︽ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤ᠂ ᠳᠠᠬᠢᠯᠳᠤ ᠶᠢᠨ ᠭᠠᠵᠠᠷ ᠳᠤᠤᠷᠠᠬᠢ ᠤᠰᠤᠨ ᠤ | ᠬᠡᠳᠤ ᠠᠰᠢᠭᠯᠠᠯᠳᠠ ᠶᠢᠨ ᠤᠷᠤᠨ ᠤ ᠶᠡᠷᠤᠩᠬᠡᠶᠢᠯᠡᠭᠰᠡᠨ ᠵᠠᠰᠠᠯᠳᠠ ᠶᠢ ᠪᠠᠬᠢᠵᠢᠬᠦᠯᠬᠦ ᠲᠦᠷᠤ ᠶᠢᠨ ᠪᠤᠳᠤᠯᠭ᠎ᠠ ᠶᠢᠨ | ᠠᠷᠭ᠎ᠠ ᠠᠪᠴᠠᠯ ᠤᠳ︾ ᠢ ᠳᠠᠷᠤᠮᠠᠯᠯᠠᠨ ᠳᠠᠷᠬᠠᠭᠠᠬᠤ ᠳᠤᠬᠠᠢ ᠤᠳᠤᠭ ᠤᠨ ᠡᠮᠤᠨᠡᠳᠤ ᠬᠤᠰᠢᠭᠤᠨ ᠤ | ᠠᠷᠠᠤᠨ ᠤᠨ ᠵᠠᠰᠠᠭ ᠤᠨ ᠤᠷᠳᠤᠨ ᠤ ᠮᠡᠳᠡᠭᠳᠡᠯ | | ᠤᠯᠵᠠᠴᠢ ᠪᠠᠯᠭᠠᠰᠤ ᠶᠢᠨ ᠠᠷᠠᠤᠨ ᠤᠨ ᠵᠠᠰᠠᠭ ᠤᠨ ᠤᠷᠳᠤᠨ᠂ ᠬᠤᠰᠢᠭᠤ ᠰᠢᠭᠤᠤᠨ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ᠂ ᠡᠯ᠎ᠡ ᠠᠵᠤ ᠠᠬᠤᠶᠢᠯᠠᠯ ᠠᠵᠢᠯ | ᠤᠶᠢᠯᠡᠰ ᠤᠨ ᠨᠢᠬᠡᠴᠠ᠄ | ᠬᠤᠰᠢᠭᠤ ᠠᠷᠠᠤᠨ ᠤᠨ ᠵᠠᠰᠠᠭ ᠤᠨ ᠤᠷᠳᠤᠨ ᠤ 2024 ᠤᠨ ᠤ 3 ᠳ᠋ᠤᠭᠠᠷ ᠤᠳᠠᠭᠠᠨ ᠤ ᠪᠠᠶᠢᠩᠭᠤ ᠶᠢᠨ ᠬᠤᠷᠠᠯ ᠢᠶᠠᠷ ᠰᠤᠳᠤᠯᠤᠨ ᠵᠦᠪᠰᠢᠶᠡᠷᠡᠬᠦᠯᠤᠬᠡᠤᠨ᠂ | ᠡᠳᠤᠬᠡ ︽ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤ᠂ ᠳᠠᠬᠢᠯᠳᠤ ᠶᠢᠨ ᠭᠠᠵᠠᠷ ᠳᠤᠤᠷᠠᠬᠢ ᠤᠰᠤᠨ ᠤ ᠬᠡᠳᠤ ᠠᠰᠢᠭᠯᠠᠯᠳᠠ ᠶᠢᠨ ᠤᠷᠤᠨ ᠤ | ᠶᠡᠷᠤᠩᠬᠡᠶᠢᠯᠡᠭᠰᠡᠨ ᠵᠠᠰᠠᠯᠳᠠ ᠶᠢ ᠪᠠᠬᠢᠵᠢᠬᠦᠯᠬᠦ ᠲᠦᠷᠤ ᠶᠢᠨ ᠪᠤᠳᠤᠯᠭ᠎ᠠ ᠶᠢᠨ ᠠᠷᠭ᠎ᠠ ᠠᠪᠴᠠᠯ ᠤᠳ︾ ᠢ ᠲᠠ ᠨᠠᠷ ᠲᠤ ᠳᠠᠷᠤᠮᠠᠯᠯᠠᠨ ᠳᠠᠷᠬᠠᠭᠠᠯ᠎ᠠ᠂ ᠪᠤᠳᠠᠳᠤ ᠪᠠᠶᠢᠳᠠᠯ | ᠲᠠᠢ ᠪᠠᠨ ᠤᠶᠠᠯᠳᠤᠭᠤᠯᠤᠨ ᠬᠢᠨᠠᠮᠠᠭᠠᠢ ᠳᠤᠤᠱᠯᠠᠭᠤᠯᠤᠨ ᠬᠡᠷᠡᠭᠵᠢᠬᠦᠯᠰᠤᠬᠡᠢ᠃ | | ᠤᠳᠤᠭ ᠤᠨ ᠡᠮᠤᠨᠡᠳᠤ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ | 2024 ᠤᠨ ᠤ 2 ᠰᠠᠷ᠎ᠠ ᠶᠢᠨ 21 ᠤ ᠡᠳᠤᠷ | | ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤ᠂ ᠳᠠᠬᠢᠯᠳᠤ ᠶᠢᠨ ᠭᠠᠵᠠᠷ ᠳᠤᠤᠷᠠᠬᠢ ᠤᠰᠤᠨ ᠤ ᠬᠡᠳᠤ | ᠠᠰᠢᠭᠯᠠᠯᠳᠠ ᠶᠢᠨ ᠤᠷᠤᠨ ᠤ ᠶᠡᠷᠤᠩᠬᠡᠶᠢᠯᠡᠭᠰᠡᠨ ᠵᠠᠰᠠᠯᠳᠠ ᠶᠢ ᠪᠠᠬᠢᠵᠢᠬᠦᠯᠬᠦ ᠲᠦᠷᠤ ᠶᠢᠨ ᠪᠤᠳᠤᠯᠭ᠎ᠠ ᠶᠢᠨ ᠠᠷᠭ᠎ᠠ ᠠᠪᠴᠠᠯ ᠤᠳ | | | ᠤᠯᠵᠠᠴᠢ ᠪᠠᠯᠭᠠᠰᠤ᠂ ᠳᠠᠬᠢᠯᠳᠤ ᠶᠢᠨ ᠬᠡᠳᠤ ᠠᠰᠢᠭᠯᠠᠯᠳᠠ ᠶᠢᠨ ᠤᠷᠤᠨ ᠤ ᠵᠠᠰᠠᠯᠳᠠ ᠶᠢᠨ ᠪᠦᠳᠤᠮᠵᠢ ᠶᠢ ᠦᠷᠬᠦᠯᠵᠢᠬᠦᠶᠢᠴᠠ ᠪᠠᠬᠢᠵᠢᠬᠦᠯᠤᠨ᠂ ᠤᠰᠤᠨ ᠡᠬᠢ | ᠪᠠᠶᠠᠯᠢᠭ ᠤᠨ ᠬᠠᠮᠢᠶᠠᠷᠤᠯᠳᠠ ᠶᠢᠨ ᠬᠠᠮᠤᠭ ᠴᠢᠩᠭ᠎ᠠ ᠲᠦᠷᠢᠮ ᠢ ᠨᠠᠶᠢᠳᠠᠪᠤᠷᠢᠵᠢᠭᠤᠯᠵᠤ᠂ ᠭᠠᠵᠠᠷ ᠳᠤᠤᠷᠠᠬᠢ ᠤᠰᠤᠨ ᠡᠬᠢ ᠪᠠᠶᠠᠯᠢᠭ ᠢ ᠵᠦᠢ ᠵᠤᠬᠢᠰᠳᠠᠢ ᠨᠡᠬᠡᠬᠡᠨ | ᠠᠰᠢᠭᠯᠠᠵᠤ ᠪᠦᠳᠤᠮᠵᠢᠳᠠᠢ ᠬᠠᠮᠠᠭᠠᠯᠠᠨ᠂ ᠤᠰᠤᠨ ᠡᠬᠢ ᠪᠠᠶᠠᠯᠢᠭ ᠤᠨ ᠦᠷᠬᠦᠯᠵᠢᠬᠦᠶᠢᠴᠠ ᠠᠰᠢᠭᠯᠠᠯᠳᠠ ᠶᠢ ᠠᠬᠢᠭᠤᠯᠵᠤ᠂ ᠵᠠᠰᠠᠯᠳᠠ ᠶᠢᠨ ᠳᠠᠭᠠᠭᠠᠮᠠᠭᠠᠢ ᠳᠤᠭᠳᠠᠴᠠ | ᠶᠢ ᠪᠠᠶᠢᠭᠤᠯᠤᠨ᠂ ᠭᠠᠵᠠᠷ ᠳᠤᠤᠷᠠᠬᠢ ᠤᠰᠤᠨ ᠤ ᠬᠡᠳᠤ ᠠᠰᠢᠭᠯᠠᠯᠳᠠ ᠶᠢᠨ ᠪᠠᠶᠢᠩᠭᠤ ᠶᠢᠨ ᠵᠠᠰᠠᠯᠳᠠ ᠶᠢ ᠠᠬᠢᠭᠤᠯᠵᠤ᠂ ᠭᠠᠵᠠᠷ ᠳᠤᠤᠷᠠᠬᠢ ᠤᠰᠤᠨ ᠤ ᠬᠡᠳᠤ | ᠠᠰᠢᠭᠯᠠᠯᠳᠠ ᠶᠢᠨ ᠤᠷᠤᠨ ᠤ ᠮᠠᠯᠴᠢᠨ ᠳᠠᠷᠢᠶᠠᠴᠢᠤᠨ ᠤᠨ ︽ᠤᠰᠤ ᠶᠢ ᠪᠠᠭᠠᠰᠬᠠᠬᠤ ᠠᠴᠠ ᠪᠢᠰᠢ ᠤᠨᠠᠯᠳᠠ ᠶᠢ ᠪᠠᠭᠠᠰᠬᠠᠬᠤ ᠦᠬᠡᠢ᠂ ᠳᠠᠷᠢᠯᠳᠠ ᠶᠢ ᠪᠠᠭᠠᠰᠬᠠᠬᠤ | ᠠᠴᠠ ᠪᠢᠰᠢ ᠤᠷᠤᠯᠭ᠎ᠠ ᠶᠢ ᠪᠠᠭᠠᠰᠬᠠᠬᠤ ᠦᠬᠡᠢ︾ ᠪᠠᠶᠢᠬᠤ ᠶᠢ ᠪᠠᠳᠤᠯᠬᠠᠤ ᠶᠢᠨ ᠬᠠᠮᠳᠤ ᠭᠠᠵᠠᠷ ᠳᠤᠤᠷᠠᠬᠢ ᠤᠰᠤᠨ ᠲᠦᠪᠰᠢᠨ ᠢ ᠳᠤᠭᠳᠠᠭᠤᠨ ᠢᠶᠠᠷ | ᠳᠡᠬᠡᠭᠰᠢᠯᠡᠬᠦᠯᠤᠨ᠎ᠠ᠃ | ᠨᠢᠬᠡ᠂ ᠬᠢᠵᠠᠭᠠᠷᠯᠠᠬᠤ ᠲᠦᠷᠤᠯ ᠤᠨ ᠲᠦᠷᠤ ᠶᠢᠨ ᠪᠤᠳᠤᠯᠭ᠎ᠠ | ︵ᠨᠢᠬᠡ︶ ᠬᠡᠳᠤ ᠠᠰᠢᠭᠯᠠᠯᠳᠠ ᠶᠢᠨ ᠤᠷᠤᠨ ᠳᠤ 1 ᠲᠦᠮᠡᠨ ᠮᠤ᠋ ᠶᠢᠨ ᠦᠨᠵᠢᠬᠦᠯᠤᠨ ᠳᠠᠷᠢᠬᠤ ᠤᠰᠤᠯᠠᠯᠳᠠ ᠶᠢᠨ ᠳᠠᠷᠢᠶ᠎ᠠ ᠨᠠᠶᠢᠳᠠᠪᠤᠷᠢᠵᠢᠭᠤᠯᠤᠨ᠎ᠠ | 1. ︽ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤ᠂ ᠳᠠᠬᠢᠯᠳᠤ ᠶᠢᠨ ᠭᠠᠵᠠᠷ ᠳᠤᠤᠷᠠᠬᠢ ᠤᠰᠤᠨ ᠤ ᠬᠡᠳᠤ ᠠᠰᠢᠭᠯᠠᠯᠳᠠ ᠶᠢᠨ ᠤᠷᠤᠨ ᠤ | ᠵᠠᠰᠠᠯᠳᠠ ᠪᠠᠬᠢᠵᠢᠬᠦᠯᠤᠯᠳᠠ ᠶᠢᠨ ᠬᠡᠷᠡᠭᠵᠢᠬᠦᠯᠬᠦ ᠲᠦᠰᠤᠯ ᠢ ᠳᠠᠷᠤᠮᠠᠯᠯᠠᠨ ᠳᠠᠷᠬᠠᠭᠠᠬᠤ ᠳᠤᠬᠠᠢ ᠤᠳᠤᠭ ᠤᠨ ᠡᠮᠤᠨᠡᠳᠤ ᠬᠤᠰᠢᠭᠤᠨ ᠤ ᠠᠷᠠᠤᠨ ᠤᠨ ᠵᠠᠰᠠᠭ ᠤᠨ | ᠤᠷᠳᠤᠨ ᠤ ᠠᠯᠪᠠᠨ ᠬᠡᠷ ᠤᠨ ᠮᠡᠳᠡᠭᠳᠡᠯ︾ ᠤᠨ ᠱᠠᠭᠠᠷᠳᠠᠯᠭ᠎ᠠ ᠶᠤᠰᠤᠭᠠᠷ᠂ 2024 ᠤᠨ ᠳᠤ ᠬᠡᠳᠤ ᠠᠰᠢᠭᠯᠠᠯᠳᠠ ᠶᠢᠨ ᠤᠷᠤᠨ ᠳᠤ ᠡᠷᠬᠡᠪᠰᠢ 1 ᠲᠦᠮᠡᠨ ᠮᠤ᠋ | ᠶᠢᠨ ᠦᠨᠵᠢᠬᠦᠯᠤᠨ ᠳᠠᠷᠢᠬᠤ ᠤᠰᠤᠯᠠᠯᠳᠠ ᠶᠢᠨ ᠳᠠᠷᠢᠶ᠎ᠠ ᠶᠢ ᠨᠠᠶᠢᠳᠠᠪᠤᠷᠢᠵᠢᠭᠤᠯᠤᠨ᠂ ᠨᠢᠬᠡᠨᠳᠠ ᠨᠤᠳᠠᠯᠠᠨ ᠳᠤᠭᠳᠠᠭᠠᠭᠰᠡᠨ ᠦᠨᠵᠢᠬᠦᠯᠤᠨ ᠳᠠᠷᠢᠬᠤ ᠤᠰᠤᠨ | ᠳᠠᠷᠢᠶ᠎ᠠ ᠳᠤ ᠮᠤ᠋ ᠪᠦᠷᠢ ᠳᠤ 1000 ᠲᠦᠬᠦᠷᠢᠭ ᠤᠨ ᠨᠦᠬᠦᠪᠤᠷᠢ ᠤᠯᠭᠤᠨ᠎ᠠ︔ ᠨᠤᠳᠠᠯᠠᠨ ᠳᠤᠭᠳᠠᠭᠠᠭᠰᠠᠨ ᠦᠬᠡᠢ ᠦᠨᠵᠢᠬᠦᠯᠤᠨ ᠳᠠᠷᠢᠬᠤ ᠤᠰᠤᠯᠠᠯᠳᠠ ᠶᠢᠨ | ᠳᠠᠷᠢᠶ᠎ᠠ ︵ᠳᠠᠷᠤᠢ ᠵᠦᠢ ᠵᠤᠬᠢᠰᠳᠠᠢ ᠬᠢᠨᠠᠨ ᠵᠦᠪᠰᠢᠶᠡᠷᠡᠭᠰᠡᠨ ᠳᠠᠷᠢᠮᠠᠯ ᠪᠡᠯᠴᠢᠬᠡᠷ ᠪᠠ ︽ᠤᠯᠤᠰ ᠤᠨ ᠭᠠᠵᠠᠷ ᠰᠢᠷᠤᠢ ᠶᠢᠨ ᠭᠤᠷᠪᠠᠳᠤᠭᠠᠷ ᠤᠳᠠᠭᠠᠨ ᠤ | ᠪᠠᠶᠢᠴᠠᠭᠠᠯᠳᠠ︾ ᠪᠠᠷ ᠦᠨᠢ ᠡᠬᠦᠷᠢᠳᠠ ᠶᠢᠨ ᠦᠨᠳᠤᠰᠤᠨ ᠳᠠᠷᠢᠶᠠᠨ ᠭᠠᠵᠠᠷ᠂ ᠡᠩ ᠤᠨ ᠳᠠᠷᠢᠶᠠᠨ ᠭᠠᠵᠠᠷ ᠢᠶᠠᠷ ᠮᠠᠭᠠᠤᠨᠯᠠᠨ ᠳᠤᠭᠳᠠᠭᠠᠭᠰᠡᠨ︶ ᠳᠤ ᠮᠤ᠋ ᠪᠦᠷᠢ ᠳᠤ | 700 ᠲᠦᠬᠦᠷᠢᠭ ᠤᠨ ᠨᠦᠬᠦᠪᠤᠷᠢ ᠤᠯᠭᠤᠨ᠎ᠠ᠃ | 2. ᠬᠡᠳᠤ ᠠᠰᠢᠭᠯᠠᠯᠳᠠ ᠶᠢᠨ ᠤᠷᠤᠨ ᠳᠤᠳᠤᠷᠠᠬᠢ 1 ᠲᠦᠮᠡᠨ ᠮᠤ᠋ ᠶᠢᠨ ᠦᠨᠵᠢᠬᠦᠯᠤᠨ ᠳᠠᠷᠢᠬᠤ ᠤᠰᠤᠯᠠᠯᠳᠠ ᠶᠢᠨ ᠭᠠᠵᠠᠷ ᠠᠴᠠ ᠭᠠᠳᠠᠨ᠎ᠠ᠂ ᠰᠠᠶᠢᠨ ᠳᠤᠷ᠎ᠠ | ᠠᠴᠠ ᠪᠠᠨ ᠦᠨᠵᠢᠬᠦᠯᠤᠨ ᠳᠠᠷᠢᠬᠤ ᠮᠠᠯᠴᠢᠨ ᠳᠠᠷᠢᠶᠠᠴᠢᠨ ᠡᠷᠤᠬᠡ ᠨᠢᠬᠡᠨᠳᠠ ᠨᠤᠳᠠᠯᠠᠨ ᠳᠤᠭᠳᠠᠭᠠᠭᠰᠠᠨ ᠪᠠ ᠨᠤᠳᠠᠯᠠᠨ ᠳᠤᠭᠳᠠᠭᠠᠭᠰᠡᠨ ᠦᠬᠡᠢ ᠤᠰᠤᠯᠠᠯᠳᠠ ᠶᠢᠨ | ᠭᠠᠵᠠᠷ ᠤᠨ ᠲᠦᠷᠤ ᠶᠢᠨ ᠪᠤᠳᠤᠯᠭ᠎ᠠ ᠶᠢᠨ ᠨᠦᠬᠦᠴᠡᠯ ᠳᠤ ᠨᠠᠶᠢᠴᠡᠪᠡᠯ ᠮᠦᠨ ᠴᠤ ᠠᠳᠠᠯᠢ ᠨᠦᠬᠦᠪᠤᠷᠢ ᠶᠢᠨ ᠲᠦᠷᠤ ᠶᠢᠨ ᠪᠤᠳᠤᠯᠭ᠎ᠠ ᠬᠦᠷᠳᠡᠵᠤ ᠪᠤᠯᠤᠨ᠎ᠠ᠂ | ᠶᠡᠷᠤᠩᠬᠡᠢ ᠬᠡᠮᠵᠢᠶ᠎ᠡ ᠶᠢ 0.2 ᠲᠦᠮᠡᠨ ᠮᠤ᠋ ᠠᠴᠠ ᠬᠡᠳᠤᠷᠡᠬᠦᠯᠵᠤ ᠪᠤᠯᠬᠤ ᠦᠬᠡᠢ᠃ | 2019 ᠤᠨ ᠤ 12 ᠰᠠᠷ᠎ᠠ ᠶᠢᠨ 31 ᠤ ᠡᠳᠤᠷ ᠤᠨ ︽ᠤᠯᠤᠰ ᠤᠨ ᠭᠠᠵᠠᠷ ᠰᠢᠷᠤᠢ ᠶᠢᠨ ᠭᠤᠷᠪᠠᠳᠤᠭᠠᠷ ᠤᠳᠠᠭᠠᠨ ᠤ ᠪᠠᠶᠢᠴᠠᠭᠠᠯᠳᠠ︾ ᠶᠢᠨ ᠳᠠᠷᠠᠭ᠎ᠠ | ᠰᠢᠨ᠎ᠠ ᠪᠠᠷ ᠬᠠᠭᠠᠯᠪᠤᠷᠢᠯᠠᠭᠰᠡᠨ ᠤᠰᠤᠯᠠᠯᠳᠠ ᠶᠢᠨ ᠭᠠᠵᠠᠷ ᠢ ᠬᠠᠮᠢᠶ᠎ᠠ ᠪᠦᠬᠦᠢ ᠬᠠᠤᠯᠢ ᠬᠡᠷᠡᠭᠵᠢᠬᠦᠯᠬᠦ ᠰᠠᠯᠠᠭ᠎ᠠ ᠮᠦᠴᠢᠷ ᠠᠴᠠ ᠬᠠᠤᠯᠢ ᠪᠤᠰᠤ ᠪᠠᠷ | ᠬᠠᠭᠠᠯᠪᠤᠷᠢᠯᠠᠭᠰᠡᠨ ᠭᠠᠵᠠᠷ ᠢᠶᠠᠷ ᠮᠠᠭᠠᠤᠨᠯᠠᠨ ᠳᠤᠭᠳᠠᠭᠠᠭᠰᠡᠨ ᠪᠤᠯ ᠶᠠᠮᠠᠷᠴᠤ ᠨᠦᠬᠦᠪᠤᠷᠢ ᠶᠢᠨ ᠲᠦᠷᠤ ᠶᠢᠨ ᠪᠤᠳᠤᠯᠭ᠎ᠠ ᠶᠢ ᠬᠦᠷᠳᠡᠬᠡᠬᠦ ᠦᠬᠡᠢ᠃ ᠪᠠᠷᠢᠮᠵᠢᠶᠠᠳᠤ | ᠰᠦᠯᠢᠶᠤᠤ ᠭᠤᠯᠳᠤᠩ ᠰᠠᠷᠠᠪᠴᠢ ︵ ᠮᠦᠬᠦ ᠶᠢᠨ ᠰᠦᠯᠢᠶᠤᠤ ᠭᠤᠯᠳᠤᠩ ᠰᠠᠷᠠᠪᠴᠢ ᠶᠢ ᠪᠠᠭᠳᠠᠭᠠᠨ᠎ᠠ︶ ᠰᠤᠯᠢᠬᠤ ᠨᠦᠬᠦᠪᠤᠷᠢ ᠡᠳ᠋ᠯᠡᠭᠰᠡᠨ ᠳᠠᠷᠢᠮᠠᠯ ᠤᠨ ᠡᠷᠤᠬᠡ ᠳᠤ | ᠦᠨᠵᠢᠬᠦᠯᠤᠨ ᠳᠠᠷᠢᠬᠤ ᠨᠦᠬᠦᠪᠤᠷᠢ ᠬᠦᠷᠳᠡᠬᠡᠬᠦ ᠦᠬᠡᠢ᠃ | ︵ᠬᠤᠶᠠᠷ︶ ᠬᠡᠳᠤ ᠠᠰᠢᠭᠯᠠᠯᠳᠠ ᠶᠢᠨ ᠤᠷᠤᠨ ᠳᠤ ᠪᠠᠷᠢᠮᠵᠢᠶᠠᠳᠤ ᠰᠦᠯᠢᠶᠤᠤ ᠭᠤᠯᠳᠤᠩ ᠰᠠᠷᠠᠪᠴᠢ ᠳᠤ ᠳᠠᠷᠢᠬᠤ ᠪᠠᠷ ᠰᠤᠯᠢᠬᠤ | 3. ᠬᠡᠳᠤ ᠠᠰᠢᠭᠯᠠᠯᠳᠠ ᠶᠢᠨ ᠤᠷᠤᠨ ᠳᠤᠳᠤᠷᠠᠬᠢ 2022 ᠤᠨ ᠠᠴᠠ ᠨᠠᠭᠠᠰᠢ ᠵᠠᠰᠠᠭ ᠤᠨ ᠤᠷᠳᠤᠨ ᠠᠴᠠ ᠨᠦᠬᠦᠪᠤᠷᠢ ᠦᠭᠴᠤ ᠬᠡᠷᠡᠭᠵᠢᠬᠦᠯᠦᠭᠰᠡᠨ 617 | ᠰᠠᠭᠤᠷᠢ ᠰᠤᠯᠢᠭᠰᠠᠨ ᠪᠠᠷᠢᠮᠵᠢᠶᠠᠳᠤ ᠰᠦᠯᠢᠶᠤᠤ ᠭᠤᠯᠳᠤᠩ ᠰᠠᠷᠠᠪᠴᠢ ᠶᠢ ᠠᠰᠢᠭᠯᠠᠯᠳᠠ ᠳᠤ ᠤᠷᠤᠭᠤᠯᠤᠨ᠎ᠠ ︵ᠰᠢᠨ᠎ᠠ ᠪᠠᠷ ᠪᠠᠶᠢᠭᠤᠯᠤᠭᠰᠡᠨ 0.8 ᠮᠤ᠋ ᠶᠢᠨ | ᠰᠦᠯᠢᠶᠤᠤ ᠭᠤᠯᠳᠤᠩ ᠰᠠᠷᠠᠪᠴᠢ ᠪᠠᠷ 9.2 ᠮᠤ᠋ ᠶᠢᠨ ᠤᠰᠤᠯᠠᠯᠳᠠ ᠶᠢᠨ ᠭᠠᠵᠠᠷ ᠰᠤᠯᠢᠨ᠎ᠠ᠂ 2022 ᠤᠨ ᠳᠤ 484 ᠰᠠᠭᠤᠷᠢ᠂ 2023 ᠤᠨ ᠳᠤ 133 | ᠰᠠᠭᠤᠷᠢ︶᠃ ᠯᠠᠵᠤᠤ᠂ ᠳᠠᠷᠪᠤᠰ᠂ ᠠᠮᠳᠠᠳᠤ ᠬᠡᠮᠬᠡ ᠵᠡᠷᠬᠡ ᠠᠵᠤ ᠠᠬᠤᠢ ᠶᠢᠨ ᠳᠠᠷᠢᠮᠠᠯ ᠳᠠᠷᠢᠬᠤ ᠰᠦᠯᠢᠶᠤᠤ ᠭᠤᠯᠳᠤᠩ ᠰᠠᠷᠠᠪᠴᠢ ᠪᠦᠷᠢ ᠳᠤ 660 ᠪᠤᠰᠤᠭ᠎ᠠ | ᠲᠦᠷᠪᠡᠯᠵᠢᠨ ᠮᠧᠲᠷ ᠤᠰᠤ ᠬᠠᠩᠭᠠᠨ᠎ᠠ︔ ᠨᠠᠪᠴᠢᠯᠢᠭ ᠨᠤᠭᠤᠭᠠᠨ ᠤ ᠵᠦᠢᠯ ᠵᠡᠷᠬᠡ ᠪᠤᠰᠤᠤᠨ ᠳᠠᠷᠢᠮᠠᠯ ᠳᠠᠷᠢᠬᠤ ᠰᠦᠯᠢᠶᠤᠤ ᠭᠤᠯᠳᠤᠩ ᠰᠠᠷᠠᠪᠴᠢ ᠳᠤ ︽ᠤᠳᠤᠭ | ᠤᠨ ᠡᠮᠤᠨᠡᠳᠤ ᠬᠤᠰᠢᠭᠤᠨ ᠤ ᠳᠠᠷᠢᠶᠠᠯᠠᠩ ᠤᠨ ᠤᠰᠤᠨ ᠦᠨ᠎ᠡ ᠶᠢᠨ ᠶᠡᠷᠤᠩᠬᠡᠶᠢᠯᠡᠭᠰᠡᠨ ᠦᠬᠡᠷᠡᠴᠢᠯᠠᠯᠳᠠ ᠶᠢᠨ ᠳᠤᠷᠰᠢᠯᠳᠠ ᠶᠢᠨ ᠴᠡᠭ ᠤᠨ ᠠᠵᠢᠯ ᠤᠨ ᠲᠦᠰᠤᠯ︾ | ︵ᠤᠳᠤᠭ ᠡᠮᠤᠨᠡᠳᠤ ᠵᠠᠰᠠᠭ ᠠᠯᠪᠠᠨ ᠳᠠᠷᠬᠠᠭᠠᠬᠤ ﹇2023﹈ 63 ᠳᠤᠭᠠᠳᠤ︶ ᠳᠠᠬᠢ ᠨᠤᠳᠠᠯᠠᠨ ᠳᠤᠭᠳᠠᠭᠠᠭᠰᠠᠨ ᠤᠰᠤᠯᠠᠯᠳᠠ ᠶᠢᠨ ᠭᠠᠵᠠᠷ ᠲᠠᠢ | ᠬᠠᠷᠢᠴᠠᠭᠤᠯᠤᠨ ᠤᠰᠤᠨ ᠬᠦᠢᠴᠡᠤᠨᠬᠡᠯ ᠳᠤᠭ᠎ᠠ ᠶᠢ ᠬᠤᠪᠢᠶᠠᠷᠢᠯᠠᠨ᠎ᠠ︔ ᠬᠡᠷᠡᠭᠯᠡᠵᠤ ᠠᠰᠢᠭᠯᠠᠭᠰᠡᠨ ᠦᠬᠡᠢ ᠰᠦᠯᠢᠶᠤᠤ ᠭᠤᠯᠳᠤᠩ ᠰᠠᠷᠠᠪᠴᠢ ᠳᠤ ᠤᠰᠤᠨ | ᠬᠦᠢᠴᠡᠤᠨᠬᠡᠯ ᠳᠤᠭ᠎ᠠ ᠬᠤᠪᠢᠶᠠᠷᠢᠯᠠᠬᠤ ᠦᠬᠡᠢ᠃ | 4. ᠰᠤᠯᠢᠭᠰᠡᠨ ᠪᠠᠷᠢᠮᠵᠢᠶᠠᠳᠤ ᠰᠦᠯᠢᠶᠤᠤ ᠭᠤᠯᠳᠤᠩ ᠰᠠᠷᠠᠪᠴᠢ ᠳᠤ ᠨᠢᠬᠡᠨᠳᠠ ᠯᠠᠵᠤᠤ᠂ ᠳᠠᠷᠪᠤᠰ᠂ ᠠᠮᠳᠠᠳᠤ ᠬᠡᠮᠬᠡ ᠵᠡᠷᠬᠡ ᠠᠵᠤ ᠠᠬᠤᠢ ᠶᠢᠨ ᠳᠠᠷᠢᠮᠠᠯ | ᠳᠠᠷᠢᠭᠰᠠᠨ ᠪᠤᠯ ᠬᠤᠰᠢᠭᠤ ᠤᠰᠤᠨ ᠠᠰᠢᠭᠯᠠᠯᠳᠠ ᠶᠢᠨ ᠳᠤᠪᠴᠢᠶ᠎ᠠ ᠠᠴᠠ ᠮᠠᠯ ᠳᠠᠷᠢᠶᠠᠯᠠᠩ ᠤᠨ ᠳᠤᠪᠴᠢᠶ᠎ᠠ᠂ ᠤᠯᠵᠠᠴᠢ ᠪᠠᠯᠭᠠᠰᠤ ᠲᠠᠢ ᠬᠠᠮᠳᠤᠷᠠᠨ ᠪᠤᠳᠠᠳᠤ | ᠭᠠᠵᠠᠷ ᠲᠤ ᠨᠢ ᠰᠢᠯᠭᠠᠨ ᠪᠠᠶᠢᠴᠠᠭᠠᠭᠠᠤᠨ ᠬᠢᠷᠢ ᠳᠡᠩᠴᠡᠭᠰᠡᠨ ᠤ ᠳᠠᠷᠠᠭ᠎ᠠ᠂ ᠰᠠᠷᠠᠪᠴᠢ ᠪᠦᠷᠢ ᠶᠢᠨ ᠰᠤᠯᠢᠭᠰᠡᠨ 9.2 ᠮᠤ᠋ ᠶᠢᠨ ᠤᠰᠤᠯᠠᠯᠳᠠ ᠶᠢᠨ ᠭᠠᠵᠠᠷ ᠲᠤ | ︽ᠤᠳᠤᠭ ᠤᠨ ᠡᠮᠤᠨᠡᠳᠤ ᠬᠤᠰᠢᠭᠤᠨ ᠤ ᠳᠠᠷᠢᠶᠠᠯᠠᠩ ᠤᠨ ᠤᠰᠤᠨ ᠦᠨ᠎ᠡ ᠶᠢᠨ ᠶᠡᠷᠤᠩᠬᠡᠶᠢᠯᠡᠭᠰᠡᠨ ᠦᠬᠡᠷᠡᠴᠢᠯᠠᠯᠳᠠ ᠶᠢᠨ ᠳᠤᠷᠰᠢᠯᠳᠠ ᠶᠢᠨ ᠴᠡᠭ ᠤᠨ ᠠᠵᠢᠯ ᠤᠨ | ᠲᠦᠰᠤᠯ︾ ︵ᠤᠳᠤᠭ ᠡᠮᠤᠨᠡᠳᠤ ᠵᠠᠰᠠᠭ ᠠᠯᠪᠠᠨ ᠳᠠᠷᠬᠠᠭᠠᠬᠤ ﹇2023﹈ 63 ᠳᠤᠭᠠᠳᠤ︶ ᠳᠠᠬᠢ ᠨᠤᠳᠠᠯᠠᠨ ᠳᠤᠭᠳᠠᠭᠠᠭᠰᠠᠨ ᠦᠬᠡᠢ ᠤᠰᠤᠯᠠᠯᠳᠠ ᠶᠢᠨ ᠭᠠᠵᠠᠷ | ᠲᠠᠢ ᠬᠠᠷᠢᠴᠠᠭᠤᠯᠤᠨ ᠤᠰᠤᠨ ᠤ ᠬᠦᠢᠴᠡᠤᠨᠬᠡᠯ ᠳᠤᠭ᠎ᠠ ᠬᠤᠪᠢᠶᠠᠷᠢᠯᠠᠨ᠎ᠠ᠃ | ︵ᠭᠤᠷᠪᠠ︶ ᠬᠡᠳᠤ ᠠᠰᠢᠭᠯᠠᠯᠳᠠ ᠶᠢᠨ ᠤᠷᠤᠨ ᠳᠤᠳᠤᠷ᠎ᠠ 5000 ᠮᠤ᠋ ᠶᠢᠨ ᠦᠨᠳᠤᠷ ᠪᠦᠳᠤᠮᠵᠢᠳᠤ ᠤᠰᠤ ᠠᠷᠪᠢᠯᠠᠬᠤ ᠤᠰᠤᠯᠠᠯᠳᠠ ᠶᠢᠨ ᠲᠦᠷᠤᠯ ᠵᠦᠢᠯ | ᠢ ᠨᠠᠶᠢᠳᠠᠪᠤᠷᠢᠵᠢᠭᠤᠯᠤᠨ᠎ᠠ᠃ | 5. ᠦᠨᠳᠤᠷ ᠪᠠᠷᠢᠮᠵᠢᠶᠠᠳᠤ ᠳᠠᠷᠢᠶᠠᠨ ᠭᠠᠵᠠᠷ ᠤᠨ ᠪᠠᠶᠢᠭᠤᠯᠤᠯᠳᠠ ᠶᠢᠨ ᠪᠠᠷᠢᠮᠵᠢᠶ᠎ᠠ ᠶᠤᠰᠤᠭᠠᠷ᠂ ︽ᠤᠷᠢᠳᠠᠪᠠᠷ ᠪᠠᠶᠢᠭᠤᠯᠵᠤ ᠰᠠᠬᠦᠯᠡᠷ ᠨᠢ ᠨᠦᠬᠦᠪᠤᠷᠢᠯᠡᠬᠦ︾ | ᠠᠷᠭ᠎ᠠ ᠪᠠᠷ ᠤᠶᠤᠨᠴᠢ ᠦᠨᠳᠤᠷ ᠪᠦᠳᠤᠮᠵᠢᠳᠤ ᠤᠰᠤ ᠠᠷᠪᠢᠯᠠᠬᠤ ᠤᠰᠤᠯᠠᠯᠳᠠ ᠶᠢᠨ ᠳᠠᠷᠢᠶᠠᠨ ᠭᠠᠵᠠᠷ ᠢ 5000 ᠮᠤ᠋ ᠲᠦᠪᠯᠡᠷᠡᠩᠬᠦᠢ ᠪᠠᠶᠢᠭᠤᠯᠤᠨ᠎ᠠ᠂ ᠡᠬᠦᠨ ᠳᠤ | ᠰᠦᠯᠢᠶᠤᠤ ᠪᠦᠷᠬᠦᠪᠴᠢ ᠶᠢᠨ ᠳᠤᠤᠷ᠎ᠠ ᠳᠤᠰᠤᠯᠠᠭᠠᠨ ᠤᠰᠤᠯᠠᠬᠤ ᠮᠡᠷᠬᠡᠵᠢᠯ ᠤᠨ ᠳᠠᠷᠢᠯᠳᠠ ᠶᠢ 1000 ᠮᠤ᠋ ᠳᠡᠯᠬᠡᠷᠡᠬᠦᠯᠤᠨ᠂ ᠮᠠᠯ ᠳᠠᠷᠢᠶᠠᠯᠠᠩ ᠤᠨ ᠳᠤᠪᠴᠢᠶ᠎ᠠ | ᠠᠴᠠ ᠨᠢᠬᠡᠳᠤᠯᠳᠠᠢ ᠲᠦᠯᠤᠪᠵᠢᠬᠦᠯᠤᠨ ᠬᠡᠷᠡᠭᠵᠢᠬᠦᠯᠵᠤ᠂ ᠤᠯᠵᠠᠴᠢ ᠪᠠᠯᠭᠠᠰᠤ ᠠᠴᠠ ᠭᠠᠵᠠᠷ ᠢ ᠨᠠᠶᠢᠳᠠᠪᠤᠷᠢᠵᠢᠭᠤᠯᠬᠤ ᠶᠢ ᠬᠠᠷᠢᠭᠤᠴᠠᠨ᠂ ᠲᠦᠷᠤᠯ ᠵᠦᠢᠯ ᠤᠨ | ᠪᠠᠶᠢᠭᠤᠯᠤᠯᠳᠠ ᠶᠢᠨ ᠪᠡᠯᠡ ᠮᠦᠩᠬᠦ ᠶᠢ ᠳᠡᠬᠡᠳᠤ ᠱᠠᠳᠤᠨ ᠤ ᠳᠤᠰᠬᠠᠢ ᠲᠦᠷᠤᠯ ᠤᠨ ᠪᠡᠯᠡ ᠮᠦᠩᠬᠦ ᠶᠢ ᠳᠡᠮᠡᠴᠡᠨ ᠤᠯᠬᠤ ᠪᠠᠷ ᠭᠤᠤᠯ ᠪᠤᠯᠭᠠᠵᠤ᠂ ᠬᠦᠷᠤᠯᠴᠡᠬᠦ | ᠦᠬᠡᠢ ᠬᠡᠰᠡᠭ ᠢ ᠨᠢ ᠬᠤᠰᠢᠭᠤ ᠡᠳ᠋ ᠤᠨ ᠵᠠᠰᠠᠭ ᠠᠴᠠ ᠬᠠᠷᠢᠭᠤᠴᠠᠨ᠎ᠠ᠃ | ᠬᠤᠶᠠᠷ᠂ ᠳᠡᠤᠨᠬᠦᠬᠦ ᠲᠦᠷᠤᠯ ᠤᠨ ᠲᠦᠷᠤ ᠶᠢᠨ ᠪᠤᠳᠤᠯᠭ᠎ᠠ | ︵ᠲᠦᠷᠪᠡ︶ ᠬᠡᠳᠤ ᠠᠰᠢᠭᠯᠠᠯᠳᠠ ᠶᠢᠨ ᠤᠷᠤᠨ ᠳᠤᠳᠤᠷ᠎ᠠ ︽ᠬᠤᠤᠨᠳᠤᠭ ᠴᠠᠬᠢᠯᠭᠠᠨ ᠤ ᠬᠤᠤᠰ ᠡᠵᠡᠮᠳᠡᠯ︾ ᠤᠨ ᠲᠦᠬᠦᠬᠡᠷᠤᠮᠵᠢ ᠤᠭᠰᠠᠷᠠᠭᠰᠡᠨ ᠮᠠᠯᠴᠢᠨ | ᠳᠠᠷᠢᠶᠠᠴᠢᠨ ᠡᠷᠤᠬᠡ | 6. ᠬᠡᠳᠤ ᠠᠰᠢᠭᠯᠠᠯᠳᠠ ᠶᠢᠨ ᠤᠷᠤᠨ ᠳᠤᠳᠤᠷᠠᠬᠢ ᠦᠨᠵᠢᠬᠦᠯᠤᠨ ᠳᠠᠷᠢᠬᠤ ᠶᠢ ᠬᠡᠷᠡᠭᠵᠢᠬᠦᠯᠦᠭᠰᠡᠨ ᠦᠬᠡᠢ ᠮᠠᠯᠴᠢᠨ ᠳᠠᠷᠢᠶᠠᠴᠢᠨ ᠡᠷᠤᠬᠡ ᠳᠤ ᠡᠷᠤᠬᠡ ᠪᠠᠷ | ᠨᠢᠬᠡᠴᠢ ᠪᠤᠯᠭᠠᠨ ᠤᠰᠤᠯᠠᠯᠳᠠ ᠶᠢᠨ ᠭᠠᠵᠠᠷ ᠨᠢ 15 ᠮᠤ᠋ ᠠᠴᠠ ᠳᠤᠷᠤᠭᠰᠢᠬᠢ ᠮᠠᠯᠴᠢᠨ ᠳᠠᠷᠢᠶᠠᠴᠢᠨ ᠡᠷᠤᠬᠡ ︵15 ᠮᠤ᠋ ᠶᠢ ᠪᠠᠭᠳᠠᠭᠠᠨ᠎ᠠ︶ ᠳᠤ ᠮᠤ᠋ ᠪᠦᠷᠢ ᠳᠤ | 400 ᠲᠦᠬᠦᠷᠢᠭ ᠨᠦᠬᠦᠪᠤᠷᠢᠯᠡᠨ᠎ᠡ︔ ᠤᠰᠤᠯᠠᠯᠳᠠ ᠶᠢᠨ ᠭᠠᠵᠠᠷ ᠨᠢ 20 ᠮᠤ᠋ ᠠᠴᠠ ᠳᠤᠷᠤᠭᠰᠢᠬᠢ ᠮᠠᠯᠴᠢᠨ ᠳᠠᠷᠢᠶᠠᠴᠢᠨ ᠡᠷᠤᠬᠡ ︵20 ᠮᠤ᠋ ᠶᠢ ᠪᠠᠭᠳᠠᠭᠠᠨ᠎ᠠ︶ | ᠳᠤ ᠮᠤ᠋ ᠪᠦᠷᠢ ᠳᠤ 275 ᠲᠦᠬᠦᠷᠢᠭ ᠨᠦᠬᠦᠪᠤᠷᠢᠯᠡᠨ᠎ᠡ︔ ᠤᠰᠤᠯᠠᠯᠳᠠ ᠶᠢᠨ ᠭᠠᠵᠠᠷ ᠨᠢ 25 ᠮᠤ᠋ ᠠᠴᠠ ᠳᠤᠷᠤᠭᠰᠢᠬᠢ ᠮᠠᠯᠴᠢᠨ ᠳᠠᠷᠢᠶᠠᠴᠢᠨ ᠡᠷᠤᠬᠡ ︵25 ᠮᠤ᠋ | ᠶᠢ ᠪᠠᠭᠳᠠᠭᠠᠨ᠎ᠠ︶ ᠳᠤ ᠮᠤ᠋ ᠪᠦᠷᠢ ᠳᠤ 200 ᠲᠦᠬᠦᠷᠢᠭ ᠨᠦᠬᠦᠪᠤᠷᠢᠯᠡᠨ᠎ᠡ᠃ | 7. ᠬᠡᠳᠤ ᠠᠰᠢᠭᠯᠠᠯᠳᠠ ᠶᠢᠨ ᠤᠷᠤᠨ ᠳᠤᠳᠤᠷᠠᠬᠢ ᠦᠨᠵᠢᠬᠦᠯᠤᠨ ᠳᠠᠷᠢᠬᠤ ᠶᠢ ᠬᠡᠷᠡᠭᠵᠢᠬᠦᠯᠦᠭᠰᠡᠨ ᠦᠬᠡᠢ ᠶᠠᠳᠠᠭᠤ ᠠᠴᠠ ᠠᠩᠬᠢᠵᠢᠷᠠᠭᠤᠯᠤᠭᠰᠡᠨ ᠡᠷᠤᠬᠡ ᠪᠠ | ᠬᠦᠳᠡᠯᠤᠩᠬᠦᠢ ᠬᠢᠨᠠᠨ ᠡᠵᠡᠮᠳᠡᠯ ᠤᠨ ᠡᠷᠤᠬᠡ ᠨᠢᠬᠡᠨᠳᠠ ᠨᠤᠳᠠᠯᠠᠨ ᠳᠤᠭᠳᠠᠭᠠᠭᠰᠠᠨ ᠤᠰᠤᠯᠠᠯᠳᠠ ᠶᠢᠨ ᠭᠠᠵᠠᠷ᠂ 2019 ᠤᠨ ᠤ 12 ᠰᠠᠷ᠎ᠠ ᠶᠢᠨ 31 ᠤ ᠡᠳᠤᠷ | ᠠᠴᠠ ᠡᠮᠤᠨᠡᠬᠢ ᠨᠤᠳᠠᠯᠠᠨ ᠳᠤᠭᠳᠠᠭᠠᠭᠰᠠᠨ ᠦᠬᠡᠢ ᠤᠰᠤᠯᠠᠯᠳᠠ ᠶᠢᠨ ᠭᠠᠵᠠᠷ ᠲᠤ ᠳᠠᠷᠢᠭᠰᠡᠨ ᠪᠠᠶᠢᠪᠠᠯ ᠮᠤ᠋ ᠪᠦᠷᠢ ᠳᠤ 200 ᠲᠦᠬᠦᠷᠢᠭ ᠨᠦᠬᠦᠪᠤᠷᠢᠯᠡᠨ᠎ᠡ᠃ | ︵ᠳᠠᠪᠤ︶ ᠬᠡᠳᠤ ᠠᠰᠢᠭᠯᠠᠯᠳᠠ ᠶᠢᠨ ᠤᠷᠤᠨ ᠳᠤ ᠵᠢᠬᠡᠯᠡᠯᠬᠡ ᠶᠢᠨ ᠳᠠᠮ ᠬᠦᠤ ᠶᠢᠨ ᠲᠦᠷᠤ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠤᠨ᠎ᠠ | 8. ᠬᠡᠳᠤ ᠠᠰᠢᠭᠯᠠᠯᠳᠠ ᠶᠢᠨ ᠤᠷᠤᠨ ᠳᠠᠬᠢ ᠮᠠᠯᠴᠢᠨ ᠳᠠᠷᠢᠶᠠᠴᠢᠨ ᠡᠷᠤᠬᠡ ᠳᠤ ᠦᠷᠬᠦᠯᠵᠢᠯᠡᠨ ᠭᠤᠷᠪᠠᠨ ᠵᠢᠯ ᠵᠢᠬᠡᠯᠡᠯᠬᠡ ᠶᠢᠨ ᠳᠠᠮ ᠬᠦᠤ ᠶᠢᠨ ᠨᠦᠬᠦᠪᠤᠷᠢ | ᠬᠠᠩᠭᠠᠨ᠂ ᠬᠠᠮᠤᠭ ᠦᠨᠳᠤᠷ ᠲᠤ ᠪᠠᠨ 10 ᠲᠦᠮᠡᠨ ᠲᠦᠬᠦᠷᠢᠭ ᠤᠨ ᠵᠢᠬᠡᠯᠡᠯᠬᠡ ᠳᠠᠯᠪᠢᠨ᠎ᠠ᠃ ᠡᠬᠦᠨ ᠳᠤ᠂ ᠳᠠᠷᠢᠵᠤ ᠳᠡᠵᠢᠬᠡᠨ ᠦᠷᠡᠵᠢᠬᠦᠯᠬᠦ ᠤᠶᠢᠯᠡᠰ ᠤᠨ | ᠬᠦᠭᠵᠢᠯᠳᠠ ᠳᠤ ᠬᠡᠷᠡᠭᠯᠡᠪᠡᠯ᠂ ᠮᠠᠯᠴᠢᠨ ᠳᠠᠷᠢᠶᠠᠴᠢᠨ ᠡᠷᠤᠬᠡ ᠳᠤ ᠵᠢᠬᠡᠯᠡᠯᠬᠡ ᠶᠢᠨ ᠡᠬᠡ ᠮᠦᠩᠬᠦ ᠶᠢᠨ 2 ᠯᠢ ᠵᠤᠭᠤᠰ ᠤᠨ ᠳᠠᠮ ᠬᠦᠤ ᠶᠢᠨ ᠨᠦᠬᠦᠪᠤᠷᠢ | ᠨᠦᠬᠦᠪᠤᠷᠢᠯᠡᠨ᠎ᠡ︔ ᠪᠠᠷᠢᠮᠵᠢᠶᠠᠵᠢᠭᠤᠯᠤᠭᠰᠡᠨ ᠠᠯᠠᠰᠢᠨ ᠮᠠᠯ ᠪᠤᠷᠳᠤᠬᠤ ᠳᠡᠵᠢᠬᠡᠨ ᠦᠷᠡᠵᠢᠬᠦᠯᠬᠡ ᠶᠢᠨ ᠬᠠᠰᠢᠶ᠎ᠠ ᠰᠠᠷᠠᠪᠴᠢ ᠪᠠᠶᠢᠭᠤᠯᠬᠤ ᠳᠤ ᠬᠡᠷᠡᠭᠯᠡᠪᠡᠯ᠂ ᠮᠠᠯᠴᠢᠨ | ᠳᠠᠷᠢᠶᠠᠴᠢᠨ ᠡᠷᠤᠬᠡ ᠳᠤ ᠦᠪᠡᠰᠤᠪᠡᠨ ᠴᠤᠭᠯᠠᠭᠤᠯᠤᠭᠰᠡᠨ 50% ᠶᠢᠨ ᠪᠦᠳᠤᠬᠡᠨ ᠪᠠᠶᠢᠭᠤᠯᠤᠯᠳᠠ ᠶᠢᠨ ᠵᠠᠷᠤᠳᠠᠯ ᠤᠨ 2 ᠯᠢ ᠵᠤᠭᠤᠰ ᠤᠨ ᠳᠠᠮ ᠬᠦᠤ ᠶᠢᠨ | ᠨᠦᠬᠦᠪᠤᠷᠢ ᠨᠦᠬᠦᠪᠤᠷᠢᠯᠡᠨ᠎ᠡ︔ ᠪᠠᠷᠢᠮᠵᠢᠶᠠᠳᠤ ᠮᠦᠬᠦ ᠶᠢᠨ ᠰᠦᠯᠢᠶᠤᠤ ᠰᠠᠷᠠᠪᠴᠢ ᠶᠢ ᠰᠢᠨ᠎ᠠ ᠪᠠᠷ ᠪᠠᠶᠢᠭᠤᠯᠤᠭᠰᠡᠨ ᠪᠤᠶᠤ ᠦᠬᠡᠷᠡᠴᠢᠯᠡᠨ ᠪᠠᠶᠢᠭᠤᠯᠤᠭᠰᠡᠨ | ᠮᠦᠷᠳᠡᠬᠡᠨ ᠦᠷᠬᠦᠯᠵᠢᠯᠡᠨ ᠭᠤᠷᠪᠠᠨ ᠵᠢᠯ ᠬᠡᠷᠡᠭᠯᠡᠭᠰᠡᠨ ᠪᠤᠯ ᠮᠠᠯᠴᠢᠨ ᠳᠠᠷᠢᠶᠠᠴᠢᠨ ᠡᠷᠤᠬᠡ ᠳᠤ ᠦᠪᠡᠰᠤᠪᠡᠨ ᠴᠤᠭᠯᠠᠭᠤᠯᠤᠭᠰᠡᠨ 50% ᠶᠢᠨ ᠪᠦᠳᠤᠬᠡᠨ | ᠪᠠᠶᠢᠭᠤᠯᠤᠯᠳᠠ ᠶᠢᠨ ᠵᠠᠷᠤᠳᠠᠯ ᠪᠠ ᠮᠦᠬᠦ ᠳᠠᠷᠢᠬᠤ ᠪᠤᠭᠤᠳᠠᠯ ᠬᠤᠳᠠᠯᠳᠤᠨ ᠠᠪᠤᠭᠰᠡᠨ ᠨᠠᠶᠢᠳᠠ 10 ᠲᠦᠮᠡᠨ ᠲᠦᠬᠦᠷᠢᠭ ᠠᠴᠠ ᠦᠯᠤ ᠬᠡᠳᠤᠷᠡᠬᠦ ᠡᠬᠡ ᠮᠦᠩᠬᠦ ᠶᠢᠨ | ᠪᠦᠬᠦ ᠳᠤᠭᠠᠨ ᠤ ᠳᠠᠮ ᠬᠦᠤ ᠶᠢᠨ ᠨᠦᠬᠦᠪᠤᠷᠢ ᠨᠦᠬᠦᠪᠤᠷᠢᠯᠡᠨ᠎ᠡ᠃ | ᠭᠤᠷᠪᠠ᠂ ᠬᠦᠳᠤᠯᠤᠨ ᠵᠢᠯᠤᠭᠤᠤᠨᠬᠤ ᠲᠦᠷᠤᠯ ᠤᠨ ᠲᠦᠷᠤ ᠶᠢᠨ ᠪᠤᠳᠤᠯᠭ᠎ᠠ | ︵ᠵᠢᠷᠭᠤᠭ᠎ᠠ︶ ᠬᠡᠳᠤ ᠠᠰᠢᠭᠯᠠᠯᠳᠠ ᠶᠢᠨ ᠤᠷᠤᠨ ᠳᠤ ᠳᠡᠵᠢᠬᠡᠨ ᠦᠷᠡᠵᠢᠬᠦᠯᠬᠡ ᠶᠢᠨ ᠬᠦᠷᠢᠶᠡᠯᠡᠩ ᠳᠤᠭᠤᠷᠢᠭ ᠪᠠᠶᠢᠭᠤᠯᠬᠤ | 9. ᠬᠡᠳᠤ ᠠᠰᠢᠭᠯᠠᠯᠳᠠ ᠶᠢᠨ ᠤᠷᠤᠨ ᠳᠤᠳᠤᠷᠠᠬᠢ ᠨᠦᠬᠦᠴᠡᠯ ᠳᠤ ᠨᠡᠶᠢᠴᠡᠬᠦ ᠮᠦᠷᠳᠡᠬᠡᠨ ᠦᠨᠵᠢᠬᠦᠯᠤᠨ ᠳᠠᠷᠢᠬᠤ ᠶᠢ ᠬᠡᠷᠡᠭᠵᠢᠬᠦᠯᠤᠬᠡᠳᠤᠢ ᠮᠠᠯᠴᠢᠨ | ᠳᠠᠷᠢᠶᠠᠴᠢᠨ ᠡᠷᠤᠬᠡ᠂ 2024 ᠤᠨ ᠠᠴᠠ 2026 ᠤᠨ ᠪᠤᠯᠳᠠᠯ᠎ᠠ ᠰᠠᠶᠢᠨ ᠳᠤᠷ᠎ᠠ ᠠᠴᠠ ᠪᠠᠨ ᠵᠢᠯ ᠪᠦᠷᠢ 25 ᠮᠤ᠋ ᠠᠴᠠ ᠳᠡᠬᠡᠭᠰᠢ ᠦᠨᠵᠢᠬᠦᠯᠤᠨ ᠳᠠᠷᠢᠬᠤ᠂ | ᠳᠡᠵᠢᠬᠡᠨ ᠦᠷᠡᠵᠢᠬᠦᠯᠬᠦ ᠰᠠᠨᠠᠭ᠎ᠠ ᠲᠠᠢ᠂ ᠬᠦᠳᠡᠯᠮᠤᠷᠢ ᠬᠦᠴᠤ ᠲᠠᠢ ᠪᠠ ᠳᠡᠵᠢᠬᠡᠨ ᠦᠷᠡᠵᠢᠬᠦᠯᠬᠡ ᠶᠢᠨ ᠬᠠᠰᠢᠶ᠎ᠠ ᠰᠠᠷᠠᠪᠴᠢ ᠪᠠᠶᠢᠭᠤᠯᠬᠤ ᠭᠠᠵᠠᠷ ᠲᠠᠢ ᠮᠦᠷᠳᠡᠬᠡᠨ | ᠤᠳᠤᠬᠠᠨ ᠳᠤ ᠠᠯᠠᠰᠢᠨ ᠮᠠᠯ ᠤᠨ ᠳᠡᠵᠢᠬᠡᠨ ᠦᠷᠡᠵᠢᠬᠦᠯᠬᠡ ᠶᠢᠨ ᠬᠠᠰᠢᠶ᠎ᠠ ᠰᠠᠷᠠᠪᠴᠢ ᠪᠠᠶᠢᠬᠤ ᠦᠬᠡᠢ ᠮᠠᠯᠴᠢᠨ ᠳᠠᠷᠢᠶᠠᠴᠢᠨ ᠡᠷᠤᠬᠡ᠃ | ︽ᠤᠷᠢᠳᠠᠪᠠᠷ ᠪᠠᠶᠢᠭᠤᠯᠵᠤ ᠳᠠᠷᠠᠭ᠎ᠠ ᠪᠠᠷ ᠨᠢ ᠨᠦᠬᠦᠪᠤᠷᠢᠯᠡᠬᠦ︾ ᠠᠷᠭ᠎ᠠ ᠪᠠᠷ ᠪᠠᠷᠢᠮᠵᠢᠶᠠᠵᠢᠭᠤᠯᠤᠭᠰᠡᠨ ᠠᠯᠠᠰᠢᠨ ᠮᠠᠯ ᠪᠤᠷᠳᠤᠵᠤ ᠳᠡᠵᠢᠬᠡᠨ ᠦᠷᠡᠵᠢᠬᠦᠯᠬᠦ | ᠬᠠᠰᠢᠶ᠎ᠠ ᠰᠠᠷᠠᠪᠴᠢ ᠶᠢ ᠰᠢᠨ᠎ᠠ ᠪᠠᠷ 1 ᠰᠠᠭᠤᠷᠢ ᠪᠠᠶᠢᠭᠤᠯᠬᠤ ᠪᠦᠷᠢ᠂ ᠮᠠᠯ ᠳᠠᠷᠢᠶᠠᠯᠠᠩ ᠤᠨ ᠳᠤᠪᠴᠢᠶ᠎ᠠ ᠠᠴᠠ ᠤᠯᠵᠠᠴᠢ ᠪᠠᠯᠭᠠᠰᠤ ᠲᠠᠢ ᠬᠠᠮᠳᠤᠷᠠᠨ ᠰᠢᠯᠭᠠᠨ | ᠬᠤᠷᠢᠶᠠᠵᠤ ᠬᠢᠷᠢ ᠳᠡᠩᠴᠡᠭᠰᠡᠨ ᠤ ᠳᠠᠷᠠᠭ᠎ᠠ 50% ᠶᠢᠨ ᠪᠠᠶᠢᠭᠤᠯᠤᠯᠳᠠ ᠶᠢᠨ ᠵᠠᠷᠤᠳᠠᠯ ᠤᠨ ᠨᠦᠬᠦᠪᠤᠷᠢ ᠶᠢ ᠨᠢᠬᠡᠯᠡ ᠤᠳᠠᠭ᠎ᠠ ᠳᠤ ᠤᠯᠭᠤᠨ᠎ᠠ︔ ᠦᠯᠡᠳᠡᠭᠰᠡᠨ | 50% ᠶᠢᠨ ᠪᠠᠶᠢᠭᠤᠯᠤᠯᠳᠠ ᠶᠢᠨ ᠵᠠᠷᠤᠳᠠᠯ ᠢ ︽ᠨᠢᠬᠡ ᠵᠢᠯ ᠳᠤ ᠨᠢᠬᠡ ᠰᠢᠯᠭᠠᠨ ᠬᠤᠷᠢᠶᠠᠬᠤ᠂ ᠭᠤᠷᠪᠠᠨ ᠵᠢᠯ ᠳᠤ ᠪᠦᠬᠦᠨ ᠢ ᠨᠦᠬᠦᠪᠤᠷᠢᠯᠡᠬᠦ︾ ᠵᠠᠷᠴᠢᠮ | ᠶᠤᠰᠤᠭᠠᠷ᠂ ᠮᠠᠯ ᠳᠠᠷᠢᠶᠠᠯᠠᠩ ᠤᠨ ᠳᠤᠪᠴᠢᠶ᠎ᠠ ᠤᠯᠵᠠᠴᠢ ᠪᠠᠯᠭᠠᠰᠤ ᠲᠠᠢ ᠬᠠᠮᠳᠤᠷᠠᠨ ᠳᠡᠵᠢᠬᠡᠨ ᠦᠷᠡᠵᠢᠬᠦᠯᠬᠡ ᠶᠢᠨ ᠬᠡᠪᠴᠢᠶᠡᠵᠢᠯ ᠪᠠᠷᠢᠮᠵᠢᠶ᠎ᠡ ᠳᠤ ᠬᠦᠷᠬᠦ᠂ | ᠲᠦᠷᠤᠯ ᠡᠬᠦᠯᠳᠡᠷ ᠨᠢᠬᠡᠳᠤᠯᠳᠠᠢ ᠪᠠᠶᠢᠬᠤ᠂ ᠦᠷ᠎ᠠ ᠠᠰᠢᠭ ᠪᠠᠷᠢᠮᠵᠢᠶ᠎ᠠ ᠳᠤ ᠬᠦᠷᠬᠦ ᠵᠡᠷᠬᠡ ᠠᠭᠤᠯᠭ᠎ᠠ ᠪᠠᠷ ᠰᠢᠯᠭᠠᠨ ᠬᠤᠷᠢᠶᠠᠵᠤ ᠬᠢᠷᠢ ᠳᠡᠩᠴᠡᠭᠰᠡᠨ ᠤ ᠳᠠᠷᠠᠭ᠎ᠠ᠂ | ᠵᠢᠯ ᠬᠤᠪᠢᠶᠠᠨ ᠨᠦᠬᠦᠪᠤᠷᠢ ᠶᠢᠨ ᠪᠡᠯᠡ ᠮᠦᠩᠬᠦ ᠤᠯᠭᠤᠵᠤ᠂ ᠳᠡᠵᠢᠬᠡᠨ ᠦᠷᠡᠵᠢᠬᠦᠯᠬᠡ ᠶᠢᠨ ᠲᠦᠬᠦᠬᠡᠷᠤᠮᠵᠢ ᠰᠤᠯᠠ ᠤᠷᠬᠢᠭᠳᠠᠬᠤ ᠦᠵᠡᠭᠳᠡᠯ ᠡᠬᠦᠰᠬᠦ ᠶᠢ | ᠪᠦᠳᠤᠮᠵᠢᠳᠠᠢ ᠰᠡᠷᠬᠡᠶᠢᠯᠡᠨ ᠬᠤᠷᠢᠭᠯᠠᠨ᠎ᠠ᠃ | 15 ᠡᠷᠤᠬᠡ ᠠᠴᠠ ᠳᠡᠬᠡᠭᠰᠢᠬᠢ ᠮᠠᠯ ᠳᠠᠷᠢᠶᠠᠯᠠᠩ ᠤᠨ ᠬᠤᠷᠰᠢᠶᠠᠵᠢᠯ ᠳᠤ᠂ ᠮᠠᠯ ᠳᠠᠷᠢᠶᠠᠯᠠᠩ ᠤᠨ ᠳᠤᠪᠴᠢᠶ᠎ᠠ᠂ ᠤᠯᠵᠠᠴᠢ ᠪᠠᠯᠭᠠᠰᠤ ᠠᠴᠠ ᠠᠯᠠᠰᠢᠨ ᠮᠠᠯ ᠤᠨ | ᠳᠡᠵᠢᠬᠡᠨ ᠦᠷᠡᠵᠢᠬᠦᠯᠬᠡ ᠶᠢᠨ ᠬᠦᠷᠢᠶᠡᠯᠡᠩ ᠳᠤᠭᠤᠷᠢᠭ ᠤᠨ ᠲᠦᠬᠦᠷᠴᠢᠯᠡᠭᠰᠡᠨ ᠰᠠᠭᠤᠷᠢ ᠲᠦᠬᠦᠬᠡᠷᠤᠮᠵᠢ ᠶᠢ ᠨᠢᠬᠡᠳᠤᠯᠳᠠᠢ ᠲᠦᠯᠤᠪᠵᠢᠬᠦᠯᠤᠨ ᠲᠦᠪᠯᠡᠷᠡᠩᠬᠦᠢ | ᠪᠠᠶᠢᠭᠤᠯᠵᠤ᠂ ᠨᠢᠬᠡᠳᠤᠯᠳᠠᠢ ᠡᠬᠦᠯᠳᠡᠷ ᠤᠨ ᠳᠡᠵᠢᠬᠡᠨ ᠦᠷᠡᠵᠢᠬᠦᠯᠬᠡ᠂ ᠨᠢᠬᠡᠳᠤᠯᠳᠠᠢ ᠳᠡᠵᠢᠬᠡᠬᠦ ᠪᠠᠷᠢᠮᠵᠢᠶ᠎ᠠ᠂ ᠨᠢᠬᠡᠳᠤᠯᠳᠠᠢ ᠬᠠᠮᠢᠶᠠᠷᠤᠯᠳᠠ ᠶᠢᠨ ᠵᠠᠭᠪᠤᠷ᠂ | ᠨᠢᠬᠡᠳᠤᠯᠳᠠᠢ ᠬᠢᠵᠢᠭ ᠡᠪᠡᠤᠨᠴᠢᠨ ᠤ ᠰᠡᠷᠬᠡᠶᠢᠯᠡᠯᠳᠠ ᠵᠠᠰᠠᠯᠳᠠ᠂ ᠨᠢᠬᠡᠳᠤᠯᠳᠠᠢ ᠪᠤᠷᠤᠯᠠᠭᠤᠯᠭ᠎ᠠ ᠶᠢᠨ ᠠᠷᠭ᠎ᠠ ᠵᠠᠮ᠂ ᠨᠢᠬᠡᠳᠤᠯᠳᠠᠢ ᠨᠠᠷᠠ ᠳᠡᠮᠳᠡᠭ ᠤᠨ ᠡᠵᠡᠩᠨᠡᠯᠳᠠ | ᠶᠢᠨ ︽ᠵᠢᠷᠭᠤᠭᠠᠨ ᠨᠢᠬᠡᠳᠤᠯᠳᠠᠢ︾ ᠵᠠᠭᠪᠤᠷ ᠢ ᠬᠡᠷᠡᠭᠵᠢᠬᠦᠯᠤᠨ᠂ ᠤᠯᠵᠠᠴᠢ ᠪᠠᠯᠭᠠᠰᠤ ᠠᠴᠠ ᠬᠤᠷᠰᠢᠶᠠᠵᠢᠯ ᠢ ᠵᠤᠬᠢᠶᠠᠨ ᠪᠠᠶᠢᠭᠤᠯᠤᠨ ᠲᠦᠷᠤᠯ ᠵᠦᠢᠯ ᠤᠨ | ᠪᠠᠶᠢᠭᠤᠯᠤᠯᠳᠠ ᠶᠢᠨ ᠭᠠᠵᠠᠷ ᠢ ᠨᠠᠶᠢᠳᠠᠪᠤᠷᠢᠵᠢᠭᠤᠯᠤᠨ᠎ᠠ᠃ | ︵ᠳᠤᠯᠤᠭ᠎ᠠ︶ ᠬᠡᠳᠤ ᠠᠰᠢᠭᠯᠠᠯᠳᠠ ᠶᠢᠨ ᠤᠷᠤᠨ ᠳᠤ ᠮᠦᠬᠦ ᠶᠢ ᠨᠠᠷᠢᠯᠢᠭ ᠪᠤᠯᠪᠠᠰᠤᠷᠠᠭᠤᠯᠬᠤ ᠤᠨᠴᠠᠯᠢᠭᠳᠤ ᠠᠵᠤ ᠤᠶᠢᠯᠡᠰ ᠤᠨ ᠬᠦᠷᠢᠶᠡᠯᠡᠩ ᠪᠠᠶᠢᠭᠤᠯᠬᠤ | ᠲᠦᠷᠤᠯ ᠵᠦᠢᠯ | 10. ᠮᠦᠬᠦ ᠶᠢ ᠨᠠᠷᠢᠯᠢᠭ ᠪᠤᠯᠪᠠᠰᠤᠷᠠᠭᠤᠯᠬᠤ ᠤᠨᠴᠠᠯᠢᠭᠳᠤ ᠠᠵᠤ ᠤᠶᠢᠯᠡᠰ ᠤᠨ ᠬᠦᠷᠢᠶᠡᠯᠡᠩ ᠤᠨ ᠪᠠᠶᠢᠭᠤᠯᠤᠯᠳᠠ ᠶᠢ ᠠᠬᠢᠭᠤᠯᠤᠨ᠂ ᠳᠠᠷᠢᠯᠳᠠ ᠶᠢᠨ | ᠬᠡᠪᠴᠢᠶ᠎ᠡ ᠶᠢ ᠦᠷᠬᠡᠤᠨᠬᠡᠵᠤ᠂ ᠬᠡᠳᠤ ᠠᠰᠢᠭᠯᠠᠯᠳᠠ ᠶᠢᠨ ᠤᠷᠤᠨ ᠤ ᠮᠠᠯᠴᠢᠨ ᠳᠠᠷᠢᠶᠠᠴᠢᠨ ᠳᠤ ᠠᠵᠢᠯ ᠤᠨ ᠪᠠᠶᠢᠷᠢ ᠬᠠᠩᠭᠠᠨ᠎ᠠ᠃ | 10 ᠮᠤ᠋ ᠶᠢᠨ ᠬᠠᠤᠯᠢ ᠶᠤᠰᠤᠨ ᠤ ᠤᠰᠤᠯᠠᠯᠳᠠ ᠶᠢᠨ ᠭᠠᠵᠠᠷ ᠢᠶᠠᠨ ᠰᠠᠶᠢᠨ ᠳᠤᠷ᠎ᠠ ᠠᠴᠠ ᠪᠠᠨ ᠨᠢᠬᠡ ᠰᠠᠭᠤᠷᠢ 0.8 ᠮᠤ᠋ ᠠᠴᠠ ᠳᠡᠬᠡᠭᠰᠢᠬᠢ ᠪᠠᠷᠢᠮᠵᠢᠶᠠᠳᠤ | ᠮᠦᠬᠦ ᠶᠢᠨ ᠰᠦᠯᠢᠶᠤᠤ ᠭᠤᠯᠳᠤᠩ ᠰᠠᠷᠠᠪᠴᠢ ᠰᠤᠯᠢᠨ ᠰᠢᠨ᠎ᠠ ᠪᠠᠷ ᠪᠠᠶᠢᠭᠤᠯᠬᠤ ᠮᠦᠷᠳᠡᠬᠡᠨ ᠦᠯᠡᠳᠡᠭᠰᠡᠨ 9.2 ᠮᠤ᠋ ᠪᠠᠨ ᠰᠠᠶᠢᠨ ᠳᠤᠷ᠎ᠠ ᠠᠴᠠ ᠪᠠᠨ | ᠦᠷᠬᠦᠯᠵᠢᠯᠠᠨ 3 ᠵᠢᠯ ᠪᠤᠷᠤᠭᠠᠨ ᠳᠤ ᠲᠦᠰᠢᠭᠯᠡᠨ ᠬᠠᠭᠤᠷᠠᠢ ᠪᠠᠷ ᠳᠠᠷᠢᠬᠤ ᠪᠤᠶᠤ ᠤᠰᠤ ᠬᠢᠵᠠᠭᠠᠷᠯᠠᠨ ᠡᠯᠳᠡᠪ ᠠᠮᠤ ᠳᠠᠷᠢᠬᠤ ︵ᠵᠢᠯ ᠳᠤ 3 ᠤᠳᠠᠭ᠎ᠠ ᠤᠰᠤᠯᠠᠬᠤ | ᠪᠠᠷ ᠬᠢᠵᠠᠭᠠᠷᠯᠠᠨ᠂ ᠮᠤ᠋ ᠪᠦᠷᠢ ᠶᠢᠨ ᠬᠡᠷᠡᠭᠯᠡᠬᠦ ᠤᠰᠤ ᠶᠢ 60 ᠪᠤᠰᠤᠭ᠎ᠠ ᠲᠦᠷᠪᠡᠯᠵᠢᠨ ᠮᠧᠲᠷ ᠠᠴᠠ ᠬᠡᠳᠤᠷᠡᠬᠦᠯᠵᠤ ᠪᠤᠯᠬᠤ ᠦᠬᠡᠢ︶ ᠮᠠᠯᠴᠢᠨ ᠳᠠᠷᠢᠶᠠᠴᠢᠨ ᠡᠷᠤᠬᠡ | ᠳᠤ ᠰᠦᠯᠢᠶᠤᠤ ᠭᠤᠯᠳᠤᠩ ᠰᠠᠷᠠᠪᠴᠢ ᠪᠦᠷᠢ ᠳᠤ 50% ᠶᠢᠨ ᠪᠦᠳᠤᠬᠡᠨ ᠪᠠᠶᠢᠭᠤᠯᠤᠯᠳᠠ ᠶᠢᠨ ᠵᠠᠷᠤᠳᠠᠯ ᠤᠨ ᠨᠦᠬᠦᠪᠤᠷᠢ ᠤᠯᠭᠤᠨ᠎ᠠ︔ | ᠬᠡᠳᠤ ᠠᠰᠢᠭᠯᠠᠯᠳᠠ ᠶᠢᠨ ᠤᠷᠤᠨ ᠳᠠᠬᠢ 2022 ᠤᠨ ᠠᠴᠠ ᠨᠠᠭᠠᠰᠢ ᠪᠠᠶᠢᠭᠤᠯᠤᠭᠰᠡᠨ 617 ᠰᠠᠭᠤᠷᠢ ᠪᠠᠷᠢᠮᠵᠢᠶᠠᠳᠤ ᠰᠦᠯᠢᠶᠤᠤ ᠭᠤᠯᠳᠤᠩ ᠰᠠᠷᠠᠪᠴᠢ | ᠰᠤᠯᠢᠭᠰᠡᠨ ᠮᠠᠯᠴᠢᠨ ᠳᠠᠷᠢᠶᠠᠴᠢᠨ ᠡᠷᠤᠬᠡ ᠰᠠᠶᠢᠨ ᠳᠤᠷ᠎ᠠ ᠠᠴᠠ ᠪᠠᠨ ᠮᠦᠬᠦ ᠶᠢᠨ ᠰᠦᠯᠢᠶᠤᠤ ᠭᠤᠯᠳᠤᠩ ᠰᠠᠷᠠᠪᠴᠢ ᠪᠠᠨ ᠦᠬᠡᠷᠡᠴᠢᠯᠡᠨ ᠪᠠᠶᠢᠭᠤᠯᠵᠤ ᠮᠦᠬᠦ | ᠳᠠᠷᠢᠬᠤ ᠮᠦᠷᠳᠡᠬᠡᠨ ᠦᠯᠡᠳᠡᠭᠰᠡᠨ 9.2 ᠮᠤ᠋ ᠪᠠᠨ ᠰᠠᠶᠢᠨ ᠳᠤᠷ᠎ᠠ ᠠᠴᠠ ᠪᠠᠨ ᠪᠤᠷᠤᠭᠠᠨ ᠳᠤ ᠲᠦᠰᠢᠭᠯᠡᠨ ᠬᠠᠭᠤᠷᠠᠢ ᠪᠠᠷ ᠳᠠᠷᠢᠬᠤ ᠪᠤᠶᠤ ᠤᠰᠤ ᠬᠢᠵᠠᠭᠠᠷᠯᠠᠨ | ᠡᠯᠳᠡᠪ ᠠᠮᠤ ᠳᠠᠷᠢᠪᠠᠯ ︵ᠵᠢᠯ ᠳᠤ 3 ᠤᠳᠠᠭ᠎ᠠ ᠤᠰᠤᠯᠠᠬᠤ ᠪᠠᠷ ᠬᠢᠵᠠᠭᠠᠷᠯᠠᠨ᠂ ᠮᠤ᠋ ᠪᠦᠷᠢ ᠶᠢᠨ ᠬᠡᠷᠡᠭᠯᠡᠬᠦ ᠤᠰᠤ ᠶᠢ 60 ᠪᠤᠰᠤᠭ᠎ᠠ ᠲᠦᠷᠪᠡᠯᠵᠢᠨ ᠮᠧᠲᠷ ᠠᠴᠠ | ᠬᠡᠳᠤᠷᠡᠬᠦᠯᠵᠤ ᠪᠤᠯᠬᠤ ᠦᠬᠡᠢ︶ ᠰᠦᠯᠢᠶᠤᠤ ᠭᠤᠯᠳᠤᠩ ᠰᠠᠷᠠᠪᠴᠢ ᠪᠦᠷᠢ ᠳᠤ 1 ᠲᠦᠮᠡᠨ ᠲᠦᠬᠦᠷᠢᠭ ᠤᠨ ᠦᠬᠡᠷᠡᠴᠢᠯᠡᠨ ᠪᠠᠶᠢᠭᠤᠯᠬᠤ ᠵᠠᠷᠤᠳᠠᠯ ᠤᠨ ᠨᠦᠬᠦᠪᠤᠷᠢ | ᠤᠯᠭᠤᠨ᠂ ᠤᠯᠵᠠᠴᠢ ᠪᠠᠯᠭᠠᠰᠤ ᠠᠴᠠ ᠨᠢᠬᠡᠳᠤᠯᠳᠠᠢ ᠵᠤᠬᠢᠶᠠᠨ ᠪᠠᠶᠢᠭᠤᠯᠵᠤ᠂ ᠭᠠᠴᠠᠭ᠎ᠠ ᠳᠤᠰᠬᠤᠨ ᠤ ᠵᠦᠪᠯᠡᠯ ᠠᠴᠠ ᠪᠤᠳᠠᠳᠠᠢ ᠦᠬᠡᠷᠡᠴᠢᠯᠡᠨ ᠬᠡᠷᠡᠭᠵᠢᠬᠦᠯᠬᠦ ᠠᠵᠢᠯ | ᠢ ᠬᠠᠷᠢᠭᠤᠴᠠᠨ᠎ᠠ᠃ | 11. ᠠᠵᠤ ᠤᠶᠢᠯᠡᠰ ᠤᠨ ᠬᠦᠷᠢᠶᠡᠯᠡᠩ ᠤᠨ ᠮᠦᠬᠦ ᠶᠢᠨ ᠵᠢᠯ ᠤᠨ ᠭᠠᠷᠤᠯᠳᠠ 1000 ᠲᠤᠨ ᠬᠦᠷᠬᠦ ᠦᠶᠡᠰ ᠵᠢᠯ ᠤᠨ ᠭᠠᠷᠤᠯᠳᠠ 500 ᠲᠤᠨ ᠤ ᠮᠦᠬᠦ | ᠶᠢ ᠨᠠᠷᠢᠯᠢᠭ ᠪᠤᠯᠪᠠᠰᠤᠷᠠᠭᠤᠯᠬᠤ ᠤᠶᠢᠯᠡᠤᠨᠪᠤᠷᠢ ᠶᠢ 1 ᠰᠠᠭᠤᠷᠢ ᠨᠢᠬᠡᠳᠤᠯᠳᠠᠢ ᠲᠦᠯᠤᠪᠵᠢᠬᠦᠯᠤᠨ ᠪᠠᠶᠢᠭᠤᠯᠵᠤ᠂ ︽ᠠᠵᠤ ᠠᠬᠤᠶᠢᠯᠠᠯ + ᠬᠠᠮᠳᠤ ᠶᠢᠨ | ᠬᠤᠷᠰᠢᠶᠠᠵᠢᠯ + ᠮᠠᠯᠴᠢᠨ ᠳᠠᠷᠢᠶᠠᠴᠢᠨ ᠡᠷᠤᠬᠡ︾ ᠶᠢᠨ ᠬᠠᠮᠳᠤᠷᠠᠯᠴᠠᠭᠠᠨ ᠤ ᠵᠠᠭᠪᠤᠷ ᠢ ᠪᠠᠶᠢᠭᠤᠯᠤᠨ᠂ ᠭᠠᠴᠠᠭ᠎ᠠ ᠳᠤᠰᠬᠤᠨ ᠤ ᠬᠠᠮᠳᠤ ᠨᠠᠶᠢᠳᠠ ᠪᠠ ᠮᠠᠯᠴᠢᠨ | ᠳᠠᠷᠢᠶᠠᠴᠢᠨ ᠢ ᠳᠠᠶᠢᠴᠢᠯᠠᠨ ᠤᠷᠤᠯᠭ᠎ᠠ ᠶᠢ ᠨᠢ ᠨᠡᠮᠡᠭᠳᠡᠬᠦᠯᠤᠨ ᠪᠠᠶᠠᠵᠢᠭᠤᠯᠤᠨ᠎ᠠ᠃ | ︵ᠨᠠᠢᠮᠠ︶ ᠬᠡᠳᠤ ᠠᠰᠢᠭᠯᠠᠯᠳᠠ ᠶᠢᠨ ᠤᠷᠤᠨ ᠳᠤ ᠳᠠᠷᠬᠠᠢ ᠮᠠᠶ᠋ᠢᠭ ᠤᠨ ᠨᠠᠷᠠᠨ ᠡᠨᠧᠷᠬᠢ ᠶᠢᠨ ᠲᠦᠷᠤᠯ ᠵᠦᠢᠯ ᠢ ᠨᠠᠶᠢᠳᠠᠪᠤᠷᠢᠵᠢᠭᠤᠯᠤᠨ᠎ᠠ | 12. ᠬᠡᠳᠤ ᠠᠰᠢᠭᠯᠠᠯᠳᠠ ᠶᠢᠨ ᠤᠷᠤᠨ ᠳᠤ ᠡᠩ ᠳᠡᠷᠢᠬᠦᠨ ᠳᠤ ᠳᠠᠷᠬᠠᠢ ᠮᠠᠶ᠋ᠢᠭ ᠤᠨ ᠨᠠᠷᠠᠨ ᠡᠨᠧᠷᠬᠢ ᠶᠢ ᠬᠡᠷᠡᠭᠵᠢᠬᠦᠯᠤᠨ᠂ ᠲᠦᠷᠤᠯ ᠵᠦᠢᠯ ᠢᠶᠠᠷ ᠮᠠᠯᠴᠢᠨ | ᠳᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠤᠨ᠎ᠠ᠃ ᠤᠯᠵᠠᠴᠢ ᠪᠠᠯᠭᠠᠰᠤ ᠪᠠ ᠴᠠᠬᠢᠯᠭᠠᠨ ᠬᠠᠩᠭᠠᠬᠤ ᠺᠤᠮᠫᠠᠨᠢ ᠠᠴᠠ ᠬᠡᠳᠤ ᠠᠰᠢᠭᠯᠠᠯᠳᠠ ᠶᠢᠨ ᠤᠷᠤᠨ ᠳᠠᠬᠢ | ᠬᠦᠴᠤᠳᠠᠯ ᠦᠬᠡᠷᠡᠴᠢᠯᠡᠭᠴᠢ ᠶᠢᠨ ᠳᠤᠭ᠎ᠠ ᠬᠡᠮᠵᠢᠶ᠎ᠡ ᠪᠠᠭᠳᠠᠭᠠᠮᠵᠢ ᠴᠠᠬᠢᠯᠭᠠᠨ ᠬᠠᠩᠭᠠᠬᠤ ᠵᠠᠮ ᠱᠤᠭᠤᠮ ᠢ ᠪᠠᠶᠢᠴᠠᠭᠠᠨ ᠤᠶᠢᠯᠠᠭᠠᠵᠤ᠂ ᠲᠦᠷᠤᠯ ᠵᠦᠢᠯ ᠤᠨ | ᠨᠠᠶᠢᠳᠠᠪᠤᠷᠢᠵᠢᠭᠤᠯᠤᠯᠳᠠ ᠬᠡᠷᠡᠭᠵᠢᠬᠦᠯᠤᠯᠳᠠ ᠳᠤ ᠡᠮᠤᠨᠡᠬᠢ ᠬᠤᠭᠤᠴᠠᠭᠠᠨ ᠤ ᠪᠡᠯᠡᠤᠨᠬᠡᠯ ᠠᠵᠢᠯ ᠢ ᠰᠠᠶᠢᠳᠤᠷ ᠬᠢᠨ᠎ᠠ᠃ | ᠲᠦᠷᠪᠡ᠂ ᠬᠠᠮᠢᠶᠠᠷᠤᠯᠳᠠ ᠶᠢᠨ ᠲᠦᠷᠤᠯ ᠤᠨ ᠲᠦᠷᠤ ᠶᠢᠨ ᠪᠤᠳᠤᠯᠭ᠎ᠠ | ︵ᠶᠢᠰᠤ︶ ᠬᠡᠳᠤ ᠠᠰᠢᠭᠯᠠᠯᠳᠠ ᠶᠢᠨ ᠤᠷᠤᠨ ᠳᠤ ᠪᠦᠬᠦ ᠶᠠᠪᠤᠴᠠ ᠶᠢᠨ ᠮᠡᠷᠬᠡᠵᠢᠯ ᠤᠨ ᠤᠶᠢᠯᠡᠴᠢᠯᠡᠭᠡ ᠬᠠᠩᠭᠠᠨ᠎ᠠ | 13. ᠬᠡᠮᠵᠢᠨ ᠵᠢᠷᠤᠬᠤ ᠵᠡᠷᠬᠡ ᠰᠠᠭᠤᠷᠢ ᠠᠵᠢᠯ ᠤᠨ ᠵᠠᠷᠤᠳᠠᠯ ᠳᠤᠬᠢᠷᠠᠭᠤᠯᠤᠨ᠂ ᠤᠯᠵᠠᠴᠢ ᠪᠠᠯᠭᠠᠰᠤ ᠠᠴᠠ ᠬᠢᠷᠢ ᠬᠡᠮ ᠲᠠᠢ ᠬᠡᠮᠵᠢᠨ ᠵᠢᠷᠤᠬᠤ ᠺᠤᠮᠫᠠᠨᠢ | ᠤᠷᠢᠵᠤ᠂ ᠬᠡᠳᠤ ᠠᠰᠢᠭᠯᠠᠯᠳᠠ ᠶᠢᠨ ᠣᠷᠤᠨ ᠳᠤᠳᠤᠷᠠᠬᠢ ᠪᠦᠬᠦᠶᠢᠯᠡ ᠤᠰᠤᠯᠠᠯᠳᠠ ᠶᠢᠨ ᠭᠠᠵᠠᠷ ᠢ ᠬᠡᠮᠵᠢᠵᠤ ᠵᠢᠷᠤᠨ ᠡᠯ᠎ᠡ ᠲᠦᠷᠤᠯ ᠤᠨ ᠪᠠᠬᠢᠵᠢᠬᠦᠯᠤᠨ ᠵᠠᠰᠠᠬᠤ | ᠲᠦᠷᠤ ᠶᠢᠨ ᠪᠤᠳᠤᠯᠭ᠎ᠠ ᠳᠤ ᠦᠨᠳᠤᠰᠤᠯᠠᠯ ᠬᠠᠩᠭᠠᠨ᠎ᠠ᠃ | 14. ᠬᠡᠳᠤ ᠠᠰᠢᠭᠯᠠᠯᠳᠠ ᠶᠢᠨ ᠤᠷᠤᠨ ᠳᠤ ᠮᠡᠷᠬᠡᠵᠢᠯ ᠤᠨ ᠤᠶᠢᠯᠡᠴᠢᠯᠡᠭᠡ ᠶᠢᠨ ᠵᠠᠷᠤᠳᠠᠯ ᠳᠤᠬᠢᠷᠠᠭᠤᠯᠤᠨ᠂ ᠮᠠᠯ ᠳᠠᠷᠢᠶᠠᠯᠠᠩ ᠤᠨ ᠳᠤᠪᠴᠢᠶ᠎ᠠ ᠠᠴᠠ | ᠨᠢᠬᠡᠳᠤᠯᠳᠠᠢ ᠵᠤᠬᠢᠶᠠᠨ ᠪᠠᠶᠢᠭᠤᠯᠤᠨ ᠬᠡᠷᠡᠭᠵᠢᠬᠦᠯᠵᠤ᠂ ᠮᠡᠷᠬᠡᠵᠢᠯ ᠲᠠᠢ ᠪᠤᠳᠠᠳᠤ ᠬᠦᠴᠤᠨ ᠲᠠᠢ ᠬᠤᠪᠢ ᠬᠦᠮᠤᠨ ᠪᠠ ᠪᠦᠯᠬᠦᠮ ᠨᠠᠶᠢᠳᠠ ᠤᠷᠢᠬᠤ ᠪᠠᠷ ᠳᠡᠮᠵᠢᠭᠤᠯᠤᠨ | ᠮᠠᠯᠴᠢᠨ ᠳᠠᠷᠢᠶᠠᠴᠢᠨ ᠳᠤ ᠪᠦᠬᠦ ᠶᠠᠪᠤᠴᠠ ᠶᠢᠨ ᠳᠡᠷᠢᠵᠤ ᠳᠡᠵᠢᠬᠡᠵᠤ ᠦᠷᠡᠵᠢᠬᠦᠯᠬᠦ ᠮᠡᠷᠬᠡᠵᠢᠯ ᠤᠨ ᠤᠶᠢᠯᠡᠴᠢᠯᠡᠭᠡ ᠬᠠᠩᠭᠠᠨ᠎ᠠ᠃ ᠡᠬᠦᠨ ᠠᠴᠠ ᠭᠠᠳᠠᠨ᠎ᠠ᠂ ᠤᠯᠵᠠᠴᠢ | ᠪᠠᠯᠭᠠᠰᠤ ᠠᠴᠠ ᠬᠡᠳᠤ ᠠᠰᠢᠭᠯᠠᠯᠳᠠ ᠶᠢᠨ ᠤᠷᠤᠨ ᠳᠠᠬᠢ ᠮᠠᠯᠴᠢᠨ ᠳᠠᠷᠢᠶᠠᠴᠢᠨ ᠡᠷᠤᠬᠡ ᠶᠢᠨ ᠤᠰᠤᠯᠠᠯᠳᠠ ᠶᠢᠨ ᠭᠠᠵᠠᠷ ᠤᠨ ᠰᠢᠨᠵᠢ ᠴᠢᠨᠠᠷ᠂ ᠡᠷᠤᠬᠡ ᠨᠢᠬᠡᠪᠤᠷᠢ | ᠶᠢᠨ ᠤᠰᠤᠯᠠᠯᠳᠠ ᠶᠢᠨ ᠭᠠᠵᠠᠷ ᠤᠨ ᠳᠠᠯᠠᠪᠠᠢ᠂ ᠦᠨᠵᠢᠬᠦᠯᠤᠨ ᠳᠠᠷᠢᠬᠤ ᠭᠠᠵᠠᠷ᠂ ᠦᠨᠳᠤᠷ ᠪᠦᠳᠤᠮᠵᠢᠳᠠᠢ ᠤᠰᠤ ᠠᠷᠪᠢᠯᠠᠬᠤ ᠤᠰᠤᠯᠠᠯᠳᠠ ᠶᠢᠨ ᠭᠠᠵᠠᠷ᠂ | ᠪᠠᠶᠢᠭᠤᠯᠤᠭᠰᠡᠨ ᠭᠤᠯᠳᠤᠩ ᠰᠠᠷᠠᠪᠴᠢ᠂ ᠵᠢᠬᠡᠯᠡᠯᠬᠡ ᠠᠪᠬᠤ ᠬᠡᠷᠡᠭᠴᠡᠭᠡ ᠱᠠᠭᠠᠷᠳᠠᠯᠭ᠎ᠠ ᠲᠠᠢ ᠮᠠᠯᠴᠢᠨ ᠳᠠᠷᠢᠶᠠᠴᠢᠨ ᠡᠷᠤᠬᠡ ᠵᠡᠷᠬᠡ ᠦᠨᠳᠤᠰᠤᠨ ᠪᠠᠶᠢᠳᠠᠯ ᠢ | ᠪᠦᠷᠢᠤᠨᠬᠡᠵᠤ᠂ ᠲᠦᠪᠯᠡᠷᠡᠩᠬᠦᠢ ᠳᠡᠵᠢᠬᠡᠨ ᠦᠷᠡᠵᠢᠬᠦᠯᠬᠡ᠂ ᠳᠠᠷᠬᠠᠢ ᠮᠠᠶ᠋ᠢᠭ ᠤᠨ ᠨᠠᠷᠠᠨ ᠡᠨᠧᠷᠬᠢ᠂ ᠮᠦᠬᠦ ᠳᠠᠷᠢᠬᠤ ᠲᠦᠷᠤᠯ ᠵᠦᠢᠯ ᠤᠨ ᠲᠦᠷᠤ ᠶᠢᠨ ᠪᠤᠳᠤᠯᠭ᠎ᠠ ᠶᠢ | ᠡᠳ᠋ᠯᠡᠬᠦ ᠰᠠᠨᠠᠭ᠎ᠠ ᠲᠠᠢ ᠮᠠᠯᠴᠢᠨ ᠳᠠᠷᠢᠶᠠᠴᠢᠨ ᠡᠷᠤᠬᠡ ᠶᠢ ᠨᠤᠳᠠᠯᠠᠬᠤ ᠶᠢᠨ ᠬᠠᠮᠳᠤ ᠬᠠᠷᠠᠭᠠᠯᠵᠠᠭᠰᠡᠨ ᠳᠠᠩᠰᠠ ᠡᠪᠬᠡᠮᠡᠯ ᠪᠠᠶᠢᠭᠤᠯᠵᠤ ᠡᠯ᠎ᠡ ᠲᠦᠷᠤᠯ ᠤᠨ ᠠᠵᠢᠯ | ᠡᠬᠦᠷᠬᠡ ᠶᠢ ᠠᠬᠢᠭᠤᠯᠤᠨ ᠨᠠᠶᠢᠳᠠᠪᠤᠷᠢᠵᠢᠭᠤᠯᠬᠤ ᠳᠤ ᠲᠦᠬᠦᠮ ᠪᠤᠯᠭᠠᠬᠤ ᠬᠡᠷᠡᠭᠳᠠᠢ᠃ ᠤᠰᠤᠨ ᠠᠰᠢᠭᠯᠠᠯᠳᠠ ᠶᠢᠨ ᠳᠤᠪᠴᠢᠶ᠎ᠠ ᠠᠴᠠ ᠬᠡᠳᠤ ᠠᠰᠢᠭᠯᠠᠯᠳᠠ ᠶᠢᠨ | ᠤᠷᠤᠨ ᠳᠤ ᠨᠢᠬᠡ ᠪᠦᠯᠦᠭ ᠰᠠᠪᠠ ᠭᠠᠵᠠᠷ ᠢ ᠵᠠᠰᠠᠬᠤ᠂ ᠠᠮᠢ ᠠᠬᠤᠢ ᠶᠢᠨ ᠤᠰᠤ ᠨᠦᠬᠦᠪᠤᠷᠢᠯᠡᠬᠦ ᠵᠡᠷᠬᠡ ᠲᠦᠷᠤᠯ ᠵᠦᠢᠯ ᠢ ᠢᠳᠡᠪᠬᠢᠳᠠᠢ ᠰᠦᠪᠡᠭᠴᠢᠯᠡᠨ ᠴᠢᠷᠮᠠᠶᠢᠨ | ᠬᠡᠷᠡᠭᠵᠢᠬᠦᠯᠵᠤ᠂ ᠨᠢᠬᠡᠨᠳᠠ ᠪᠠᠶᠢᠭᠤᠯᠤᠭᠰᠡᠨ ᠨᠦᠯᠤᠮᠡᠯ ᠭᠠᠵᠠᠷ ᠤᠨ ᠬᠠᠰᠢᠯᠭ᠎ᠠ ᠵᠡᠷᠬᠡ ᠤᠰᠤ ᠬᠠᠳᠠᠭᠠᠯᠠᠬᠤ ᠢᠨᠵᠧᠨᠧᠷᠢᠩ ᠤᠨ ᠤᠰᠤ ᠡᠯᠪᠡᠭ ᠬᠤᠭᠤᠴᠠᠭᠠᠨ ᠤ | ᠤᠰᠤ ᠬᠠᠳᠠᠭᠠᠯᠠᠬᠤ ᠪᠠ ᠤᠰᠤ ᠰᠢᠷᠬᠢᠬᠦ ᠬᠤᠭᠤᠴᠠᠭᠠᠨ ᠤ ᠤᠰᠤ ᠨᠦᠬᠦᠪᠤᠷᠢᠯᠡᠬᠦ ᠴᠢᠳᠠᠪᠬᠢ ᠶᠢ ᠬᠦᠢᠴᠡᠤᠨ ᠪᠠᠳᠠᠷᠠᠭᠤᠯᠤᠨ ᠤᠰᠤᠨ ᠡᠬᠢ ᠪᠠᠶᠠᠯᠢᠭ ᠤᠨ | ᠠᠰᠢᠭᠯᠠᠯᠳᠠ ᠶᠢᠨ ᠨᠤᠷᠮ᠎ᠠ ᠶᠢ ᠦᠨᠡᠨᠬᠦ ᠳᠡᠬᠡᠭᠰᠢᠯᠡᠬᠦᠯᠬᠦ ᠬᠡᠷᠡᠭᠳᠠᠢ᠃ ᠮᠠᠯ ᠳᠠᠷᠢᠶᠠᠯᠠᠩ ᠤᠨ ᠳᠤᠪᠴᠢᠶ᠎ᠠ᠂ ᠤᠰᠤᠨ ᠠᠰᠢᠭᠯᠠᠯᠳᠠ ᠶᠢᠨ ᠳᠤᠪᠴᠢᠶ᠎ᠠ ᠪᠠ ᠴᠠᠬᠢᠯᠭᠠᠨ | ᠬᠠᠩᠭᠠᠬᠤ ᠺᠤᠮᠫᠠᠨᠢ ᠠᠴᠠ ᠳᠤᠰᠬᠠᠢ ᠬᠦᠮᠤᠨ ᠰᠤᠩᠭᠤᠨ ᠤᠶᠢᠯᠡᠴᠢᠯᠡᠬᠡᠨ ᠤ ᠠᠩᠬᠢ ᠪᠠᠶᠢᠭᠤᠯᠵᠤ᠂ ᠳᠡᠷᠢᠵᠤ ᠳᠡᠵᠢᠬᠡᠨ ᠦᠷᠡᠵᠢᠬᠦᠯᠬᠦ ᠲᠦᠷᠤᠯ ᠡᠬᠦᠯᠳᠡᠷ ᠢ | ᠰᠤᠩᠭᠤᠬᠤ᠂ ︽ᠬᠤᠤᠨᠳᠤᠭ ᠴᠠᠬᠢᠯᠭᠠᠨ ᠤ ᠬᠤᠤᠰ ᠡᠵᠡᠮᠳᠡᠯ︾ ᠤᠨ ᠤᠰᠤ ᠬᠡᠷᠡᠭᠯᠡᠬᠦ᠂ ᠪᠤᠷᠳᠤᠭᠤᠷ ᠤᠷᠤᠭᠤᠯᠬᠤ ᠡᠪᠡᠰᠤ ᠠᠷᠢᠯᠭᠠᠬᠤ ᠵᠡᠷᠬᠡ ᠡᠯ᠎ᠡ ᠳᠠᠯ᠎ᠠ ᠠᠴᠠ | ᠪᠦᠬᠦ ᠶᠠᠪᠤᠴᠠ ᠶᠢᠨ ᠮᠡᠷᠬᠡᠵᠢᠯ ᠤᠨ ᠵᠢᠯᠤᠭᠤᠳᠤᠯᠭ᠎ᠠ ᠬᠠᠩᠭᠠᠨ᠂ ᠮᠡᠷᠬᠡᠵᠢᠯ ᠤᠨ ᠵᠢᠯᠤᠭᠤᠳᠤᠯᠭ᠎ᠠ᠂ ᠤᠰᠤ ᠴᠠᠬᠢᠯᠭᠠᠨ ᠬᠡᠷᠡᠭᠯᠡᠬᠦ ᠬᠡᠮᠵᠢᠶ᠎ᠡ ᠶᠢᠨ ᠡᠵᠡᠮᠳᠡᠯ ᠵᠡᠷᠬᠡ ᠶᠢ | ᠰᠠᠶᠢᠳᠤᠷ ᠬᠢᠵᠤ᠂ ᠮᠠᠯᠴᠢᠨ ᠳᠠᠷᠢᠶᠠᠴᠢᠨ ᠢ ᠵᠢᠯᠤᠭᠤᠳᠤᠨ ᠰᠢᠨᠵᠢᠯᠡᠬᠦ ᠤᠬᠠᠭᠠᠨᠴᠢ ᠪᠠᠷ ᠤᠰᠤ ᠬᠡᠷᠡᠭᠯᠡᠵᠤ ᠨᠠᠷᠢᠯᠢᠭ ᠤᠨᠤᠪᠴᠢᠳᠠᠢ ᠤᠰᠤᠯᠠᠨ᠂ ᠳᠠᠷᠢᠮᠠᠯ ᠤᠨ | ᠤᠷᠭᠤᠯᠳᠠ ᠶᠢ ᠨᠦᠯᠤᠬᠡᠯᠡᠬᠦ ᠦᠬᠡᠢ ᠶᠢ ᠪᠠᠳᠤᠯᠠᠵᠤ᠂ ᠮᠠᠯᠴᠢᠨ ᠳᠠᠷᠢᠶᠠᠴᠢᠨ ᠳᠤ ᠤᠰᠤ ᠠᠷᠪᠢᠯᠠᠬᠤ ᠲᠦᠷᠤ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠬᠤ ᠶᠢᠨ ᠬᠠᠮᠳᠤ | ᠤᠷᠤᠯᠭ᠎ᠠ ᠶᠢ ᠨᠢ ᠪᠠᠭᠤᠷᠠᠭᠤᠯᠬᠤ ᠦᠬᠡᠢ ᠪᠠᠶᠢᠬᠤ ᠬᠡᠷᠡᠭᠳᠠᠢ᠃ ᠬᠤᠰᠢᠭᠤ ᠮᠠᠯ ᠳᠠᠷᠢᠶᠠᠯᠠᠩ ᠤᠨ ᠶᠡᠷᠤᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠶᠡᠭᠡ | ᠠᠩᠬᠢ᠂ ᠤᠯᠵᠠᠴᠢ ᠪᠠᠯᠭᠠᠰᠤ ᠶᠢᠨ ᠶᠡᠷᠤᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠳᠤᠪᠴᠢᠶ᠎ᠠ ᠠᠴᠠ ᠤᠯᠵᠠᠴᠢ ᠪᠠᠯᠭᠠᠰᠤ ᠶᠢᠨ ᠬᠡᠪᠴᠢᠶᠠᠨ ᠳᠠᠬᠢ | ᠪᠤᠢ ᠪᠦᠬᠦᠢ ᠮᠠᠰᠢᠨ ᠴᠠᠬᠢᠯᠭᠠᠨ ᠬᠤᠤᠨᠳᠤᠭ ᠢ ᠪᠦᠬᠦ ᠳᠠᠯ᠎ᠠ ᠪᠠᠷ ᠬᠢᠨᠡᠨ ᠪᠠᠶᠢᠴᠠᠭᠠᠵᠤ᠂ ᠬᠠᠤᠯᠢ ᠪᠤᠰᠤ ᠪᠠᠷ ᠬᠤᠤᠨᠳᠤᠭ ᠦᠷᠤᠮᠳᠡᠬᠦ᠂ ᠬᠠᠤᠯᠢ ᠪᠤᠰᠤ ᠪᠠᠷ ᠤᠰᠤ | ᠬᠡᠷᠡᠭᠯᠡᠬᠦ ᠠᠵᠢᠯᠯᠠᠭ᠎ᠠ ᠳᠤ ᠴᠢᠩᠭ᠎ᠠ ᠴᠤᠬᠢᠯᠳᠠ ᠦᠭᠬᠦ ᠬᠡᠷᠡᠭᠳᠠᠢ᠃ | ᠤᠯᠵᠠᠴᠢ ᠪᠠᠯᠭᠠᠰᠤ᠂ ᠮᠠᠯ ᠳᠠᠷᠢᠶᠠᠯᠠᠩ ᠤᠨ ᠳᠤᠪᠴᠢᠶ᠎ᠠ᠂ ᠤᠢ ᠰᠢᠭᠤᠢ ᠨᠤᠳᠤᠭ ᠪᠡᠯᠴᠢᠬᠡᠷ ᠤᠨ ᠳᠤᠪᠴᠢᠶ᠎ᠠ᠂ ᠤᠰᠤᠨ ᠠᠰᠢᠭᠯᠠᠯᠳᠠ ᠶᠢᠨ ᠳᠤᠪᠴᠢᠶ᠎ᠠ᠂ | ᠪᠠᠶᠢᠭᠠᠯᠢ ᠶᠢᠨ ᠡᠬᠢ ᠪᠠᠶᠠᠯᠢᠭ ᠤᠨ ᠳᠤᠪᠴᠢᠶ᠎ᠠ ᠵᠡᠷᠬᠡ ᠰᠠᠯᠠᠭ᠎ᠠ ᠮᠦᠴᠢᠷ ᠤᠨ ᠬᠢᠨ ᠳᠤᠰ ᠰᠠᠷ᠎ᠠ ᠶᠢᠨ ᠰᠡᠬᠦᠯᠴᠢ ᠠᠴᠠ ᠡᠮᠤᠨ᠎ᠡ᠂ 14 ᠲᠦᠷᠤᠯ ᠤᠨ ᠪᠠᠬᠢᠵᠢᠬᠦᠯᠤᠨ | ᠵᠠᠰᠠᠬᠤ ᠲᠦᠷᠤ ᠶᠢᠨ ᠪᠤᠳᠤᠯᠭ᠎ᠠ ᠠᠷᠭ᠎ᠠ ᠠᠪᠴᠠᠯ ᠤᠨ ᠳᠤᠭᠤᠷᠢᠨ ᠳᠤ ᠪᠤᠳᠠᠳᠠᠢ ᠬᠡᠷᠡᠭᠵᠢᠬᠦᠯᠬᠦ ᠪᠠᠷᠢᠮᠵᠢᠶ᠎ᠠ ᠪᠠ ᠰᠢᠯᠭᠠᠨ ᠬᠤᠷᠢᠶᠠᠬᠤ ᠠᠷᠭ᠎ᠠ ᠶᠢ ᠵᠤᠷᠪᠤᠰ | ᠳᠠᠷᠠᠭᠠᠯᠠᠨ ᠳᠤᠭᠳᠠᠭᠠᠬᠤ ᠶᠢᠨ ᠬᠠᠮᠳᠤ ᠳᠤᠰᠬᠠᠢ ᠬᠦᠮᠤᠨ ᠬᠠᠷᠢᠭᠤᠴᠠᠵᠤ ᠳᠠᠩᠰᠠ ᠪᠠᠶᠢᠭᠤᠯᠤᠨ ᠠᠯᠬᠤᠮ ᠠᠯᠬᠤᠮ ᠢᠶᠠᠷ ᠠᠬᠢᠭᠤᠯᠵᠤ᠂ ᠡᠯ᠎ᠡ ᠲᠦᠷᠤᠯ ᠤᠨ ᠲᠦᠷᠤ | ᠶᠢᠨ ᠪᠤᠳᠤᠯᠭ᠎ᠠ ᠠᠷᠭ᠎ᠠ ᠠᠪᠴᠠᠯ ᠢ ᠨᠠᠶᠢᠳᠠᠪᠤᠷᠢᠵᠢᠭᠤᠯᠤᠨ ᠪᠤᠳᠠᠳᠠᠶᠢᠵᠢᠭᠤᠯᠵᠤ ᠪᠤᠳᠠᠳᠤ ᠪᠦᠳᠤᠮᠵᠢ ᠤᠯᠬᠤ ᠶᠢ ᠠᠬᠢᠭᠤᠯᠬᠤ ᠬᠡᠷᠡᠭᠳᠠᠢ᠃ | |