ᠦᠨᠤ ᠬᠠᠳᠠᠭᠠᠯᠠᠵᠤ ᠪᠦᠬᠦᠢ ᠮᠠᠲ᠋ᠧᠷᠢᠶᠡᠯ ᠤᠨ ᠳᠡᠮᠳᠡᠭᠯᠡᠯ ᠢ ᠦᠨᠳᠤᠰᠤᠯᠠᠪᠠᠯ᠂ 1947 ᠤᠨ ᠳᠤ ᠪᠦᠬᠦ ᠬᠤᠰᠢᠭᠤᠨ ᠤ ᠶᠡᠷᠤᠩᠬᠡᠢ ᠡᠷᠤᠬᠡ ᠨᠢ 2809᠂ | ᠬᠦᠮᠤᠨ ᠨᠢ 12673᠃ 1949 ᠤᠨ ᠳᠤ ᠪᠦᠬᠦ ᠬᠤᠰᠢᠭᠤᠨ ᠤ ᠶᠡᠷᠤᠩᠬᠡᠢ ᠡᠷᠤᠬᠡ ᠨᠢ 3422᠂ ᠬᠦᠮᠤᠨ ᠨᠢ 15203 ᠪᠠᠶᠢᠵᠤ᠂ ᠳᠤᠮᠳᠠᠴᠢ ᠪᠠᠷ ᠵᠢᠯ | ᠤᠨ ᠦᠰᠤᠯᠳᠠ ᠶᠢᠨ ᠨᠤᠷᠮ᠎ᠠ ᠨᠢ 9.53% ᠪᠠᠶᠢᠵᠠᠢ᠃ 1980 ᠤᠨ ᠤ ᠪᠦᠷᠢᠤᠨᠬᠡᠯ ᠢᠶᠠᠷ ᠡᠷᠤᠬᠡ ᠨᠢ 10471᠂ ᠬᠦᠮᠤᠨ ᠨᠢ 54252 ᠪᠤᠯᠵᠤ᠂ | ᠳᠤᠮᠳᠠᠴᠢ ᠪᠠᠷ ᠵᠢᠯ ᠤᠨ ᠦᠰᠤᠯᠳᠠ ᠶᠢᠨ ᠨᠤᠷᠮ᠎ᠠ ᠨᠢ 4.19% ᠪᠠᠶᠢᠵᠠᠢ᠃ 1990 ᠤᠨ ᠤ ᠪᠦᠬᠦ ᠬᠤᠰᠢᠭᠤᠨ ᠤ ᠪᠦᠷᠢᠤᠨᠬᠡᠯ ᠢᠶᠠᠷ ᠡᠷᠤᠬᠡ ᠨᠢ 15675᠂ | ᠬᠦᠮᠤᠨ ᠨᠢ 63881 ᠪᠤᠯᠵᠤ᠂ ᠳᠤᠮᠳᠠᠴᠢ ᠪᠠᠷ ᠵᠢᠯ ᠤᠨ ᠦᠰᠤᠯᠳᠠ ᠶᠢᠨ ᠨᠤᠷᠮ᠎ᠠ ᠨᠢ 1.65% ᠪᠤᠯᠵᠠᠢ᠃ 1949 — 1990 ᠤᠨ ᠪᠤᠯᠳᠠᠯ᠎ᠠ᠂ | ᠨᠠᠶᠢᠳᠠ 48678 ᠬᠦᠮᠤᠨ ᠨᠡᠮᠡᠭᠳᠡᠵᠤ᠂ 3.2 ᠳᠠᠬᠢᠨ ᠢᠶᠠᠷ ᠨᠡᠮᠡᠭᠳᠡᠨ᠂ ᠳᠤᠮᠳᠠᠴᠢ ᠪᠠᠷ ᠵᠢᠯ ᠤᠨ ᠦᠰᠤᠯᠳᠠ ᠶᠢᠨ ᠨᠤᠷᠮ᠎ᠠ ᠨᠢ 3.56% ᠪᠤᠯᠤᠭᠰᠠᠨ ᠪᠠᠶᠢᠨ᠎ᠠ᠃ | ᠤᠳᠤᠭ ᠤᠨ ᠡᠮᠤᠨᠡᠳᠤ ᠬᠤᠰᠢᠭᠤᠨ ᠤ ᠬᠦᠮᠤᠨ ᠤ ᠳᠠᠷᠬᠠᠯᠳᠠ ᠨᠢ ᠮᠠᠯᠵᠢᠬᠤ ᠤᠷᠤᠨ ᠳᠤ ᠨᠡᠯᠢᠶᠡᠤᠨ ᠰᠠᠶᠢᠷᠡᠭ ᠪᠠᠶᠢᠵᠤ᠂ ᠮᠠᠯ ᠳᠠᠷᠢᠶᠠᠯᠠᠩ᠂ ᠤᠢ ᠰᠢᠭᠤᠢ | ᠤᠶᠠᠯᠳᠤᠭᠰᠠᠨ ᠤᠷᠤᠨ ᠳᠤ ᠨᠡᠯᠢᠶᠡᠤᠨ ᠨᠢᠭᠳᠠ ᠪᠠᠶᠢᠵᠤ᠂ 1980 ᠤᠨ ᠤ ᠬᠦᠮᠤᠨ ᠤ ᠨᠢᠭᠳᠠᠴᠠ ᠨᠢ ᠳᠡᠭᠰᠢ ᠲᠦᠷᠪᠡᠯᠵᠢᠨ ᠺᠢᠯᠤᠮᠧᠲᠷ ᠪᠦᠷᠢ ᠳᠤ 4.3 | ᠬᠦᠮᠤᠨ ᠪᠠᠶᠢᠵᠤ᠂ 1990 ᠤᠨ ᠤ ᠬᠦᠮᠤᠨ ᠠᠮᠠ ᠶᠢᠨ ᠨᠢᠭᠳᠠᠴᠠ ᠨᠢ ᠳᠡᠭᠰᠢ ᠲᠦᠷᠪᠡᠯᠵᠢᠨ ᠺᠢᠯᠤᠮᠧᠲᠷ ᠪᠦᠷᠢ ᠳᠤ 5.1 ᠬᠦᠮᠤᠨ ᠪᠤᠯᠵᠤ᠂ ᠬᠤᠰᠢᠭᠤ | ᠳᠤᠳᠤᠷᠠᠬᠢ ᠬᠦᠮᠤᠨ ᠤ ᠨᠢᠭᠳᠠᠴᠠ ᠶᠢᠨ ᠵᠦᠷᠢᠶ᠎ᠡ ᠨᠢ ᠳᠤᠩ ᠶᠡᠭᠡ᠂ 1990 ᠤᠨ ᠳᠤ ᠳᠡᠭᠰᠢ ᠲᠦᠷᠪᠡᠯᠵᠢᠨ ᠺᠢᠯᠤᠮᠧᠲᠷ ᠪᠦᠷᠢ ᠳᠤ 3 ᠬᠦᠮᠤᠨ ᠬᠦᠷᠬᠦ ᠦᠬᠡᠢ | ᠨᠢ 4 ᠰᠤᠮᠤ᠂ ᠳᠠᠯᠠᠪᠠᠢ ᠪᠠᠶᠢᠨ᠎ᠠ᠃ ᠡᠬᠦᠨ ᠳᠤ ᠬᠠᠮᠤᠭ ᠤᠨ ᠴᠦᠬᠡᠨ ᠨᠢ ᠪᠤᠯᠠᠭ ᠰᠤᠮᠤ ᠪᠠᠶᠢᠵᠤ᠂ ᠳᠡᠭᠰᠢ ᠲᠦᠷᠪᠡᠯᠵᠢᠨ ᠺᠢᠯᠤᠮᠧᠲᠷ ᠪᠦᠷᠢ ᠳᠤ 1.6 ᠬᠦᠮᠤᠨ | ᠪᠠᠶᠢᠵᠠᠢ᠃ ᠬᠦᠮᠤᠨ ᠤ ᠨᠢᠭᠳᠠᠴᠠ 3 ~5 ᠬᠦᠮᠤᠨ ᠲᠠᠢ ᠨᠢ 4 ᠰᠤᠮᠤ᠂ ᠰᠢᠶᠠᠩ ᠪᠠᠶᠢᠵᠤ᠂ ᠳᠡᠭᠰᠢ ᠲᠦᠷᠪᠡᠯᠵᠢᠨ ᠺᠢᠯᠤᠮᠧᠲᠷ ᠪᠦᠷᠢ ᠳᠤ 5 ᠠᠴᠠ ᠳᠡᠬᠡᠭᠰᠢ | ᠬᠦᠮᠤᠨ ᠲᠠᠢ ᠨᠢ 4 ᠰᠤᠮᠤ᠂ ᠰᠢᠶᠠᠩ᠂ ᠪᠠᠯᠭᠠᠰᠤ ᠪᠠᠶᠢᠵᠠᠢ᠃ ᠡᠬᠦᠨ ᠳᠤ ᠤᠯᠵᠠᠴᠢ ᠪᠠᠯᠭᠠᠰᠤᠨ ᠤ ᠬᠦᠮᠤᠨ ᠤ ᠨᠢᠭᠳᠠᠴᠠ ᠳᠡᠭᠰᠢ ᠲᠦᠷᠪᠡᠯᠵᠢᠨ ᠺᠢᠯᠤᠮᠧᠲᠷ ᠪᠦᠷᠢ | ᠳᠤ 38.5 ᠬᠦᠮᠤᠨ ᠲᠠᠢ ᠪᠠᠶᠢᠪᠠ᠃ | ᠪᠠᠯᠭᠠᠰᠤ ᠰᠤᠮᠤ ᠰᠢᠶᠠᠩ ᠢᠶᠠᠷ ᠬᠤᠪᠢᠶᠠᠪᠠᠯ᠄ 1983 ᠤᠨ ᠳᠤ᠂ ᠪᠠᠯᠭᠠᠰᠤᠨ ᠳᠤᠭᠤᠷᠢᠭ ᠤᠨ ᠬᠦᠮᠤᠨ ᠨᠢ 1512 ᠪᠠᠶᠢᠵᠤ᠂ ᠶᠡᠷᠤᠩᠬᠡᠢ ᠬᠦᠮᠤᠨ ᠤ 2. | 63% ᠶᠢ ᠡᠵᠡᠯᠡᠵᠤ᠂ 1990 ᠤᠨ ᠳᠤ᠂ ᠪᠠᠯᠭᠠᠰᠤᠨ ᠳᠤᠭᠤᠷᠢᠭ ᠤᠨ ᠬᠦᠮᠤᠨ ᠨᠢ 11419 ᠳᠤ ᠬᠦᠷᠴᠤ᠂ ᠪᠦᠬᠦ ᠬᠤᠰᠢᠭᠤᠨ ᠤ ᠬᠦᠮᠤᠨ ᠤ 17.88% | ᠶᠢ ᠡᠵᠡᠯᠡᠵᠤ᠂ 1983 ᠤᠨ ᠤ ᠬᠢ ᠠᠴᠠ 9907 ᠬᠦᠮᠤᠨ ᠨᠡᠮᠡᠭᠳᠡᠵᠤ᠂ 7 ᠵᠢᠯ ᠳᠤ 6.55 ᠳᠠᠬᠢᠨ ᠢᠶᠠᠷ ᠨᠡᠮᠡᠭᠳᠡᠵᠡᠢ᠃ ᠰᠤᠮᠤ᠂ ᠰᠢᠶᠠᠩ᠂ ᠳᠠᠯᠠᠪᠠᠢ ᠶᠢᠨ | ᠬᠦᠮᠤᠨ 1983 ᠤᠨ ᠳᠤ ᠪᠦᠬᠦ ᠬᠦᠮᠤᠨ ᠤ 97.36% ᠶᠢ ᠡᠵᠡᠯᠡᠵᠤ ᠪᠠᠶᠢᠭᠰᠠᠨ ᠢᠶᠠᠨ 1990 ᠤᠨ ᠳᠤ ᠶᠡᠷᠤᠩᠬᠡᠢ ᠬᠦᠮᠤᠨ ᠤ 82.12% ᠢ ᠡᠵᠡᠯᠡᠵᠡᠢ᠃ | | 2000 ᠤᠨ ᠳᠤ ᠪᠦᠬᠦ ᠬᠤᠰᠢᠭᠤᠨ ᠤ ᠳᠠᠪᠤᠳᠤᠭᠠᠷ ᠤᠳᠠᠭ᠎ᠠ ᠶᠢᠨ ᠬᠦᠮᠤᠨ ᠠᠮᠠ ᠶᠢᠨ ᠨᠠᠶᠢᠳᠠᠮ ᠪᠠᠶᠢᠴᠠᠭᠠᠯᠳᠠ ᠳᠤ᠂ ᠪᠦᠬᠦ ᠬᠤᠰᠢᠭᠤᠨ ᠤ ᠶᠡᠷᠤᠩᠬᠡᠢ | ᠡᠷᠤᠬᠡ ᠨᠢ 20263᠂ ᠬᠦᠮᠤᠨ ᠨᠢ 66866 ᠪᠤᠯᠤᠭᠰᠠᠨ ᠪᠠᠶᠢᠨ᠎ᠠ᠃ | ᠤᠳᠤᠭ ᠤᠨ ᠡᠮᠤᠨᠡᠳᠤ ᠬᠤᠰᠢᠭᠤᠨ ᠤ ᠬᠦᠮᠤᠨ ᠤ ᠳᠠᠷᠬᠠᠯᠳᠠ ᠶᠢᠨ ᠤᠨᠴᠠᠯᠢᠭ ᠪᠤᠯ ᠡᠮᠤᠨ᠎ᠡ ᠪᠡᠶ᠎ᠡ ᠶᠢᠨ ᠬᠦᠮᠤᠨ ᠨᠢ ᠨᠡᠯᠢᠶᠡᠤᠨ ᠨᠢᠭᠳᠠ᠂ ᠵᠡᠬᠦᠨ ᠬᠤᠶᠢᠳᠤ | ᠬᠡᠰᠡᠭ ᠤᠨ ᠬᠦᠮᠤᠨ ᠰᠠᠶᠢᠷᠡᠭ᠂ ᠤᠯᠵᠠᠴᠢ ᠪᠠᠯᠭᠠᠰᠤᠨ ᠤ ᠬᠦᠮᠤᠨ ᠨᠡᠯᠢᠶᠡᠤᠨ ᠲᠦᠪᠯᠡᠷᠡᠩᠬᠦᠢ ᠪᠠᠶᠢᠨ᠎ᠠ᠃ 1990 ᠤᠨ ᠳᠤ ᠪᠦᠬᠦ ᠬᠤᠰᠢᠭᠤᠨ ᠤ ᠬᠦᠮᠤᠨ ᠤ | ᠨᠢᠭᠳᠠᠴᠠ ᠨᠢ ᠳᠡᠭᠰᠢ ᠲᠦᠷᠪᠡᠯᠵᠢᠨ ᠺᠢᠯᠤᠮᠧᠲᠷ ᠪᠦᠷᠢ ᠳᠤ 5.24 ᠬᠦᠮᠤᠨ ᠪᠠᠶᠢᠵᠤ᠂ 2000 ᠤᠨ ᠳᠤ ᠪᠦᠬᠦ ᠬᠤᠰᠢᠭᠤᠨ ᠤ ᠬᠦᠮᠤᠨ ᠤ ᠨᠢᠭᠳᠠᠴᠠ ᠳᠡᠭᠰᠢ | ᠲᠦᠷᠪᠡᠯᠵᠢᠨ ᠺᠢᠯᠤᠮᠧᠲᠷ ᠪᠦᠷᠢ ᠳᠤ 5.7 ᠬᠦᠮᠤᠨ ᠪᠤᠯᠵᠤ᠂ 2009 ᠤᠨ ᠳᠤ ᠪᠦᠬᠦ ᠬᠤᠰᠢᠭᠤᠨ ᠤ ᠬᠦᠮᠤᠨ ᠤ ᠨᠢᠭᠳᠠᠴᠠ ᠳᠡᠭᠰᠢ ᠲᠦᠷᠪᠡᠯᠵᠢᠨ ᠺᠢᠯᠤᠮᠧᠲᠷ | ᠪᠦᠷᠢ ᠳᠤ 6.22 ᠬᠦᠮᠤᠨ ᠪᠤᠯᠤᠭᠰᠠᠨ ᠶᠤᠮ᠃ |