4 ᠰᠠᠷ᠎ᠠ ᠶᠢᠨ 11 ᠤ ᠡᠳᠤᠷ᠂ ᠪᠤᠷᠤᠪᠠᠯᠭᠠᠰᠤ ᠪᠠᠯᠭᠠᠰᠤ ᠶᠢᠨ ᠬᠤᠯᠤᠰᠤᠨ ᠨᠠᠭᠤᠷ ᠳᠤᠰᠬᠤᠨ ᠢ ᠳᠠᠭᠠᠭᠠᠴᠢᠯᠠᠨ ᠬᠠᠷᠢᠯᠴᠠᠵᠤ ᠪᠠᠶᠢᠭ᠎ᠠ ᠦᠪᠤᠷ ᠮᠤᠩᠭᠤᠯ | ᠤᠨ ᠪᠤᠷᠤᠪᠠᠯᠭᠠᠰᠤ ᠶᠢᠨ ᠺᠠᠳ᠋ᠷᠴᠤᠤᠨ ᠤᠨ ᠳᠡᠬᠡᠳᠤ ᠰᠤᠷᠭᠠᠭᠤᠯᠢ ᠨᠢ ᠳᠤᠰ ᠳᠤᠰᠬᠤᠨ ᠤ 169 ᠮᠠᠯᠴᠢᠨ ᠳᠠᠷᠢᠶᠠᠴᠢᠨ ᠡᠷᠤᠬᠡ ᠳᠤ ᠬᠡᠷᠡᠯᠯᠢᠭ ᠳᠡᠬᠡᠰᠤ | ᠤᠭᠰᠠᠷᠠᠭᠤᠯᠬᠤ ᠪᠠᠷᠢᠯᠭ᠎ᠠ ᠶᠢᠨ ᠠᠵᠢᠯ ᠢᠶᠠᠨ ᠡᠬᠢᠯᠡᠬᠦᠯᠵᠠᠢ᠃ | | | | | ᠰᠤᠷᠪᠤᠯᠵᠢᠯᠠᠭᠴᠢ ᠳᠤᠰ ᠳᠤᠰᠬᠤᠨ ᠤ ᠯᠢᠤ ᠸᠧᠨ ᠯᠢᠶᠠᠩ ᠤᠨ ᠳᠤ ᠤᠴᠢᠬᠤ ᠳᠤ᠂ ᠯᠢᠤ ᠸᠧᠨ ᠯᠢᠶᠠᠩ ᠶᠠᠭ ᠰᠠᠶᠢᠬᠠᠨ ᠰᠢᠨ᠎ᠠ ᠪᠠᠷ ᠤᠭᠰᠠᠷᠠᠭᠤᠯᠤᠭᠰᠡᠨ | ᠰᠦᠯᠵᠢᠶ᠎ᠡ ᠪᠠᠷ ᠨᠢᠩᠰᠢᠶᠠ ᠶᠢᠨ ᠢᠷᠭᠠᠢ ᠬᠤᠳᠠ ᠳᠤ ᠪᠠᠶᠢᠭ᠎ᠠ ᠡᠬᠡᠴᠢ ᠲᠠᠢ ᠪᠠᠨ ᠸᠢᠳᠢᠤ᠋ ᠪᠠᠷ ᠶᠠᠷᠢᠯᠴᠠᠵᠤ᠂ ᠰᠦᠯᠵᠢᠶ᠎ᠡ ᠳᠤᠬᠢᠶ᠎ᠠ ᠰᠠᠶᠢᠵᠢᠷᠠᠭᠰᠡᠨ ᠳᠤ ᠪᠠᠨ ᠮᠠᠰᠢ | ᠪᠠᠶᠠᠷᠳᠠᠢ ᠪᠠᠶᠢᠯ᠎ᠠ᠃ | | | | | ᠦᠩᠬᠡᠷᠡᠭᠰᠡᠨ ᠳᠤ ᠳᠠᠳᠠᠨ ᠤ ᠬᠡᠷ ᠲᠤ ᠰᠦᠯᠵᠢᠶ᠎ᠡ ᠳᠤᠬᠢᠶ᠎ᠠ ᠠᠨᠠᠶᠢᠬᠠᠨ ᠪᠠᠶᠢᠵᠠᠢ᠃ ᠡᠳᠤᠬᠡ ᠬᠡᠷᠡᠯᠯᠢᠭ ᠳᠡᠬᠡᠰᠤ ᠶᠢ ᠬᠡᠷ ᠲᠤ ᠪᠠᠨ ᠵᠠᠯᠭᠠᠭᠰᠡᠨ ᠠᠴᠠ | ᠨᠠᠭᠠᠰᠢ᠂ ᠰᠦᠯᠵᠢᠶ᠎ᠡ ᠳᠤᠬᠢᠶ᠎ᠠ ᠨᠢ ᠰᠠᠶᠢᠵᠢᠷᠠᠵᠤ᠂ ᠸᠢᠳᠢᠤ᠋᠂ ᠤᠳᠠᠰᠤ ᠪᠠᠷ ᠶᠠᠷᠢᠬᠤ ᠪᠤᠶᠤ ᠲᠧᠯᠸᠢᠰ ᠦᠵᠡᠬᠦ ᠪᠦᠷ ᠲᠦᠬᠦᠮ ᠪᠤᠯᠵᠠᠢ᠃ ᠪᠠᠰᠠ ᠬᠢᠨᠠᠨ ᠡᠵᠡᠮᠳᠡᠬᠦᠷ | ᠢ ᠤᠭᠰᠠᠷᠠᠭᠤᠯᠤᠭᠰᠡᠨ ᠠᠴᠠ ᠳᠠᠷᠢᠵᠤ ᠳᠡᠵᠢᠬᠡᠬᠦ ᠠᠵᠢᠯ ᠳᠤ ᠨᠢ ᠴᠤ ᠮᠠᠰᠢ ᠲᠦᠬᠦᠮ ᠪᠤᠯᠭᠠᠵᠠᠢ᠃ ᠦᠨ᠎ᠠ ᠬᠠᠩᠰᠢ ᠶᠢᠨ ᠳᠠᠯ᠎ᠠ ᠪᠠᠷ ᠠᠰᠠᠭᠤᠬᠤ ᠳᠤ ᠳᠠᠷᠠ᠄ ︽ | ᠦᠩᠬᠡᠷᠡᠭᠰᠡᠨ ᠳᠤ ᠮᠠᠨ ᠤ ᠬᠢᠨ ᠵᠢᠯ ᠪᠦᠷᠢ 1200 ᠭᠠᠷᠤᠢ ᠲᠦᠬᠦᠷᠢᠭ ᠳᠤᠰᠢᠶᠡᠵᠤ ᠤᠳᠠᠰᠤ ᠦᠬᠡᠢ ᠳᠤᠬᠢᠶ᠎ᠠ ᠶᠢ ᠤᠯᠳᠠᠭ ᠪᠠᠶᠢᠭᠰᠡᠨ᠂ ᠤᠳᠤ ᠡᠨᠡ ᠬᠦ | ᠬᠡᠷᠡᠯᠯᠢᠭ ᠳᠡᠬᠡᠰᠤ ᠶᠢ ᠬᠡᠷ ᠲᠤ ᠪᠠᠨ ᠤᠷᠤᠭᠤᠯᠤᠭᠠᠤᠨ ᠠᠪᠤᠭᠰᠠᠨ ᠴᠢᠨᠢ ᠭᠤᠷᠪᠠᠨ ᠵᠢᠯ ᠳᠤ ᠰᠠᠶ᠋ᠢ 1000 ᠲᠦᠬᠦᠷᠢᠭ ᠬᠤᠷᠢᠶᠠᠵᠤ ᠠᠪᠤᠨ᠎ᠠ ᠬᠡᠨ᠎ᠡ᠂ ᠦᠨᠡᠬᠡᠷ | ᠭᠠᠮᠳᠠᠢ ᠪᠠᠶᠢᠨ᠎ᠠ︾ ᠬᠡᠵᠤ ᠰᠡᠤᠨᠬᠢᠯ ᠳᠤᠭᠳᠤᠯᠤᠨ ᠶᠠᠷᠢᠵᠤ ᠪᠠᠶᠢᠯ᠎ᠠ᠃ | | | | | ᠤᠶᠢᠯᠠᠭᠠᠭᠰᠡᠨ ᠢᠶᠠᠷ᠂ ᠳᠤᠰ ᠤᠳᠠᠭ᠎ᠠ ᠶᠢᠨ ᠬᠡᠷᠡᠯᠯᠢᠭ ᠳᠡᠬᠡᠰᠤ ᠶᠢ ᠡᠷᠤᠬᠡ ᠳᠤ ᠤᠷᠤᠭᠤᠯᠬᠤ ᠲᠦᠷᠤᠯ ᠵᠦᠢᠯ ᠳᠤ ᠦᠪᠤᠷ ᠮᠤᠩᠭᠤᠯ ᠤᠨ ᠪᠤᠷᠤᠪᠠᠯᠭᠠᠰᠤ | ᠶᠢᠨ ᠺᠠᠳ᠋ᠷᠴᠤᠤᠨ ᠤᠨ ᠳᠡᠬᠡᠰᠤ ᠰᠤᠷᠭᠠᠭᠤᠯᠢ ᠠᠴᠠ ᠢᠳᠡᠪᠬᠢᠳᠠᠢ ᠪᠡᠯᠡ ᠮᠦᠩᠬᠦ ᠵᠤᠬᠢᠴᠠᠭᠤᠯᠵᠤ ᠶᠠᠷᠤᠩᠬᠡᠢ ᠪᠡᠯᠡ ᠤᠷᠤᠭᠤᠯᠤᠯᠳᠠ ᠶᠢ 85.4 ᠲᠦᠮᠡᠨ ᠲᠦᠬᠦᠷᠢᠭ | ᠲᠤ ᠬᠦᠷᠬᠡᠵᠤ᠂ 169 ᠮᠠᠯᠵᠢᠬᠤ ᠳᠠᠷᠢᠶᠠᠯᠠᠬᠤ ᠡᠷᠤᠬᠡ ᠳᠤ ᠠᠰᠢᠭ ᠬᠦᠷᠳᠡᠬᠡᠬᠦ ᠪᠤᠯᠤᠨ᠎ᠠ᠃ |