ᠬᠠᠲᠠᠭᠠᠭᠰᠠᠨ ᠰᠢᠬᠦᠰᠦ ᠬᠡᠷᠡᠭᠯᠡᠭᠴᠢᠳ ᠤᠨ ᠬᠠᠯᠠᠭᠤᠨ ᠬᠦᠷᠢᠶᠡᠯᠡᠯ ᠢ ᠣᠯᠵᠣ ᠪᠠᠶᠢᠨ᠎ᠠ
ᠨᠡᠶᠢᠲᠡᠯᠡᠭᠰᠡᠨ ᠴᠠᠭ᠄
2024/12/19
     ᠡᠪᠣᠯ ᠤᠨ ᠣᠯᠠᠷᠢᠯ ᠪᠤᠯᠵᠤ᠂ ᠨᠠᠶᠢᠷ ᠬᠤᠷᠢᠮ ᠣᠯᠠᠰᠢᠷᠠᠬᠤ ᠪᠠᠷ ᠣᠲᠤᠭ ᠤᠨ ᠡᠮᠦᠨᠡᠲᠦ ᠬᠤᠰᠢᠭᠤᠨ ᠤ ︽ᠠᠲᠠᠷ︾ ᠺᠤᠮᠫᠠᠨᠢ ᠶᠢᠨ ᠬᠠᠲᠠᠭᠠᠭᠰᠠᠨ ᠰᠢᠬᠦᠰᠦ ᠵᠠᠬ᠎ᠠ ᠳᠡᠯᠬᠡᠬᠦᠷ ᠲᠤ ᠦᠷᠬᠡᠨ ᠢᠶᠠᠷ ᠪᠤᠷᠤᠯᠠᠭᠤᠯᠤᠭᠳᠠᠵᠤ ᠪᠠᠶᠢᠨ᠎ᠠ᠃     ᠣᠲᠤᠭ ᠤᠨ ᠡᠮᠦᠨᠡᠲᠦ ᠬᠤᠰᠢᠭᠤᠨ ᠤ ᠮᠠᠯᠴᠢᠨ ᠨᠠᠷᠠᠰᠣ ᠮᠠᠯ ᠤᠨ ᠮᠢᠬ᠎ᠠ ᠶᠢᠨ ᠦᠨ᠎ᠡ ᠳᠡᠩᠴᠡᠬᠦᠷᠢ ᠦᠬᠡᠢ᠂ ᠵᠠᠬ᠎ᠠ ᠳᠡᠯᠬᠡᠬᠦᠷ ᠲᠤᠭᠲᠠᠪᠤᠷᠢ ᠦᠬᠡᠢ ᠪᠠᠶᠢᠳᠠᠯ  ᠳᠤ ᠬᠠᠨᠳᠣᠭᠤᠯᠣᠨ᠂ 2025 ᠣᠨ ᠳᠤ ︽ᠠᠲᠠᠷ︾ ᠬᠤᠷᠰᠢᠶᠠᠵᠢᠯ ᠢ ᠪᠠᠶᠢᠭᠤᠯᠤᠨ ᠮᠠᠯᠴᠢᠨ ᠡᠷᠦᠬᠡ ᠲᠠᠢ ᠬᠤᠯᠪᠤᠭᠠᠯᠠᠵᠤ᠂ ᠮᠠᠯᠴᠢᠳ ᠠᠴᠠ ᠦᠨᠳᠦᠷ ᠦᠨ᠎ᠡ  ᠪᠠᠷ ᠮᠠᠯ ᠬᠤᠳᠠᠯᠳᠣᠵᠣ ᠠᠪᠤᠨ᠂ ᠰᠢᠬᠦᠰᠦ᠂ ᠬᠠᠲᠠᠭᠠᠭᠰᠠᠨ ᠰᠢᠬᠦᠰᠦ ᠪᠤᠯᠭᠠᠨ ᠵᠠᠬ᠎ᠠ ᠳᠡᠯᠬᠡᠬᠦᠷ ᠲᠤ ᠪᠤᠷᠤᠯᠠᠭᠤᠯᠵᠤ ᠪᠠᠶᠢᠨ᠎ᠠ᠃ ᠮᠠᠯ ᠤᠨ ᠮᠢᠬ᠎ᠠ ᠶᠢᠨ ᠵᠠᠬ᠎ᠠ ᠳᠡᠯᠬᠡᠬᠦᠷ ᠤᠨ ᠲᠤᠭᠲᠠᠪᠤᠷᠢᠲᠠᠢ ᠬᠠᠩᠭᠠᠯᠭ᠎ᠠ ᠶᠢ ᠪᠠᠲᠤᠯᠠᠬᠤ ᠶᠢᠨ ᠲᠦᠯᠦᠬᠡ 2017 ᠣᠨ ᠳᠤ ︽ᠬᠡᠬᠡᠷ᠎ᠡ︾ ᠺᠤᠮᠫᠠᠨᠢ ᠶᠢ ᠪᠠᠶᠢᠭᠤᠯᠪᠠ᠃ ᠡᠨᠡ ᠨᠢ ᠮᠠᠯᠴᠢᠳ ᠤᠨ ᠮᠠᠯ ᠤᠨ ᠮᠢᠬ᠎ᠠ ᠶᠢᠨ ᠪᠤᠷᠤᠯᠠᠭᠤᠯᠭ᠎ᠠ ᠶᠢ ᠣᠷᠣᠭᠰᠢᠲᠠᠢ ᠪᠤᠯᠭᠠᠭᠰᠠᠨ ᠢᠶᠠᠷ ᠪᠠᠷᠠᠬᠤ ᠦᠬᠡᠢ ᠺᠣᠮᠫᠠᠨᠢ ᠶᠢᠨ ᠠᠰᠢᠭ ᠣᠷᠣᠯᠭ᠎ᠠ ᠪᠠᠨ ᠴᠣ᠋ ᠨᠡᠮᠡᠭᠳᠡᠬᠦᠯᠦᠭᠰᠡᠨ ᠪᠠᠶᠢᠨ᠎ᠠ᠃ ᠬᠡᠷᠡᠭᠯᠡᠭᠴᠢᠳ ᠤᠨ ᠬᠡᠷᠡᠭᠴᠡᠭᠡ ᠱᠠᠭᠠᠷᠳᠠᠯᠭ᠎ᠠ ᠶᠢ ᠣᠯᠠᠮ ᠨᠢᠬᠡ ᠠᠯᠬᠤᠮ ᠳᠦᠬᠦᠮ ᠪᠤᠯᠭᠠᠬᠤ ᠶᠢᠨ ᠲᠦᠯᠦᠬᠡ᠂ ᠣᠳᠣᠬᠠᠨ ᠳᠤ ᠵᠠᠬ᠎ᠠ ᠳᠡᠯᠬᠡᠬᠦᠷ ᠢᠶᠠᠨ ᠣᠯᠠᠮ ᠦᠷᠬᠡᠳᠬᠡᠵᠦ᠂ ᠣᠲᠤᠭ ᠤᠨ ᠡᠮᠦᠨᠡᠲᠦ ᠬᠤᠰᠢᠭᠤᠨ ᠳᠤ ᠪᠤᠷᠤᠯᠠᠭᠤᠯᠬᠤ ᠠᠴᠠ ᠭᠠᠳᠠᠨ᠎ᠠ ᠪᠠᠰᠠ ᠡᠵᠡᠨ ᠬᠤᠷᠤᠭ᠎ᠠ ᠬᠤᠰᠢᠭᠤᠨ ᠳᠤ ᠡᠬᠦᠳᠡᠨ ᠳᠡᠯᠬᠡᠬᠦᠷ ᠢᠶᠠᠨ ᠨᠡᠬᠡᠬᠡᠭᠰᠡᠨ ᠪᠠᠶᠢᠨ᠎ᠠ᠃
ᠢᠷᠡᠯᠲᠡ᠄ ᠣᠲᠤᠭ ᠤᠨ ᠡᠮᠦᠨᠡᠲᠦ ᠬᠤᠰᠢᠭᠤᠨ ᠤ ᠬᠠᠮ ᠵᠠᠭᠤᠴᠢᠯᠠᠭᠤᠷ ᠤᠨ ᠲᠥᠪ