮᠥᠨ ᠪᠤᠢ︖ ᠠᠪᠡᠢ ᠶᠢᠨ ᠴᠢᠨᠢ ᠤᠠᠲᠠᠲᠠᠭ ᠪᠥᠳᠥᠭᠦᠨ ᠮᠣᠳᠣᠨ ᠤᠷᠦ ᠶᠢᠨ ᠬᠢᠨᠢ ᠲᠤᠤᠷᠠᠲᠤ ᠲᠠᠯ᠎ᠠ ᠶᠢᠨ ᠲᠣᠮᠣ ᠬᠠᠶᠢᠷᠴᠠᠭ ᠢ ᠨᠢ | ᠨᠡᠭᠡᠭᠡᠵᠦ ᠥᠵᠡᠭᠰᠡᠨ ᠳᠤ ᠮᠡᠳᠡᠬᠦ ᠦᠭᠡᠢ᠂ ᠮᠡᠳᠡᠬᠦ ᠦᠭᠡᠢ᠃ ᠣᠪᠣᠭ᠎ᠠ ᠣᠪᠣᠭ᠎ᠠ ᠪᠠᠷ ᠡᠪᠬᠡᠵᠦ ᠬᠤᠷᠢᠶᠠᠭᠰᠠᠨ ᠬᠠᠭᠤᠴᠢᠨ ᠬᠤᠪᠴᠠᠰᠤ ᠬᠤᠨᠠᠷ᠂ ᠬᠠᠭᠤᠴᠢᠨ | ᠥᠢᠮᠥᠰᠦ ᠤᠳ ᠲᠥᠪ ᠳᠥᠭᠦᠷᠡᠩ ᠪᠠᠶᠢᠯ᠎ᠠ᠃ ᠪᠢᠴᠢᠭ ᠤᠨ ᠬᠤᠷᠭᠤᠨ ᠤ ᠬᠢᠨᠢ ᠬᠡᠳᠦᠨ ᠰᠢᠷᠭᠤᠤᠯ ᠳᠤ ᠨᠢ ᠪᠠᠰᠠ ᠭᠤᠣᠯ ᠴᠦ ᠦᠭᠡᠢ᠂ ᠬᠠᠭᠤᠴᠢᠨ ᠬᠠᠭᠤᠴᠢᠨ | ᠦᠵᠦᠭ ᠪᠢᠷ ᠤᠳ ᠲᠥᠪ ᠳᠥᠭᠦᠷᠡᠩ ᠪᠠᠶᠢᠯ᠎ᠠ᠃ ᠥᠨᠥᠳᠥᠷ ᠬᠡᠤᠭᠡᠨ ᠬᠤᠶᠠᠭᠤᠯᠠ ᠪᠠᠨ ᠲᠡᠳᠡᠭᠡᠷ ᠬᠤᠭ ᠨᠣᠪᠰᠢ ᠶᠢ ᠨᠢ ᠨᠢᠭᠡ ᠰᠠᠶᠢᠬᠠᠨ ᠴᠡᠪᠡᠷᠯᠡᠵᠦ ᠭᠠᠳᠠᠨ᠎ᠠ | ᠬᠤᠭ ᠤᠨ ᠰᠠᠪᠠᠨ ᠳᠤ ᠬᠠᠶᠠᠴᠢᠬᠠᠶ᠎ᠠ︾ ᠭᠡᠪᠡᠯ᠂ ᠭᠡᠤᠬᠡᠨ ᠭᠠᠨᠳᠢᠮ᠎ᠠ ᠨᠢ ᠭᠠᠶᠢᠬᠠᠰᠢ ᠠᠯᠳᠠᠨ᠄ ︽ᠥᠨᠡᠭᠡᠷ ᠲᠡᠶᠢᠮᠦ ᠪᠠᠶᠢᠨ᠎ᠠ ᠨᠢ︖ ᠠᠪᠡᠢ ᠴᠣᠬᠤᠮ ᠶᠠᠮᠠᠷ | ᠪᠣᠳᠣᠯ ᠲᠠᠢ ᠪᠠᠶᠢᠬᠤ ᠶᠤᠮ ᠪᠢᠯᠡ︖︾ ᠭᠡᠪᠡᠯ᠂ ᠭᠠᠪᠤᠷ ᠡᠮᠡᠭᠡᠨ᠄ ︽ᠭᠡᠤᠬᠡᠨ ᠮᠢᠨᠢ ᠡ᠂ ᠥᠨᠡᠭᠡᠷ ᠲᠡᠶᠢᠮᠦ ᠪᠠᠶᠢᠬᠤ ᠦᠭᠡᠢ ᠶᠠᠭᠠᠬᠢᠬᠤ ᠪᠤᠢ︖ ᠠᠪᠡᠢ ᠳᠤ | ᠴᠢᠨᠢ ᠶᠠᠮᠠᠷ ᠪᠣᠳᠣᠯ ᠪᠠᠶᠢᠬᠤ ᠪᠤᠢ︖ ᠬᠤᠭ ᠨᠣᠪᠰᠢ ᠴᠣᠭᠯᠠᠭᠤᠯᠬᠤ ᠶᠢ ᠯᠠ ᠮᠡᠳᠡᠬᠦ ᠠᠴᠠ ᠪᠢᠰᠢ᠂ ᠥᠭᠡᠷ᠎ᠡ ᠶᠠᠭᠤ ᠮᠡᠳᠡᠬᠦ ᠪᠤᠢ︖ ᠬᠤᠷᠳᠤᠨ ᠬᠠᠶᠠᠬᠤ ᠦᠭᠡᠢ | ᠶᠤᠮ ᠪᠣᠯ ᠬᠤᠯᠣᠭᠠᠨ᠎ᠠ ᠡᠭᠦᠷᠯᠡᠴᠢᠭᠡᠪᠡᠯ ᠭᠠᠮᠰᠢᠭ ᠲᠠᠷᠢᠬᠤ ᠨᠢ︾ ᠭᠡᠵᠦ ᠬᠡᠯᠡᠭᠡᠳ ᠡᠬᠡ ᠭᠡᠤᠬᠡᠨ ᠬᠤᠶᠠᠷ ᠪᠥᠳᠥᠭᠦᠨ ᠮᠣᠳᠣᠨ ᠣᠷᠣ ᠶᠢ ᠨᠢ ᠡᠷᠭᠦᠵᠦ | ᠨᠡᠭᠡᠭᠡᠭᠰᠡᠨ ᠳᠤ ᠥᠨᠡᠭᠡᠷ ᠣᠪᠣᠭ᠎ᠠ ᠣᠪᠣᠭ᠎ᠠ ᠪᠠᠷ ᠬᠤᠷᠢᠶᠠᠵᠤ ᠲᠠᠯᠪᠢᠭᠰᠠᠨ ᠣᠯᠠᠨ ᠠᠷᠪᠢᠨ ᠶᠠᠩᠵᠤ ᠪᠥᠷᠢ ᠶᠢᠨ ᠬᠠᠭᠤᠴᠢᠨ ᠬᠤᠪᠴᠠᠰᠤ ᠬᠤᠨᠠᠷ᠂ ᠬᠠᠭᠤᠴᠢᠨ | ᠥᠢᠮᠥᠰᠦ ᠤᠳ ᠲᠥᠪ ᠳᠥᠭᠦᠷᠡᠩ ᠭᠠᠷᠴᠤ ᠢᠷᠡᠭᠰᠡᠨ ᠳᠤ ᠭᠠᠨᠳᠢᠮ᠎ᠠ ᠭᠡᠤᠭᠡᠨ᠄ ︽ᠦᠢ᠂ ᠶᠠᠭᠠᠬᠢᠬᠤ ᠶᠤᠮ ᠡ︖ ᠮᠢᠨᠥ ᠠᠪᠡᠢ ᠡᠶᠢᠮᠦ ᠠᠷᠪᠢᠨ ᠶᠠᠩᠵᠤ | ᠪᠥᠷᠢ ᠶᠢᠨ ᠬᠤᠪᠴᠠᠰᠤ ᠤᠳ ᠢ ᠪᠦᠷ ᠡᠮᠥᠰᠴᠦ ᠥᠩᠭᠡᠷᠡᠭᠰᠡᠨ ᠶᠤᠮ ᠦᠦ︖ ᠡᠳᠡᠭᠡᠷ ᠨᠢ ᠲᠤᠬᠠᠢ ᠶᠢᠨ ᠥᠶ᠎ᠡ ᠳᠤ ᠪᠠᠨ ᠪᠣᠯ ᠴᠠᠭ ᠤᠨ ᠣᠷᠣᠰᠬᠠᠯ ᠢ ᠳᠠᠭᠠᠵᠤ | ᠭᠦᠢᠴᠡᠭᠰᠡᠨ ᠰᠠᠶᠢᠬᠠᠨ ᠬᠤᠪᠴᠠᠰᠤ ᠤᠳ ᠪᠠᠶᠢᠭᠰᠠᠨ ᠪᠠᠶᠢᠬ᠎ᠠ᠃ ᠠᠪᠡᠢ ᠮᠢᠨᠢ ᠵᠠᠯᠠᠭᠤ ᠳᠠᠭᠠᠨ ᠥᠨᠡᠭᠡᠷ ᠴᠠᠪᠡᠷ ᠴᠡᠮᠴᠡᠭᠡᠷ ᠭᠥᠮᠥᠨ ᠪᠠᠶᠢᠵᠠᠢ᠃ ᠡᠳᠥᠭᠡ ᠬᠠᠭᠤᠴᠢᠨ | ᠬᠤᠪᠴᠠᠰᠤ ᠤᠳ ᠢᠶᠠᠨ ᠰᠠᠶᠢᠬᠠᠨ ᠤᠬᠢᠶᠠᠭᠠᠳ ᠡᠪᠬᠡᠵᠤ ᠲᠠᠯᠪᠢᠴᠢᠬᠠᠭᠰᠠᠨ ᠪᠠᠶᠢᠨ᠎ᠠ ᠰᠢᠦ᠃ ᠬᠠᠭᠤᠴᠢᠨ ᠥᠢᠮᠥᠰᠦ ᠤᠳ ᠢᠶᠠᠨ ᠪᠠᠰᠠ ᠰᠠᠶᠢᠬᠠᠨ ᠤᠬᠢᠶᠠᠭᠠᠳ | ᠵᠠᠩᠭᠢᠳᠴᠦ ᠲᠠᠯᠪᠢᠴᠢᠬᠠᠭᠰᠠᠨ ᠪᠠᠶᠢᠨ᠎ᠠ ᠰᠢᠦ︾ ᠭᠡᠳ ᠨᠢᠭᠡᠨ ᠵᠠᠩᠭᠢᠳᠴᠤ ᠲᠠᠯᠪᠢᠭᠰᠠᠨ ᠬᠠᠭᠤᠴᠢᠨ ᠥᠢᠮᠥᠰᠦ ᠶᠢ ᠨᠢ ᠲᠡᠮᠲᠡᠷᠢᠵᠦ ᠥᠵᠡᠭᠰᠡᠨ ᠳᠤ ᠲᠣᠲᠣᠷ᠎ᠠ ᠨᠢ | ᠨᠢᠭᠡ ᠶᠠᠭᠤᠮ᠎ᠠ ᠲᠡᠮᠲᠡᠷᠢᠭᠳᠡᠪᠡ᠃ ᠭᠠᠨᠳᠢᠮ᠎ᠠ ᠭᠠᠶᠢᠬᠠᠰᠢ ᠲᠥᠷᠥᠨ ᠵᠠᠩᠭᠢᠯᠠᠭᠠᠰᠤ ᠶᠢ ᠨᠢ ᠲᠠᠶᠢᠯᠵᠦ ᠥᠵᠡᠭᠰᠡᠨ ᠳᠤ ᠲᠣᠲᠣᠷ᠎ᠠ ᠨᠢ ᠬᠠᠷᠢᠨ ᠲᠠᠪᠤᠨ ᠵᠣᠭᠤᠰ ᠪᠠᠶᠢᠯ᠎ᠠ᠃ | ᠡᠬᠡ ᠭᠡᠤᠭᠡᠨ ᠬᠤᠶᠠᠷ ᠭᠠᠶᠢᠬᠠᠰᠢ ᠠᠯᠳᠠᠨ ᠥᠢᠮᠥᠰᠦ ᠪᠥᠬᠦᠨ ᠢ ᠨᠡᠭᠡᠭᠡᠵᠦ ᠥᠵᠡᠭᠰᠡᠨ ᠳᠤ ᠵᠠᠷᠢᠮ ᠥᠢᠮᠦᠰᠤ ᠶᠢᠨ ᠬᠢᠨᠢ ᠲᠤᠲᠤᠷ᠎ᠠ ᠨᠢ ᠲᠠᠪᠤᠨ ᠵᠣᠭᠤᠰ᠂ | ᠠᠷᠪᠠᠨ ᠵᠣᠭᠤᠰ᠂ ᠲᠠᠪᠢᠨ ᠵᠣᠭᠤᠰ᠂ ᠵᠠᠭᠤᠲᠤ ᠶᠢᠨ ᠵᠣᠭᠤᠰ ᠭᠡᠳ ᠠᠳᠠᠯᠢ ᠪᠤᠰᠤ ᠬᠡᠮᠵᠢᠶ᠎ᠡ ᠪᠠᠷ ᠵᠣᠭᠤᠰ ᠭᠡᠭᠴᠢ ᠨᠢ ᠭᠠᠷᠤᠭᠠᠳ ᠭᠠᠷᠤᠭᠠᠳ ᠢᠷᠡᠵᠦ ᠯᠠ ᠪᠠᠶᠢᠯ᠎ᠠ᠃ | ᠡᠬᠡ ᠭᠡᠤᠬᠡᠨ ᠬᠤᠶᠠᠷ ᠢᠨᠢᠶᠡᠯᠴᠡᠭᠡᠳ ᠢᠨᠢᠶᠡᠯᠴᠡᠭᠡᠳ ᠥᠢᠮᠥᠰᠦ ᠪᠣᠯᠭᠠᠨ ᠳᠠᠬᠢ ᠵᠣᠭᠤᠰ ᠢ ᠨᠢ ᠭᠠᠷᠭᠠᠨ ᠠᠪᠴᠦ ᠲᠢᠭᠯᠡᠵᠦ ᠲᠠᠯᠪᠢᠴᠢᠬᠠᠭᠠᠳ ᠬᠠᠭᠤᠴᠢᠨ ᠱᠠᠬᠠᠢ | ᠭᠤᠲᠤᠯ ᠢ ᠨᠢ ᠲᠢᠭᠯᠡᠭᠰᠡᠨ ᠳᠤ ᠲᠤᠲᠤᠷ᠎ᠠ ᠠᠴᠠ ᠨᠢ ᠮᠥᠨ ᠯᠠ ᠲᠠᠪᠤᠨ ᠵᠣᠭᠤᠰ᠂ ᠠᠷᠪᠠᠨ ᠵᠣᠭᠤᠰ᠂ ᠲᠠᠪᠢᠨ ᠵᠣᠭᠤᠰ᠂ ᠵᠠᠭᠤᠲᠤ ᠶᠢᠨ ᠵᠣᠭᠤᠰ ᠭᠡᠳ ᠠᠳᠠᠯᠢ | ᠪᠤᠰᠤ ᠬᠡᠮᠵᠢᠶ᠎ᠡ ᠪᠠᠷ ᠵᠣᠭᠤᠰ ᠭᠡᠭᠴᠢ ᠨᠢ ᠭᠠᠷᠤᠭᠠᠳ ᠭᠠᠷᠤᠭᠠᠳ ᠢᠷᠡᠵᠦ ᠯᠠ ᠪᠠᠶᠢᠯ᠎ᠠ᠃ ᠡᠬᠡ ᠭᠡᠤᠬᠡᠨ ᠬᠤᠶᠠᠷ ᠢᠨᠢᠶᠡᠯᠴᠡᠭᠡᠳ ᠢᠨᠢᠶᠡᠯᠴᠡᠭᠡᠳ ᠲᠢᠭᠯᠡᠵᠦ ᠯᠠ | ᠪᠠᠶᠢᠯ᠎ᠠ᠃ ᠡᠬᠡ ᠭᠡᠤᠭᠡᠨ ᠬᠤᠶᠠᠷ ︽ᠬᠠᠭᠤᠴᠢᠨ ᠬᠤᠪᠴᠠᠰᠤ ᠬᠤᠨᠠᠷ ᠲᠤ ᠨᠢ ᠪᠠᠰᠠ ᠵᠣᠭᠤᠰ ᠪᠠᠶᠢᠳᠠᠭ ᠴᠦ ᠪᠢᠯᠡ ᠦᠦ︖︾ ᠭᠡᠳ ᠰᠡᠬᠦᠵᠦ ᠥᠵᠡᠪᠡᠯ᠂ | ᠲᠡᠳᠡᠭᠡᠷ ᠬᠠᠭᠤᠴᠢᠨ ᠬᠤᠪᠴᠠᠰᠤ ᠤᠳ ᠤᠨ ᠬᠢᠨᠢ ᠬᠠᠷᠮᠠᠨ ᠲᠣᠲᠣᠷ᠎ᠠ ᠠᠴᠠ ᠨᠢ ᠮᠥᠨ ᠯᠠ ᠲᠠᠪᠤᠨ ᠵᠣᠭᠤᠰ᠂ ᠠᠷᠪᠠᠨ ᠵᠣᠭᠤᠰ᠂ ᠲᠠᠪᠢᠨ ᠵᠣᠭᠤᠰ᠂ ᠵᠠᠭᠤᠲᠤ ᠶᠢᠨ | ᠵᠣᠭᠤᠰ ᠭᠡᠳ ᠠᠳᠠᠯᠢ ᠪᠤᠰᠤ ᠬᠡᠮᠵᠢᠶ᠎ᠡ ᠪᠠᠷ ᠵᠣᠭᠤᠰ ᠭᠡᠭᠴᠢ ᠨᠢ ᠭᠠᠷᠤᠭᠠᠳ ᠭᠠᠷᠤᠭᠠᠳ ᠢᠷᠡᠵᠦ ᠯᠠ ᠪᠠᠶᠢᠯ᠎ᠠ᠃ ᠡᠬᠡ ᠭᠡᠤᠬᠡᠨ ᠬᠤᠶᠠᠷ ᠢᠨᠢᠶᠡᠯᠴᠡᠭᠡᠳ | ᠢᠨᠢᠶᠡᠯᠴᠡᠭᠡᠳ ᠲᠢᠭᠯᠡᠵᠦ ᠯᠠ ᠰᠠᠭᠤᠯ᠎ᠠ᠃ ᠬᠠᠮᠤᠭ ᠤᠨ ᠬᠠᠭᠤᠴᠢᠨ ᠨᠢᠭᠡᠨ ︽ᠡᠸᠥ᠋ᠷᠥᠫᠠ ᠬᠤᠪᠴᠠᠰᠤᠨ︾ ᠤ ᠬᠤᠶᠠᠷ ᠬᠠᠷᠮᠠᠨ ᠳᠤ ᠨᠢ ᠬᠠᠷᠢᠨ ᠲᠤᠰ ᠪᠥᠷᠢ | ᠮᠢᠩᠭᠠᠨ ᠲᠥᠭᠦᠷᠢᠭ ᠪᠠᠶᠢᠭᠰᠠᠨ ᠳᠤ ᠡᠬᠡ ᠬᠡᠤᠭᠡᠨ ᠬᠤᠶᠠᠷ ᠶᠡᠭᠡᠳᠡ ᠭᠠᠶᠢᠬᠠᠵᠤ ᠠᠪᠤᠪᠠ᠃ ᠡᠬᠡ ᠬᠡᠤᠬᠡᠨ ᠬᠤᠶᠠᠷ ᠡᠳᠡᠭᠡᠷ ᠬᠤᠪᠴᠠᠰᠤ ᠬᠤᠨᠠᠷ ᠲᠠᠬᠢ ᠵᠣᠭᠤᠰ | ᠮᠥᠩᠬᠦ ᠶᠢ ᠨᠢ ᠲᠢᠭᠯᠡᠵᠦ ᠪᠠᠷᠠᠭᠰᠠᠨ ᠤ ᠳᠠᠷᠠᠭ᠎ᠠ᠂ ᠭᠠᠷᠪᠤ ᠶᠢᠨ ᠬᠤᠷᠢᠶᠠᠵᠤ ᠪᠠᠶᠢᠭᠰᠠᠨ ᠬᠠᠭᠤᠴᠢᠨ ᠦᠵᠦᠭ ᠪᠢᠷ ᠤᠳ ᠢ ᠨᠢ ᠭᠠᠷᠭᠠᠨ ᠠᠪᠴᠦ ᠲᠢᠭᠯᠡᠭᠰᠡᠨ ᠳᠤ᠂ | ᠭᠤᠣᠯ ᠢ ᠨᠢ ᠰᠣᠭᠤᠯᠵᠤ ᠠᠪᠤᠭᠰᠠᠨ ᠦᠰᠥᠭ ᠪᠢᠷ ᠤᠳ ᠤᠨ ᠬᠢᠨᠢ ᠲᠣᠲᠣᠷ᠎ᠠ ᠠᠴᠠ ᠨᠢ᠂ ᠮᠥᠨ ᠯᠠ ᠪᠦᠬᠡᠷᠡᠩᠬᠡᠶᠢᠯᠡᠵᠤ ᠰᠢᠷᠭᠤᠯᠠᠵᠤ ᠲᠠᠯᠪᠢᠭᠰᠠᠨ ᠨᠢᠭᠡ᠂ ᠲᠠᠪᠤ᠂ | ᠠᠷᠪᠠ᠂ ᠲᠠᠪᠢ᠂ ᠵᠠᠭᠤᠲᠤ ᠶᠢᠨ ᠵᠣᠭᠤᠰ ᠭᠡᠳ ᠠᠳᠠᠯᠢ ᠪᠤᠰᠤ ᠬᠡᠮᠵᠢᠶ᠎ᠡ ᠪᠠᠷ ᠵᠣᠭᠤᠰ ᠭᠡᠭᠴᠢ ᠨᠢ ᠭᠠᠷᠤᠭᠠᠳ ᠭᠠᠷᠤᠭᠠᠳ ᠢᠷᠡᠵᠦ ᠯᠠ ᠪᠠᠶᠢᠯ᠎ᠠ᠃ ᠡᠬᠡ ᠭᠡᠤᠬᠡᠨ | ᠬᠤᠶᠠᠷ ᠢᠨᠢᠶᠡᠯᠴᠡᠭᠡᠳ ᠢᠨᠢᠶᠡᠯᠴᠡᠭᠡᠳ ᠲᠢᠭᠯᠡᠵᠦ ᠯᠠ ᠡᠬᠢᠯᠡᠪᠡ᠃ ᠣᠷᠣᠢ ᠪᠣᠯᠬᠤ ᠶᠢᠨ ᠥᠶ᠎ᠡ ᠪᠠᠷ ᠪᠥᠬᠦ ᠶᠠᠭᠤᠮᠠᠨ ᠠᠴᠠ ᠭᠠᠷᠴᠤ ᠢᠷᠡᠭᠰᠡᠨ ᠵᠣᠭᠤᠰ ᠢ ᠨᠢ | ᠪᠥᠷᠢᠳᠬᠡᠵᠦ ᠥᠵᠡᠭᠰᠡᠨ ᠳᠤ ᠨᠡᠶᠢᠲᠡ ᠨᠠᠢᠮᠠᠨ ᠮᠢᠩᠭᠠᠨ ᠨᠠᠢᠮᠠᠨ ᠵᠠᠭᠤᠨ ᠨᠠᠶᠠᠨ ᠨᠠᠢᠮᠠᠨ ᠲᠥᠭᠦᠷᠢᠭ ᠪᠠᠶᠢᠯ᠎ᠠ᠃ ᠭᠠᠪᠤᠷ ᠡᠮᠡᠭᠡᠨ ᠢᠨᠢᠶᠡᠭᠰᠡᠭᠡᠷ᠄ ︽ᠪᠢ ᠭᠠᠷ ᠤᠨ | ᠥᠵᠥᠭᠦᠷ ᠲᠤ ᠵᠠᠷᠤᠬᠤ ᠵᠣᠭᠤᠰ ᠦᠭᠡᠢ ᠪᠣᠯᠴᠢᠬᠠᠯ᠎ᠠ ᠭᠡᠪᠡᠯ᠂ ᠠᠪᠡᠢ ᠴᠢᠨᠢ ᠠᠪᠣᠨ ᠳᠣᠣᠷ᠎ᠠ ᠨᠢ ᠵᠣᠭᠤᠰ ᠭᠠᠷᠭᠠᠭᠠᠳ ᠨᠠᠳᠠᠲᠤ ᠥᠭᠳᠡᠭ ᠯᠠ ᠪᠠᠶᠢᠯ᠎ᠠ᠃ ᠣᠪᠠᠳᠢᠰ | ᠨᠢ ᠬᠠᠷᠢᠨ ᠠᠳᠡ ᠪᠠᠨ ᠪᠠᠶᠢᠵᠤ ᠰᠢᠦ︾ ᠭᠡᠪᠡᠯ᠂ ᠭᠠᠨᠳᠢᠮ᠎ᠠ ᠭᠡᠤᠭᠡᠨ ᠨᠢ ᠢᠨᠢᠶᠡᠭᠰᠡᠭᠡᠷ᠄ ︽ᠮᠢᠨᠥ ᠠᠪᠡᠢ ᠡᠩ ᠤᠨ ᠰᠡᠳᠬᠢᠴᠡ ᠲᠠᠢ ᠭᠥᠮᠥᠨ ᠪᠢᠰᠢ᠂ ᠬᠠᠶᠢᠷ᠎ᠠ | ᠰᠡᠳᠬᠢᠯᠭᠡ ᠪᠠᠷ ᠪᠢᠯᠬᠠᠮ᠎ᠠ᠂ ᠶᠠᠭᠤᠮ᠎ᠠ ᠪᠥᠬᠦᠨ ᠤ ᠠᠴᠢ ᠲᠤᠰᠠ ᠶᠢ ᠨᠢ ᠥᠷᠭᠦᠯᠵᠢ ᠬᠠᠷᠢᠭᠤᠯᠵᠤ ᠶᠠᠪᠤᠳᠠᠭ ᠨᠢᠩᠵᠢᠨ ᠰᠡᠳᠭᠢᠯ ᠲᠠᠢ᠂ ᠪᠡᠯᠭᠡᠰᠢᠶᠡᠯ ᠤᠨ ᠰᠣᠶᠣᠯ ᠢ | ᠰᠠᠶᠢᠨ ᠮᠡᠳᠡᠳᠡᠭ ᠮᠤᠠᠳᠠᠭ ᠭᠥᠮᠥᠨ ᠶᠤᠮ ᠪᠠᠶᠢᠨ᠎ᠠ︾ ᠭᠡᠮᠡᠨ ᠪᠠᠭ᠋ᠠᠳᠤᠨ ᠶᠠᠷᠢᠵᠤ ᠪᠠᠶᠢᠯ᠎ᠠ᠃ | ᠡᠨᠡ ᠥᠶ᠎ᠡ ᠳᠤ ᠬᠤᠷᠢᠮ ᠳᠤ ᠶᠠᠪᠤᠭᠰᠠᠨ ᠭᠠᠷᠪᠤ ᠡᠪᠥᠭᠡᠨ ᠤᠷᠤᠵᠤ ᠢᠷᠡᠭᠰᠡᠨ ᠳᠤ ᠭᠠᠪᠤᠷ ᠥᠭᠡᠳᠡ ᠠᠴᠠ ᠨᠢ᠄ ︽ᠡᠪᠥᠭᠡᠨ ᠮᠢᠨᠢ ᠬᠤᠷᠢᠮ ᠰᠠᠶᠢᠨ ᠢᠳᠡᠪᠡ | ᠦᠦ︖ ᠬᠡᠤᠭᠡᠨ ᠪᠢᠳᠡ ᠬᠤᠶᠠᠷ ᠥᠨᠥᠳᠥᠷ ᠴᠢᠨᠥ ᠬᠤᠭ ᠨᠣᠪᠰᠢ ᠪᠣᠯᠣᠭᠰᠠᠨ ᠬᠠᠭᠤᠴᠢᠨ ᠬᠤᠪᠴᠠᠰᠤ ᠬᠤᠨᠠᠷ ᠤᠳ ᠢ ᠬᠠᠶᠠᠬᠤ ᠪᠠᠷ ᠴᠡᠪᠡᠷᠯᠡᠵᠦ | ᠥᠵᠡᠭᠰᠡᠨ ᠳᠤ ᠶᠠᠭᠤᠮ᠎ᠠ ᠪᠥᠬᠦᠨ ᠤ ᠲᠤᠲᠤᠷ᠎ᠠ ᠠᠴᠠ ᠪᠦᠷ ᠯᠠ ᠵᠣᠭᠤᠰ ᠭᠡᠭᠴᠢ ᠨᠢ ᠭᠠᠷᠤᠭᠠᠳ ᠭᠠᠷᠤᠭᠠᠳ ᠯᠠ ᠢᠷᠡᠵᠦ ᠪᠠᠶᠢᠨ᠎ᠠ᠃ ᠦᠢ᠂ ᠲᠡᠷᠡ ᠨᠢᠭᠡᠨ | ᠬᠠᠮᠤᠭ ᠤᠨ ᠬᠠᠭᠤᠴᠢᠨ ︿ᠡᠸᠥ᠋ᠷᠥᠫᠠ ᠬᠤᠪᠴᠠᠰᠤᠨ﹀ ᠤ ᠬᠤᠶᠠᠷ ᠬᠠᠷᠮᠠᠨ ᠳᠤ ᠨᠢ ᠶᠠᠭᠠᠬᠢᠭᠠᠳ ᠲᠡᠶᠢᠮᠦ ᠶᠡᠭᠡ ᠵᠣᠭᠤᠰ ᠪᠠᠶᠢᠳᠠᠭ ᠪᠤᠢ︖ ᠬᠠᠷᠮᠠᠨ ᠪᠥᠷᠢ ᠳᠤ | ᠨᠢ ᠨᠢᠭᠡ ᠨᠢᠭᠡ ᠮᠢᠩᠭᠠᠨ ᠲᠥᠭᠦᠷᠢᠭ ᠪᠠᠶᠢᠯ᠎ᠠ︾ ᠭᠡᠵᠦ ᠭᠠᠶᠢᠬᠠᠨ ᠠᠰᠠᠭᠤᠪᠠᠯ᠂ ᠭᠠᠷᠪᠤ ᠡᠪᠥᠭᠡᠨ᠄ ︽ᠴᠢ ᠮᠢᠨᠢ ᠮᠠᠷᠲᠠᠴᠢᠬᠠᠭᠰᠠᠨ ᠶᠤᠮ ᠦᠦ︖ ᠲᠥᠴᠢᠨ | ᠵᠢᠯ ᠤᠨ ᠡᠮᠥᠨ᠎ᠡ ᠪᠢ ᠴᠢᠮ᠎ᠠ ᠪᠠᠨ ᠪᠠᠭᠤᠯᠭᠠᠵᠤ ᠠᠪᠬᠤ ᠪᠠᠷ ᠲᠠᠨ ᠤ ᠳᠤ ᠣᠴᠢᠵᠤ ︿ᠬᠠᠳᠠᠭ ᠠᠯᠴᠢᠭᠤᠷ﹀ ᠲᠠᠯᠪᠢᠬᠤ ᠳᠠᠭᠠᠨ ᠡᠮᠥᠰᠴᠦ ᠪᠠᠶᠢᠭᠰᠠᠨ ᠵᠠᠰᠠᠯ ᠤᠨ | ᠬᠤᠪᠴᠠᠰᠤ ᠰᠢᠦ᠃ ᠲᠡᠷᠡ ᠥᠶ᠎ᠡ ᠳᠤ ᠭᠥᠮᠥᠨ ᠪᠥᠬᠦᠨ ᠨᠠᠮ᠎ᠠ ᠶᠢ ᠬᠠᠷᠠᠭᠠᠳ ︿ᠭᠠᠷᠪᠤ ᠵᠠᠯᠠᠭᠤ ᠶᠢᠨ ᠡᠸᠥ᠋ᠷᠥᠫᠠ ᠬᠤᠪᠴᠠᠰᠤ᠂ ᠭᠠᠯᠰᠲ᠋ᠤᠺ ᠨᠢ ᠲᠡᠭᠦᠨ ᠤ | ᠭᠠᠯᠪᠢᠷ ᠽᠠᠠᠳᠠᠨ ᠪᠡᠶ᠎ᠡ ᠳᠤ ᠨᠢ ᠴᠣᠬᠤᠮ ᠰᠠᠶᠢᠬᠠᠨ ᠵᠣᠬᠢᠷᠠᠭᠰᠠᠨ ᠶᠤᠮ ᠪᠠᠶᠢᠨ᠎ᠠ﹀ ᠭᠡᠵᠦ ᠱᠠᠭᠰᠢᠨ ᠭᠠᠶᠢᠬᠠᠯᠳᠤᠵᠤ ᠪᠠᠶᠢᠭᠰᠠᠨ ᠦᠭᠡᠢ ᠪᠢᠯᠡ ᠦᠦ︖ ᠲᠡᠷᠡ ᠬᠦ | ᠬᠠᠮᠤᠭ ᠤᠨ ᠬᠠᠭᠤᠴᠢᠨ ︿ᠡᠸᠥ᠋ᠷᠥᠫᠠ ᠬᠤᠪᠴᠠᠰᠤ﹀ ᠪᠣᠯ ᠬᠤᠶᠠᠭᠤᠯᠠ ᠶᠢᠨ ᠨᠠᠰᠤᠨ ᠤ ᠠᠮᠢᠳᠤᠷᠠᠯ ᠳᠤ ᠮᠢᠨᠢ ᠨᠠᠨᠳᠢᠨ ᠥᠢᠯᠡᠳᠥᠯ ᠥᠵᠡᠬᠦᠯᠥᠭᠰᠡᠨ ᠭᠠᠪᠢᠶᠠᠲᠤ | ᠬᠤᠪᠴᠠᠰᠤ ᠶᠤᠮ ᠰᠢᠦ᠃ ᠮᠢᠨᠥ ᠬᠤᠪᠴᠠᠰᠤ ᠪᠥᠭᠦᠨ ᠨᠠᠳᠠᠳᠤ ᠮᠠᠷᠳᠠᠭᠳᠠᠰᠢ ᠦᠭᠡᠢ ᠣᠯᠠᠨ ᠰᠠᠶᠢᠬᠠᠨ ᠳᠤᠷᠠᠰᠤᠮᠵᠢ ᠥᠯᠡᠳᠡᠭᠡᠭᠰᠡᠨ ᠪᠠᠶᠢᠳᠠᠭ ᠶᠤᠮ᠃ ᠠᠳᠠᠯᠢ | ᠪᠤᠰᠤ ᠶᠢᠨ ᠴᠠᠭ ᠥᠶ᠎ᠡ ᠳᠤ᠂ ᠪᠢ ᠲᠡᠳᠡᠭᠡᠷ ᠠᠳᠠᠯᠢ ᠪᠤᠰᠤ ᠶᠢᠨ ᠴᠤ ᠰᠢᠨ᠎ᠡ ᠬᠤᠪᠴᠠᠰᠤ ᠪᠠᠨ ᠡᠮᠥᠰᠴᠢᠭᠡᠭᠡᠳ ᠱᠠᠩᠨᠠᠯ ᠲᠤᠰᠴᠤ ᠪᠠᠶᠢᠯ᠎ᠠ᠂ ᠳᠤᠭᠯᠠᠯᠳᠠ ᠳᠤ | ᠣᠷᠣᠯᠴᠠᠵᠤ ᠪᠠᠶᠢᠯ᠎ᠠ᠂ ᠬᠤᠷᠠᠯ ᠤᠨ ᠲᠠᠶᠢᠰᠠᠨ ᠳᠡᠭᠡᠷ᠎ᠡ ᠰᠠᠭᠤᠳᠠᠭ ᠪᠠᠶᠢᠯ᠎ᠠ᠂ ᠭᠥᠳᠡᠯᠮᠥᠷᠢ ᠠᠵᠢᠯ ᠳᠤ ᠴᠦ ᠣᠷᠣᠯᠴᠠᠵᠤ ᠪᠠᠶᠢᠯ᠎ᠠ᠃ ᠤᠳᠤ ᠪᠦᠷ | ᠬᠠᠭᠤᠴᠢᠷᠠᠴᠢᠬᠠᠵᠠᠢ᠃ ᠭᠡᠪᠡᠴᠦ ᠬᠠᠶᠠᠬᠤ ᠠᠴᠠ ᠰᠡᠳᠬᠢᠯ ᠮᠢᠨᠢ ᠶᠡᠭᠡᠳᠡ ᠲᠥᠪᠡᠭᠳᠡᠬᠦ ᠶᠤᠮ ᠡ︾ ᠭᠡᠪᠡᠯ᠂ ᠭᠠᠪᠤᠷ ᠡᠮᠡᠭᠡᠨ᠄ ︽ᠬᠠᠭᠤᠴᠢᠷᠠᠭᠰᠠᠨ ᠵᠦᠢᠯᠡᠰ ᠢ | ᠬᠤᠪᠤᠷ ᠡᠷᠳᠡᠨᠢ ᠰᠢᠭ ᠬᠠᠶᠢᠷᠠᠯᠠᠭᠠᠳ ᠶᠠᠮᠠᠷ ᠬᠡᠷᠡᠭ ᠲᠠᠢ ᠶᠤᠮ ᠪᠤᠢ︖ ᠬᠠᠶᠢᠷ᠎ᠠ ᠨᠠᠶᠢᠷ ᠦᠭᠡᠢ ᠵᠣᠷᠢᠭ ᠲᠠᠢ ᠬᠠᠶᠠᠭᠠᠷᠠᠢ︕︾ ᠭᠡᠪᠡ᠃ | ᠭᠠᠷᠪᠤ ᠡᠪᠥᠭᠡᠨ ᠢᠨᠢᠶᠡᠳᠦ ᠲᠣᠲᠣᠷᠠᠭᠤᠯᠤᠨ ᠭᠠᠪᠤᠷ ᠤᠨ ᠢᠶᠠᠨ ᠵᠦᠭ᠄ ︽ᠬᠠᠭᠤᠴᠢᠷᠠᠭᠰᠠᠨ ᠵᠦᠢᠯᠡᠰ ᠪᠥᠬᠦᠨ ᠢ ᠬᠠᠶᠠᠵᠤ ᠪᠣᠯᠳᠠᠭ ᠦᠭᠡᠢ᠃ ᠵᠠᠷᠢᠮ ᠢ ᠨᠢ | ᠨᠠᠰᠤᠨ ᠲᠤᠷᠰᠢᠲᠠ ᠨᠠᠨᠳᠢᠩᠨᠠᠬᠤ ᠬᠡᠷᠡᠭᠲᠡᠢ ᠰᠢᠦ᠃ ᠥᠨᠡᠨ ᠢ ᠨᠢ ᠬᠡᠯᠡᠪᠡᠯ ᠴᠢ ᠮᠢᠨᠢ ᠪᠠᠰᠠ ᠶᠡᠭᠡ ︿ᠬᠠᠭᠤᠴᠢᠷᠠᠭᠰᠠᠨ﹀ ᠶᠤᠮ ᠪᠠᠶᠢᠨ᠎ᠠ᠃ ᠴᠢᠮ᠎ᠠ ᠪᠠᠨ ᠪᠢ | ︿ᠬᠠᠭᠤᠴᠢᠷᠠᠵᠠᠢ﹀ ᠭᠡᠳ ᠬᠠᠶᠢᠷ᠎ᠠ ᠨᠠᠶᠢᠷ ᠦᠭᠡᠢ ᠵᠣᠷᠢᠭ ᠲᠠᠢ ᠬᠠᠶᠠᠵᠤ ᠪᠣᠯᠬᠤ ᠶᠤᠮ ᠦᠦ︖ ᠳ᠋ᠠ︾ ᠭᠡᠪᠡᠯ᠂ ᠭᠠᠪᠤᠷ ᠡᠮᠡᠭᠡᠨ ᠬᠡᠯᠡᠬᠦ ᠦᠭᠡ ᠦᠭᠡᠢ | ᠲᠥᠭᠵᠢᠷᠡᠭᠰᠡᠨ ᠢᠶᠠᠨ᠄ ︽ᠴᠢ ᠭᠡᠵᠦ᠂ ᠭᠥᠮᠥᠨ ᠤ ᠪᠣᠳᠣᠵᠤ ᠣᠯᠬᠤ ᠦᠭᠡᠢ ᠵᠦᠢᠯ ᠢ ᠪᠣᠳᠣᠭᠠᠳ ᠣᠯᠴᠢᠬᠠᠳᠠᠭ᠂ ᠶᠠᠷᠦ ᠠᠴᠠ ᠣᠠᠳᠤᠤ ᠶᠠᠭᠤᠮ᠎ᠠ ᠪᠣᠳᠣᠵᠤ | ᠰᠡᠳᠬᠢᠳᠡᠭ ᠬᠠᠴᠢᠨ ᠪᠣᠳᠣᠯ ᠲᠠᠢ ᠰᠣᠨᠢᠨ ᠡᠪᠥᠭᠡᠨ᠃ ᠴᠢ ᠨᠠᠮ᠎ᠠ ᠪᠠᠨ ᠬᠠᠶᠠᠴᠢᠬᠠᠭᠠᠳ ᠶᠠᠭᠠᠬᠢᠬᠤ ᠪᠤᠢ︖︾ ᠭᠡᠵᠦ ᠰᠠᠠᠲᠤᠷᠤᠨ ᠬᠡᠯᠡᠪᠡ᠃ ᠭᠡᠤᠬᠡᠨ ᠭᠠᠨᠳᠢᠮ᠎ᠠ | ᠨᠢ ᠬᠠᠵᠠᠭᠤ ᠳᠤ ᠨᠢ ᠦᠭᠡ ᠳᠠᠭᠤᠨ ᠦᠭᠡᠢ ᠢᠨᠢᠶᠡᠨ ᠵᠣᠭᠰᠤᠵᠤ ᠪᠠᠶᠢᠯ᠎ᠠ᠃ ᠭᠠᠪᠤᠷ ᠡᠮᠡᠭᠡᠨ ᠵᠠᠯᠭᠠᠭᠠᠳ᠄ ︽ᠴᠢᠨᠥ ᠲᠡᠳᠡᠭᠡᠷ ᠬᠠᠭᠤᠴᠢᠷᠠᠭᠰᠠᠨ ᠦᠵᠦᠭ | ᠪᠢᠷ ᠤᠳ ᠨᠢ ᠪᠠᠰᠠ ᠥᠨᠢᠳᠡ ᠶᠢᠨ ᠨᠠᠨᠳᠢᠨ ᠵᠦᠢᠯ ᠤᠳ ᠪᠣᠯᠴᠢᠬᠠᠪᠠ ᠦᠦ︖︾ ᠭᠡᠪᠡᠯ᠂ ᠭᠠᠷᠪᠤ ᠡᠪᠥᠭᠡᠨ᠄ ︽ᠪᠢ ᠣᠳᠠᠭᠠᠨ ᠵᠢᠯ ᠤᠨ ᠲᠤᠷᠰᠢ ᠪᠠᠭ᠎ᠠ ᠰᠠᠭ᠎ᠠ | ᠵᠣᠬᠢᠶᠠᠯ ᠪᠥᠲᠥᠭᠡᠯ ᠪᠢᠴᠢᠵᠦ ᠣᠷᠣᠯᠳᠣᠭᠰᠠᠭᠠᠷ ᠢᠷᠡᠭᠦ ᠳᠡᠭᠡᠨ ᠲᠡᠳᠡᠭᠡᠷ ᠣᠯᠠᠨ ᠠᠷᠪᠢᠨ ᠦᠵᠦᠭ ᠪᠢᠷ ᠤᠳ ᠤᠨ ᠠᠴᠢ ᠪᠠᠷ ᠪᠠᠭ᠎ᠠ ᠪᠤᠰᠤ ᠬᠠᠷᠠᠮᠵᠢ ᠮᠥᠩᠭᠦ | ᠣᠯᠣᠭᠰᠠᠨ ᠶᠤᠮ᠃ ᠬᠡᠷᠪᠡ ᠪᠤᠳᠠᠰ ᠭᠡᠳᠡᠭ ᠶᠠᠭᠤᠮ᠎ᠠ ᠠᠮᠢ ᠲᠠᠢ᠂ ᠮᠡᠳᠡᠷᠡᠯ ᠲᠠᠢ ᠪᠠᠶᠢᠬᠤ ᠳᠤ ᠭᠥᠷᠪᠡᠯ ᠶᠠᠭᠠᠬᠢᠵᠦ ᠪᠠᠶᠠᠷᠯᠠᠬᠤ ᠶᠢ ᠨᠢ ᠪᠦᠦ ᠮᠡᠳᠡ᠃ ᠲᠡᠳᠡᠭᠡᠷ | ᠵᠠᠷᠤᠵᠤ ᠥᠩᠭᠡᠷᠡᠭᠰᠡᠨ ᠬᠠᠭᠤᠴᠢᠨ ᠦᠵᠦᠭ ᠪᠢᠷ ᠤᠳ ᠢᠶᠠᠨ ᠬᠠᠶᠠᠬᠤ ᠠᠴᠠ ᠰᠡᠳᠬᠢᠯ ᠮᠢᠨᠢ ᠶᠡᠭᠡᠳᠡ ᠲᠥᠪᠡᠭᠳᠡᠵᠦ ᠪᠠᠶᠢᠨ᠎ᠠ ᠰᠢᠦ︾ ᠭᠡᠪᠡ᠃ | ᠭᠠᠪᠤᠷ ᠡᠮᠡᠭᠡᠨ᠄ ︽ᠳᠡᠭᠡᠪᠡᠯ ᠡᠳᠡᠭᠡᠷ ᠬᠠᠭᠤᠴᠢᠷᠠᠭᠰᠠᠨ ᠵᠦᠢᠯ ᠤᠳ ᠢ ᠴᠢᠨᠢ ᠶᠠᠭᠠᠬᠢᠵᠦ ᠰᠢᠢᠳᠪᠥᠷᠢᠯᠡᠪᠡᠯ ᠵᠣᠬᠢᠬᠤ ᠪᠤᠢ︖︾ ᠭᠡᠪᠡᠯ᠂ ᠭᠠᠷᠪᠤ ᠡᠪᠥᠭᠡᠨ᠄ | ︽ᠶᠠᠭᠤ ᠴᠦ ᠬᠡᠰᠡᠨ ᠲᠡᠳᠡᠭᠡᠷ ᠤᠨ ᠥᠢᠯᠡᠳᠥᠯ ᠢ ᠨᠢ ᠶᠠᠮᠠᠷ ᠨᠢᠭᠡᠨ ᠵᠦᠢᠯ ᠳᠤ ᠳᠠᠬᠢᠨ ᠪᠠᠳᠠᠷᠠᠭᠤᠯᠪᠠᠯ ᠵᠣᠬᠢᠨ᠎ᠠ ᠳ᠋ᠠ︾ ᠭᠡᠪᠡ᠃ ᠭᠠᠪᠤᠷ ᠡᠮᠡᠭᠡᠨ ᠪᠠᠭ᠎ᠠ ᠪᠣᠳᠤᠵᠤ | ᠠᠪᠤᠭᠰᠠᠨ ᠢᠶᠠᠨ᠄ ︽ᠦ᠂ ᠪᠢ ᠳᠡᠭᠡᠷ᠎ᠡ ᠭᠠᠷᠠᠭ ᠤᠨ ᠡᠳᠥᠷ ᠮᠢᠨᠥ ᠬᠠᠮᠲᠤ ᠰᠤᠷᠤᠭᠴᠢ ᠭᠠᠴᠢᠯ ᠤᠨ ᠳᠤ ᠣᠴᠢᠭᠰᠠᠨ ᠳᠤ ᠲᠡᠳᠡᠨ ᠤ ᠬᠢᠨᠢ ᠡᠪᠥᠯ ᠤᠨ ᠨᠢᠯᠬ᠎ᠠ | ᠲᠥᠯ ᠠᠷᠪᠢᠨ ᠲᠤᠰᠤᠭᠰᠠᠨ ᠪᠠᠶᠢᠯ᠎ᠠ᠃ ᠨᠢᠯᠬ᠎ᠠ ᠲᠥᠯ ᠤᠳ ᠲᠡᠭᠡᠨ ᠢᠰᠡᠬᠡᠢ ᠰᠢᠷᠳᠡᠭ ᠳᠡᠪᠢᠰᠴᠠᠢ᠃ ᠭᠡᠪᠡᠴᠦ ᠨᠢᠯᠬ᠎ᠠ ᠲᠥᠯ ᠤᠳ ᠨᠢ ᠰᠢᠭᠡᠵᠦ ᠪᠠᠭᠠᠭᠠᠳ | ᠨᠤᠷᠠᠭᠠᠴᠢᠬᠠᠭᠰᠠᠨ ᠲᠤᠯᠠ ᠠᠷᠭ᠎ᠠ ᠮᠣᠬᠤᠷᠳᠠᠨ ᠡᠭᠦᠷᠳᠥᠵᠦ ᠪᠠᠶᠢᠨ᠎ᠠ ᠯᠠᠢ᠃ ᠲᠡᠳᠡᠨ ᠤ ᠨᠢᠯᠬ᠎ᠠ ᠲᠥᠯ ᠤᠨ ︿ᠭᠥᠷᠭᠦᠢ﹀ ᠨᠢ ᠪᠠᠰᠠ ᠰᠠᠯᠬᠢ ᠨᠡᠪᠲᠡᠷᠡᠵᠦ ᠪᠠᠶᠢᠨ᠎ᠠ | ᠭᠡᠰᠡᠨ᠃ ᠪᠢ ᠣᠳᠠᠭᠠᠨ ᠵᠢᠯ ᠤᠶᠤᠳᠠᠯ ᠬᠢᠭᠰᠡᠨ ᠭᠥᠮᠥᠨ ᠶᠤᠮ ᠴᠢᠨᠢ᠃ ᠴᠢᠨᠥ ᠬᠠᠭᠤᠴᠢᠨ ᠬᠤᠪᠴᠠᠰᠤ᠂ ᠬᠠᠭᠤᠴᠢᠨ ᠥᠢᠮᠥᠰᠦ ᠪᠠᠷ ᠨᠢᠯᠬ᠎ᠠ ᠲᠥᠯ ᠳᠤ ᠨᠢ | ᠰᠠᠶᠢᠬᠠᠨ ᠤᠯᠪᠣᠭ ᠣᠶᠣᠶᠡ᠃ ᠪᠥᠰ ᠣᠯᠪᠣᠭ ᠨᠢ ᠢᠰᠡᠬᠡᠢ ᠰᠢᠷᠲᠡᠭ ᠢ ᠪᠣᠳᠣᠪᠠᠯ ᠵᠥᠭᠡᠯᠡᠨ ᠪᠥᠭᠡᠳ ᠳᠤᠯᠠᠭᠠᠨ ᠪᠡᠶᠢᠯᠬᠦᠢ᠃ ᠳᠠᠬᠢᠪᠠᠯ ᠪᠢ ᠭᠠᠴᠢᠯ ᠤᠨ ᠨᠢᠯᠬ᠎ᠠ | ᠲᠥᠯ ᠤᠨ ︿ᠭᠥᠷᠭᠦᠢ﹀ ᠳᠤ ᠨᠢ ᠪᠠᠰᠠ ᠰᠠᠶᠢᠬᠠᠨ ︿ᠪᠥᠰᠡᠯᠡᠬᠦᠷ ᠤᠷᠢᠶᠠᠮᠵᠢ﹀ ᠤᠶᠤᠵᠤ ᠥᠭᠭᠦᠶ᠎ᠡ᠃ ᠲᠡᠭᠡᠪᠡᠯ ᠰᠠᠯᠬᠢ ᠨᠡᠪᠲᠡᠷᠡᠬᠦ ᠦᠭᠡᠢ ᠪᠣᠯᠵᠤ᠂ ᠨᠢᠯᠬ᠎ᠠ | ᠲᠥᠯ ᠤᠳ ᠨᠢ ᠳᠠᠭᠠᠷᠠᠵᠤ ᠪᠡᠭᠡᠷᠡᠬᠦ ᠦᠭᠡᠢ ᠪᠣᠯᠬᠤ ᠰᠢᠦ︾ ᠭᠡᠪᠡᠯ᠂ ᠭᠠᠷᠪᠤ ᠡᠪᠥᠭᠡᠨ ᠪᠠᠶᠠᠷᠲᠠᠢ ᠵᠥᠪᠰᠢᠶᠡᠷᠡᠪᠡ᠃ ᠭᠠᠪᠤᠷ ᠡᠮᠡᠭᠡᠨ ᠵᠠᠯᠭᠠᠭᠠᠳ᠄ ︽ᠳᠡᠭᠡᠪᠡᠯ᠂ | ᠴᠢᠨᠥ ᠬᠠᠭᠤᠴᠢᠨ ᠦᠵᠦᠭ ᠪᠢᠷ ᠤᠳ ᠢ ᠶᠠᠭᠠᠬᠢᠵᠦ ᠰᠢᠢᠳᠪᠥᠷᠢᠯᠡᠪᠡᠯ ᠵᠣᠬᠢᠬᠤ ᠪᠤᠢ︖︾ ᠭᠡᠪᠡᠯ᠂ ᠭᠠᠷᠪᠤ ᠡᠪᠥᠭᠡᠨ ᠪᠠᠭ᠎ᠠ ᠲᠤᠭᠤᠢ ᠪᠠᠶᠢᠭᠰᠠᠨ ᠢᠶᠠᠨ᠄ ︽ᠮᠠᠨ ᠤ | ᠠᠳᠡᠬᠢ ᠶᠢᠨ ᠰᠥᠯᠢᠶᠤᠤ ᠶᠢᠨ ᠥᠢᠯᠡᠳᠪᠥᠷᠢ ᠮᠠᠯ ᠲᠠᠷᠢᠶᠠᠯᠠᠩ ᠤᠨ ᠥᠢᠯᠡᠳᠪᠥᠷᠢᠯᠡᠯ ᠳᠤ ᠬᠡᠷᠡᠭᠯᠡᠬᠦ ᠰᠥᠯᠢᠶᠤᠤ ᠤᠰᠤᠨ ᠬᠤᠭᠤᠯᠠᠢ ᠥᠢᠯᠡᠳᠪᠥᠷᠢᠯᠡᠳᠡᠭ ᠶᠤᠮ᠃ | ᠳᠡᠡᠳᠡ ᠥᠭᠴᠢᠭᠡᠪᠡᠯ ᠬᠠᠷᠢᠨ ᠥᠢᠯᠡᠳᠥᠯ ᠨᠢ ᠪᠠᠳᠠᠷᠠᠵᠤ ᠮᠠᠭᠠᠳ ᠦᠭᠡᠢ︾ ᠭᠡᠪᠡ᠃ | ᠠᠪᠡᠢ ᠮᠥᠮᠥ ᠶᠢᠨ ᠢᠶᠠᠨ ᠶᠠᠷᠢᠯᠴᠠᠬᠤ ᠶᠢ ᠰᠤᠨᠤᠰᠴᠤ ᠪᠠᠶᠢᠭᠰᠠᠨ ᠭᠠᠨᠳᠢᠮ᠎ᠠ ᠭᠡᠤᠬᠡᠨ᠄ ︽ᠠᠪᠡᠢ ᠮᠥᠮᠥ ᠡ᠂ ᠪᠢ ᠤᠳᠣ ᠬᠠᠷᠢᠶ᠎ᠡ᠃ ᠠᠪᠡᠢ ᠶᠢᠨ ᠬᠡᠳᠦᠨ | ᠪᠤᠭᠴᠤ ᠬᠠᠭᠤᠴᠢᠨ ᠦᠵᠦᠭ ᠪᠢᠷ ᠢ ᠪᠢ ᠠᠪᠤᠭᠠᠳ ᠶᠠᠪᠤᠶ᠎ᠡ᠃ ᠮᠠᠨ ᠤ ᠠᠳᠡᠬᠢ ᠶᠢᠨ ᠰᠥᠯᠢᠶᠤᠤ ᠶᠢᠨ ᠥᠢᠯᠡᠳᠪᠥᠷᠢ ᠶᠢᠨ ᠮᠡᠷᠭᠡᠵᠢᠯᠲᠡᠨ ᠪᠣᠯ ᠮᠢᠨᠥ ᠬᠠᠮᠲᠤ | ᠰᠤᠷᠤᠭᠴᠢ ᠶᠤᠮ᠃ ᠪᠢ ᠮᠠᠷᠭᠠᠰᠢ ᠠᠪᠠᠴᠢᠵᠤ ᠲᠡᠭᠦᠨ ᠳᠤ ᠥᠭᠭᠦᠶ᠎ᠡ︾ ᠭᠡᠵᠦ ᠬᠡᠯᠡᠭᠡᠳ ᠠᠪᠡᠢ ᠶᠢᠨ ᠢᠶᠠᠨ ᠬᠡᠳᠦᠨ ᠪᠤᠭᠴᠤ ᠬᠠᠭᠤᠴᠢᠨ ᠦᠵᠦᠭ ᠪᠢᠷ ᠢ ᠨᠢ | ᠠᠪᠤᠭᠠᠳ ᠪᠠᠶᠠᠷᠲᠠᠶᠢᠬᠠᠨ ᠶᠠᠪᠣᠪᠠ᠃ | ᠭᠠᠪᠤᠷ ᠡᠮᠡᠭᠡᠨ ᠭᠡᠨᠡᠳᠲᠡ ᠨᠢᠭᠡᠨ ᠶᠠᠭᠤᠮ᠎ᠠ ᠶᠢ ᠪᠣᠳᠣᠵᠤ ᠣᠯᠣᠭᠰᠠᠨ ᠢᠶᠠᠨ᠄ ︽ᠦᠢ᠂ ᠭᠠᠷᠪᠤ ᠡ᠂ ᠪᠢ ᠳᠡᠭᠡᠷ᠎ᠡ ᠤᠳᠠᠭ᠎ᠠ᠂ ᠴᠢᠨᠥ ᠭᠠᠳᠠᠨ᠎ᠠ ᠲᠠᠯᠪᠢᠵᠤ | ᠪᠠᠶᠢᠭᠰᠠᠨ ᠪᠣᠷᠣᠭᠠᠨ ᠴᠠᠰᠤᠨ ᠳᠤ ᠡᠮᠥᠰᠳᠡᠭ ᠪᠠᠶᠢᠭᠰᠠᠨ ᠬᠡᠳᠦᠨ ᠮᠠᠭᠤ ᠬᠠᠭᠤᠴᠢᠨ ᠱᠠᠬᠠᠢ ᠶᠢ ᠴᠢᠨᠢ ᠬᠤᠭ ᠤᠨ ᠰᠠᠪᠠᠨ ᠳᠤ ᠴᠣᠬᠢᠴᠢᠬᠠᠭᠰᠠᠨ᠃ ᠲᠣᠲᠣᠷ᠎ᠠ ᠨᠢ | ᠪᠠᠰᠠ ᠵᠣᠭᠤᠰ ᠪᠠᠶᠢᠭᠰᠠᠨ ᠦᠭᠡᠢ ᠪᠠ︖︾ ᠭᠡᠪᠡᠯ᠂ ᠭᠠᠷᠪᠤ ᠡᠪᠥᠭᠡᠨ᠄ ︽ᠪᠠᠶᠢᠳᠠᠭ ᠯᠠ ᠪᠠᠶᠢᠬᠤ ᠶᠣᠰᠣᠲᠠᠢ ᠶᠤᠮ ᠳ᠋ᠠ︾ ᠭᠡᠪᠡᠯ᠂ ᠭᠠᠪᠤᠷ ᠡᠮᠡᠭᠡᠨ᠄ ︽ᠠᠱᠢ᠂ | ᠬᠠᠶᠢᠷᠠᠨ ᠵᠣᠭᠤᠰ᠂ ᠪᠢ ᠱᠠᠬᠠᠢ ᠶᠢᠨ ᠲᠣᠲᠣᠷ ᠣᠷᠣᠭᠤ ᠨᠢ ᠨᠢᠭᠡ ᠱᠠᠭᠠᠶᠢᠴᠢᠬᠠᠬᠤ ᠪᠠᠶᠢᠵᠢ᠃ ᠴᠢᠨᠥ ᠮᠠᠭᠤ ᠱᠠᠬᠠᠢ ᠶᠢ ᠣᠯᠵᠤ ᠠᠪᠤᠭᠰᠠᠨ ᠭᠥᠮᠥᠨ ᠴᠣᠬᠤᠮ | ᠨᠢᠭᠡ ᠪᠠᠶᠠᠷᠯᠠᠭᠰᠠᠨ ᠪᠠᠶᠢᠬ᠎ᠠ︾ ᠭᠡᠪᠡᠯ᠂ ᠭᠠᠷᠪᠤ ᠡᠪᠥᠭᠡᠨ᠄ ︽ᠸᠠ ᠳ᠋ᠠ᠂ ᠪᠣᠰᠣᠳ ᠢ ᠪᠠᠶᠠᠷᠯᠠᠭᠤᠯᠵᠤ ᠪᠠᠶᠢᠪᠠᠯ ᠪᠣᠶᠠᠨ ᠪᠣᠯᠳᠠᠭ ᠶᠤᠮ ᠰᠢᠦ︾ ᠭᠡᠵᠦ | ᠡᠮᠡᠭᠡᠨ ᠤ ᠪᠠᠨ ᠰᠡᠳᠬᠢᠯ ᠢ ᠨᠢ ᠲᠠᠶᠢᠳᠬᠠᠷᠠᠭᠤᠯᠪᠠ᠃ ᠭᠠᠪᠤᠷ ᠡᠮᠡᠭᠡᠨ ᠵᠠᠯᠭᠠᠭᠠᠳ᠄ ︽ᠡᠨᠡ᠂ ᠨᠠᠢᠮᠠᠨ ᠮᠢᠩᠭᠠᠨ ᠨᠠᠢᠮᠠᠨ ᠵᠠᠭᠤᠨ ᠨᠠᠶᠠᠨ ᠨᠠᠢᠮᠠᠨ ᠲᠥᠭᠦᠷᠢᠭ | ᠵᠣᠭᠤᠰ ᠢ ᠶᠠᠭᠠᠬᠢᠬᠤ ᠪᠤᠢ︖︾ ᠭᠡᠵᠦ ᠠᠰᠠᠭᠤᠭᠰᠠᠨ ᠳᠤ᠂ ᠭᠠᠷᠪᠤ ᠡᠪᠥᠭᠡᠨ᠄ ︽ᠬᠡᠨ ᠣᠯᠣᠭᠰᠠᠨ ᠶᠤᠮ ᠪᠣᠯ ᠬᠡᠨ ᠠᠪ ᠳ᠋ᠠ︾ ᠭᠡᠪᠡ᠃ ᠭᠠᠪᠤᠷ ᠡᠮᠡᠭᠡᠨ | ᠶᠡᠬᠡᠳᠡ ᠪᠠᠶᠠᠷᠯᠠᠨ᠄ ︽ᠶᠠᠭ ᠡᠬᠢᠯᠡᠵᠦ ᠣᠯᠬᠤ ᠶᠢ ᠨᠢ ᠮᠢᠨᠥ ᠭᠡᠤᠬᠡᠨ ᠭᠠᠨᠳᠢᠮᠡ ᠡᠷᠢᠵᠦ ᠣᠯᠣᠭᠰᠠᠨ ᠶᠤᠮ᠃ ᠭᠡᠤᠬᠡᠨ ᠪᠢᠳᠡ ᠬᠤᠶᠠᠷ ᠠᠳᠠᠯᠢᠬᠠᠨ ᠬᠤᠪᠢᠶᠠᠵᠤ | ᠠᠪᠤᠶᠡ᠂ ᠪᠣᠯᠣᠨ᠎ᠠ ᠦᠦ︖︾ ᠭᠡᠪᠡᠯ᠂ ᠭᠠᠷᠪᠤ ᠡᠪᠥᠭᠡᠨ ᠲᠣᠯᠣᠭᠠᠢ ᠪᠠᠨ ᠳᠣᠬᠢᠪᠠ᠃ | ᠭᠠᠪᠤᠷ ᠡᠮᠡᠭᠡᠨ ᠥᠨᠥᠳᠥᠷ ᠰᠠᠨᠠᠮᠰᠠᠷ ᠦᠭᠡᠢ ᠶᠡᠭᠡ ᠵᠣᠭᠤᠰ ᠣᠯᠴᠢᠬᠠᠭᠰᠠᠨ ᠳᠠᠭᠠᠨ ᠮᠠᠰᠢᠳᠠ ᠪᠠᠶᠠᠷᠯᠠᠨ ᠲᠤᠭᠲᠤᠯᠵᠤ᠂ ᠡᠪᠥᠭᠡᠨ ᠤ ᠪᠠᠨ ᠬᠠᠭᠤᠴᠢᠨ | ᠬᠤᠪᠴᠠᠰᠤ ᠬᠤᠨᠠᠷ ᠢ ᠪᠥᠭᠦᠳᠡ ᠶᠢ ᠨᠢ ᠭᠠᠷᠭᠠᠨ ᠠᠪᠴᠢᠷᠠᠵᠤ ᠲᠣᠪᠴᠢ ᠰᠢᠯᠪᠢ ᠶᠢ ᠨᠢ ᠰᠤᠭᠤᠯᠵᠤ ᠲᠠᠯᠪᠢᠴᠢᠬᠠᠭᠠᠳ ᠢᠯᠡᠤᠷᠳᠡᠵᠤ᠂ ᠡᠰᠬᠡᠵᠦ᠂ ᠬᠠᠶᠢᠴᠢᠯᠠᠵᠤ᠂ | ᠵᠦᠢᠵᠦ ︿ᠣᠯᠪᠣᠭ﹀ ᠣᠶᠣᠵᠣ ᠡᠬᠢᠯᠡᠪᠡ᠃ ᠭᠠᠪᠤᠷ ᠡᠮᠡᠭᠡᠨ ᠬᠠᠮᠲᠤ ᠰᠤᠷᠤᠭᠴᠢ ᠭᠠᠴᠢᠯ ᠤᠨ ᠢᠶᠠᠨ ᠸᠢᠴᠠᠲ ᠳᠡᠭᠡᠷ᠎ᠡ᠄ ︽ᠭᠠᠴᠢᠯ ᠡ᠂ ᠴᠢ ᠮᠠᠷᠭᠠᠰᠢ | ᠨᠠᠳᠠ ᠳᠤ ᠨᠢᠯᠬ᠎ᠠ ᠲᠥᠯ ᠤᠨ ᠢᠶᠠᠨ ︿ᠭᠥᠷᠭᠦᠢ﹀ ᠶᠢᠨ ᠥᠡᠳᠥᠷ ᠤᠨ ᠬᠡᠮᠵᠢᠶ᠎ᠡ᠂ ᠪᠥᠰᠡᠯᠡᠬᠦᠷ ᠤᠨ ᠤᠷᠲᠤ ᠶᠢᠨ ᠬᠡᠮᠵᠢᠶ᠎ᠡ ᠶᠢ ᠨᠠᠷᠢᠨ ᠬᠡᠮᠵᠢᠭᠡᠳ ᠨᠠᠳᠠᠳᠤ | ᠢᠯᠡᠭᠡᠭᠡᠷᠡᠢ᠃ ᠪᠢ ᠡᠪᠥᠭᠡᠨ ᠤ ᠪᠠᠨ ᠬᠠᠭᠤᠴᠢᠨ ᠬᠤᠪᠴᠠᠰᠣ ᠤᠳ ᠢᠶᠠᠷ ᠴᠢᠨᠥ ᠨᠢᠯᠬ᠎ᠠ ᠲᠥᠯ ᠳᠤ ᠵᠥᠭᠡᠯᠡᠨ ᠰᠠᠶᠢᠬᠠᠨ ︿ᠣᠯᠪᠣᠭ﹀ ᠣᠶᠣᠵᠣ᠂ ᠨᠢᠯᠬ᠎ᠠ | ᠲᠥᠯ ᠤᠨ ᠴᠢᠨᠢ ︿ᠭᠥᠷᠭᠦᠢ﹀ ᠳᠤ ᠪᠠᠰᠠ ᠵᠣᠵᠠᠭᠠᠨ ᠰᠠᠶᠢᠬᠠᠨ ︿ᠪᠥᠰᠡᠯᠡᠬᠦᠷ ᠤᠷᠢᠶᠠᠮᠵᠢ﹀ ᠤᠶᠤᠵᠤ ᠥᠭᠭᠦᠶ᠎ᠡ︾ ᠭᠡᠪᠡᠯ᠂ ᠭᠠᠴᠢᠯ ᠠᠪᠤᠨ ᠲᠣᠣᠷ᠎ᠠ ᠨᠢ ᠬᠠᠷᠢᠭᠤ | ᠢᠷᠡᠭᠦᠯᠵᠦ᠄ ︽ᠵᠠ᠂ ᠭᠠᠪᠤᠷ ᠡᠭᠡᠴᠢ᠂ ᠭᠠᠷᠪᠤ ᠭᠥᠷᠬᠡᠨ ᠠᠬ᠎ᠠ ᠳᠠᠭᠠᠨ ᠭᠦᠨ ᠪᠠᠶᠠᠷᠯᠠᠵᠤ ᠪᠠᠶᠢᠨ᠎ᠠ᠃ ᠮᠠᠨ ᠤ ᠵᠠᠭᠤ ᠭᠠᠷᠤᠢ ᠨᠢᠯᠬ᠎ᠠ ᠲᠥᠯ ᠳᠤ ᠶᠠᠭ ᠵᠥᠭᠡᠯᠡᠨ | ᠳᠤᠯᠠᠭᠠᠨ ︿ᠣᠯᠪᠣᠭ ᠳᠡᠪᠢᠰᠭᠡᠷ﹀ ᠲᠣᠯᠭᠠᠮ᠎ᠠ ᠭᠡᠷᠡᠭᠴᠡᠭᠡ ᠲᠠᠢ ᠪᠣᠯᠣᠭᠠᠳ ᠪᠠᠶᠢᠨ᠎ᠠ᠃ ︿ᠭᠥᠷᠭᠦᠢ﹀ ᠶᠢᠨ ᠬᠡᠮᠵᠢᠶ᠎ᠡ ᠶᠢ ᠨᠢ ᠪᠢ ᠮᠠᠷᠭᠠᠰᠢ ᠨᠠᠷᠢᠨ ᠬᠡᠮᠵᠢᠵᠤ | ᠥᠭᠴᠦ ᠶᠠᠪᠤᠭᠤᠯᠤᠶᠡ︾ ᠭᠡᠪᠡ᠃ ᠭᠠᠪᠤᠷ ᠡᠮᠡᠭᠡᠨ ᠄ ︽ᠵᠠ᠂ ᠮᠢᠨᠥ ᠡᠪᠥᠭᠡᠨ ᠤ ᠬᠠᠭᠤᠴᠢᠨ ᠬᠤᠪᠴᠠᠰᠤ ᠤᠳ ᠣᠳᠤ ᠴᠣᠬᠤᠮ ᠨᠢᠭᠡ ᠥᠢᠯᠡᠳᠥᠯ ᠢᠶᠠᠨ | ᠪᠠᠳᠠᠷᠠᠭᠤᠯᠬᠤ ᠳᠡᠭᠡᠷ᠎ᠡ ᠲᠤᠯᠴᠢᠬᠠᠯᠠ᠃ ᠮᠢᠨᠥ ᠬᠠᠮᠲᠤ ᠰᠤᠷᠤᠭᠴᠢ ᠭᠠᠴᠢᠯ ᠮᠢᠨᠢ ᠪᠠᠰᠠ ᠶᠠᠭᠠᠬᠢᠲᠠᠯᠠ ᠪᠠᠨ ᠶᠡᠭᠡ ᠪᠠᠶᠠᠷᠯᠠᠳᠠᠭ ᠪᠣᠯ ᠳ᠋ᠠ︖︾ ᠭᠡᠵᠦ ᠲᠣᠭᠲᠣᠯᠣᠨ | ᠶᠠᠷᠢᠭᠰᠠᠨ ᠳᠤ᠂ ᠭᠠᠷᠪᠤ ᠡᠪᠥᠭᠡᠨ ᠵᠠᠯᠭᠠᠵᠤ ᠠᠪᠤᠭᠠᠳ᠄ ︽ᠮᠢᠨᠥ ᠬᠠᠭᠤᠴᠢᠨ ᠬᠤᠪᠴᠠᠰᠤ ᠤᠳ ᠣᠳᠤ ︿ᠬᠤᠭ ᠤᠨ ᠰᠠᠪᠠᠨ﹀ ᠳᠤ ᠣᠷᠣᠬᠤ ᠪᠢᠰᠢ᠂ ᠬᠠᠷᠢᠨ | ᠬᠤᠷᠠᠭ᠎ᠠ ᠢᠰᠢᠭᠡᠨ ᠤ ︿ᠣᠯᠪᠣᠭ﹀ ᠪᠣᠯᠴᠢᠬᠠᠯ᠎ᠠ᠃ ᠠᠷᠠᠳ ᠤᠨ ᠢᠷᠥᠭᠡᠯ ᠮᠠᠭᠲᠠᠭᠠᠯ ᠳᠤ ︿ᠣᠷᠲᠣ ᠬᠤᠷᠮᠣᠢ ᠳᠤ ᠨᠢ ᠤᠨᠠᠭ᠎ᠠ ᠳᠠᠭ᠎ᠠ ᠲᠣᠭᠯᠠ᠂ ᠬᠤᠶᠢᠳᠤ | ᠬᠤᠷᠮᠣᠢ ᠳᠤ ᠨᠢ ᠬᠤᠷᠠᠭ᠎ᠠ ᠢᠰᠢᠭᠡ ᠲᠣᠭᠯᠠ︕﹀ ᠭᠡᠰᠡᠨ ᠰᠠᠶᠢᠬᠠᠨ ᠢᠷᠥᠭᠡᠯ ᠪᠠᠶᠢᠳᠠᠭ᠃ ᠮᠢᠨᠥ ᠬᠠᠭᠤᠴᠢᠨ ᠬᠤᠪᠴᠠᠰᠤᠨ ᠳᠡᠭᠡᠷ᠎ᠡ ᠣᠳᠤ ᠴᠣᠬᠤᠮ ᠶᠠᠭ | ᠣᠯᠠᠨ ᠠᠷᠪᠢᠨ ᠭᠥᠭᠡᠷᠥᠭᠦᠨ ᠲᠣᠷᠨᠢᠭᠤᠨ ᠨᠢᠯᠬ᠎ᠠ ᠬᠤᠷᠠᠭ᠎ᠠ ᠢᠰᠢᠭᠡ ᠴᠣᠬᠤᠮ ᠨᠢᠭᠡ ᠰᠠᠶᠢᠨ ᠥᠰᠥᠷᠥᠨ ᠲᠣᠭᠯᠠᠵᠤ ᠪᠥᠵᠢᠭᠡᠨᠡᠯᠳᠥᠭᠦ ᠶᠤᠮ ᠪᠠᠶᠢᠨ᠎ᠠ ᠳ᠋ᠠ᠃ | ᠭᠠᠴᠢᠯ ᠤᠨ ᠮᠠᠯ ᠰᠥᠷᠥᠭ ᠨᠢ ᠭᠠᠵᠠᠷ ᠢ ᠪᠥᠷᠭᠦᠲᠡᠯᠡ᠂ ᠳᠥᠭᠦᠮ ᠢ ᠳᠥᠭᠦᠷᠲᠡᠯᠡ ᠪᠠᠨ ᠥᠷᠡᠵᠢᠨ ᠦᠰᠬᠦ ᠪᠣᠯᠲᠣᠭᠠᠢ︕︾ ᠭᠡᠵᠦ ᠪᠡᠯᠭᠡᠰᠢᠶᠡᠯ ᠲᠠᠢ ᠦᠭᠡ | ᠪᠠᠷ ᠡᠮᠡᠭᠡᠨ ᠢᠶᠠᠨ ᠪᠠᠶᠠᠰᠬᠠᠪᠠ᠃ | ᠰᠡᠳᠬᠢᠯ ᠨᠢ ᠬᠥᠪᠪᠥᠯᠵᠡᠭᠰᠡᠨ ᠭᠠᠪᠤᠷ ᠡᠮᠡᠭᠡᠨ ᠤ ᠤᠶᠤᠳᠠᠯ ᠤᠨ ᠮᠠᠰᠢᠨ ᠨᠢ ᠰᠥᠨᠢ ᠲᠤᠵᠢ ᠲᠠᠷᠴᠢᠭᠢᠨᠠᠨ ᠲᠠᠷᠴᠢᠭᠢᠨᠠᠭᠰᠠᠭᠠᠷ ᠪᠠᠶᠢᠯ᠎ᠠ᠂᠂᠂᠂ | ᠡᠩ ᠥᠷᠭᠡᠨ ᠠᠯᠠᠭ ᠬᠤᠷᠸ᠎ᠠ ᠭᠡᠵᠢ ᠡ᠂ ᠡᠯᠳᠡᠪ ᠤᠨ ᠬᠠᠴᠢᠨ ᠪᠣᠳᠣᠯ ᠲᠠᠢ ᠰᠣᠨᠢᠨ ᠭᠥᠮᠥᠨ ᠢᠶᠠᠷ ᠬᠡᠷᠭᠢᠨ ᠳᠣᠲᠠᠬᠤ ᠠᠵᠠᠢ︕ | ᠢᠷᠡᠯᠳᠡ᠄ ᠵᠣᠬᠢᠶᠠᠭᠴᠢ ᠠᠴᠠ |