ᠬᠤᠯᠣᠰᠣᠨ ᠨᠠᠭᠤᠷ ᠲᠣᠰᠬᠤᠨ ᠪᠣᠷᠣᠪᠠᠯᠭᠠᠰᠣ ᠪᠠᠯᠭᠠᠰᠣᠨ ᠤ ᠪᠠᠷᠠᠭᠤᠨ ᠬᠡᠰᠡᠭ ᠲᠤ ᠪᠠᠶᠢᠷᠢᠯᠠᠵᠣ᠂ ᠡᠮᠣᠨᠡᠰᠢ ᠪᠠᠨ ᠵᠡᠬᠡᠷᠬᠡᠨᠡᠲᠣ ᠲᠣᠰᠬᠤᠨ᠂ ᠬᠡᠵᠣᠣᠷ | ᠲᠣᠰᠬᠤᠨ ᠲᠠᠢ ᠰᠠᠪᠠᠯᠠᠨ᠂ ᠪᠠᠷᠠᠭᠤᠨᠰᠢ ᠪᠠᠨ ᠣᠪᠣᠭᠠᠨ ᠬᠠᠲᠠᠭᠤ ᠲᠣᠰᠬᠤᠨ ᠲᠠᠢ ᠬᠦᠷᠰᠢᠯᠡᠵᠣ᠂ ᠬᠤᠶᠢᠰᠢ ᠪᠠᠨ ᠬᠠᠷᠠᠰᠡᠭᠡᠷ ᠭᠠᠴᠠᠭ᠎ᠠ ᠲᠠᠢ ᠵᠠᠯᠭᠠᠯᠳᠣᠨ᠂ ᠵᠡᠬᠦᠨᠰᠢ | ᠪᠠᠨ ᠪᠠᠶᠠᠨᠰᠢᠯᠢ ᠭᠠᠴᠠᠭ᠎ᠠ ᠲᠠᠢ ᠵᠠᠬ᠎ᠠ ᠨᠡᠶᠢᠯᠠᠵᠣ᠂ ᠪᠠᠯᠭᠠᠰᠣᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠠᠴᠠ 52 ᠺᠢᠯᠣᠮᠧᠲᠷ ᠵᠠᠶᠢᠲᠠᠢ᠂ 7 ᠮᠠᠯ | ᠲᠠᠷᠢᠶᠠᠯᠠᠩ ᠤᠨ ᠬᠤᠷᠰᠢᠶ᠎ᠠ᠂ 335 ᠡᠷᠣᠬᠡ 1037 ᠬᠦᠮᠦᠨ ᠠᠮᠠ ᠲᠠᠢ᠂ ᠡᠬᠦᠨ ᠳᠤ ᠪᠠᠶᠢᠩᠭᠤ ᠰᠠᠭᠤᠭ᠎ᠠ 196 ᠡᠷᠣᠬᠡ 601 ᠬᠦᠮᠦᠨ ᠪᠣᠢ᠃ ᠭᠠᠵᠠᠷ | ᠰᠢᠷᠣᠢ ᠶᠢᠨ ᠶᠡᠷᠣᠩᠬᠡᠢ ᠲᠠᠯᠠᠪᠠᠢ 13.2 ᠲᠦᠮᠡᠨ ᠮᠣ᠋᠂ ᠡᠬᠦᠨ ᠳᠤ ᠠᠰᠢᠭᠯᠠᠵᠣ ᠪᠣᠯᠬᠤ ᠨᠣᠲᠤᠭ ᠪᠡᠯᠴᠢᠬᠡᠷ 4.3 ᠲᠦᠮᠡᠨ ᠮᠣ᠋᠂ ᠣᠰᠣᠨ ᠭᠠᠵᠠᠷ 1.14 | ᠲᠦᠮᠡᠨ ᠮᠣ᠋᠂ ᠴᠢᠨᠠᠷ ᠰᠠᠶᠢᠲᠠᠢ ᠡᠪᠡᠰᠣ 1800 ᠮᠤ᠋᠂ ᠣᠨᠴᠠᠯᠢᠭᠲᠣ ᠠᠵᠣ ᠠᠬᠤᠢ ᠶᠢᠨ ᠲᠠᠷᠢᠮᠠᠯ 2600 ᠮᠤ᠋᠂ ᠮᠠᠯ ᠤᠨ ᠶᠡᠷᠣᠩᠬᠡᠢ ᠲᠤᠭ᠎ᠠ 1.2 ᠲᠦᠮᠡᠨ | ᠲᠣᠯᠣᠭᠠᠢ᠂ ᠠᠯᠠᠰᠢᠨ ᠮᠠᠯ ᠤᠨ ᠪᠠᠷᠢᠮᠵᠢᠶᠠᠵᠢᠭᠰᠠᠨ ᠲᠡᠵᠢᠬᠡᠨ ᠦᠷᠡᠵᠢᠬᠦᠯᠬᠦ ᠲᠣᠭᠤᠷᠢᠭ 4᠂ ᠵᠠᠭᠪᠣᠷᠴᠢᠯᠠᠭᠰᠠᠨ ᠲᠡᠵᠢᠬᠡᠨ ᠦᠷᠡᠵᠢᠬᠦᠯᠬᠦ ᠡᠷᠣᠬᠡ 80 ᠪᠣᠢ᠃ | ᠮᠠᠯᠴᠢᠨ ᠲᠠᠷᠢᠶᠠᠴᠢᠳ ᠤᠨ 2017 ᠣᠨ ᠤ ᠬᠦᠮᠦᠨ ᠲᠣᠮᠳᠠᠴᠢ ᠶᠢᠨ ᠴᠡᠪᠡᠷ ᠣᠷᠣᠯᠭ᠎ᠠ 14800 ᠲᠦᠬᠦᠷᠢᠭ᠃ |