ᠮᠦᠨᠳᠤᠷ ᠪᠤᠯ ᠤᠳᠤᠭ ᠤᠨ ᠡᠮᠤᠨᠡᠳᠤ ᠬᠤᠰᠢᠭᠤᠨ ᠳᠤ ᠦᠷᠬᠦᠯᠵᠢ ᠳᠤᠬᠢᠶᠠᠯᠳᠤᠳᠠᠭ ᠨᠢᠬᠡ ᠵᠦᠢᠯ ᠤᠨ ᠠᠭᠤᠷ ᠠᠮᠢᠰᠬᠤᠯ ᠤᠨ ᠭᠠᠢ ᠭᠠᠮᠰᠢᠭ ᠪᠤᠯᠤᠨ᠎ᠠ᠃ | ᠪᠦᠬᠦ ᠬᠤᠰᠢᠭᠤᠨ ᠤ ᠶᠡᠬᠡᠩᠬᠢ ᠭᠠᠵᠠᠷ ᠲᠤ ᠪᠦᠷ ᠡᠬᠦᠰᠳᠡᠭ᠃ ᠤᠯᠵᠠᠴᠢ ᠪᠠᠯᠭᠠᠰᠤ᠂ ᠪᠤᠷᠤᠪᠠᠯᠭᠠᠰᠤᠨ ᠳᠤ ᠮᠦᠨᠳᠤᠷ ᠤᠨ ᠭᠠᠢ ᠭᠠᠮᠰᠢᠭ ᠬᠠᠮᠤᠭ ᠤᠨ ᠠᠷᠪᠢᠨ | ᠳᠤᠬᠢᠶᠠᠯᠳᠤᠳᠠᠭ᠃ ᠡᠨᠡ ᠨᠢ ᠪᠦᠬᠦ ᠬᠤᠰᠢᠭᠤᠨ ᠤ ᠮᠦᠨᠳᠤᠷ ᠤᠨ ᠭᠠᠢ ᠭᠠᠮᠰᠢᠭ ᠤᠨ 32.5% ᠶᠢ ᠡᠵᠡᠯᠡᠨ᠎ᠡ᠃ ᠳᠠᠷᠠᠭᠠᠯᠠᠪᠠᠯ ᠨᠠᠩᠰᠤ ᠪᠠᠯᠭᠠᠰᠤ 23%᠂ | ᠱᠠᠩᠬ᠎ᠠ ᠶᠢᠨ ᠰᠦᠮ᠎ᠠ ᠪᠠᠯᠭᠠᠰᠤ 12% ᠢ ᠡᠵᠡᠯᠡᠨ᠎ᠡ᠃ ᠮᠦᠨᠳᠤᠷ ᠤᠨᠠᠬᠤ ᠬᠡᠪᠴᠢᠶ᠎ᠠ ᠶᠢᠨ ᠵᠦᠷᠢᠶ᠎ᠡ ᠨᠢ ᠶᠡᠭᠡ᠂ ᠦᠷᠬᠦᠯᠵᠢᠯᠡᠬᠦ ᠴᠠᠭ ᠨᠢ ᠤᠯᠠᠩᠬᠢ ᠳᠤ ᠪᠠᠨ | 10 ᠮᠢᠨᠦ᠋ᠲ ᠤᠨ ᠳᠤᠳᠤᠷ᠎ᠠ ᠪᠠᠶᠢᠳᠠᠭ᠃ ᠬᠠᠮᠤᠭ ᠤᠨ ᠤᠳᠠᠭᠠᠨ ᠳᠤ ᠪᠠᠨ 30 ᠮᠢᠨᠦ᠋ᠲ ᠤᠷᠴᠢᠮ ᠪᠠᠶᠢᠳᠠᠭ᠃ 1984 ᠤᠨ ᠤ 7 ᠰᠠᠷ᠎ᠠ ᠶᠢᠨ 20 ᠤ ᠡᠳᠤᠷ | ᠤᠨ 17 ᠴᠠᠭ ᠤᠨ ᠤᠷᠴᠢᠮ᠂ ᠪᠤᠷᠤᠪᠠᠯᠭᠠᠰᠤ᠂ ᠵᠤᠤᠬ᠎ᠠ᠂ ᠵᠢᠷᠠ᠂ ᠮᠤᠭᠠᠶᠢᠳᠤ᠂ ᠳᠠᠬᠢᠯᠳᠤ᠂ ᠢᠮᠠᠭᠠᠯᠠᠢ ᠵᠡᠷᠬᠡ ᠰᠤᠮᠤ ᠰᠢᠶᠠᠩ ᠤᠨ 18 ᠭᠠᠴᠠᠭ᠎ᠠ ᠳᠤᠰᠬᠤᠨ | ᠰᠢᠷᠤᠬᠦᠨ ᠰᠠᠯᠬᠢ᠂ ᠠᠭᠠᠳᠠᠷ ᠪᠤᠷᠤᠭᠠᠨ᠂ ᠮᠦᠨᠳᠤᠷ ᠲᠤ ᠵᠡᠷᠬᠡ ᠪᠠᠷ ᠳᠠᠭᠠᠷᠢᠭᠳᠠᠵᠤ᠂ ᠮᠦᠨᠳᠤᠷ ᠤᠨᠠᠭᠰᠡᠨ ᠴᠠᠭ ᠨᠢ 30 ᠮᠢᠨᠦ᠋ᠲ ᠤᠷᠴᠢᠮ ᠦᠷᠬᠦᠯᠵᠢᠯᠡᠪᠡ᠃ | ᠭᠠᠵᠠᠷ ᠤᠨ ᠬᠦᠷᠤᠰᠤᠨ ᠳᠤ ᠤᠨᠠᠭᠰᠡᠨ ᠮᠦᠨᠳᠤᠷ ᠤᠨ ᠵᠤᠵᠠᠭᠠᠨ ᠨᠢ ᠳᠤᠮᠳᠠᠴᠢ ᠪᠠᠷ 15 ᠰᠡᠨᠲ᠋ᠢᠮᠧᠲᠷ ᠲᠤ ᠬᠦᠷᠴᠤ᠂ ᠬᠠᠮᠤᠭ ᠤᠨ ᠵᠤᠵᠠᠭᠠᠨ ᠨᠢ 30 | ᠰᠠᠨᠲ᠋ᠢᠮᠧᠲᠷ ᠲᠤ ᠬᠦᠷᠴᠤ᠂ ᠳ᠋ᠢᠶᠠᠮᠧᠲᠷ ᠨᠢ 6 ~33 ᠮᠢᠯᠢᠮᠧᠲᠷ ᠤᠨ ᠳᠤᠳᠤᠷ᠎ᠠ ᠪᠠᠶᠢᠪᠠ᠃ ᠪᠤᠷᠤᠪᠠᠯᠭᠠᠰᠤ ᠰᠤᠮᠤᠨ ᠤ ᠰᠢᠯᠢ ᠶᠢᠨ ᠴᠠᠶᠢᠵᠠ ᠭᠠᠴᠠᠭᠠᠨ ᠳᠤ 1 | ᠮᠦᠬᠦᠯᠢᠭ ᠳ᠋ᠢᠶᠠᠮᠧᠲᠷ ᠨᠢ 300 ᠮᠢᠯᠢᠮᠧᠲᠷ ᠤᠨ ᠳᠤᠮᠤ ᠮᠦᠨᠳᠤᠷ ᠢᠯᠡᠷᠡᠵᠡᠢ᠃ ᠵᠤᠤᠬ᠎ᠠ᠂ ᠵᠢᠷᠠ ᠰᠤᠮᠤᠨ ᠳᠤ ᠨᠡᠯᠢᠶᠡᠤᠨ ᠠᠷᠪᠢᠨ ᠤᠷᠳᠤᠯᠵᠢᠨ ᠬᠡᠯᠪᠡᠷᠢᠳᠤ᠂ | ᠯᠤᠩᠬᠤᠨ ᠬᠡᠯᠪᠡᠷᠢᠳᠤ ᠮᠦᠨᠳᠤᠷ ᠪᠠᠭᠤᠵᠠᠢ᠃ ᠡᠨᠡ ᠤᠳᠠᠭ᠎ᠠ ᠪᠦᠬᠦ ᠬᠤᠰᠢᠭᠤᠨ ᠳᠤ ᠮᠦᠨᠳᠤᠷ ᠪᠠᠭᠤᠭᠰᠠᠨ ᠳᠠᠯᠠᠪᠠᠢ ᠨᠢ 1009 ᠳᠡᠭᠰᠢ ᠲᠦᠷᠪᠡᠯᠵᠢᠨ ᠺᠢᠯᠤᠮᠧᠲᠷ | ᠬᠦᠷᠴᠤ᠂ ᠶᠡᠷᠤᠩᠬᠡᠢ ᠳᠠᠯᠠᠪᠠᠢ ᠶᠢᠨ 8% ᠶᠢ ᠡᠵᠡᠯᠡᠵᠡᠢ᠃ ᠡᠬᠦᠨ ᠳᠤ ᠳᠠᠷᠢᠮᠠᠯ 1.4 ᠲᠦᠮᠡᠨ ᠮᠤ᠋ ᠪᠠᠶᠢᠵᠤ᠂ ᠡᠨᠡ ᠨᠢ ᠳᠠᠷᠢᠶᠠᠯᠠᠩ ᠤᠨ ᠳᠠᠯᠠᠪᠠᠢ ᠶᠢᠨ 13.8% | ᠶᠢ ᠡᠵᠡᠯᠡᠨ᠂ ᠳᠤᠮᠳᠠᠴᠢ ᠪᠠᠷ 70% ᠪᠠᠷ ᠤᠨᠠᠯᠳᠠ ᠬᠠᠰᠤᠭᠳᠠᠪᠠ᠃ ᠭᠠᠮᠰᠢᠭ ᠲᠤ ᠳᠠᠭᠠᠷᠢᠭᠳᠠᠭᠰᠡᠨ ᠮᠠᠯ 9 ᠲᠦᠮᠡ ᠢᠯᠡᠬᠦᠤ᠂ ᠡᠬᠦᠨ ᠳᠤ ᠪᠤᠭ ᠮᠠᠯ 26600᠂ | ᠦᠬᠦᠭᠰᠡᠨ ᠨᠢ 560 ᠳᠤ ᠬᠦᠷᠴᠤ᠂ 4030 ᠮᠤ᠋ ᠤᠢ ᠮᠤᠳᠤ ᠭᠠᠮᠰᠢᠭᠳᠠᠨ᠂ 250 ᠳᠠᠰᠤᠯᠭ᠎ᠠ ᠬᠡᠷ ᠪᠠᠶᠢᠰᠢᠩ ᠨᠤᠷᠠᠵᠤ᠂ 2 ᠬᠦᠮᠤᠨ ᠰᠢᠷᠬᠠᠳᠤᠨ᠂ | ᠳ᠋ᠢᠶᠠᠩᠬᠤᠸᠠ ᠶᠢᠨ ᠤᠳᠠᠰᠤ ᠳᠠᠰᠤᠷᠠᠭᠠᠤᠨ 3 ᠡᠳᠤᠷ ᠪᠤᠯᠵᠤ᠂ 8 ᠺᠢᠯᠤᠮᠧᠲᠷ ᠵᠠᠰᠠᠮᠠᠯ ᠵᠡᠮ ᠢ ᠡᠪᠳᠡᠯᠡᠭᠰᠡᠨ ᠪᠠᠶᠢᠨ᠎ᠠ᠃ | 1991 ᠤᠨ ᠤ 6 ᠰᠠᠷ᠎ᠠ ᠶᠢᠨ 9 ~10 ᠪᠤᠯᠳᠠᠯ᠎ᠠ ᠢᠮᠠᠭᠠᠯᠠᠢ᠂ ᠪᠤᠷᠤᠪᠠᠯᠭᠠᠰᠤ᠂ ᠵᠢᠷᠠ᠂ ᠪᠤᠯᠠᠭ᠂ ᠤᠯᠵᠠᠴᠢ ᠳᠤ ᠮᠦᠨᠳᠤᠷ ᠤᠨᠠᠵᠤ᠂ 6500 ᠬᠦᠮᠤᠨ | ᠭᠠᠮᠰᠢᠭ ᠲᠤ ᠤᠴᠠᠷᠠᠵᠤ᠂ 40 ᠬᠦᠮᠤᠨ ᠰᠢᠷᠬᠠᠳᠤᠨ᠂ 15105 ᠮᠤ᠋ ᠳᠠᠷᠢᠶᠠᠯᠠᠩ ᠤᠨ ᠳᠠᠷᠢᠮᠠᠯ ᠭᠠᠮᠰᠢᠭᠳᠠᠵᠤ᠂ 300 ᠮᠤ᠋ ᠳᠠᠷᠢᠮᠠᠯ ᠬᠤᠷᠢᠶᠠᠯᠳᠠ ᠦᠬᠡᠢ | ᠪᠤᠯᠵᠤ᠂ 60 ᠳᠠᠰᠤᠯᠭ᠎ᠠ ᠬᠡᠷ ᠪᠠᠶᠢᠰᠢᠩ ᠡᠪᠳᠡᠯᠡᠭᠳᠡᠨ᠂ 77 ᠮᠠᠯ ᠦᠬᠦᠵᠤ ᠬᠤᠬᠢᠷᠠᠵᠤ᠂ ᠰᠢᠭᠤᠤᠨ ᠠᠵᠤ ᠠᠬᠤᠢ ᠶᠢᠨ ᠬᠤᠬᠢᠷᠠᠯ 140 ᠲᠦᠮᠡᠨ ᠲᠦᠬᠦᠷᠢᠭ | ᠠᠴᠠ ᠳᠠᠪᠠᠵᠠᠢ᠃ 1993 ᠤᠨ ᠤ 7 ᠰᠠᠷ᠎ᠠ ᠶᠢᠨ 24 ᠳᠤ᠂ ᠪᠤᠷᠤᠪᠠᠯᠭᠠᠰᠤᠨ ᠳᠤ ᠮᠦᠨᠳᠤᠷ ᠤᠨ ᠭᠠᠮᠰᠢᠭ ᠪᠤᠯᠵᠤ᠂ ᠬᠠᠮᠤᠭ ᠤᠨ ᠶᠡᠭᠡ ᠮᠦᠨᠳᠤᠷ ᠤᠨ | ᠳ᠋ᠢᠶᠠᠮᠧᠲᠷ ᠨᠢ 10 ᠰᠠᠨᠲ᠋ᠢᠮᠧᠲᠷ ᠪᠠᠶᠢᠵᠤ᠂ ᠳᠠᠷᠢᠶᠠᠯᠠᠩ ᠤᠨ ᠳᠠᠷᠢᠮᠠᠯ ᠤᠨ ᠭᠠᠮᠰᠢᠭᠳᠠᠭᠰᠡᠨ ᠳᠠᠯᠠᠪᠠᠢ 16869 ᠮᠤ᠋ ᠳᠤ ᠬᠦᠷᠴᠤ᠂ 110 ᠮᠠᠯ ᠦᠬᠦᠵᠤ | ᠬᠤᠬᠢᠷᠠᠵᠤ᠂ ᠰᠢᠭᠤᠤᠨ ᠠᠵᠤ ᠠᠬᠤᠢ ᠶᠢᠨ ᠬᠤᠬᠢᠷᠠᠯ 320 ᠲᠦᠮᠡᠨ ᠲᠦᠬᠦᠷᠢᠭ ᠬᠦᠷᠴᠠᠢ᠃ 1994 ᠤᠨ ᠤ 6 ᠰᠠᠷ᠎ᠠ ᠶᠢᠨ 8 ᠳᠤ ᠪᠦᠬᠦ ᠬᠤᠰᠢᠭᠤᠨ ᠤ | ᠬᠡᠪᠴᠢᠶᠡᠨ ᠳᠤ ᠮᠦᠨᠳᠤᠷ ᠤᠨ ᠭᠠᠮᠰᠢᠭ ᠪᠤᠯᠵᠤ᠂ 18640 ᠬᠦᠮᠤᠨ ᠭᠠᠮᠰᠢᠭᠳᠠᠵᠤ᠂ 10 ᠬᠦᠮᠤᠨ ᠰᠢᠷᠬᠠᠳᠤᠨ᠂ 110055 ᠮᠤ᠋ ᠳᠠᠷᠢᠶᠠᠯᠠᠩ ᠤᠨ ᠳᠠᠷᠢᠮᠠᠯ | ᠭᠠᠮᠰᠢᠭᠳᠠᠵᠤ᠂ 220 ᠳᠠᠰᠤᠯᠭ᠎ᠠ ᠬᠡᠷ ᠪᠠᠶᠢᠰᠢᠩ ᠨᠤᠷᠠᠵᠤ ᠡᠪᠳᠡᠷᠡᠵᠤ᠂ 4500 ᠮᠠᠯ ᠦᠬᠦᠵᠤ ᠬᠤᠬᠢᠷᠠᠭᠠᠤᠨ᠂ ᠰᠢᠭᠤᠤᠨ ᠠᠵᠤ ᠠᠬᠤᠢ ᠶᠢᠨ ᠬᠤᠬᠢᠷᠠᠯ | 1100 ᠲᠦᠮᠡᠨ ᠲᠦᠬᠦᠷᠢᠭ ᠲᠤ ᠬᠦᠷᠴᠠᠢ᠃ 2004 ᠤᠨ ᠤ 8 ᠰᠠᠷ᠎ᠠ ᠶᠢᠨ 18 ᠳᠤ ᠪᠤᠯᠠᠭ᠂ ᠮᠤᠭᠠᠶᠢᠳᠤ᠂ ᠳᠠᠬᠢᠯᠳᠤ᠂ ᠢᠮᠠᠭᠠᠯᠠᠢ᠂ ᠤᠯᠵᠠᠴᠢ ᠳᠤ | ᠮᠦᠨᠳᠤᠷ ᠤᠨᠠᠵᠤ᠂ ᠮᠦᠨᠳᠤᠷ ᠤᠨᠠᠭᠰᠡᠨ ᠴᠠᠭ ᠨᠢ ᠦᠷᠬᠦᠯᠵᠢᠯᠡᠬᠡᠤᠨ 1 ᠴᠠᠭ ᠪᠤᠯᠵᠤ᠂ ᠮᠦᠨᠳᠤᠷ ᠤᠨ ᠬᠠᠮᠤᠭ ᠤᠨ ᠶᠡᠭᠡ ᠳ᠋ᠢᠶᠠᠮᠧᠲᠷ ᠨᠢ 5 ᠰᠠᠨᠲ᠋ᠢᠮᠧᠲᠷ | ᠪᠠᠶᠢᠵᠤ᠂ ᠳᠡᠭᠰᠢᠤᠨᠬᠡᠭᠰᠡᠨ ᠵᠤᠵᠠᠭᠠᠨ ᠨᠢ 15 ᠰᠠᠨᠲ᠋ᠢᠮᠧᠲᠷ ᠪᠠᠶᠢᠵᠤ᠂ ᠬᠠᠮᠤᠭ ᠤᠨ ᠵᠤᠵᠠᠭᠠᠨ ᠤᠪᠤᠭᠠᠷᠠᠭᠰᠡᠨ ᠨᠢ 34 ᠰᠠᠨᠲ᠋ᠢᠮᠧᠲᠷ ᠲᠤ ᠬᠦᠷᠴᠤ᠂ 7892 | ᠬᠦᠮᠤᠨ ᠭᠠᠮᠰᠢᠭᠳᠠᠵᠠᠢ᠃ 2005 ᠤᠨ ᠤ 5 ᠰᠠᠷ᠎ᠠ ᠶᠢᠨ 30 ᠳᠤ᠂ ᠤᠯᠵᠠᠴᠢ ᠪᠠᠯᠭᠠᠰᠤ᠂ ᠵᠤᠤᠬ᠎ᠠ᠂ ᠪᠤᠯᠠᠭ᠂ ᠮᠤᠭᠠᠶᠢᠳᠤ᠂ ᠪᠤᠷᠤᠪᠠᠯᠭᠠᠰᠤ᠂ ᠳᠠᠬᠢᠯᠳᠤ᠂ | ᠢᠮᠠᠭᠠᠯᠠᠢ ᠳᠤ ᠮᠦᠨᠳᠤᠷ ᠤᠨᠠᠵᠤ᠂ ᠬᠠᠭᠠᠰ ᠴᠠᠭ ᠦᠷᠬᠦᠯᠵᠢᠯᠡᠵᠤ᠂ ᠮᠦᠨᠳᠤᠷ ᠤᠨ ᠬᠠᠮᠤᠭ ᠤᠨ ᠶᠡᠭᠡ ᠳ᠋ᠢᠶᠠᠮᠧᠲᠷ ᠨᠢ 4 ᠰᠠᠨᠲ᠋ᠢᠮᠧᠲᠷ ᠪᠠᠶᠢᠵᠤ᠂ 10149 | ᠬᠦᠮᠤᠨ ᠭᠠᠮᠰᠢᠭᠳᠠᠵᠤ᠂ ᠳᠠᠷᠢᠶᠠᠯᠠᠩ ᠤᠨ ᠳᠠᠷᠢᠮᠠᠯ 64995 ᠮᠤ᠋ ᠭᠠᠮᠰᠢᠭᠳᠠᠵᠤ᠂ ᠰᠢᠭᠤᠤᠨ ᠠᠵᠤ ᠠᠬᠤᠢ ᠶᠢᠨ ᠬᠤᠬᠢᠷᠠᠯ 4217 ᠲᠦᠮᠡᠨ ᠲᠦᠬᠦᠷᠢᠭ ᠬᠦᠷᠴᠠᠢ᠃ | | |