ᠴᠡᠷᠢᠭ ᠠᠷᠠᠳ ᠤᠨ ᠠᠮᠢᠨ ᠲᠡᠵᠢᠭᠡᠯ ᠸᠠᠩ ᠵᠧᠨ ᠤ ᠬᠤᠤᠳᠤᠭ — ᠬᠤᠶᠠᠳᠣᠭᠠᠷ ᠪᠦᠯᠦᠭ ︵ᠨᠢᠭᠡ︶
ᠨᠡᠶᠢᠲᠡᠯᠡᠭᠰᠡᠨ ᠴᠠᠭ᠄
2024/4/23
     ᠬᠤᠶᠠᠳᠣᠭᠠᠷ ᠪᠦᠯᠦᠭ    ᠪᠣᠷᠣᠪᠠᠯᠭᠠᠰᠣ ᠶᠢ ᠴᠢᠯᠦᠭᠡᠯᠡᠭᠰᠡᠨ ᠨᠢ     ᠨᠢᠭᠡ᠂  ᠭᠤᠮᠢᠨᠳᠠᠩ ᠠᠴᠠ ᠡᠪ ᠬᠠᠮᠳᠣ ᠨᠠᠮ ᠢ ᠡᠰᠡᠷᠭᠦᠴᠡᠭᠦ ᠦᠷᠨᠢᠯᠳᠠ ᠭᠠᠷᠭᠠᠭᠰᠡᠨ ᠨᠢ     ᠶᠠᠫᠣᠨ ᠢ ᠡᠰᠡᠷᠭᠦᠴᠡᠭᠦ ᠲᠡᠶᠢᠨ ᠤ ᠦᠶ᠎ᠡ ᠳᠤ᠂ ᠱᠠᠨ— ᠭᠠᠨ— ᠨᠢᠩ ᠬᠢᠵᠠᠭᠠᠷ ᠤᠷᠤᠨ ᠨᠢ ᠨᠠᠮ ᠤᠨ ᠳᠦᠪ ᠬᠤᠷᠢᠶᠡᠨ ᠤ ᠰᠢᠭᠤᠳ ᠣᠳᠣᠷᠢᠳᠣᠯᠭ᠎ᠠ ᠳᠣᠣᠷ᠎ᠠ ᠪᠦᠭᠦ ᠣᠯᠣᠰ ᠤᠨ ᠶᠠᠫᠣᠨ ᠢ ᠡᠰᠡᠷᠭᠦᠴᠡᠭᠦ ᠦᠨᠳᠣᠰᠣᠳᠡᠨ ᠤ ᠵᠢᠱᠢᠶᠡᠴᠢ ᠰᠠᠭᠤᠷᠢᠨ ᠭᠠᠵᠠᠷ᠂ ᠣᠯᠣᠰ ᠤᠨ ᠳᠣᠳᠣᠭᠠᠳᠣᠬᠢ ᠬᠤᠪᠢᠰᠬᠠᠯᠴᠢᠳ ᠤᠨ ᠬᠦᠰᠡᠯ ᠳᠡᠮᠡᠤᠯᠡᠯ ᠤᠨ ᠭᠠᠵᠠᠷ ᠪᠠᠶᠢᠭᠰᠡᠨ  ᠮᠦᠷᠳᠡᠬᠡᠨ ᠨᠡᠢᠮᠠᠳᠣᠭᠠᠷ ᠵᠠᠮ ᠤᠨ ᠴᠡᠷᠢᠭ᠂ ᠰᠢᠨ᠎ᠡ ᠳᠦᠷᠪᠡᠳᠣᠭᠡᠷ ᠠᠷᠮᠢ ᠶᠢᠨ ᠶᠠᠫᠣᠨ ᠢ ᠡᠰᠡᠷᠭᠦᠴᠡᠭᠦ ᠶᠡᠷᠣᠩᠬᠡᠢ ᠠᠷᠣ ᠲᠠᠯ᠎ᠠ ᠪᠣᠯᠵᠣ᠂ ᠳᠡᠯᠡᠬᠡᠢ ᠶᠢᠨ ᠳᠡᠪᠰᠢᠩᠭᠤᠢ ᠭᠦᠴᠦᠨ ᠤ ᠠᠩᠬᠠᠷᠣᠯ ᠢ ᠶᠡᠬᠡᠳᠠ ᠳᠠᠳᠠᠪᠠ᠃ ᠳᠣᠬᠠᠢ ᠶᠢᠨ ᠦᠶ᠎ᠡ ᠳᠤ᠂ ᠡᠪ ᠬᠠᠮᠳᠤ ᠨᠠᠮ ᠪᠤᠯᠤᠨ ᠭᠤᠮᠢᠨᠳᠠᠩ ᠬᠤᠶᠡᠷ ᠨᠠᠮ ᠬᠤᠶᠠᠳᠡᠬᠢ ᠣᠳᠠᠭ᠎ᠠ ᠬᠤᠷᠰᠢᠨ ᠠᠵᠢᠯᠯᠠᠵᠤ᠂ ᠭᠤᠮᠢᠨᠳᠠᠩ ᠤᠨ ᠵᠠᠰᠠᠭ ᠤᠨ  ᠭᠠᠵᠠᠷ ᠤᠨ ᠬᠢᠨ ᠱᠠᠨ— ᠭᠠᠨ— ᠨᠢᠩ ᠬᠢᠵᠠᠭᠠᠷ ᠤᠷᠤᠨ ᠤ ᠬᠠᠣᠯᠢ ᠶᠣᠰᠣᠨ ᠤ ᠪᠡᠶᠢᠷᠢ ᠰᠠᠭᠤᠷᠢ ᠶᠢ ᠠᠯᠪᠡᠳᠠᠯᠭ᠎ᠠ ᠪᠠᠷ ᠵᠦᠪᠰᠢᠶᠡᠷᠡᠭᠰᠡᠨ ᠶᠤᠮ᠃ ᠬᠡᠪᠡᠴᠤ ᠭᠤᠮᠢᠨᠳᠠᠩ ᠤᠨ ᠪᠣᠷᠣᠩᠬᠤᠶᠢᠴᠣᠳ ᠡᠪ ᠬᠠᠮᠳᠣ ᠨᠠᠮ ᠪᠠ ᠠᠷᠠᠳ ᠳᠦᠮᠡᠨ  ᠢ ᠡᠰᠡᠷᠭᠦᠴᠡᠭᠦ ᠮᠦᠨ ᠴᠢᠨᠠᠷ ᠢᠶᠠᠨ ᠦᠬᠡᠷᠡᠴᠢᠯᠡᠭᠡ ᠦᠬᠡᠢ᠂ ᠱᠠᠨ— ᠭᠠᠨ— ᠨᠢᠩ ᠬᠢᠵᠠᠭᠠᠷ ᠤᠷᠤᠨ ᠨᠢ ᠳᠡᠳᠡᠨ ᠤ ᠡᠪ ᠬᠠᠮᠳᠣ ᠨᠠᠮ ᠢ ᠡᠰᠡᠷᠭᠦᠴᠡᠭᠦ ᠳᠦᠷᠦ  ᠶᠢᠨ ᠪᠣᠳᠣᠯᠭ᠎ᠠ ᠶᠢᠨ ᠬᠠᠮᠤᠭ ᠤᠨ ᠶᠡᠭᠡ ᠰᠠᠭᠠᠳ ᠬᠠᠷᠰᠢ ᠪᠣᠯᠬᠤ ᠶᠢ  ᠳᠣᠳᠣᠷᠬᠠᠢ ᠮᠡᠳᠡᠵᠤ ᠪᠠᠶᠢᠭᠰᠡᠨ ᠪᠣᠯᠬᠤᠷ ᠬᠢᠵᠠᠭᠠᠷ ᠣᠷᠣᠨ ᠢ ᠨᠢᠳᠤᠨ ᠳᠤ ᠤᠷᠤᠭᠰᠡᠨ ᠬᠤᠭ᠂ ᠮᠢᠬᠠᠨ ᠳᠤ ᠤᠷᠭᠤᠭᠰᠠᠨ ᠦᠷᠭᠡᠰᠣ ᠮᠠᠳᠣ ᠪᠠᠷ ᠦᠵᠡᠵᠣ ᠶᠠᠭᠠᠬᠢᠪᠠᠯ ᠰᠠᠶ᠋ᠢ ᠤᠰᠠᠤᠨᠬᠠᠵᠤ ᠴᠢᠳᠠᠬᠤ ᠪᠤᠢ ᠬᠡᠵᠤ ᠰᠠᠨᠠᠭᠠᠰᠢᠷᠠᠳᠠᠭ ᠪᠠᠶᠢᠪᠠ᠃ ᠶᠠᠫᠣᠨ ᠢ ᠡᠰᠡᠷᠭᠦᠴᠡᠭᠦ ᠳᠠᠶᠢᠨ ᠤ ᠪᠦᠭᠦᠶᠢᠯᠠ ᠶᠠᠪᠣᠴᠠ ᠳᠤ ᠳᠠᠳᠠ ᠦᠷᠭᠦᠯᠵᠢ ᠶᠢᠨ ᠴᠢᠨᠠᠷ ᠲᠠᠢ ᠪᠠᠷ ᠴᠡᠷᠢᠭ ᠤᠨ ᠶᠠᠪᠣᠳᠡᠯ ᠤᠨ ᠪᠦᠰᠡᠯᠡᠯᠳᠠ᠂ ᠣᠯᠣᠰ ᠳᠦᠷᠦ  ᠶᠢᠨ ᠴᠣᠬᠢᠯᠳᠠ᠂ ᠠᠵᠣ ᠠᠬᠤᠢ ᠶᠢᠨ ᠪᠢᠳᠡᠬᠦᠮᠵᠢᠯᠡᠯ ᠶᠠᠪᠤᠭᠤᠯᠬᠤ ᠪᠣᠳᠣᠯᠭ᠎ᠠ ᠠᠪᠴᠣ᠂ ᠡᠭᠦᠨ ᠢᠶᠠᠷ ᠳᠠᠮᠵᠢᠭᠤᠯᠣᠨ ᠬᠢᠵᠠᠭᠠᠷ ᠣᠷᠣᠨ ᠤ ᠭᠦᠴᠦᠨ ᠢ ᠪᠠᠭᠤᠷᠠᠭᠤᠯᠬᠤ᠂ ᠳᠡᠷᠡᠴᠢᠯᠡᠨ ᠵᠠᠪᠰᠢᠶᠡᠨ ᠢ ᠳᠠᠯᠢᠮᠳᠠᠭᠤᠯᠣᠨ ᠵᠡᠪᠰᠡᠭᠳᠤ ᠬᠠᠯᠳᠠᠯᠭ᠎ᠠ ᠬᠢᠵᠤ ᠬᠢᠵᠠᠭᠠᠷ ᠣᠷᠣᠨ ᠢ ᠣᠰᠠᠳᠬᠠᠬᠤ ᠪᠠᠷ ᠭᠤᠷᠢᠳᠠᠪᠠ᠃      1938 ᠣᠨ ᠳᠤ᠂ ᠶᠠᠫᠣᠨ ᠢ ᠡᠰᠡᠷᠬᠦᠴᠡᠬᠦ ᠳᠡᠶᠢᠨ ᠬᠦᠴᠤᠨ ᠳᠡᠩᠴᠡᠯᠳᠤᠬᠦ ᠱᠠᠳᠣᠨ ᠳᠤ ᠣᠷᠣᠪᠠ᠃ ᠭᠤᠮᠢᠨᠳᠠᠩ ᠤᠨ ᠳᠡᠷᠰᠯᠡᠬᠦᠤ ᠡᠳᠡᠭᠡᠳ ᠵᠠᠪᠰᠢᠶᠡᠨ ᠢ ᠳᠠᠯᠢᠮᠳᠠᠭᠤᠯᠣᠨ᠂ ᠳᠠᠶᠢᠨ ᠤ ᠪᠤᠳᠤᠯᠭ᠎ᠠ ᠶᠢᠨ ᠭᠤᠣᠯᠳᠠᠯᠭ᠎ᠠ ᠪᠠᠨ ᠨᠠᠵᠠᠭᠠᠢ ᠪᠠᠷ ᠶᠠᠫᠣᠨ ᠢ ᠡᠰᠡᠷᠭᠦᠴᠡᠵᠣ ᠪᠠᠶᠢᠭᠰᠠᠨ ᠠᠴᠠ ᠪᠠᠨ ᠢᠳᠡᠭ ᠢᠳᠡᠭ ᠢᠶᠠᠷ ᠡᠪ ᠬᠠᠮᠳᠣ ᠨᠠᠮ ᠪᠠ ᠠᠷᠠᠳ ᠳᠦᠮᠡᠨ ᠢ  ᠢᠳᠡᠪᠬᠢᠳᠡᠢ ᠡᠰᠡᠷᠭᠦᠴᠡᠭᠦ ᠳᠡᠰᠢ ᠰᠢᠯᠵᠢᠬᠦᠯᠵᠤ᠂ 1939  ᠣᠨ ᠤ ᠡᠪᠣᠯ ᠡᠪ ᠬᠠᠮᠳᠣ ᠨᠠᠮ ᠢ ᠡᠰᠡᠷᠭᠦᠴᠡᠭᠦ ᠨᠢᠬᠡᠳᠤᠬᠡᠷ ᠤᠳᠠᠭᠠᠨ  ᠤ ᠦᠷᠨᠢᠯᠳᠠ ᠭᠠᠷᠭᠠᠪᠠ᠃ 1939  ᠣᠨ ᠤ 12  ᠰᠠᠷ᠎ᠠ ᠳᠤ᠂ ᠵᠢᠶᠠᠩ ᠵᠢᠶᠧ ᠱᠢ ᠠᠴᠠ ᠱᠠᠨ— ᠭᠠᠨ— ᠨᠢᠩ ᠬᠢᠵᠠᠭᠠᠷ ᠤᠷᠤᠨ ᠢ ᠪᠦᠰᠡᠯᠡᠵᠤ ᠪᠠᠶᠢᠭᠰᠡᠨ ᠬᠤ᠋ ᠽᠥᠩ ᠨᠠᠨ ᠤ ᠴᠡᠷᠢᠭ ᠲᠤ ᠬᠢᠵᠠᠭᠠᠷ ᠣᠷᠣᠨ ᠳᠡᠶᠢᠰᠢ ᠳᠡᠯᠠᠶᠢᠴᠠ ᠶᠡᠬᠡᠳᠡᠢ ᠳᠤᠪᠳᠤᠯᠤᠯᠳᠠ ᠶᠠᠪᠤᠭᠤᠯᠬᠤ ᠵᠠᠷᠯᠢᠭ ᠪᠠᠭᠤᠯᠭᠠᠭᠰᠡᠨ ᠠᠴᠠ ᠨᠡᠢᠮᠠᠳᠣᠭᠠᠷ ᠵᠠᠮ ᠤᠨ ᠴᠡᠷᠢᠭ ᠤᠨ ᠰᠠᠭᠤᠨ ᠰᠠᠬᠢᠵᠣ ᠪᠠᠶᠢᠭᠰᠠᠨ 5  ᠰᠢᠶᠡᠨ ᠤ ᠬᠤᠳᠠ ᠣᠷᠢᠳ ᠬᠤᠵᠢᠳ ᠡᠵᠡᠯᠡᠭᠳᠡᠪᠡ᠃ ᠬᠤ᠋ ᠽᠥᠩ ᠨᠠᠨ ᠪᠠᠰᠠ ᠣᠯᠠᠮ ᠴᠠᠭᠠᠰᠢᠳᠠ ᠴᠡᠷᠢᠭ ᠳᠠᠶᠢᠴᠢᠯᠡᠨ᠂ ᠶᠠᠨ ᠠᠨ ᠢ ᠳᠣᠪᠳᠣᠯᠬᠤ ᠪᠠᠷ ᠪᠡᠯᠡᠤᠨᠬᠡᠵᠤ᠂ ᠬᠤᠶᠢᠳᠤ ᠱᠤᠭᠤᠮ ᠤᠨ ᠭᠤᠮᠢᠨᠳᠠᠩ ᠤᠨ ᠴᠡᠷᠢᠭ ᠴᠣ᠋ ᠭᠤᠷᠪᠡᠨ ᠬᠢᠵᠠᠭᠠᠷ ᠤᠨ ᠶᠡᠬᠡᠩᠬᠢ ᠭᠡᠰᠡᠭ ᠭᠠᠵᠠᠷ ᠢ ᠡᠵᠡᠯᠡᠪᠡ᠃ ᠳᠣᠬᠠᠢ ᠶᠢᠨ ᠦᠶ᠎ᠡ ᠳᠤ ᠨᠠᠢᠮᠠᠳᠣᠭᠠᠷ ᠵᠠᠮ ᠤᠨ ᠴᠡᠷᠢᠭ ᠤᠨ ᠭᠤᠣᠯ ᠭᠦᠴᠦᠨ ᠶᠠᠫᠣᠨ ᠢ ᠡᠰᠡᠷᠭᠦᠴᠡᠭᠦ ᠳᠡᠶᠢᠨ ᠤ ᠳᠡᠯᠡᠪᠣᠷ  ᠲᠤ ᠮᠣᠷᠳᠠᠭᠰᠠᠨ ᠪᠣᠯᠬᠤᠷ ᠬᠢᠵᠠᠭᠠᠷ ᠣᠷᠣᠨ ᠳᠤ ᠦᠯᠡᠳᠡᠨ ᠰᠠᠬᠢᠭᠰᠡᠨ ᠴᠡᠷᠢᠭ ᠤᠨ ᠭᠦᠴᠦᠨ ᠪᠠᠭᠤᠷᠡᠢ ᠳᠣᠯᠠ ᠠᠷᠭᠠᠴᠠᠬᠤ ᠳᠤ ᠳᠣᠩ ᠭᠦᠴᠢᠷ ᠪᠡᠶᠢᠯ᠎ᠡ᠃  ᠠᠳᠠᠭᠠᠳᠡᠨ ᠳᠡᠶᠢᠰᠣᠨ ᠲᠠᠢ ᠠᠰ ᠳᠣᠯᠭᠠᠷᠠᠭᠰᠠᠨ ᠵᠠᠩᠬᠢᠯᠠᠭ᠎ᠠ ᠶᠢᠨ ᠴᠠᠭ ᠦᠶ᠎ᠡ ᠳᠤ ᠮᠠᠣ ᠽᠧ ᠳ᠋ᠦᠩ ᠤᠮᠠᠷᠠᠳᠤ ᠤᠷᠤᠨ ᠤ ᠳᠡᠶᠢᠰᠣᠨ ᠤ ᠠᠷᠣ ᠲᠠᠯ᠎ᠠ ᠳᠤ ᠪᠠᠶᠢᠭᠰᠠᠨ ᠸᠠᠩ ᠵᠧᠨ ᠳᠤ ᠦᠳᠳᠡᠷ ᠳᠦᠷᠭᠡᠨ ᠴᠡᠷᠢᠭ ᠢᠶᠠᠨ ᠳᠡᠶᠢᠴᠢᠯᠠᠨ ᠱᠠᠨ— ᠭᠠᠨ— ᠨᠢᠩ ᠬᠢᠵᠠᠭᠠᠷ ᠤᠷᠤᠨ ᠳᠤ ᠪᠤᠴᠠᠵᠤ ᠢᠷᠡᠬᠦ ᠪᠠᠴᠢᠮ ᠴᠠᠬᠢᠯᠭᠠᠨ  ᠶᠠᠪᠤᠭᠤᠯᠵᠠᠢ᠃  ᠸᠠᠩ ᠵᠧᠨ ᠴᠠᠬᠢᠯᠭᠠᠨ ᠢ ᠳᠣᠰᠣᠭᠰᠠᠨ ᠤ ᠳᠠᠷᠠᠭ᠎ᠠ 359 ᠳ᠋ᠤᠬᠡᠷ ᠪᠠᠷᠢᠭᠠᠳᠠ ᠪᠠᠨ ᠳᠠᠭᠠᠭᠤᠯᠣᠨ᠂ ᠡᠳᠣᠷ ᠰᠦᠨᠢ ᠦᠬᠡᠢ ᠳᠦᠷᠭᠡᠯᠡᠵᠣ ᠶᠠᠨ ᠠᠨ  ᠳᠤ ᠭᠦᠷᠴᠣ᠂ ᠰᠢᠶᠣᠣ ᠶᠢᠨ ᠭᠤᠸᠠᠩ ᠤᠨ ᠣᠳᠣᠷᠢᠳᠣᠭᠰᠠᠨ ᠬᠢᠵᠠᠭᠠᠷ ᠣᠷᠣᠨ ᠢ ᠰᠠᠬᠢᠨ ᠬᠠᠮᠠᠭᠠᠯᠠᠬᠤ ᠴᠡᠷᠢᠭ ᠠᠩᠬᠢ ᠲᠠᠢ ᠬᠠᠮᠵᠢᠯᠴᠠᠨ᠂ ᠳᠣᠪᠳᠣᠯᠣᠨ ᠣᠷᠣᠵᠣ ᠢᠷᠡᠭᠰᠡᠨ ᠭᠤᠮᠢᠨᠳᠠᠩ ᠤᠨ ᠴᠡᠷᠢᠭ ᠠᠩᠬᠢ ᠳᠤ ᠭᠦᠴᠦᠳᠡᠢ ᠴᠣᠬᠢᠯᠳᠠ ᠦᠭᠭᠦᠭᠰᠡᠨ ᠪᠡᠶᠢᠨ᠎ᠡ᠃      ᠡᠪ ᠬᠠᠮᠳᠣ ᠨᠠᠮ ᠢ ᠡᠰᠡᠷᠭᠦᠴᠡᠭᠦ ᠨᠢᠬᠡᠳᠤᠬᠡᠷ ᠤᠳᠠᠭᠠᠨ ᠤ ᠦᠷᠨᠢᠯᠳᠠ ᠶᠢ ᠴᠤᠬᠢᠨ ᠤᠬᠤᠷᠢᠭᠤᠯᠤᠭᠰᠡᠨ ᠤ ᠳᠠᠷᠠᠭ᠎ᠠ ᠭᠤᠮᠢᠨᠳᠠᠩ ᠤᠨ ᠮᠤᠵᠢᠭᠤᠳᠠ ᠡᠳᠡᠬᠡᠤᠨ ᠬᠢᠵᠠᠭᠠᠷ ᠣᠷᠣᠨ ᠳᠠᠬᠢ ᠴᠡᠷᠢᠭ ᠤᠨ ᠶᠡᠪᠣᠳᠡᠯ ᠤᠨ ᠪᠦᠰᠠᠯᠠᠯᠳᠠ᠂ ᠠᠵᠣ ᠠᠬᠤᠢ ᠶᠢᠨ ᠪᠢᠳᠡᠭᠦᠮᠵᠢᠯᠠᠯᠳᠠ ᠪᠠᠨ ᠣᠯᠠᠮ ᠴᠢᠩᠭᠠᠳᠬᠠᠵᠣ᠂ ᠱᠠᠨ— ᠭᠠᠨ— ᠨᠢᠩ ᠬᠢᠵᠠᠭᠠᠷ ᠤᠷᠤᠨ ᠤ ᠴᠡᠷᠢᠭ ᠠᠷᠠᠤᠨ ᠢ ᠦᠯᠤᠰᠬᠡᠨ ᠭᠠᠴᠢᠭᠳᠠᠭᠤᠯᠬᠤ ᠪᠠᠷ ᠤᠷᠤᠯᠳᠤᠪᠠ᠃ 1940  ᠣᠨ ᠤ 3 ᠰᠠᠷ᠎ᠠ ᠳᠤ᠂ ᠵᠢᠶᠠᠩ ᠵᠢᠶᠧ ᠱᠢ ᠠᠴᠠ ᠬᠢᠵᠠᠭᠠᠷ ᠣᠷᠣᠨ ᠤ ᠡᠷᠬᠢᠨ ᠳᠣᠭᠤᠷᠢᠨ ᠳᠠᠬᠢ ᠡᠯ᠎ᠡ ᠪᠠᠶᠢᠯᠳᠤᠭᠠᠨ ᠤ ᠳᠣᠭᠤᠷᠢᠭ ᠤᠨ ᠳᠠᠷᠤᠭ᠎ᠠ ᠨᠣᠶᠠᠳ ᠪᠣᠯᠣᠨ ᠰᠠᠭᠤᠭ᠎ᠠ ᠴᠡᠷᠢᠭ ᠠᠩᠬᠢ ᠶᠢᠨ ᠳᠣᠯᠣᠭᠠᠶᠢᠯᠠᠭᠴᠢᠳ ᠲᠤ ᠬᠢᠵᠠᠭᠠᠷ ᠣᠷᠣᠨ ᠢ ᠴᠢᠩᠭ᠎ᠠ ᠪᠢᠳᠡᠭᠦᠮᠵᠢᠯᠡᠭᠦ ᠵᠠᠷᠯᠢᠭ ᠪᠠᠭᠤᠯᠭᠠᠭᠠᠤᠨ᠂ ᠡᠯ᠎ᠡ ᠭᠠᠵᠠᠷ ᠤᠨ ᠬᠢᠨ ᠬᠦᠴᠤᠨ ᠤ ᠠᠯᠪᠠ ᠳᠠᠳᠠᠨ ᠠᠷᠣ ᠱᠣᠭᠤᠮ ᠳᠤ ᠬᠤᠶᠡᠷ ᠵᠣᠷᠪᠣᠰ᠂ ᠡᠮᠣᠨ᠎ᠡ ᠱᠤᠭᠤᠮ ᠳᠤ ᠭᠤᠷᠪᠡᠨ ᠵᠣᠷᠪᠣᠰ᠂ ᠪᠠᠷᠠᠭᠤᠨ ᠠᠴᠠ ᠨᠢᠩᠰᠢᠶᠠ ᠠᠴᠠ ᠡᠬᠢᠯᠠᠨ᠂ ᠡᠮᠣᠨᠡᠰᠢ ᠪᠠᠨ ᠵᠢᠩ ᠱᠦᠢ ᠭᠤᠤᠯ ᠢ ᠬᠦᠪᠡᠬᠡᠳᠡᠨ᠂ ᠵᠡᠬᠦᠨᠰᠢ ᠬᠠᠳᠣᠨ ᠭᠤᠣᠯ ᠬᠦᠷᠬᠦ ᠬᠡᠳᠣᠨ ᠮᠣᠵᠢ ᠠᠯᠤᠰᠯᠠᠨ ᠦᠷᠬᠦᠯᠵᠢᠯᠡᠭᠰᠡᠨ ᠳᠠᠪᠣᠨ ᠵᠣᠷᠪᠣᠰ ᠪᠢᠳᠡᠭᠦᠮᠵᠢᠯᠠᠯᠳᠠ ᠶᠢᠨ ᠱᠣᠭᠤᠮ ᠢ ᠪᠠᠶᠢᠭᠤᠯᠵᠡᠢ᠃   ᠢᠩᠬᠢᠬᠡᠤᠨ ᠬᠢᠵᠠᠭᠠᠷ ᠣᠷᠣᠨ ᠤ ᠡᠷᠬᠢᠨ ᠳᠣᠭᠤᠷᠢᠨ ᠤ ᠭᠠᠵᠠᠷ ᠤᠷᠤᠨ ᠡᠰᠡᠷᠭᠦᠴᠡᠯᠳᠣᠨ ᠵᠢᠭᠤᠷᠠᠯᠳᠣᠭᠰᠠᠨ ᠪᠡᠶᠢᠳᠡᠯ ᠳᠤ  ᠤᠷᠤᠪᠠ᠃      1940 ᠣᠨ ᠤ ᠡᠪᠣᠯ᠂ ᠶᠠᠫᠣᠨ ᠤ ᠡᠵᠡᠷᠭᠡᠭ ᠳᠦᠷᠢᠮᠡᠬᠡᠶᠢᠳᠡᠨ᠂  ᠭᠧᠷᠮᠡᠨ᠂ ᠢᠲ᠋ᠠᠯᠢ ᠶᠢᠨ ᠹᠠᠱᠢᠰ ᠯᠤᠭ᠎ᠠ ᠭᠤᠷᠪᠡᠨ ᠣᠯᠣᠰ ᠤᠨ ᠳᠡᠩᠬᠡᠯᠢᠭᠳᠦ ᠬᠤᠯᠪᠣᠭ᠎ᠠ ᠪᠠᠶᠢᠭᠤᠯᠵᠣ᠂ ᠡᠮᠣᠨᠡᠳᠣ ᠳᠠᠯᠠᠢ ᠶᠢᠨ ᠤᠯᠳᠤᠷᠢᠭ ᠤᠯᠤᠰ ᠤᠷᠤᠭᠤ ᠴᠡᠷᠢᠭᠯᠡᠨ ᠡᠾᠢᠲᠯᠧᠷ ᠤᠨ ᠠᠩᠭ᠍ᠯᠢ ᠣᠯᠣᠰ ᠢ ᠳᠤᠪᠳᠤᠯᠬᠤ ᠳᠤ ᠬᠠᠮᠵᠢᠯᠴᠠᠬᠤ ᠶᠢᠨ ᠲᠦᠯᠤᠬᠡ ᠳᠣᠮᠳᠠᠳᠣ ᠶᠠᠫᠣᠨ ᠤ ᠲᠡᠶᠢᠨ ᠢ ᠦᠤᠨᠳᠡᠷ ᠲᠦᠷᠬᠡᠨ ᠰᠢᠢᠳᠪᠣᠷᠢᠯᠡᠭᠦ ᠪᠠᠷ ᠶᠠᠭᠠᠷᠡᠪᠴᠢᠯᠠᠨ ᠤᠬᠠᠭᠠᠯᠠᠵᠤ᠂ ᠦᠪᠡᠷ ᠤᠨ ᠢᠶᠠᠨ ᠡᠮᠣᠨᠡᠰᠢ ᠴᠡᠷᠢᠭᠯᠡᠬᠦ ᠪᠠ ᠠᠷᠣ ᠲᠠᠯ᠎ᠠ  ᠪᠠᠨ ᠪᠠᠬᠢᠵᠢᠬᠦᠯᠬᠦ ᠪᠠᠷ ᠬᠤᠤᠪᠢᠯᠳᠤᠵᠠᠢ᠃ ᠢᠩᠬᠢᠬᠡᠤᠨ ᠶᠠᠫᠣᠨ ᠤ ᠳᠡᠬᠡᠷᠡᠮᠴᠢᠤᠨ ᠭᠤᠮᠢᠨᠳᠠᠩ ᠤᠨ ᠳᠣᠳᠣᠷᠡᠬᠢ ᠪᠠᠭᠤᠵᠣ ᠦᠭᠬᠦ ᠪᠦᠯᠦᠭᠳᠡᠨ ᠢ ᠦᠳᠤᠬᠡᠨ ᠳᠠᠳᠠᠵᠤ᠂ ᠳᠣᠮᠳᠠᠳᠣ ᠣᠯᠣᠰ ᠤᠨ ᠳᠤᠳᠤᠭᠠᠳᠤ ᠶᠢᠨ ᠵᠦᠷᠢᠴᠡᠯ ᠳᠡᠮᠡᠴᠡᠯ ᠢ ᠠᠰᠢᠭᠯᠠᠵᠤ᠂ ᠳᠣᠮᠳᠠᠳᠣ ᠣᠯᠣᠰ ᠤᠨ ᠭᠦᠮᠦᠨ ᠤ ᠭᠠᠷ ᠢᠶᠠᠷ ᠳᠣᠮᠳᠠᠳᠣ ᠣᠯᠣᠰ ᠤᠨ ᠶᠠᠫᠣᠨ ᠢ ᠡᠰᠡᠷᠭᠦᠴᠡᠭᠦ ᠭᠦᠳᠡᠯᠭᠡᠭᠡᠨ ᠢ ᠳᠠᠷᠣᠩᠭᠤᠶᠢᠯᠠᠬᠤ ᠪᠠᠷ  ᠰᠠᠨᠠᠭᠠᠰᠢᠷᠠᠪᠠ᠃ ᠭᠤᠮᠢᠨᠳᠠᠩ ᠤᠨ ᠮᠤᠵᠢᠭᠤᠳᠠ ᠡᠳᠡᠬᠡᠤᠨ ᠴᠦ ᠶᠠᠫᠣᠨ ᠲᠠᠢ ᠡᠪᠰᠡᠬᠦ ᠪᠤᠳᠤᠯᠭ᠎ᠠ ᠠᠪᠴᠣ ᠡᠪ ᠬᠠᠮᠳᠣ ᠨᠠᠮ ᠢ ᠡᠰᠡᠷᠭᠦᠴᠡᠭᠦ ᠳᠦᠷᠦ ᠶᠢᠨ ᠪᠣᠳᠣᠯᠭ᠎ᠠ ᠪᠠᠨ ᠢᠳᠡᠪᠬᠢᠵᠢᠬᠦᠯᠦᠭᠰᠡᠬᠡᠷ ᠢᠷᠡᠵᠡᠢ᠃  ᠢᠩᠬᠢᠭᠰᠡᠨ ᠠᠴᠠ 1941 ᠣᠨ ᠤ 1  ᠰᠠᠷ᠎ᠠ ᠳᠤ᠂ ᠳᠣᠮᠳᠠᠳᠣ ᠭᠠᠳᠠᠭᠠᠳᠣ ᠶᠢ ᠰᠣᠴᠢᠭᠠᠭᠰᠠᠨ ︽ᠸᠠᠠᠨᠠᠨ ᠤ ᠭᠡᠷᠡᠭ ᠬᠤᠪᠢᠰᠣᠯ︾ ᠢ ᠡᠬᠦᠰᠬᠡᠵᠤ᠂  ᠭᠤᠮᠢᠨᠳᠠᠩ ᠤᠨ ᠳᠡᠷᠰᠯᠡᠭᠦᠴᠣᠳ  ᠪᠦᠭᠦ ᠣᠯᠣᠰ ᠤᠨ ᠬᠡᠪᠴᠢᠶᠡᠨ ᠳᠤ ᠡᠪ ᠬᠠᠮᠳᠣ ᠨᠠᠮ ᠢ ᠡᠰᠡᠷᠭᠦᠴᠡᠭᠦ ᠬᠤᠶᠠᠳᠣᠭᠠᠷ ᠣᠳᠠᠭ᠎ᠠ ᠶᠢᠨ ᠦᠷᠨᠢᠯᠳᠠ ᠶᠢ ᠭᠠᠷᠭᠠᠭᠰᠠᠨ ᠪᠡᠶᠢᠨ᠎ᠡ᠃      ᠡᠨᠡ ᠣᠳᠠᠭ᠎ᠠ ᠶᠢᠨ ᠡᠪ ᠬᠠᠮᠳᠣ ᠨᠠᠮ ᠢ ᠡᠰᠡᠷᠭᠦᠴᠡᠭᠦ ᠦᠷᠨᠢᠯᠳᠠ ᠶᠢᠨ ᠭᠤᠣᠯ ᠭᠠᠵᠠᠷ  ᠨᠢ ᠸᠠᠠᠨᠠᠨ ᠳᠤ ᠪᠠᠶᠢᠭᠰᠡᠨ ᠪᠣᠯᠪᠠᠴᠣ ᠱᠠᠨ— ᠭᠠᠨ— ᠨᠢᠩ ᠬᠢᠵᠠᠭᠠᠷ ᠤᠷᠤᠨ ᠢ ᠪᠦᠰᠡᠯᠡᠵᠤ ᠪᠠᠶᠢᠭᠰᠡᠨ ᠭᠤᠮᠢᠨᠳᠠᠩ ᠤᠨ ᠴᠡᠷᠢᠭ ᠠᠩᠬᠢ ᠴᠣ᠋ ᠠᠯᠣᠰ ᠬᠤᠯᠠ ᠠᠴᠠ  ᠠᠮᠠ ᠰᠡᠭᠡᠷ ᠨᠡᠶᠢᠯᠡᠭᠦᠯᠵᠣ ᠪᠡᠶᠢᠯ᠎ᠠ᠃  ᠡᠨᠡ ᠣᠳᠠᠭ᠎ᠠ  ᠶᠢᠨ ᠡᠪ ᠬᠠᠮᠳᠣ ᠨᠠᠮ ᠢ ᠡᠰᠡᠷᠭᠦᠴᠡᠭᠦ ᠦᠷᠨᠢᠯᠳᠠ ᠶᠢᠨ ᠡᠮᠣᠨ᠎ᠡ ᠬᠤᠶᠢᠨ᠎ᠠ ᠭᠤᠮᠢᠨᠳᠠᠩ ᠤᠨ ᠬᠢᠨ ᠬᠢᠵᠠᠭᠠᠷ ᠣᠷᠣᠨ ᠳᠠᠬᠢ ᠴᠡᠷᠢᠭ ᠤᠨ ᠶᠠᠪᠣᠳᠡᠯ ᠤᠨ ᠪᠦᠰᠠᠯᠠᠯᠳᠠ  ᠪᠠᠨ ᠣᠯᠠᠮ ᠴᠢᠩᠭᠠᠳᠬᠠᠵᠣ᠂  ᠶᠡᠷᠣᠩᠬᠡᠢ ᠴᠡᠷᠢᠭ ᠤᠨ ᠭᠦᠴᠦᠨ ᠢᠶᠠᠨ 40 ᠳᠦᠮᠡ ᠳᠤ  ᠬᠦᠷᠬᠡᠭᠰᠡᠨ ᠮᠦᠷᠳᠡᠭᠡᠨ ᠬᠢᠵᠠᠭᠠᠷ ᠣᠷᠣᠨ ᠦᠬᠡᠳᠠ ᠳᠣᠪᠳᠣᠯᠬᠤ ᠴᠡᠷᠢᠭ ᠤᠨ ᠶᠠᠪᠣᠳᠡᠯ ᠤᠨ ᠪᠡᠯᠡᠳᠭᠡᠯ ᠢᠶᠠᠨ ᠰᠡᠶᠢᠳᠣᠷ ᠬᠢᠭᠰᠡᠨ ᠪᠡᠶᠢᠨ᠎ᠡ᠃ 
ᠢᠷᠡᠯᠲᠡ᠄ ︽ᠲᠠᠯ᠎ᠠ ᠨᠤᠲᠤᠭ ᠤᠨ ᠬᠤᠪᠢᠰᠬᠠᠯ ᠤᠨ ᠲᠡᠣᠬᠡ ᠤᠯᠪᠠᠭ᠎ᠠ︾