ᠸᠠᠩ ᠷᠦᠢ ᠹᠧᠩ
ᠨᠡᠶᠢᠲᠡᠯᠡᠭᠰᠡᠨ ᠴᠠᠭ᠄
2024/2/21
     ᠸᠠᠩ ᠷᠦᠢ ᠹᠧᠩ ᠵᠠᠰᠠᠭ ᠤᠨ ᠣᠷᠳᠣᠨ ᠤ ᠬᠤᠰᠢᠭᠤ ᠲᠡᠳ᠋ ᠲᠠᠷᠤᠭ᠎ᠠ ︵ᠲᠦᠷ ᠴᠠᠭ ᠲᠣᠰᠢᠶᠡᠯ ᠡᠭᠦᠷᠭᠡᠯᠡᠵᠣ ᠪᠣᠢ︶     ᠬᠤᠪᠢᠳᠠᠨ ᠬᠠᠮᠢᠶᠠᠷᠬᠤ ᠠᠵᠢᠯ᠄ ᠬᠤᠰᠢᠭᠤ ᠲᠡᠳ᠋ ᠲᠠᠷᠤᠭ᠎ᠠ ᠴᠢᠦ ᠯᠢᠨ ᠢ ᠬᠠᠪᠰᠣᠷᠣᠨ᠂ ᠬᠤᠰᠢᠭᠤ ᠰᠣᠷᠭᠠᠨ ᠬᠦᠮᠦᠵᠢᠯ ᠪᠡᠶ᠎ᠡ ᠶᠢᠨ ᠲᠠᠮᠢᠷ ᠤᠨ ᠲᠣᠪᠴᠢᠶ᠎ᠠ᠂ ᠪᠠᠴᠢᠮ ᠢ ᠠᠷᠭᠠᠴᠠᠬᠤ ᠬᠠᠮᠢᠶᠠᠷᠣᠯᠳᠠ ᠶᠢᠨ ᠲᠣᠪᠴᠢᠶ᠎ᠠ ᠶᠢ ᠬᠤᠪᠢᠳᠠᠨ ᠬᠠᠮᠢᠶᠠᠷᠣᠨ᠎ᠠ᠃     ᠲᠣᠪᠴᠢ ᠨᠠᠮᠳᠠᠷ     ᠸᠠᠩ ᠷᠦᠢ ᠹᠧᠩ᠂ ᠡᠷᠡᠭᠳᠡᠢ᠂ ᠬᠢᠳᠠᠳ ᠦᠨᠳᠦᠰᠦᠳᠡᠨ᠂ 1980 ᠣᠨ ᠤ 3 ᠰᠠᠷ᠎ᠠ ᠳᠤ ᠲᠦᠷᠦᠪᠡ᠂ ᠦᠪᠦᠷ ᠮᠣᠩᠭᠤᠯ ᠤᠨ ᠵᠦᠸᠧ ᠽᠢ ᠰᠢᠶᠠᠨ ᠤ ᠬᠦᠮᠦᠨ᠂ 2008 ᠣᠨ ᠤ 7 ᠰᠠᠷ᠎ᠠ ᠳᠤ ᠠᠵᠢᠯ ᠳᠤ ᠣᠷᠣᠪᠠ᠂ 9·3 ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ᠂ ᠳ᠋ᠣᠺᠲ᠋ᠣᠷ ᠠᠰᠫᠢᠷᠠᠨᠲ ᠶᠢᠨ ᠰᠣᠷᠣᠯᠭ᠎ᠠ ᠶᠢᠨ ᠨᠠᠮᠳᠠᠷ ᠲᠠᠢ᠃     2001.09 — 2005.07 ᠦᠪᠦᠷ ᠮᠣᠩᠭᠤᠯ ᠤᠨ ᠶᠡᠭᠡ ᠰᠣᠷᠭᠠᠭᠤᠯᠢ ᠶᠢᠨ ᠮᠡᠲ᠋ᠧᠷᠢᠶᠠᠯ ᠬᠢᠮᠢ ᠶᠢᠨ ᠲᠣᠰᠬᠠᠢ ᠮᠡᠷᠭᠡᠵᠢᠯ᠂ ᠠᠩᠬᠢᠯᠢ ᠬᠡᠯᠡᠨ ᠤ ᠲᠣᠰᠬᠠᠢ ᠮᠡᠷᠭᠡᠵᠢᠯ ︵ᠬᠤᠶᠠᠳᠣᠭᠠᠷ ᠨᠠᠮᠳᠠᠷ︶ ᠳᠤ ᠰᠣᠷᠣᠯᠴᠠᠪᠠ︔     2005.09 — 2008.07 ᠲᠣᠮᠳᠠᠳᠦ ᠣᠯᠣᠰ ᠤᠨ ᠰᠢᠨᠵᠢᠯᠡᠭᠦ ᠣᠬᠠᠭᠠᠨ ᠤ ᠬᠦᠷᠢᠶᠡᠯᠡᠩ ᠤᠨ ᠯᠠᠨᠵᠸᠣ ᠶᠢᠨ ᠬᠢᠮᠢ ᠹᠢᠽᠢᠺ ᠤᠨ ᠰᠣᠳᠣᠯᠭᠠᠨ ᠤ ᠭᠠᠵᠠᠷ ᠲᠤ ᠹᠢᠽᠢᠺ ᠬᠢᠮᠢ ᠶᠢᠨ ᠲᠣᠰᠬᠠᠢ ᠮᠡᠷᠭᠡᠵᠢᠯ ᠤᠨ ᠠᠰᠫᠢᠷᠠᠨᠲ ᠪᠠᠷ ᠰᠣᠷᠣᠯᠴᠠᠪᠠ︔     2008.07 — 2011.01 ᠲᠣᠮᠳᠠᠳᠦ ᠣᠯᠣᠰ ᠤᠨ ᠴᠢᠯᠠᠭᠤᠨ ᠲᠣᠰᠣᠨ ᠤ ᠬᠦᠬᠡᠬᠤᠳᠠ ᠳᠠᠬᠢ ᠴᠢᠯᠠᠭᠤᠨ ᠲᠣᠰᠣᠨ ᠤ ᠬᠢᠮᠢ ᠶᠢᠨ ᠺᠣᠮᠫᠠᠨᠢ ᠶᠢᠨ ᠲᠠᠬᠢᠨ ᠨᠠᠶᠢᠷᠠᠭᠰᠢᠭᠤᠯᠣᠯᠳᠠ ᠣᠰᠣᠳᠦ᠋ᠷᠦᠭᠵᠢᠭᠦᠯᠦᠯᠳᠡ ᠶᠢᠨ ᠮᠡᠷᠭᠡᠵᠢᠯᠳᠡᠨ ᠢᠶᠠᠷ ᠠᠵᠢᠯᠯᠠᠪᠠ︔     2011.01 — 2017.09 ᠣᠷᠳᠣᠰ ᠬᠤᠳᠠ ᠶᠢᠨ ᠲᠣᠳᠣᠭᠠᠳᠦ ᠶᠢᠨ ᠬᠠᠮᠠᠭᠠᠯᠠᠬᠤ ᠲᠣᠪᠴᠢᠶ᠎ᠠ ᠶᠢᠨ ᠬᠤᠣᠷᠳᠦ ᠪᠣᠳᠠᠰ ᠬᠤᠣᠷᠠᠳᠦ ᠡᠳ᠋ ᠲᠡᠯᠪᠡᠷᠡᠭᠦ ᠪᠣᠳᠠᠰ ᠤᠨ ᠪᠢᠴᠢᠯ ᠪᠣᠳᠠᠰ ᠤᠨ ᠭᠡᠷᠡᠴᠢ ᠶᠢᠨ ᠰᠢᠯᠭᠠᠨ ᠲᠣᠭᠳᠠᠭᠠᠴᠢ ᠪᠠᠷ ᠠᠵᠢᠯᠯᠠᠪᠠ ︵ᠡᠨᠡᠬᠦ ᠬᠤᠭᠤᠴᠠᠭᠠᠨ ᠳᠤ᠄ 2012.09 — 2017.01 ᠲᠣᠮᠳᠠᠳᠦ ᠣᠯᠣᠰ ᠤᠨ ᠰᠢᠨᠵᠢᠯᠡᠭᠦ ᠣᠬᠠᠭᠠᠨ ᠤ ᠬᠦᠷᠢᠶᠡᠯᠡᠩ ᠤᠨ ᠯᠠᠨᠵᠸᠣ ᠶᠢᠨ ᠬᠢᠮᠢ ᠹᠢᠽᠢᠺ ᠤᠨ ᠰᠣᠳᠣᠯᠭᠠᠨ ᠤ ᠭᠠᠵᠠᠷ ᠲᠤ ᠹᠢᠽᠢᠺ ᠬᠢᠮᠢ ᠶᠢᠨ ᠲᠣᠰᠬᠠᠢ ᠮᠡᠷᠭᠡᠵᠢᠯ ᠤᠨ ᠳ᠋ᠣᠺᠲ᠋ᠣᠷᠠᠨᠲ ᠪᠠᠷ ᠰᠣᠷᠣᠯᠴᠠᠪᠠ︶︔     2017.09 — 2023.12 ᠣᠷᠳᠣᠰ ᠬᠤᠳᠠ ᠶᠢᠨ ᠬᠡᠷᠡᠭᠯᠡᠭᠡᠨ ᠤ ᠮᠡᠷᠭᠡᠵᠢᠯ ᠤᠨ ᠲᠡᠭᠡᠳᠦ ᠰᠣᠷᠭᠠᠭᠤᠯᠢ ᠶᠢᠨ ᠬᠢᠮᠢ ᠶᠢᠨ ᠢᠨᠵᠧᠨᠧᠷᠢᠩ ᠤᠨ ᠰᠠᠯᠪᠣᠷᠢ  ᠶᠢᠨ ᠲᠣᠰᠬᠠᠢ ᠲᠣᠰᠢᠶᠠᠯᠳᠦ ᠪᠠᠭᠰᠢ᠂ ᠲᠡᠳ᠋ ᠫᠷᠣᠹᠧᠰᠰᠣᠷ ᠢᠶᠠᠷ ᠠᠵᠢᠯᠯᠠᠪᠠ︔     2023.12 — 2024.01 ᠦᠪᠦᠷ ᠮᠣᠩᠭᠤᠯ ᠤᠨ ᠣᠷᠳᠣᠰ ᠬᠤᠳᠠ ᠶᠢᠨ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ  ᠤ ᠲᠦᠷ ᠴᠠᠭ ᠤᠨ ᠲᠣᠰᠢᠶᠡᠯ ᠤᠨ ᠲᠡᠳ᠋ ᠲᠠᠷᠤᠭ᠎ᠠ ᠶᠢᠨ ᠨᠡᠷ᠎ᠡ ᠲᠣᠷᠠᠳᠣᠭᠴᠢ ᠪᠠᠷ ᠰᠣᠩᠭᠤᠭᠳᠠᠪᠠ᠃     2024.02 —  ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠬᠤᠰᠢᠭᠤ ᠲᠡᠳ᠋ ᠲᠠᠷᠤᠭ᠎ᠠ ᠪᠠᠷ ᠠᠵᠢᠯᠯᠠᠵᠣ ᠪᠣᠢ᠃               
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ