ᠤᠳᠤᠭ ᠤᠨ ᠡᠮᠤᠨᠡᠳᠤ ᠬᠤᠰᠢᠭᠤᠨ ᠤ ᠠᠭᠤᠷ ᠠᠮᠢᠰᠬᠤᠯ ᠤᠨ ᠤᠨᠴᠠᠯᠢᠭ
ᠨᠡᠶᠢᠲᠡᠯᠡᠭᠰᠡᠨ ᠴᠠᠭ᠄
2024/3/7
     ᠤᠳᠤᠭ ᠤᠨ ᠡᠮᠤᠨᠡᠳᠤ ᠬᠤᠰᠢᠭᠤᠨ ᠤ ᠭᠠᠵᠠᠷ ᠤᠨ ᠪᠠᠶᠢᠷᠢᠰᠢᠯ ᠨᠢ ᠳᠤᠳᠤᠭᠠᠳᠤ ᠬᠠᠭᠤᠷᠠᠢ ᠶᠢᠨ ᠶᠡᠭᠡ ᠪᠠᠷᠠᠭᠤᠨ ᠬᠤᠶᠢᠳᠤ ᠬᠡᠰᠡᠭ ᠲᠤ ᠪᠠᠶᠢᠵᠤ᠂ ᠳᠤᠮᠳᠠ ᠳᠤᠯᠠᠭᠠᠨ ᠪᠦᠰᠠ ᠶᠢᠨ ᠬᠠᠭᠠᠰ ᠭᠠᠩ ᠬᠠᠭᠤᠷᠠᠢ᠂ ᠴᠦᠯᠡᠷᠬᠡᠭ ᠬᠡᠬᠡᠷ᠎ᠡ ᠶᠢᠨ ᠠᠭᠤᠷ ᠠᠮᠢᠰᠬᠤᠯ ᠳᠤ ᠬᠠᠷᠢᠶᠠᠯᠠᠭᠳᠠᠵᠤ᠂ ᠬᠠᠯᠠᠭᠤᠨ ᠬᠦᠢᠳᠡᠨ ᠡᠬᠡᠯᠵᠢᠯᠡᠭᠰᠡᠨ ᠲᠦᠷᠪᠡᠨ ᠤᠯᠠᠷᠢᠯ ᠮᠠᠰᠢ ᠢᠯᠡᠷᠬᠡᠢ ᠪᠠᠶᠢᠳᠠᠭ᠃ ᠬᠠᠪᠤᠷ ᠤᠨ ᠤᠯᠠᠷᠢᠯ ᠳᠤ ᠰᠠᠯᠬᠢ ᠶᠡᠬᠡᠳᠠᠢ᠂ ᠠᠭᠤᠷ ᠠᠮᠢᠰᠬᠤᠯ ᠨᠢ ᠭᠠᠩ ᠬᠠᠭᠤᠷᠠᠢ᠂ ᠵᠤᠨ ᠤ ᠤᠯᠠᠷᠢᠯ ᠳᠤ ᠳᠤᠨᠳᠠᠰᠤ ᠨᠢ ᠲᠦᠪᠯᠡᠷᠡᠩᠬᠦᠢ᠂ ᠬᠡᠨᠡᠤᠨᠳᠠ ᠶᠢᠨ ᠴᠢᠨᠠᠷᠳᠠᠢ ᠮᠦᠨᠳᠤᠷ ᠤᠨ ᠭᠠᠮᠰᠢᠭ ᠡᠬᠦᠰᠴᠤ᠂ ᠤᠯᠠᠩᠬᠢ ᠵᠢᠯ ᠨᠢ ᠭᠠᠩ ᠬᠠᠭᠤᠷᠠᠢ ᠪᠤᠷᠤᠭᠠᠨ ᠪᠠᠭ᠎ᠠ᠂ ᠠᠭᠤᠷᠰᠢᠯᠳᠠ ᠴᠢᠩᠭ᠎ᠠ᠂ ᠨᠠᠷᠠᠨ ᠤ ᠬᠡᠷᠡᠯ ᠬᠦᠢᠴᠡᠤᠨ ᠪᠠᠶᠢᠳᠠᠭ᠃     ᠨᠢᠬᠡ᠂ ᠬᠠᠪᠤᠷ ᠤᠨ ᠤᠯᠠᠷᠢᠯ     ᠬᠠᠯᠠᠭᠤᠨ ᠬᠦᠢᠳᠡᠨ ᠠᠭᠠᠷ ᠤᠨ ᠤᠷᠤᠰᠬᠠᠯ ᠤᠯᠠᠨᠳᠠ ᠡᠬᠡᠯᠵᠢᠯᠡᠨ᠂ ᠤᠯᠠᠷᠢᠯ ᠤᠨ ᠳᠤᠳᠤᠷ᠎ᠠ ᠪᠠᠨ ᠨᠠᠮ ᠰᠠᠯᠬᠢ ᠪᠠ ᠪᠠᠷᠠᠭᠤᠨ ᠡᠮᠤᠨ᠎ᠡ ᠪᠤᠶᠤ ᠪᠠᠷᠠᠭᠤᠨ ᠵᠦᠭ ᠤᠨ ᠰᠠᠯᠬᠢ ᠪᠠᠷ ᠭᠤᠤᠯ ᠪᠤᠯᠭᠠᠨ᠂ 4 ᠰᠠᠷ᠎ᠠ ᠶᠢᠨ ᠬᠤᠷᠢᠤᠨ ᠠᠴᠠ 5 ᠰᠠᠷ᠎ᠠ ᠶᠢᠨ ᠳᠤᠮᠳᠠᠴᠢ ᠪᠠᠷ ᠮᠤᠩᠭᠤᠯ ᠤᠨ ᠬᠤᠶᠢᠯᠠᠷᠠᠭ᠎ᠠ ᠶᠢᠨ ᠬᠦᠳᠡᠯᠬᠡᠬᠡᠨ ᠤᠯᠠᠨᠳᠠ ᠢᠯᠡᠷᠡᠨ᠂ ᠶᠡᠭᠡ ᠰᠠᠯᠬᠢᠨ ᠲᠠᠢ ᠡᠳᠤᠷ ᠤᠯᠠᠤᠨᠴᠤ᠂ ᠪᠦᠬᠦ ᠵᠢᠯ ᠤᠨ ᠶᠡᠭᠡ ᠰᠠᠯᠬᠢ᠂ ᠡᠯᠡᠰᠤᠨ ᠰᠢᠭᠤᠷᠭ᠎ᠠ ᠶᠢᠨ ᠲᠦᠪᠯᠡᠷᠡᠭᠰᠡᠨ ᠬᠤᠭᠤᠴᠠᠭ᠎ᠠ ᠪᠤᠯᠤᠨ᠎ᠠ᠃ 5 ᠰᠠᠷ᠎ᠠ ᠶᠢᠨ ᠳᠤᠮᠳᠠᠴᠢ ᠠᠴᠠ 6 ᠰᠠᠷ᠎ᠠ ᠶᠢᠨ ᠳᠤᠮᠳᠠᠴᠢ ᠪᠤᠯᠬᠤ ᠳᠤ᠂ ᠮᠤᠩᠭᠤᠯ ᠤᠨ ᠬᠦᠢᠳᠡᠨ ᠦᠨᠳᠤᠷ ᠳᠠᠷᠤᠯᠳᠠ ᠠᠯᠬᠤᠮ ᠠᠯᠬᠤᠮ ᠢᠶᠠᠷ ᠪᠠᠭᠤᠷᠠᠨ᠂ ᠠᠭᠠᠷ  ᠤᠨ ᠳᠤᠯᠠᠭᠠᠨ ᠡᠬᠢᠯᠡᠨ ᠳᠡᠬᠡᠭᠰᠢᠯᠡᠵᠤ᠂ ᠶᠡᠭᠡ ᠰᠠᠯᠬᠢᠨ᠂ ᠡᠯᠡᠰᠤᠨ ᠰᠢᠭᠤᠷᠭ᠎ᠠ ᠲᠠᠢ ᠠᠭᠤᠷ ᠠᠮᠢᠰᠬᠤᠯ ᠪᠠᠭᠠᠰᠴᠤ᠂ ᠳᠤᠨᠳᠠᠰᠤ ᠶᠢᠨ ᠬᠡᠮᠵᠢᠶ᠎ᠡ ᠨᠡᠮᠡᠭᠳᠡᠨ᠂ ᠳᠤᠮᠳᠠᠴᠢ ᠳᠤᠨᠳᠠᠰᠤ ᠨᠢ 44.5  ᠮᠢᠯᠢᠮᠧᠲᠷ ᠪᠤᠯᠵᠤ᠂ ᠬᠠᠪᠤᠷ ᠤᠨ ᠭᠠᠩ ᠬᠠᠭᠤᠷᠠᠢ ᠶᠢ ᠬᠠᠷᠢᠴᠠᠩᠭᠤᠢ ᠪᠠᠷ ᠨᠡᠮᠳᠠᠭᠤᠯᠳᠠᠭ᠃ ᠰᠢᠪᠧᠷᠢᠶ᠎ᠡ — ᠮᠤᠩᠭᠤᠯ ᠤᠨ ᠦᠨᠳᠤᠷ ᠳᠠᠷᠤᠯᠳᠠᠳᠤ ᠰᠡᠷᠢᠬᠦᠨ ᠠᠭᠤᠷ ᠠᠮᠢᠰᠬᠤᠯ ᠤᠨ ᠨᠦᠯᠤᠬᠡᠯᠡᠯ ᠢᠶᠠᠷ ᠠᠭᠤᠷ ᠠᠮᠢᠰᠬᠤᠯ ᠤᠨ ᠬᠤᠪᠢᠷᠠᠯᠳᠠ ᠶᠡᠭᠡ ᠪᠤᠯᠵᠤ᠂ ᠬᠠᠪᠤᠷ ᠤᠨ ᠬᠡᠳᠡᠷᠬᠦ ᠬᠦᠢᠳᠡᠨ ᠠᠭᠤᠷ ᠠᠮᠢᠰᠬᠤᠯ ᠦᠷᠬᠦᠯᠵᠢ ᠢᠯᠡᠷᠡᠨ᠂ ᠪᠦᠬᠦ ᠵᠢᠯ ᠤᠨ ᠠᠭᠤᠷ ᠠᠮᠢᠰᠬᠤᠯ ᠤᠨ ᠤᠯᠠᠨ ᠬᠤᠪᠢᠷᠠᠯᠳᠠᠳᠤ ᠬᠤᠭᠤᠴᠠᠭ᠎ᠠ ᠪᠤᠯᠤᠨ᠎ᠠ᠃ 5 ᠰᠠᠷ᠎ᠠ ᠳᠤ ᠳᠤᠶᠢᠯ ᠤᠨ ᠬᠠᠮᠤᠭ ᠳᠤᠤᠷᠠᠬᠢ ᠠᠭᠤᠷ ᠠᠮᠢᠰᠬᠤᠯ ᠤᠨ ᠳᠤᠯᠠᠭᠠᠨ ᠤ ᠬᠡᠮᠵᠢᠶ᠎ᠡ-5.7 ᠭᠷᠠᠳᠦ᠋ᠰ ︵1991 ᠤᠨ ᠤ 5 ᠰᠠᠷ᠎ᠠ ᠶᠢᠨ 1︶᠂ ᠲᠤᠶᠢᠯ ᠤᠨ ᠬᠠᠮᠤᠭ ᠦᠨᠳᠤᠷ ᠠᠭᠤᠷ ᠠᠮᠢᠰᠬᠤᠯ ᠤᠨ ᠳᠤᠯᠠᠭᠠᠨ ᠤ ᠬᠡᠮᠵᠢᠶ᠎ᠡ 33.4 ᠭᠷᠠᠳᠦ᠋ᠰ ︵2000 ᠤᠨ ᠤ 5 ᠰᠠᠷ᠎ᠠ ᠶᠢᠨ 21︶ ᠪᠠᠶᠢᠵᠤ᠂ ᠬᠤᠪᠢᠷᠠᠯᠳᠠ ᠶᠢᠨ ᠬᠡᠮᠵᠢᠶ᠎ᠡ ᠶᠢᠨ ᠵᠦᠷᠢᠶ᠎ᠡ  ᠨᠢ 39.1 ᠭᠷᠠᠳᠦ᠋ᠰ ᠤᠷᠴᠢᠮ ᠪᠠᠶᠢᠳᠠᠭ᠃     ᠬᠤᠶᠠᠷ᠂ ᠵᠤᠨ ᠤ ᠤᠯᠠᠷᠢᠯ     6 ᠰᠠᠷ᠎ᠠ ᠶᠢᠨ ᠳᠤᠮᠳᠠᠴᠢ ᠠᠴᠠ 7 ᠰᠠᠷ᠎ᠠ ᠶᠢᠨ ᠳᠤᠮᠳᠠᠴᠢ ᠪᠤᠯᠬᠤ ᠳᠤ᠂ ᠮᠤᠩᠭᠤᠯ ᠤᠨ ᠬᠦᠢᠳᠡᠨ ᠦᠨᠳᠤᠷ ᠳᠠᠷᠤᠯᠳᠠ ᠦᠨᠳᠤᠰᠤᠨ ᠳᠤ ᠪᠠᠨ ᠠᠷᠢᠯᠵᠤ᠂ ᠳᠡᠳ᠋ ᠬᠠᠯᠠᠭᠤᠨ ᠪᠦᠰᠠ ᠶᠢᠨ ᠦᠨᠳᠤᠷ ᠳᠠᠷᠤᠯᠳᠠ ᠪᠠᠷᠠᠭᠤᠨᠰᠢ ᠰᠤᠨᠵᠤ ᠬᠤᠶᠢᠰᠢ ᠨᠡᠬᠦᠬᠦ ᠨᠦᠯᠤᠬᠡᠯᠡᠯ ᠢᠶᠠᠷ ᠪᠤᠷᠤᠭᠠᠨ ᠲᠠᠢ ᠤᠯᠠᠷᠢᠯ ᠳᠤ ᠡᠬᠢᠯᠡᠨ ᠤᠷᠤᠵᠤ᠂ ᠳᠤᠨᠳᠠᠰᠤ ᠶᠢᠨ ᠬᠡᠮᠵᠢᠶ᠎ᠠ ᠠᠯᠬᠤᠮ ᠠᠯᠬᠤᠮ ᠢᠶᠠᠷ ᠶᠡᠬᠡᠤᠨᠴᠤ᠂ ᠳᠤᠯᠠᠭᠠᠨ ᠤ ᠬᠡᠮᠵᠢᠶ᠎ᠡ᠂ ᠴᠢᠬᠢᠭ ᠤᠨ ᠬᠡᠮᠵᠢᠶ᠎ᠡ ᠨᠢ ᠠᠳᠠᠯᠢ ᠪᠠᠷ ᠨᠡᠮᠡᠭᠳᠡᠨ᠂ ᠵᠠᠷᠢᠮ ᠳᠤ ᠪᠠᠨ ᠬᠤᠶᠢᠰᠢᠯᠠᠭᠠᠤᠨ 7 ᠰᠠᠷ᠎ᠠ ᠶᠢᠨ ᠳᠤᠮᠳᠠᠴᠢ ᠪᠤᠯᠬᠤ ᠳᠤ ᠰᠠᠶ᠋ᠢ ᠪᠤᠷᠤᠭᠠᠨ ᠤ ᠤᠯᠠᠷᠢᠯ ᠤᠨ ᠵᠤᠨ ᠤ ᠭᠠᠩ ᠬᠠᠭᠤᠷᠠᠢ ᠤᠨ ᠳᠤ ᠤᠷᠤᠳᠠᠭ᠃ 7 ᠰᠠᠷ᠎ᠠ ᠶᠢᠨ ᠳᠤᠮᠳᠠᠴᠢ ᠠᠴᠠ 8 ᠰᠠᠷ᠎ᠠ ᠶᠢᠨ ᠰᠢᠨᠡᠤᠨ ᠤᠨ ᠬᠤᠭᠤᠴᠠᠭ᠎ᠠ ᠪᠤᠯ ᠪᠦᠬᠦ ᠵᠢᠯ ᠤᠨ ᠳᠤᠨᠳᠠᠰᠤ ᠶᠢᠨ ᠲᠦᠪᠯᠡᠷᠡᠭᠰᠡᠨ ᠬᠤᠭᠤᠴᠠᠭ᠎ᠠ ᠪᠤᠯᠵᠤ᠂ ᠳᠤᠯᠠᠭᠠᠨ ᠤ ᠬᠡᠮᠵᠢᠶ᠎ᠡ ᠮᠠᠰᠢ ᠦᠨᠳᠤᠷ᠂ ᠨᠠᠷᠠᠨ ᠤ ᠳᠤᠰᠤᠯᠳᠠ ᠶᠢᠨ ᠬᠤᠭᠤᠴᠠᠭ᠎ᠠ ᠤᠷᠳᠤ᠂ ᠠᠭᠤᠷᠰᠢᠯᠳᠠ ᠴᠢᠩᠭ᠎ᠠ ᠮᠦᠷᠳᠡᠬᠡᠨ ᠮᠤᠤᠠᠤᠰᠤᠨ ᠡᠯᠡᠰᠤᠨ ᠴᠦᠯ ᠤᠨ ᠨᠦᠯᠤᠬᠡᠯᠡᠯ ᠢᠶᠠᠷ ᠠᠭᠤᠷ ᠠᠮᠢᠰᠬᠤᠯ ᠠᠭᠠᠬᠢᠮ᠎ᠠ ᠬᠠᠯᠠᠭᠤᠨ ᠬᠠᠭᠤᠷᠠᠢ ᠪᠠᠶᠢᠵᠤ᠂ ᠨᠢᠬᠡ ᠵᠢᠯ ᠤᠨ ᠳᠤᠳᠤᠷᠠᠬᠢ ᠬᠠᠷᠢᠴᠠᠩᠭᠤᠢ ᠬᠠᠭᠤᠷᠠᠢ ᠬᠠᠯᠠᠭᠤᠨ ᠬᠤᠭᠤᠴᠠᠭ᠎ᠠ ᠪᠤᠯᠬᠤ ᠶᠤᠮ᠃ ᠠᠶᠤᠩᠭᠠᠳᠤ ᠪᠤᠷᠤᠭᠠᠨ ᠶᠠᠭ ᠡᠨᠡ ᠦᠶ᠎ᠡ ᠳᠤ ᠭᠤᠤᠯ ᠲᠦᠪᠯᠡᠷᠡᠵᠤ᠂ ᠤᠯᠠᠩᠬᠢ ᠳᠤ ᠪᠠᠨ ᠶᠡᠭᠡ ᠰᠠᠯᠬᠢ᠂ ᠮᠦᠨᠳᠤᠷ ᠲᠠᠢ ᠬᠤᠯᠢᠴᠠᠯᠳᠤᠨ ᠢᠯᠡᠷᠡᠳᠡᠭ᠃ ᠦᠩᠬᠡᠷᠡᠭᠰᠡᠨ ᠵᠢᠯ ᠤᠳ ᠤᠨ 8 ᠰᠠᠷ᠎ᠠ ᠳᠤ᠂ ᠰᠠᠷ᠎ᠠ ᠶᠢᠨ ᠳᠤᠮᠳᠠᠴᠢ ᠳᠤᠨᠳᠠᠰᠤ ᠶᠢᠨ ᠬᠡᠮᠵᠢᠶ᠎ᠡ 60.3 ᠮᠢᠯᠢᠮᠧᠲᠷ ᠪᠠᠶᠢᠵᠤ᠂ ᠨᠢᠬᠡ ᠵᠢᠯ ᠤᠨ ᠬᠠᠮᠤᠭ ᠤᠨ ᠶᠡᠭᠡ ᠳᠤᠨᠳᠠᠰᠤ ᠶᠢᠨ ᠬᠡᠮᠵᠢᠶ᠎ᠡ ᠨᠢ 80.4 ᠮᠢᠯᠢᠮᠧᠲᠷ ︵1998 ᠤᠨ ᠤ 7 ᠰᠠᠷ᠎ᠠ ᠶᠢᠨ 5︶ ᠪᠠᠶᠢᠪᠠ᠃      ᠭᠤᠷᠪᠠ᠂ ᠨᠠᠮᠤᠷ ᠤᠨ ᠤᠯᠠᠷᠢᠯ      ᠨᠠᠮᠤᠷ ᠤᠨ ᠠᠭᠤᠷ ᠤᠨ ᠳᠠᠷᠠᠭ᠎ᠠ᠂ ᠮᠤᠩᠭᠤᠯ ᠤᠨ ᠬᠦᠢᠳᠡᠨ ᠦᠨᠳᠤᠷ ᠳᠠᠷᠤᠯᠳᠠ ᠦᠤᠨᠳᠡᠷ ᠲᠦᠷᠬᠡᠨ ᠢᠶᠠᠷ ᠪᠤᠢ ᠪᠤᠯᠵᠤ ᠴᠢᠩᠭᠠᠷᠠᠳᠠᠭ᠃ ᠬᠦᠢᠳᠡᠨ ᠳᠤᠯᠠᠭᠠᠨ ᠠᠭᠠᠷ ᠤᠨ ᠤᠷᠤᠰᠬᠠᠯ ᠳᠠᠬᠢᠨᠳᠠ ᠡᠬᠡᠯᠵᠢᠯᠡᠨ᠂ ᠳᠤᠯᠠᠭᠠᠨ ᠤ ᠬᠡᠮᠵᠢᠶ᠎ᠡ ᠠᠯᠬᠤᠮ ᠠᠯᠬᠤᠮ ᠢᠶᠠᠷ ᠪᠠᠭᠤᠷᠠᠵᠤ᠂ ᠡᠪᠤᠯ ᠤᠨ ᠤᠯᠠᠷᠢᠯ ᠤᠨ ᠰᠠᠯᠬᠢ ᠡᠬᠢᠯᠡᠵᠤ ᠳᠤᠰ ᠭᠠᠵᠠᠷ  ᠢ ᠨᠦᠯᠤᠬᠡᠯᠡᠳᠡᠭ᠃ ᠳᠤᠨᠳᠠᠰᠤ ᠨᠢ ᠢᠯᠡᠷᠬᠡᠢ ᠪᠠᠭᠤᠷᠠᠵᠤ᠂ ᠳᠤᠩᠭᠠᠯᠠᠭ ᠡᠳᠤᠷ ᠤᠨ ᠳᠤᠭ᠎ᠠ ᠠᠷᠪᠢᠤᠨᠴᠤ᠂ ᠠᠭᠤᠷ ᠠᠮᠢᠰᠬᠤᠯ ᠴᠡᠯᠮᠡᠭ ᠳᠤᠩᠭᠠᠯᠠᠭ ᠪᠤᠯᠵᠤ᠂ ᠡᠭᠴᠠ ᠦᠵᠡᠭᠳᠡᠴᠠ ᠨᠢ ᠪᠦᠬᠦ ᠵᠢᠯ ᠤᠨ ᠬᠠᠮᠤᠭ ᠤᠨ ᠰᠠᠶᠢᠨ ᠬᠤᠭᠤᠴᠠᠭ᠎ᠠ ᠪᠤᠯᠳᠠᠭ᠃ ᠡᠳᠤᠷ ᠰᠦᠨᠢ ᠶᠢᠨ ᠳᠤᠯᠠᠭᠠᠨ ᠤ ᠵᠦᠷᠢᠶ᠎ᠡ ᠶᠡᠬᠡᠤᠨᠴᠤ᠂ ᠦᠩᠬᠡᠷᠡᠭᠰᠡᠨ ᠵᠢᠯ ᠤᠳ  ᠤᠨ 9 ᠰᠠᠷ᠎ᠠ ᠶᠢᠨ ᠳᠤᠮᠳᠠᠴᠢ ᠳᠤᠯᠠᠭᠠᠨ ᠤ ᠬᠡᠮᠵᠢᠶ᠎ᠡ 15.6 ᠭᠷᠠᠳᠦ᠋ᠰ ᠪᠠᠶᠢᠵᠤ᠂ ᠳᠤᠶᠢᠯ ᠤᠨ ᠬᠠᠮᠤᠭ ᠤᠨ ᠦᠨᠳᠤᠷ ᠳᠤᠯᠠᠭᠠᠨ ᠤ ᠬᠡᠮᠵᠢᠶ᠎ᠡ 35.1 ᠭᠷᠠᠳᠦ᠋ᠰ ︵1998 ᠤᠨ ᠤ 9 ᠰᠠᠷ᠎ᠠ︶᠂ ᠳᠤᠶᠢᠯ ᠤᠨ ᠬᠠᠮᠤᠭ ᠤᠨ ᠳᠤᠤᠷ᠎ᠠ ᠳᠤᠯᠠᠭᠠᠨ ᠤ ᠬᠡᠮᠵᠢᠶ᠎ᠡ-3.5 ᠭᠷᠠᠳᠦ᠋ᠰ ︵1997 ᠤᠨ ᠤ 9 ᠰᠠᠷ᠎ᠠ︶ ᠪᠠᠶᠢᠵᠠᠢ᠃ 9 ᠰᠠᠷ᠎ᠠ  ᠶᠢᠨ ᠬᠤᠷᠢᠤᠨ ᠠᠴᠠ 10 ᠰᠠᠷ᠎ᠠ ᠶᠢᠨ ᠳᠤᠮᠳᠠᠴᠢ  ᠪᠤᠯᠬᠤ ᠳᠤ ᠶᠡᠭᠡ ᠰᠠᠯᠬᠢ ᠬᠦᠳᠡᠯᠵᠤ᠂ ᠳᠤᠯᠠᠭᠠᠨ ᠤ ᠬᠡᠮᠵᠢᠶ᠎ᠡ ᠪᠠᠭᠤᠷᠠᠳᠠᠭ᠃ ᠡᠷᠳᠠ ᠬᠢᠷᠠᠭᠤ ᠨᠢ ᠶᠡᠷᠤ ᠳᠤ ᠪᠠᠨ ᠶᠡᠭᠡ ᠰᠠᠯᠬᠢ ᠬᠦᠳᠡᠯᠤᠨ ᠳᠤᠯᠠᠭᠠᠨ ᠤ ᠬᠡᠮᠵᠢᠶ᠎ᠡ ᠪᠠᠭᠤᠷᠠᠬᠤ ᠠᠭᠤᠷ ᠠᠮᠢᠰᠬᠤᠯ ᠲᠠᠢ ᠳᠠᠭᠠᠯᠳᠤᠨ ᠢᠯᠡᠷᠡᠳᠡᠭ᠃ ᠦᠩᠬᠡᠷᠡᠭᠰᠡᠨ ᠵᠢᠯ ᠤᠳ ᠤᠨ 9 ᠰᠠᠷ᠎ᠠ ᠶᠢᠨ ᠳᠤᠮᠳᠠᠴᠢ ᠳᠤᠨᠳᠠᠰᠤ ᠨᠢ 34.3 ᠮᠢᠯᠢᠮᠧᠲᠷ ᠪᠠᠶᠢᠵᠤ᠂ ᠰᠠᠷ᠎ᠠ ᠶᠢᠨ ᠬᠠᠮᠤᠭ ᠤᠨ ᠶᠡᠭᠡ ᠳᠤᠨᠳᠠᠰᠤ ᠨᠢ 91.9 ᠮᠢᠯᠢᠮᠧᠲᠷ ︵2001 ᠤᠨ︶ ᠲᠤ ᠬᠦᠷᠪᠡ᠃     ᠲᠦᠷᠪᠡ᠂ ᠡᠪᠤᠯ ᠤᠨ ᠤᠯᠠᠷᠢᠯ     ᠠᠭᠤᠷ ᠠᠮᠢᠰᠬᠤᠯ ᠭᠠᠩ ᠬᠠᠭᠤᠷᠠᠢ᠂ ᠳᠤᠨᠳᠠᠰᠤ ᠬᠤᠪᠤᠷ᠂ ᠳᠤᠮᠳᠠᠴᠢ ᠪᠠᠷ ᠵᠦᠪᠬᠡᠨ 5.8 ᠮᠢᠯᠢᠮᠧᠲᠷ ᠯᠠ ᠪᠠᠶᠢᠵᠤ᠂ ᠪᠦᠬᠦ ᠵᠢᠯ ᠤᠨ ᠶᠡᠷᠤᠩᠬᠡᠢ ᠬᠡᠮᠵᠢᠶ᠎ᠡ ᠶᠢᠨ 2% ᠶᠢ ᠡᠵᠡᠯᠡᠵᠤ ᠪᠤᠢ᠃ ᠬᠦᠢᠳᠡᠨ ᠠᠭᠤᠷ ᠠᠮᠢᠰᠬᠤᠯ ᠤᠯᠠᠨᠳᠠ ᠢᠯᠡᠷᠡᠨ᠂ ᠤᠯᠠᠷᠢᠯ ᠤᠨ ᠳᠤᠳᠤᠷ᠎ᠠ ᠨᠠᠮ ᠰᠠᠯᠬᠢᠨ ᠢᠯᠡᠷᠡᠬᠦ ᠤᠳᠠᠭ᠎ᠠ ᠬᠠᠮᠤᠭ ᠤᠨ ᠠᠷᠪᠢᠨ᠂ ᠳᠠᠷᠠᠭᠠᠯᠠᠪᠠᠯ ᠪᠠᠷᠠᠭᠤᠨ ᠡᠮᠤᠨ᠎ᠡ ᠪᠠ ᠪᠠᠷᠠᠭᠤᠨ ᠠᠴᠠ ᠰᠠᠯᠬᠢᠯᠠᠨ᠂ ᠰᠠᠯᠬᠢᠨ ᠰᠢᠷᠤᠢ ᠲᠠᠢ ᠴᠠᠭ ᠠᠭᠤᠷ ᠠᠷᠪᠢᠨ ᠪᠠᠶᠢᠳᠠᠭ᠃ 12 ᠰᠠᠷ᠎ᠠ ᠶᠢᠨ ᠰᠢᠨᠡᠤᠨ ᠠᠴᠠ ᠳᠠᠷᠠᠭ᠎ᠠ ᠵᠢᠯ ᠤᠨ 3 ᠰᠠᠷ᠎ᠠ ᠶᠢᠨ ᠰᠢᠨᠡᠤᠨ ᠬᠦᠷᠳᠡᠯ᠎ᠡ᠂ ᠮᠤᠩᠭᠤᠯ ᠤᠨ ᠬᠦᠢᠳᠡᠨ ᠦᠨᠳᠤᠷ ᠳᠠᠷᠤᠯᠳᠠ ᠨᠢ ᠬᠠᠮᠤᠭ ᠤᠨ ᠴᠢᠩᠭ᠎ᠠ ᠬᠤᠭᠤᠴᠠᠭ᠎ᠠ ᠳᠤ ᠤᠷᠤᠵᠤ᠂ ᠬᠦᠢᠳᠡᠨ ᠦᠨᠳᠤᠷ ᠳᠠᠷᠤᠯᠳᠠ ᠶᠢᠨ ᠬᠢᠵᠠᠭᠠᠷᠯᠠᠯ ᠳᠤᠤᠷ᠎ᠠ ᠠᠭᠤᠷ ᠠᠮᠢᠰᠬᠤᠯ ᠬᠦᠢᠳᠡᠷᠡᠵᠤ᠂ ᠭᠠᠩ ᠬᠠᠭᠤᠷᠠᠢ ᠪᠤᠯᠵᠤ᠂ ᠤᠬᠤᠷᠬᠠᠨ ᠬᠤᠭᠤᠴᠠᠭᠠᠨ᠎ᠠ ᠳᠤᠯᠠᠭᠠᠨ ᠨᠢ ᠲᠦᠷᠬᠡᠨ ᠳᠤᠷᠤᠭᠰᠢᠯᠠᠨ᠂ ᠵᠠᠷᠢᠮ ᠳᠤ ᠪᠠᠨ 24 ᠴᠠᠭ ᠤᠨ ᠳᠤᠳᠤᠷ᠎ᠠ ᠳᠤᠯᠠᠭᠠᠨ ᠤ ᠬᠡᠮᠵᠢᠶ᠎ᠡ ᠪᠠᠭᠤᠷᠠᠬᠤ ᠨᠢ 10 ᠭᠷᠠᠳᠦ᠋ᠰ ᠠᠴᠠ ᠳᠡᠬᠡᠭᠰᠢ ᠬᠦᠷᠴᠤ᠂ ᠴᠢᠩᠭ᠎ᠠ ᠬᠦᠢᠳᠡᠨ ᠤᠷᠤᠰᠬᠠᠯ ᠨᠢ 14 ᠭᠷᠠᠳᠦ᠋ᠰ ᠠᠴᠠ ᠳᠡᠬᠡᠭᠰᠢ ᠬᠦᠷᠴᠤ᠂ ᠬᠦᠢᠳᠡᠨ ᠤᠷᠤᠰᠬᠠᠯ ᠤᠨ ᠶᠡᠭᠡ ᠰᠠᠯᠬᠢ ᠯᠤᠭ᠎ᠠ ᠳᠠᠭᠠᠯᠳᠤᠨ᠂ ᠴᠠᠰᠤ ᠤᠨᠠᠬᠤ ᠪᠤᠶᠤ ᠬᠠᠶᠠᠯᠠᠨ᠂ ᠰᠠᠯᠬᠢ ᠰᠢᠭᠤᠷᠭ᠎ᠠ ᠳᠡᠭᠳᠡᠳᠡᠭ᠃ ᠡᠨᠡ ᠨᠢ ᠮᠦᠨ ᠴᠤ ᠲᠦᠷᠪᠡᠨ ᠤᠯᠠᠷᠢᠯ ᠳᠤ ᠬᠢ ᠬᠠᠮᠤᠭ ᠤᠨ ᠬᠦᠢᠳᠡᠨ ᠤᠯᠠᠷᠢᠯ ᠪᠤᠯᠤᠨ᠎ᠠ᠃ ᠦᠩᠬᠡᠷᠡᠭᠰᠡᠨ ᠵᠢᠯ ᠤᠨ ᠳᠤᠶᠢᠯ ᠤᠨ ᠬᠠᠮᠤᠭ  ᠤᠨ ᠳᠤᠤᠷ᠎ᠠ ᠳᠤᠯᠠᠭᠠᠨ ᠤ ᠬᠡᠮᠵᠢᠶ᠎ᠡ ᠨᠢ-30.4 ᠭᠷᠠᠳᠦ᠋ᠰ ︵1998 ᠤᠨ ᠤ 1 ᠰᠠᠷ᠎ᠠ ᠶᠢᠨ 19︶ ᠪᠤᠯᠵᠠᠢ᠂ 3 ᠰᠠᠷ᠎ᠠ ᠶᠢᠨ ᠬᠤᠷᠢᠨ ᠠᠴᠠ 4 ᠰᠠᠷ᠎ᠠ ᠶᠢᠨ ᠳᠤᠮᠳᠠᠴᠢ ᠪᠤᠯᠳᠠᠯ᠎ᠠ ᠮᠤᠩᠭᠤᠯ ᠤᠨ ᠬᠦᠢᠳᠡᠨ ᠦᠨᠳᠤᠷ ᠳᠠᠷᠤᠯᠳᠠ ᠪᠠᠭᠤᠷᠠᠵᠤ᠂ ᠳᠤᠯᠠᠭᠠᠨ ᠤ ᠬᠡᠮᠵᠢᠶ᠎ᠡ ᠠᠭᠠᠵᠢᠮ ᠢᠶᠠᠷ ᠳᠡᠬᠡᠭᠰᠢᠯᠡᠳᠡᠭ᠃
ᠢᠷᠡᠯᠲᠡ᠄ ᠤᠳᠤᠭ ᠤᠨ ᠡᠮᠤᠨᠡᠳᠤ ᠬᠤᠰᠢᠭᠤᠨ ᠤ ᠤᠶᠢᠯᠠᠯᠭ᠎ᠠ