ᠵᠡᠷᠯᠢᠭ ᠠᠮᠢᠳᠠᠨ — ᠰᠢᠪᠡᠵᠢ ᠶᠢᠨ ᠲᠦᠷᠤᠯ
ᠨᠡᠶᠢᠲᠡᠯᠡᠭᠰᠡᠨ ᠴᠠᠭ᠄
2024/5/20
     ᠮᠤᠷᠢᠨ ᠵᠦᠬᠡᠢ᠄ ᠵᠤᠨ ᠤ ᠤᠯᠠᠷᠢᠯ ᠳᠤ ᠬᠡᠷ ᠤᠨ ᠰᠠᠷᠠᠪᠴᠢ ᠪᠤᠶᠤ ᠮᠤᠳᠤᠨ ᠰᠠᠯᠠᠭ᠎ᠠ ᠵᠡᠷᠬᠡ ᠭᠠᠵᠠᠷ ᠡᠬᠦᠷ ᠪᠠᠷᠢᠵᠤ ᠰᠦᠷᠦᠭᠯᠡᠨ ᠠᠮᠢᠳᠤᠷᠠᠳᠠᠭ᠂ ᠰᠡᠬᠦᠯ ᠤᠨ ᠬᠡᠰᠡᠭ ᠲᠤ ᠨᠢ ᠬᠤᠤᠷᠳᠤ ᠦᠷᠬᠡᠰᠤ ᠲᠠᠢ᠃     ᠦᠷᠤᠮ᠎ᠠ ᠬᠤᠯᠠᠭᠠᠶᠢᠴᠢ᠄ ᠢᠯᠠᠭ᠎ᠠ ᠪᠠᠳᠠᠭᠠᠨ᠎ᠠ ᠪᠠᠷᠢᠵᠤ ᠢᠳᠡᠰᠢᠯᠡᠳᠡᠭ ᠠᠰᠢᠭᠳᠠᠢ ᠰᠢᠪᠡᠵᠢ᠂ ᠤᠯᠠᠩᠬᠢ ᠨᠢ ᠬᠤᠰᠢᠭᠤᠨ ᠳᠤᠳᠤᠷᠠᠬᠢ ᠤᠰᠤ ᠲᠠᠢ ᠭᠠᠵᠠᠷ ᠲᠤ ᠪᠠᠶᠢᠳᠠᠭ᠃     ᠬᠤᠷᠭᠤᠯᠴᠢ ᠴᠤᠬᠤ᠄ ᠡᠩ ᠳᠤ ᠪᠠᠨ ︽ᠪᠠᠭᠠᠰᠤᠨ ᠬᠤᠷᠤᠬᠠᠢ︾ ᠬᠡᠳᠡᠭ᠃ ᠬᠦᠳᠡᠭᠡ ᠬᠡᠬᠡᠷ᠎ᠡ ᠨᠦᠬᠡ ᠤᠬᠤᠵᠤ ᠠᠮᠢᠳᠤᠷᠠᠳᠠᠭ᠃ ᠬᠤᠰᠢᠭᠤᠨ ᠤ ᠡᠯ᠎ᠡ ᠭᠠᠵᠠᠷ ᠲᠤ ᠪᠦᠷ ᠳᠠᠷᠬᠠᠵᠤ ᠪᠤᠢ᠃     ᠬᠦᠷᠡᠯᠵᠡᠬᠡᠨ᠎ᠡ᠄ ᠡᠮ ᠳᠤ ᠤᠷᠤᠳᠠᠭ᠂ ᠬᠤᠰᠢᠭᠤᠨ ᠤ ᠡᠯ᠎ᠡ ᠭᠠᠵᠠᠷ ᠲᠤ ᠪᠦᠷ ᠪᠤᠢ᠃     ᠨᠢᠬᠦᠯᠳᠤ ᠴᠠᠷᠴᠠᠬᠠᠢ᠄ ᠬᠦᠨᠤᠬᠡᠯᠳᠤ ᠰᠢᠪᠡᠵᠢ᠂ ᠬᠤᠰᠢᠭᠤᠨ ᠤ ᠡᠯ᠎ᠡ ᠭᠠᠵᠠᠷ ᠲᠤ ᠪᠦᠷ ᠪᠤᠢ᠃     ᠳᠡᠮᠡᠯᠵᠢᠬᠡᠨ᠎ᠡ᠄ ᠬᠦᠨᠤᠬᠡᠯᠳᠤ ᠰᠢᠪᠡᠵᠢ ᠶᠢ ᠪᠠᠷᠢᠵᠤ ᠢᠳᠡᠳᠡᠭ ᠠᠰᠢᠭᠳᠤ ᠰᠢᠪᠡᠵᠢ᠂ ᠦᠨᠳᠡᠭᠡ ᠨᠢ ᠡᠮ ᠳᠤ ᠤᠷᠤᠳᠠᠭ᠂ ᠬᠤᠰᠢᠭᠤᠨ ᠤ ᠡᠯ᠎ᠡ ᠭᠠᠵᠠᠷ ᠲᠤ ᠪᠦᠷ ᠳᠠᠷᠬᠠᠵᠤ ᠪᠤᠢ᠃     ᠯᠠᠭᠤ᠄ ᠳᠠᠷᠢᠶᠠᠯᠠᠩ ᠤᠨ ᠭᠠᠵᠠᠷ ᠳᠤᠤᠷᠠᠬᠢ ᠭᠤᠤᠯ ᠬᠦᠨᠤᠬᠡᠯᠳᠤ ᠬᠤᠷᠤᠬᠠᠢ ᠪᠠᠶᠢᠵᠤ᠂ ᠡᠮ ᠳᠤ ᠤᠷᠤᠳᠠᠭ᠃ ᠬᠤᠰᠢᠭᠤᠨ ᠤ ᠡᠯ᠎ᠡ ᠭᠠᠵᠠᠷ ᠲᠤ ᠪᠦᠷ ᠳᠠᠷᠬᠠᠵᠤ ᠪᠤᠢ᠃     ᠡᠷᠪᠡᠬᠡᠢ᠄ ᠲᠦᠷᠤᠯ ᠵᠦᠢᠯ ᠮᠠᠰᠢᠨ ᠠᠷᠪᠢᠨ᠂ ᠬᠤᠰᠢᠭᠤᠨ ᠤ ᠡᠯ᠎ᠡ ᠭᠠᠵᠠᠷ ᠲᠤ ᠪᠦᠷ ᠳᠠᠷᠬᠠᠵᠤ ᠪᠤᠢ᠃     ᠠᠭᠠᠯᠵᠢ᠄ ᠢᠯᠠᠭ᠎ᠠ ᠪᠠᠳᠠᠭᠠᠨ᠎ᠠ ᠪᠠᠷᠢᠳᠠᠭ᠂ ᠮᠢᠨᠳᠠᠰᠤᠯᠠᠭᠰᠠᠨ ᠤ ᠳᠠᠷᠠᠭ᠎ᠠ ᠳᠠᠷᠢᠶᠠᠯᠠᠩ ᠳᠠᠷᠢᠮᠠᠯ ᠢ ᠬᠦᠨᠦᠬᠡᠳᠡᠭ᠃     ᠰᠢᠷᠭᠤᠯᠵᠢ᠄ ᠤᠯᠠᠭᠠᠨ ᠬᠦᠷᠡᠩ᠂ ᠬᠠᠷ᠎ᠠ 2 ᠵᠦᠢᠯ ᠤᠨ ᠦᠩᠬᠡ ᠲᠠᠢ᠂ ᠶᠡᠭᠡ ᠪᠠᠭ᠎ᠠ 2 ᠲᠦᠷᠤᠯ ᠪᠠᠶᠢᠵᠤ᠂ ᠨᠦᠬᠡ ᠤᠬᠤᠨ ᠰᠦᠷᠦᠭᠯᠡᠨ ᠠᠮᠢᠳᠤᠷᠠᠳᠠᠭ᠃     ᠴᠠᠷᠴᠠ᠄ ᠡᠪᠡᠰᠤᠳᠤ ᠳᠠᠯ᠎ᠠ ᠳᠤ ᠳᠠᠷᠬᠠᠵᠤ᠂ ᠤᠯᠠᠩᠬᠢ ᠨᠢ ᠭᠤᠵᠤᠭᠤᠷ ᠳᠤᠯᠤᠭᠠᠶᠢᠳᠤ ᠴᠠᠷᠴᠠ ᠪᠠᠶᠢᠳᠠᠭ᠃     ᠭᠠᠯᠳᠤ ᠬᠤᠷᠤᠬᠠᠢ᠂ ᠵᠠᠩᠯᠠᠩ ᠬᠤᠷᠤᠬᠠᠢ᠂ ᠮᠠᠢ ᠶᠢᠨ ᠴᠤᠬᠤ᠂ ᠢᠮᠠᠯᠵᠢ᠂ ᠢᠯᠠᠭ᠎ᠠ᠂ ᠰᠢᠮᠠᠭᠤᠯ ᠵᠡᠷᠬᠡ ᠨᠢ ᠬᠤᠰᠢᠭᠤᠨ ᠤ ᠳᠤᠳᠤᠷ᠎ᠠ ᠨᠠᠶᠢᠳᠠᠮ ᠳᠠᠷᠬᠠᠵᠤ ᠪᠠᠶᠢᠳᠠᠭ᠃
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠣᠶᠢᠯᠠᠯᠭ᠎ᠠ