ᠭᠤᠷᠪᠠ᠂ ᠪᠣᠷᠣᠪᠠᠯᠭᠠᠰᠣ ᠶᠢ ᠴᠢᠯᠦᠭᠡᠯᠡᠭᠰᠡᠨ ᠨᠢ | 1940 ᠣᠨ ᠤ 10 ᠰᠠᠷ᠎ᠠ ᠳᠤ᠂ ᠰᠦᠢᠶᠦᠸᠠᠨ ᠤ ᠶᠡᠭᠡ ᠵᠣᠣ ᠶᠢᠨ ᠴᠢᠭᠤᠯᠭᠠᠨ ᠤ ᠭᠠᠵᠠᠷ ᠣᠷᠣᠨ ᠳᠤ ᠰᠠᠭᠤᠭ᠎ᠠ ᠭᠤᠮᠢᠨᠳᠠᠩ ᠤᠨ ᠰᠢᠨ᠎ᠡ ᠪᠠᠷ | ᠪᠠᠶᠢᠭᠤᠯᠣᠭᠰᠠᠨ 26 ᠳ᠋ᠤᠭᠠᠷ ᠳ᠋ᠢᠸᠢᠽᠢ ᠶᠢᠨ ᠾᠧ ᠸᠧᠨ ᠳ᠋ᠢᠩ ᠤᠨ ᠴᠡᠷᠢᠭ ᠠᠩᠬᠢ ᠵᠠᠷᠯᠢᠭ ᠢᠶᠠᠷ ᠡᠮᠣᠨᠡᠰᠢ ᠲᠦᠷᠢᠵᠤ᠂ ᠰᠡᠷᠬᠡᠶᠢᠯᠡᠯᠳᠠ ᠰᠣᠯᠢᠬᠤ ᠨᠠᠷ᠎ᠡ ᠪᠠᠷ | ᠭᠤᠷᠪᠡᠨ ᠬᠢᠵᠠᠭᠠᠷ ᠤᠨ ᠬᠤᠪᠢᠶᠠᠷᠢ ᠣᠷᠣᠨ ᠳᠡᠶᠢᠰᠢ ᠦᠢᠷᠡᠳᠣᠨ ᠬᠠᠪᠢᠳᠡᠵᠣ᠂ ᠮᠦᠷᠭᠦᠯᠳᠦᠭᠡᠨ ᠡᠬᠦᠰᠬᠡᠵᠤ ᠪᠠᠶᠢᠯᠳᠣᠭᠠᠨ ᠬᠢᠪᠠ᠃ ᠱᠠᠨ— ᠭᠠᠨ— ᠨᠢᠩ | ᠬᠢᠵᠠᠭᠠᠷ ᠤᠷᠤᠨ ᠤ ᠤᠷᠳᠤ ᠪᠠᠶ᠎ᠠ ᠳᠤ ᠨᠢᠭᠡ ᠬᠤᠭᠤᠴᠠᠭ᠎ᠠ ᠳᠦᠩᠬᠡᠵᠢ ᠴᠡᠷᠢᠭ ᠳᠠᠶᠢᠨ ᠦᠬᠡᠢ ᠠᠮᠤᠰᠬᠢᠭᠰᠠᠨ ᠪᠠᠶᠢᠬᠤ ᠳᠤ ᠬᠤᠶᠢᠳᠣ ᠪᠠᠶ᠎ᠠ ᠳᠤ ᠬᠠᠷᠢᠨ ᠦᠢᠮᠡᠭᠡᠨ | ᠳᠡᠪᠵᠢᠶᠡᠨ ᠳᠡᠭᠳᠡᠵᠡᠢ᠃ ᠠᠯᠬᠤᠮ ᠠᠯᠬᠤᠮ ᠢᠶᠠᠷ ᠰᠢᠬᠠᠮᠳᠠᠭᠤᠯᠤᠨ ᠦᠢᠷᠡᠳᠴᠣ ᠪᠦᠭᠦᠢ ᠾᠧ ᠸᠧᠨ ᠳ᠋ᠢᠩ ᠤᠨ ᠴᠡᠷᠢᠭ ᠠᠩᠬᠢ ᠳᠤ ᠴᠢᠭᠯᠡᠭᠦᠯᠦᠨ ᠱᠠᠨ— | ᠭᠠᠨ— ᠨᠢᠩ ᠬᠢᠵᠠᠭᠠᠷ ᠤᠷᠤᠨ ᠤ ᠬᠢᠨ ᠰᠠᠨᠠᠭᠠᠴᠢᠯᠠᠭ᠎ᠠ ᠲᠠᠢ ᠪᠠᠷ ᠤᠭᠳᠤᠨ ᠪᠠᠶᠢᠯᠳᠤᠬᠤ ᠪᠠᠷ ᠰᠢᠢᠳᠪᠠ᠃ ᠾᠧ ᠸᠧᠨ ᠳ᠋ᠢᠩ ᠤᠨ ᠴᠡᠷᠢᠭ ᠠᠩᠬᠢ ᠳᠤ | ᠴᠣᠬᠢᠯᠳᠠ ᠦᠭᠭᠦ ᠶᠢᠨ ᠳᠠᠭᠠᠣ ᠶᠡᠭᠡ ᠵᠣᠣ ᠶᠢᠨ ᠴᠢᠭᠤᠯᠭᠠᠨ ᠳᠠᠬᠢ ᠭᠤᠮᠢᠨᠳᠠᠩ ᠤᠨ ᠴᠡᠷᠢᠭ ᠠᠩᠬᠢ ᠳᠤ ᠨᠢᠭᠡᠨ ᠣᠳᠠᠭ᠎ᠠ ᠶᠢᠨ ᠰᠣᠷᠭᠠᠮᠵᠢ ᠦᠭᠭᠦ ᠶᠢᠨ ᠳᠦᠯᠦᠭᠡ᠂ | ᠮᠠᠣ ᠽᠧ ᠳ᠋ᠦᠩ ᠠᠴᠠ ᠸᠠᠩ ᠵᠧᠨ ᠪᠣᠯᠣᠨ ᠾᠧ ᠶᠢᠨ ᠨᠢᠶᠠᠨ ᠨᠠᠷ ᠲᠤ ᠬᠡᠬᠡᠷᠡᠯᠡᠨ ᠪᠠᠶᠢᠯᠳᠣᠬᠤ ᠨᠢᠬᠡᠤᠨᠬᠡᠯ ᠠᠩᠬᠢ ᠶᠢ ᠵᠣᠬᠢᠶᠡᠨ ᠪᠠᠶᠢᠭᠤᠯᠵᠣ ᠭᠤᠷᠪᠡᠨ ᠬᠢᠵᠠᠭᠠᠷ | ᠣᠷᠣᠨ ᠦᠬᠡᠳᠡ ᠴᠡᠷᠢᠭᠯᠡᠭᠦ ᠵᠠᠷᠯᠢᠭ ᠪᠠᠭᠤᠯᠭᠠᠵᠤ᠂ ᠸᠠᠩ ᠵᠧᠨ ᠢ ᠰᠧᠯᠢᠩ᠂ ᠾᠧ ᠶᠢᠨ ᠨᠢᠶᠠᠨ ᠢ ᠳᠡᠳ᠋ ᠰᠧᠯᠢᠩ ᠢᠶᠠᠷ ᠳᠤᠮᠢᠯᠠᠪᠠ᠃ ᠬᠡᠬᠡᠷᠡᠯᠡᠨ ᠪᠠᠶᠢᠯᠳᠣᠬᠤ | ᠨᠢᠬᠡᠤᠨᠬᠡᠯ ᠠᠩᠬᠢ ᠳᠤ 359 ᠳ᠋ᠤᠬᠡᠷ ᠪᠠᠷᠢᠭᠠᠳᠠ ᠶᠢᠨ 3 ᠬᠤᠷᠢᠶ᠎ᠠ᠂ 358 ᠳ᠋ᠤᠭᠠᠷ ᠪᠠᠷᠢᠭᠠᠳᠠ ᠶᠢᠨ 1 ᠬᠤᠷᠢᠶ᠎ᠠ᠂ ᠭᠤᠷᠪᠠᠨ ᠬᠢᠵᠠᠭᠠᠷ ᠤᠨ ᠰᠡᠷᠬᠡᠶᠢᠯᠡᠨ | ᠬᠠᠮᠠᠭᠠᠯᠠᠬᠤ ᠪᠠᠷᠢᠭᠠᠳᠠ ᠶᠢᠨ ᠨᠢᠬᠡᠳᠤᠬᠡᠷ ᠬᠤᠷᠢᠶ᠎ᠠ ᠪᠣᠯᠣᠨ ᠶᠢᠰᠤᠳᠤᠬᠡᠷ ᠬᠤᠷᠢᠶ᠎ᠠ᠂ ᠱᠠᠨ— ᠭᠠᠨ— ᠨᠢᠩ ᠬᠢᠵᠠᠭᠠᠷ ᠤᠷᠤᠨ ᠤ ᠰᠠᠬᠢᠨ ᠬᠠᠮᠠᠭᠠᠯᠠᠬᠤ | ᠨᠢᠬᠡᠤᠨᠬᠡᠯ ᠠᠩᠬᠢ ᠶᠢᠨ ᠪᠣᠷᠣ ᠬᠤᠳᠠ ᠶᠢᠨ ᠠᠮᠣᠷ ᠢ ᠬᠠᠮᠠᠭᠠᠯᠠᠬᠤ ᠬᠤᠶᠠᠳᠤᠭᠠᠷ ᠬᠤᠷᠢᠶ᠎ᠠ ᠪᠣᠯᠣᠨ ᠮᠣᠷᠢᠳᠣ ᠴᠡᠷᠢᠭ ᠤᠨ ᠬᠤᠷᠢᠶ᠎ᠠ ᠵᠡᠷᠭᠡ ᠨᠡᠶᠢᠳᠠ 6000 ᠰᠢᠬᠠᠮ | ᠴᠡᠷᠢᠭ ᠲᠠᠢ ᠪᠡᠶᠢᠵᠡᠢ᠃ | ᠸᠠᠩ ᠵᠧᠨ ︵1908.04 — 1993.03︶᠂ ᠡᠷᠡᠭᠳᠡᠢ᠂ ᠬᠢᠳᠠᠳ ᠦᠨᠳᠣᠰᠣᠳᠡᠨ᠂ ᠬᠤᠨᠠᠨ ᠤ ᠯᠢᠣ ᠶᠠᠩ ᠤᠨ ᠭᠦᠮᠦᠨ᠂ 1927 ᠣᠨ ᠳᠤ | ᠳᠣᠮᠳᠠᠳᠣ ᠣᠯᠣᠰ ᠤᠨ ᠡᠪ ᠬᠠᠮᠳᠣ ᠨᠠᠮ ᠳᠤ ᠤᠷᠤᠵᠤ᠂ 1929 ᠣᠨ ᠳᠤ ᠳᠣᠮᠳᠠᠳᠣ ᠣᠯᠣᠰ ᠤᠨ ᠠᠵᠢᠯᠴᠢᠨ ᠳᠠᠷᠢᠶᠠᠴᠢᠨ ᠤ ᠣᠯᠠᠭᠠᠨ ᠴᠡᠷᠢᠭ ᠲᠤ ᠤᠷᠤᠵᠠᠢ᠃ | ᠬᠤᠷᠠᠩᠳᠠ ᠭᠧᠨᠧᠷᠡᠯ ᠴᠣᠯᠠ ᠲᠠᠢ᠃ 1949 ᠣᠨ ᠠᠴᠠ ᠬᠤᠶᠢᠰᠢ ᠳᠤᠮᠳᠠᠳᠤ ᠤᠯᠤᠰ ᠤᠨ ᠡᠪ ᠬᠠᠮᠳᠤ ᠨᠠᠮ ᠤᠨ ᠳᠦᠪ ᠬᠤᠷᠢᠶᠡᠨ ᠤ ᠣᠯᠣᠰ ᠳᠦᠷᠦ ᠶᠢᠨ | ᠳᠣᠪᠴᠢᠶᠡᠨ ᠤ ᠭᠡᠰᠢᠭᠦᠨ᠂ ᠳᠦᠷᠦ ᠶᠢᠨ ᠶᠠᠪᠣᠳᠡᠯ ᠤᠨ ᠬᠤᠷᠢᠶᠡᠨ ᠤ ᠳᠡᠳ᠋ ᠶᠡᠷᠣᠩᠬᠡᠢ ᠰᠡᠶᠢᠳ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠳᠦᠪ | ᠬᠤᠷᠢᠶᠡᠨ ᠤ ᠴᠡᠷᠢᠭ ᠤᠨ ᠶᠠᠪᠣᠳᠡᠯ ᠤᠨ ᠬᠤᠷᠢᠶᠡᠨ ᠤ ᠬᠡᠰᠢᠬᠦᠨ᠂ ᠪᠠᠶᠢᠩᠭᠤ ᠶᠢᠨ ᠭᠡᠰᠢᠭᠦᠨ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠳᠦᠪ ᠤᠨ ᠨᠠᠮ ᠤᠨ | ᠰᠣᠷᠭᠠᠭᠤᠯᠢ ᠶᠢᠨ ᠳᠠᠷᠤᠭ᠎ᠠ᠂ ᠪᠦᠭᠦᠳᠠ ᠨᠡᠶᠢᠷᠠᠮᠳᠠᠬᠤ ᠳᠣᠮᠳᠠᠳᠣ ᠠᠷᠠᠳ ᠣᠯᠣᠰ ᠤᠨ ᠳᠡᠳ᠋ ᠳᠡᠷᠢᠭᠦᠯᠡᠭᠴᠢ ᠵᠡᠷᠭᠡ ᠳᠣᠰᠢᠶᠡᠯ ᠢ ᠤᠷᠢᠤᠨ ᠬᠤᠵᠢᠤᠨ ᠬᠠᠷᠢᠭᠤᠴᠡᠵᠣ | ᠦᠩᠭᠡᠷᠡᠵᠡᠢ᠃ | ᠾᠧ ᠶᠢᠨ ᠨᠢᠶᠠᠨ ︵1910.10 — 2003.05︶᠂ ᠡᠷᠡᠭᠳᠡᠢ᠂ ᠬᠢᠳᠡᠳ ᠦᠨᠳᠣᠰᠣᠳᠡᠨ᠂ ᠱᠠᠨᠰᠢ ᠮᠣᠵᠢ ᠶᠢᠨ ᠠᠨ ᠳ᠋ᠢᠩ ︵ᠣᠳᠣ ᠶᠢᠨ ᠽᠢ ᠴᠠᠩ | ᠰᠢᠶᠠᠨ︶ ᠤ ᠭᠦᠮᠦᠨ᠂ ᠱᠠᠨᠪᠸᠢ ᠶᠢᠨ ᠣᠯᠠᠭᠠᠨ ᠴᠡᠷᠢᠭ ᠢ ᠡᠭᠦᠰᠭᠡᠨ ᠪᠠᠶᠢᠭᠤᠯᠣᠭᠴᠢ ᠶᠢᠨ ᠨᠢᠭᠡ ᠪᠣᠯᠣᠨ᠎ᠠ᠃ 1928 ᠣᠨ ᠳᠤ ᠳᠣᠮᠳᠠᠳᠣ ᠣᠯᠣᠰ ᠤᠨ ᠡᠪ | ᠬᠠᠮᠳᠣ ᠨᠠᠮ ᠳᠤ ᠣᠷᠣᠵᠡᠢ᠃ 1930 ᠣᠨ ᠳᠤ ᠳᠣᠮᠳᠠᠳᠣ ᠣᠯᠣᠰ ᠤᠨ ᠠᠵᠢᠯᠴᠢᠨ ᠳᠠᠷᠢᠶᠠᠴᠢᠨ ᠤ ᠣᠯᠠᠭᠠᠨ ᠴᠡᠷᠢᠭ ᠲᠤ ᠤᠷᠤᠵᠤ᠂ ᠬᠤᠰᠢᠭᠤᠴᠢ ᠭᠧᠨᠧᠷᠡᠯ | ᠴᠣᠯᠠ ᠤᠯᠪᠠ᠃ 1949 ᠣᠨ ᠠᠴᠠ ᠬᠤᠶᠢᠰᠢ ᠠᠷᠪᠠᠨ ᠳᠠᠪᠤᠳᠤᠭᠠᠷ ᠨᠢᠬᠡᠤᠨᠬᠡᠯ ᠠᠩᠬᠢ ᠶᠢᠨ ᠬᠤᠶᠠᠳᠣᠭᠠᠷ ᠳᠡᠳ᠋ ᠰᠧᠯᠢᠩ ᠪᠤᠯᠤᠨ ᠵᠢᠶᠠᠩᠰᠢ ᠶᠢᠨ ᠴᠡᠷᠢᠭ ᠤᠨ | ᠳᠣᠭᠤᠷᠢᠭ ᠤᠨ ᠨᠢᠭᠡᠳᠣᠭᠡᠷ ᠳᠡᠳ᠋ ᠰᠧᠯᠢᠩ᠂ ᠵᠡᠭᠦᠨ ᠬᠤᠶᠢᠳᠣ ᠶᠢᠨ ᠴᠡᠷᠢᠭ ᠤᠨ ᠳᠣᠭᠤᠷᠢᠭ ᠤᠨ ᠳᠡᠳ᠋ ᠰᠧᠯᠢᠩ ᠪᠦᠬᠡᠤᠨ ᠱᠲ᠋ᠠᠪ ᠤᠨ ᠳᠠᠷᠤᠭ᠎ᠠ᠂ ᠳᠣᠮᠳᠠᠳᠣ | ᠣᠯᠣᠰ ᠤᠨ ᠠᠷᠠᠳ ᠤᠨ ᠴᠢᠯᠦᠭᠡᠯᠡᠭᠦ ᠴᠡᠷᠢᠭ ᠤᠨ ᠬᠤᠶᠠᠭᠳᠣ ᠴᠡᠷᠢᠭ ᠠᠩᠬᠢ ᠶᠢᠨ ᠳᠡᠳ᠋ ᠰᠧᠯᠢᠩ ᠵᠡᠷᠭᠡ ᠳᠤᠰᠢᠶᠠᠯ ᠢ ᠬᠠᠷᠢᠭᠤᠴᠠᠵᠣ ᠪᠡᠶᠢᠵᠡᠢ᠃ | ᠶᠡᠭᠡ ᠴᠡᠷᠢᠭ ᠣᠷᠣᠭᠰᠢᠯᠠᠬᠤ ᠶᠠᠪᠣᠴᠠ ᠳᠤ ᠱᠠᠨ— ᠭᠠᠨ— ᠨᠢᠩ ᠬᠢᠵᠠᠭᠠᠷ ᠤᠷᠤᠨ ᠤ ᠴᠢᠷᠮᠠᠶᠢᠯᠭ᠎ᠠ ᠪᠠᠷ ᠳ᠋ᠧᠩ ᠪᠣᠣ ᠱᠠᠨ ᠤ ᠴᠡᠷᠢᠭ ᠠᠩᠬᠢ ᠶᠢᠨ | ᠬᠤᠷᠢᠨ ᠬᠤᠶᠠᠳᠤᠭᠠᠷ ᠠᠷᠮᠢ ᠶᠢᠨ ᠠᠷᠪᠠᠨ ᠨᠢᠬᠡᠳᠤᠬᠡᠷ ᠪᠠᠷᠢᠭᠠᠳᠠ ᠬᠡᠪ ᠢᠶᠠᠨ ᠰᠠᠬᠢᠭᠰᠡᠨ ᠶᠡᠪᠣᠳᠡᠯ ᠨᠢ ᠸᠠᠩ ᠵᠧᠨ ᠤ ᠬᠡᠬᠡᠷᠡᠯᠡᠨ ᠪᠠᠶᠢᠯᠳᠣᠬᠤ ᠴᠡᠷᠢᠭ ᠠᠩᠬᠢ ᠶᠢᠨ | ᠬᠢᠨ ᠤ ᠱᠠᠨ— ᠭᠠᠨ— ᠨᠢᠩ ᠬᠢᠵᠠᠭᠠᠷ ᠤᠷᠤᠨ ᠠᠴᠠ ᠭᠠᠷᠤᠭᠰᠡᠨ ᠤ ᠳᠠᠷᠠᠭ᠎ᠠ ᠠᠷᠣ ᠡᠮᠤᠨ᠎ᠡ ᠠᠴᠠ ᠳᠡᠶᠢᠰᠣᠨ ᠳᠤ ᠴᠤᠬᠢᠭᠳᠠᠬᠤ ᠠᠰᠠᠭᠤᠳᠡᠯ ᠢ | ᠰᠢᠢᠤᠨᠪᠤᠷᠢᠯᠡᠭᠰᠡᠨ ᠠᠴᠠ ᠾᠧ ᠸᠧᠨ ᠳ᠋ᠢᠩ ᠤᠨ ᠴᠡᠷᠢᠭ ᠢ ᠴᠤᠬᠢᠬᠤ ᠠᠰᠢᠭᠳᠡᠢ ᠪᠡᠶᠢᠷᠢᠰᠢᠯ ᠳᠤ ᠣᠷᠣᠭᠰᠠᠨ ᠪᠡᠶᠢᠨ᠎ᠡ᠃ 11 ᠰᠠᠷ᠎ᠠ ᠶᠢᠨ 6 ᠤ ᠡᠳᠣᠷ᠂ ᠴᠡᠷᠢᠭ | ᠠᠩᠬᠢ ᠪᠣᠷᠣ ᠬᠤᠳᠠ ᠶᠢᠨ ᠵᠠᠮᠪᠠ ᠶᠢᠨ ᠲᠠᠯ᠎ᠠ ᠳᠤ ᠳᠡᠶᠢᠴᠢᠯᠠᠯᠳᠠ ᠶᠢᠨ ᠶᠡᠭᠡ ᠬᠤᠷᠡᠯ ᠬᠢᠵᠤ᠂ ᠪᠠᠶᠢᠯᠳᠣᠬᠤ ᠪᠠᠶᠢᠷᠢᠯᠠᠭᠤᠯᠣᠯᠳᠠ ᠪᠠᠨ ᠳᠤᠬᠢᠷᠠᠭᠤᠯᠵᠤ᠂ ︽ᠳᠡᠶᠢᠰᠣᠨ | ᠤ ᠬᠡᠳᠣᠨ ᠭᠤᠣᠯ ᠰᠠᠭᠤᠷᠢᠨ ᠢ ᠨᠢᠬᠡ ᠯᠠ ᠳᠡᠬᠡᠷ᠎ᠡ ᠵᠡᠷᠬᠡᠪᠡᠷ ᠳᠠᠭᠠᠷᠢᠵᠣ᠂ ᠨᠢᠬᠡ ᠰᠦᠨᠢ ᠶᠢᠨ ᠬᠤᠭᠤᠷᠣᠨᠳᠣ ᠪᠣᠢ ᠪᠦᠭᠦᠢ ᠳᠠᠭᠠᠷᠢᠯᠳᠠ ᠶᠢᠨ ᠬᠠᠷᠠᠯᠳᠠ ᠪᠠᠨ | ᠪᠡᠶᠡᠯᠡᠭᠦᠯᠭᠦ︾ ᠡᠭᠦᠷᠭᠡ ᠶᠢ ᠪᠣᠳᠡᠳᠡᠢ ᠪᠠᠶᠢᠷᠢᠯᠠᠭᠤᠯᠵᠡᠢ᠃ ᠴᠡᠷᠢᠭ ᠠᠩᠬᠢ ᠰᠦᠨᠢ ᠳᠦᠯᠢ ᠪᠠᠷ ᠭᠦᠳᠡᠯᠵᠣ᠂ ᠨᠢᠭᠡ ᠪᠦᠯᠦᠭ ᠨᠢ ᠲᠦᠴᠢᠨ ᠭᠠᠵᠠᠷ ᠤᠨ ᠫᠦᠰᠠ᠂ | ᠬᠠᠷ᠎ᠠ ᠰᠢᠯᠢ᠂ ᠪᠠᠭ᠎ᠠ ᠮᠠᠰᠢᠩ᠂ ᠪᠠᠶᠠᠨ ᠳᠦᠭᠦᠮ ᠤᠨ ᠴᠢᠭᠯᠡᠯ ᠢᠶᠠᠷ ᠣᠷᠣᠭᠰᠢᠯᠠᠵᠣ᠂ ᠨᠦᠭᠦᠭᠡ ᠨᠢᠭᠡ ᠪᠦᠯᠦᠭ ᠨᠢ ᠪᠣᠷᠣᠪᠠᠯᠭᠠᠰᠣ ᠶᠢ ᠴᠢᠯᠦᠭᠡᠯᠡᠭᠦ ᠶᠢ | ᠬᠠᠷᠢᠭᠤᠴᠠᠵᠤ᠂ ᠾᠧ ᠸᠧᠨ ᠳ᠋ᠢᠩ ᠬᠡᠷᠪᠡ ᠠᠶᠣᠮᠰᠢᠭ ᠦᠬᠡᠢ ᠪᠠᠷ ᠬᠠᠯᠳᠠᠬᠤ ᠳᠤ ᠭᠦᠷᠪᠡᠯ ᠡᠷᠬᠡᠪᠰᠢ ᠡᠷᠡᠰ ᠴᠣᠬᠢᠯᠳᠠ ᠦᠭᠭᠦ ᠪᠠᠷ ᠰᠢᠭᠤᠳᠴᠡᠢ᠃ | ᠪᠣᠷᠣᠪᠠᠯᠭᠠᠰᠣ ᠶᠢ ᠳᠠᠭᠠᠷᠢᠨ ᠴᠤᠬᠢᠬᠤ ᠪᠠᠷ ᠪᠠᠶᠢᠭ᠎ᠠ ᠦᠶ᠎ᠡ ᠳᠤ ᠭᠤᠷᠪᠡᠨ ᠬᠢᠵᠠᠭᠠᠷ ᠤᠨ ᠮᠣᠷᠢᠳᠣ ᠴᠡᠷᠢᠭ ᠤᠨ ᠬᠤᠷᠢᠶ᠎ᠠ ᠶᠢᠨ ᠱᠲ᠋ᠠᠪ ᠤᠨ ᠳᠠᠷᠤᠭ᠎ᠠ ᠱᠢ | ᠵᠢᠶᠡᠨ ᠵᠠᠩ᠂ ᠳᠡᠳ᠋ ᠱᠲ᠋ᠠᠪ ᠤᠨ ᠳᠠᠷᠤᠭ᠎ᠠ ᠭᠤᠣ ᠫᠢᠩ ᠨᠠᠷ 2 ᠰᠣᠮᠣ 300 ᠢᠯᠡᠭᠦᠣ ᠮᠣᠷᠢᠳᠣ ᠴᠡᠷᠢᠭ ᠢ ᠳᠠᠭᠠᠭᠤᠯᠦᠨ᠂ ᠬᠠᠷ᠎ᠠ ᠰᠢᠯᠢ ᠠᠴᠠ ᠬᠤᠮᠣᠷᠣᠨ | ᠢᠷᠡᠵᠤ ᠪᠣᠷᠣᠪᠠᠯᠭᠠᠰᠣ ᠶᠢᠨ ᠴᠠᠶᠢᠵᠠ ᠠᠴᠠ ᠳᠡᠮᠡᠢ ᠬᠤᠯᠠ ᠦᠬᠡᠢ ᠰᠢᠯᠢ ᠶᠢᠨ ᠴᠡᠶᠢᠵᠠ ᠶᠢ ᠪᠦᠰᠡᠯᠡᠨ ᠠᠪᠴᠡᠢ᠃ ᠢᠩᠬᠢᠬᠡᠤᠨ ᠸᠠᠩ ᠵᠧᠨ ᠤ ᠬᠡᠬᠡᠷᠡᠯᠡᠨ | ᠪᠡᠶᠢᠯᠳᠣᠬᠤ ᠴᠡᠷᠢᠭ ᠠᠩᠬᠢ ᠲᠠᠢ ᠬᠠᠮᠳᠤ ᠪᠠᠷ ᠳᠠᠭᠠᠷᠢᠬᠤ ᠪᠠᠶᠢᠯᠳᠣᠬᠤ ᠪᠣᠳᠣᠯᠭ᠎ᠠ ᠶᠢᠨ ᠪᠠᠶᠢᠷᠢᠯᠠᠭᠤᠯᠣᠯᠳᠠ ᠪᠡᠯᠡᠭᠡᠨ ᠪᠣᠯᠵᠣ᠂ ᠰᠢᠯᠢ ᠶᠢᠨ ᠴᠠᠶᠢᠵᠠ᠂ | ᠪᠤᠷᠤᠪᠠᠯᠭᠠᠰᠤ ᠶᠢᠨ ᠴᠠᠶᠢᠵᠠ ᠴᠦᠮ ᠪᠦᠰᠡᠯᠡᠭᠳᠡᠬᠡᠤᠨ ᠬᠠᠷᠢᠯᠴᠠᠨ ᠳᠤᠰᠠᠯᠠᠯᠴᠠᠬᠤ ᠠᠷᠭ᠎ᠠ ᠦᠬᠡᠢ ᠪᠤᠯᠵᠤ ᠪᠣᠷᠣᠪᠠᠯᠭᠠᠰᠣᠨ ᠤ ᠴᠠᠶᠢᠵᠠ ᠶᠢ ᠴᠢᠯᠤᠬᠡᠯᠡᠬᠦ ᠳᠤ ᠭᠠᠷ | ᠤᠨ ᠠᠯᠠᠭ᠎ᠠ ᠤᠷᠪᠠᠭᠤᠯᠬᠤ ᠮᠡᠳᠤ ᠬᠢᠯᠪᠠᠷ ᠪᠣᠯᠣᠭᠰᠠᠨ ᠪᠡᠶᠢᠨ᠎ᠡ᠃ | 11 ᠰᠠᠷ᠎ᠠ ᠶᠢᠨ 11 ᠤ ᠡᠳᠣᠷ᠂ ᠸᠠᠩ ᠵᠧᠨ ᠤ ᠬᠡᠬᠡᠷᠡᠯᠡᠨ ᠪᠡᠶᠢᠯᠳᠣᠬᠤ ᠨᠢᠬᠡᠤᠨᠬᠡᠯ ᠠᠩᠬᠢ ᠶᠢᠨ ᠪᠣᠷᠣ ᠬᠤᠳᠠ ᠶᠢᠨ ᠠᠮᠣᠷ ᠢ ᠬᠠᠮᠠᠭᠠᠯᠠᠬᠤ ᠬᠤᠶᠠᠳᠣᠭᠠᠷ | ᠬᠤᠷᠢᠶ᠎ᠠ ᠵᠠᠮᠪᠠ ᠶᠢᠨ ᠲᠠᠯ᠎ᠠ ᠠᠴᠠ ᠮᠣᠷᠳᠡᠨ ᠸᠠᠩ ᠶᠣᠣ ᠸᠡᠨ ᠢᠶᠠᠷ ᠦᠩᠭᠡᠷᠡᠨ ᠰᠢᠭᠤᠳ ᠪᠣᠷᠣᠪᠠᠯᠭᠠᠰᠣ ᠶᠢ ᠴᠢᠭᠯᠡᠪᠡ᠃ ᠾᠧ ᠶᠢᠨ ᠰᠢᠶᠠᠩ ᠬᠤᠷᠢᠶᠡᠨ ᠳᠠᠷᠤᠭ᠎ᠠ | ᠶᠢᠨ ᠳᠤᠮᠢᠯᠠᠭᠰᠡᠨ ᠳᠦᠷᠪᠡᠨ ᠳᠤᠷᠰᠢᠭᠤᠯ ᠨᠤᠳᠤᠭ ᠤᠨ ᠭᠦᠮᠦᠨ ᠢᠶᠠᠷ ᠬᠤᠪᠴᠠᠯᠠᠵᠤ᠂ ᠨᠠᠢᠮᠠᠨ ᠠᠴᠢᠶ᠎ᠠ ᠳᠠᠷᠢᠶᠠᠨ ᠡᠪᠡᠰᠣ ᠳᠡᠬᠡᠬᠡᠨ᠂ ᠠᠮᠣᠷ ᠢ ᠬᠠᠮᠠᠭᠠᠯᠠᠬᠤ | ᠳᠦᠷᠪᠡᠳᠣᠭᠡᠷ ᠬᠤᠷᠢᠶᠠᠨ ᠳᠤ ᠠᠮᠣ ᠡᠪᠡᠰᠣ ᠭᠦᠷᠭᠡᠭᠦ ᠨᠠᠷᠠ ᠪᠠᠷ ᠪᠣᠷᠣᠪᠠᠯᠭᠠᠰᠣᠨ ᠴᠡᠶᠢᠵᠠ ᠳᠤ ᠤᠷᠤᠵᠤ ᠴᠡᠷᠢᠭ ᠤᠨ ᠭᠦᠴᠦᠨ ᠤ ᠪᠠᠶᠢᠷᠢᠯᠠᠭᠤᠯᠣᠯᠳᠠ ᠶᠢ | ᠲᠠᠩᠨᠠᠵᠣ᠂ ᠪᠣᠰᠣᠳ ᠴᠡᠷᠢᠭ ᠠᠩᠬᠢ ᠨᠢ ᠱᠠᠳᠣ ᠪᠡᠯᠡᠳᠭᠡᠨ᠂ ᠰᠦᠨᠢ ᠶᠢᠨ ᠪᠦᠷᠤᠩᠬᠦᠢ ᠪᠠᠷ ᠣᠷᠣᠭᠰᠢᠯᠠᠵᠣ ᠰᠢᠭᠤᠳ ᠪᠣᠷᠣᠪᠠᠯᠭᠠᠰᠣᠨ ᠤ ᠴᠡᠶᠢᠵᠠ ᠶᠢᠨ ᠳᠣᠣᠷ᠎ᠠ | ᠭᠦᠷᠦᠭᠡᠳ ᠪᠠᠶᠢᠯᠳᠣᠭᠠᠨ ᠡᠬᠢᠯᠡᠭᠦ ᠳᠤ ᠪᠡᠯᠡᠨ ᠪᠣᠯᠵᠡᠢ᠃ | ᠸᠠᠩ ᠵᠧᠨ ᠤ ᠬᠡᠬᠡᠷᠡᠯᠡᠨ ᠪᠠᠶᠢᠯᠳᠣᠬᠤ ᠨᠢᠬᠡᠤᠨᠬᠡᠯ ᠠᠩᠬᠢ ᠡᠮᠣᠨ᠎ᠡ᠂ ᠵᠡᠭᠦᠨ ᠪᠠ ᠬᠤᠶᠢᠳᠣ ᠭᠤᠷᠪᠡᠨ ᠳᠠᠯ᠎ᠠ ᠠᠴᠠ ᠴᠡᠶᠢᠵᠠ ᠶᠢ ᠪᠦᠰᠡᠯᠡᠵᠣ᠂ ᠬᠤᠶᠡᠷ᠂ | ᠭᠤᠷᠪᠡᠳᠣᠭᠠᠷ ᠪᠠᠲᠯᠢᠶᠤᠨ ᠴᠠᠶᠢᠵᠠ ᠶᠢᠨ ᠭᠠᠳᠠᠨᠠᠬᠢ ᠪᠦᠰᠠᠯᠠᠯᠳᠠ ᠶᠢ ᠬᠠᠷᠢᠭᠤᠴᠠᠵᠣ᠂ ᠨᠢᠬᠡᠳᠣᠭᠡᠷ ᠪᠠᠲᠯᠢᠶᠤᠨ ᠴᠠᠶᠢᠵᠠ ᠶᠢ ᠱᠠᠯᠠᠮᠠᠭᠠᠶᠢᠯᠠᠨ ᠡᠵᠡᠯᠡᠬᠦ ᠶᠢ | ᠬᠠᠷᠢᠭᠤᠴᠡᠵᠡᠢ᠃ ᠨᠢᠬᠡᠳᠣᠭᠡᠷ ᠪᠠᠲᠯᠢᠶᠤᠨ ᠤ ᠳᠠᠷᠤᠭ᠎ᠠ ᠦ᠋ ᠽᠢ ᠮᠢᠩ ᠨᠢᠭᠡ ᠬᠤᠰᠢᠭᠤᠴᠢ ᠳᠠᠰᠤᠭ ᠢ ᠳᠠᠭᠠᠭᠤᠯᠦᠨ ᠬᠤᠳᠠ ᠶᠢᠨ ᠭᠡᠷᠡᠮ ᠢ ᠳᠡᠪᠡᠵᠣ ᠭᠠᠷᠳᠠᠯ᠎ᠠ ᠶᠠᠭ | ᠴᠠᠭᠳᠡᠨ ᠳᠣᠭᠤᠷᠢᠵᠣ ᠪᠠᠶᠢᠭᠰᠠᠨ ᠬᠠᠷᠠᠭᠤᠯ ᠤᠨ ᠴᠡᠷᠢᠭ ᠲᠠᠢ ᠬᠠᠷᠭᠤᠵᠠᠢ᠃ ᠳᠠᠷᠠ ᠬᠠᠷᠠᠭᠤᠯ ᠤᠨ ᠴᠡᠷᠢᠭ ᠶᠠᠭᠠᠷᠡᠣ ᠰᠠᠨᠳᠣᠷᠣᠣ ᠪᠠᠷ ︽ᠢᠷᠡᠯ᠎ᠡ︕᠁︾ ᠬᠡᠵᠣ | ᠬᠠᠰᠬᠢᠷᠬᠤ ᠶᠢᠨ ᠳᠠᠭᠠᠣ ᠫᠤᠤᠳᠠᠬᠤ ᠭᠡᠰᠡᠨ ᠪᠣᠯᠪᠠᠴᠣ ᠠᠶᠣᠵᠣ ᠰᠠᠨᠳᠣᠷᠣᠭᠰᠠᠨ ᠠᠴᠠ ᠵᠠᠯᠭᠠᠭ᠎ᠠ ᠪᠠᠷ ᠭᠤᠷᠪᠡ ᠣᠳᠠᠭ᠎ᠠ ᠰᠣᠮᠣ ᠪᠠᠨ ᠳᠠᠷᠤᠵᠤ ᠴᠢᠳᠠᠭᠰᠠᠨ ᠦᠬᠡᠢ | ᠫᠣᠣ ᠪᠠᠨ ᠬᠠᠶᠠᠭᠠᠳ ᠳᠣᠳᠠᠭᠠᠵᠡᠢ᠃ ᠦ᠋ ᠽᠢ ᠮᠢᠩ ᠡᠨᠡ ᠪᠦᠭᠦᠨ ᠢ ᠬᠠᠷᠠᠭᠠᠤᠨ ᠢᠨᠢᠶᠡᠳᠤ ᠠᠯᠳᠠᠨ ᠨᠢᠭᠡᠳᠣᠭᠡᠷ ᠪᠠᠲᠯᠢᠶᠤᠨ ᠤ ᠴᠡᠷᠢᠭ ᠠᠩᠬᠢ ᠪᠠᠨ ᠵᠢᠯᠣᠭᠤᠳᠣᠨ | ᠬᠤᠳᠠ ᠶᠢᠨ ᠬᠡᠷᠡᠮ ᠢ ᠡᠵᠡᠯᠡᠵᠡᠢ᠃ ᠡᠨᠡ ᠦᠶ᠎ᠡ ᠳᠤ ᠬᠡᠳᠣᠨ ᠭᠠᠷᠨᠠᠳᠠ ᠳᠡᠯᠪᠡᠷᠡᠨ ᠫᠣᠣ ᠶᠢᠨ ᠳᠠᠭᠤᠨ ᠵᠦᠭ ᠪᠣᠯᠭᠠᠨ ᠠᠴᠠ ᠫᠠᠷᠴᠢᠬᠢᠨᠠᠵᠤ᠂ ︽ᠵᠠᠪᠰᠠᠩ ᠢᠶᠠᠨ | ᠳᠣᠰᠢᠶᠠᠪᠠᠯ ᠠᠯᠠᠬᠤ ᠦᠬᠡᠢ︾ ᠬᠡᠭᠦ ᠨᠠᠢᠮᠠᠳᠣᠭᠠᠷ ᠵᠠᠮ ᠤᠨ ᠴᠡᠷᠢᠭ ᠤᠨ ᠬᠠᠰᠬᠢᠷᠬᠤ ᠳᠠᠭᠤᠨ ᠵᠦᠭ ᠪᠦᠷᠢ ᠠᠴᠠ ᠳᠤᠭᠤᠯᠳᠠᠯ᠎ᠠ᠃ ᠡᠨᠡ ᠦᠶ᠎ᠡ ᠳᠤ ᠪᠣᠷᠣᠪᠠᠯᠭᠠᠰᠣ | ᠶᠢᠨ ᠠᠮᠣᠷ ᠢ ᠬᠠᠮᠠᠭᠠᠯᠠᠬᠤ ᠳᠦᠷᠪᠡᠳᠣᠭᠡᠷ ᠪᠠᠲᠯᠢᠶᠣᠨ ᠤ ᠵᠠᠬᠢᠷᠭ᠎ᠠ ᠪᠣᠯᠣᠨ ᠨᠢᠬᠡᠳᠣᠭᠡᠷ ᠰᠣᠮᠣ ᠶᠢᠨ ᠴᠡᠷᠢᠭ ᠤᠳ ᠰᠡᠶ᠋ᠢ ᠲᠤᠭ ᠨᠣᠶᠢᠷ ᠠᠴᠠ ᠪᠠᠨ ᠰᠣᠴᠢᠨ | ᠰᠡᠷᠡᠵᠤ᠂ ᠶᠠᠭᠠᠬᠢᠬᠤ ᠪᠠᠨ ᠤᠯᠬᠤ ᠦᠬᠡᠢ ᠪᠠᠶᠢᠬᠤ ᠶᠢᠨ ᠬᠤᠭᠤᠷᠤᠨᠳᠤ ᠨᠢᠭᠡᠳᠣᠭᠡᠷ ᠪᠠᠲᠯᠢᠶᠤᠨ ᠨᠢᠬᠡᠨᠳᠠ ᠪᠦᠭᠦᠨ ᠢᠶᠠᠷ ᠢᠶᠠᠨ ᠬᠤᠳᠠ ᠶᠢᠨ ᠳᠣᠳᠣᠷ᠎ᠠ ᠣᠷᠣᠵᠣ | ᠢᠷᠡᠵᠡᠢ᠃ ᠠᠮᠣᠷ ᠢ ᠬᠠᠮᠠᠭᠠᠯᠠᠬᠤ ᠳᠦᠷᠪᠡᠳᠣᠭᠡᠷ ᠪᠠᠲᠯᠢᠶᠤᠨ ᠤ ᠨᠢᠭᠡᠳᠣᠭᠡᠷ ᠰᠣᠮᠣᠨ ᠳᠠᠷᠤᠭ᠎ᠠ ᠬᠡᠰᠢᠭᠪᠡᠶᠠᠨ ︵ᠬᠣ᠋ ᠸᠧᠢ ᠴᠧᠩ︶ ᠰᠢᠷᠬᠠᠳᠤᠭᠠᠤᠨ ᠳᠠᠯᠴᠢᠯᠠᠨ | ᠪᠡᠶᠢᠵᠣ ᠳᠣᠣᠷᠡᠬᠢ ᠴᠡᠷᠢᠭ ᠲᠡᠭᠡᠨ ︽ᠠᠬ᠎ᠠ ᠳᠡᠭᠦᠣ ᠨᠠᠷ ᠡ᠂ ᠫᠣᠣ ᠪᠠᠨ ᠳᠣᠰᠢᠶᠠᠵᠣ ᠪᠣᠯᠬᠤ ᠦᠬᠡᠢ᠂ ᠳᠦᠷᠭᠡᠨ ᠭᠠᠳᠠᠭᠰᠢ ᠪᠠᠨ ᠳᠣᠳᠠᠭᠠ︾ ᠬᠡᠵᠣ | ᠬᠠᠰᠬᠢᠷᠣᠭᠰᠠᠨ ᠪᠣᠯᠪᠠᠴᠣ ᠨᠢᠭᠡᠳᠣᠭᠡᠷ ᠪᠠᠲᠯᠢᠶᠤᠨ ᠨᠢᠬᠡᠨᠳᠠ ᠬᠤᠳᠠ ᠶᠢ ᠡᠵᠡᠯᠡᠵᠤ ᠠᠪᠣᠭᠰᠠᠨ ᠳᠣᠯᠠ ᠠᠮᠣᠷ ᠢ ᠬᠠᠮᠠᠭᠠᠯᠠᠬᠤ ᠳᠦᠷᠪᠡᠳᠦᠭᠡᠷ ᠪᠠᠲᠯᠢᠶᠤᠨ ᠤ ᠳᠠᠷᠤᠭ᠎ᠠ | ᠪᠠᠶᠢᠯᠳᠣᠭᠴᠢᠳ ᠨᠢᠭᠡ ᠨᠢᠭᠡ ᠪᠠᠷ ᠵᠡᠪᠰᠡᠭ ᠢᠶᠠᠨ ᠳᠣᠰᠢᠶᠠᠵᠣ ᠪᠠᠭᠤᠵᠣ ᠦᠭᠭᠦᠭᠰᠡᠨ ᠳᠤ ᠰᠡᠭᠦᠯᠡᠷ ᠨᠢ ᠪᠦᠭᠦᠨ ᠢ ᠳᠠᠷᠬᠠᠭᠠᠵᠣ ᠭᠡᠷ ᠭᠡᠷ ᠲᠤ ᠨᠢ ᠬᠠᠷᠢᠭᠤᠯᠵᠡᠢ᠃ | ᠪᠣᠷᠣᠪᠠᠯᠭᠠᠰᠣᠨ ᠴᠠᠶᠢᠵᠠ ᠳᠤ ᠫᠣᠣ ᠶᠢᠨ ᠳᠠᠭᠤᠨ ᠭᠠᠷᠤᠮᠠᠭᠴᠠ ᠰᠢᠯᠢ ᠶᠢᠨ ᠴᠡᠶᠢᠵᠠ ᠶᠢ ᠴᠣ᠋ ᠦᠳᠳᠡᠷ ᠳᠦᠷᠭᠡᠨ ᠢᠶᠠᠷ ᠳᠠᠭᠠᠷᠢᠨ ᠡᠵᠡᠯᠡᠭᠰᠡᠨ ᠠᠴᠠ | ᠪᠣᠷᠣᠪᠠᠯᠭᠠᠰᠣᠨ ᠤ ᠴᠢᠯᠦᠭᠡᠯᠡᠯᠳᠠ ᠶᠢ ᠠᠮᠵᠢᠯᠳᠡᠳᠡᠢ ᠪᠠᠶᠠᠯᠡᠭᠦᠯᠵᠡᠢ᠃ | ᠪᠣᠷᠣᠪᠠᠯᠭᠠᠰᠣ ᠶᠢ ᠴᠢᠯᠦᠭᠡᠯᠡᠭᠦ ᠶᠢᠨ ᠦᠶ᠎ᠡ ᠪᠠᠷ ᠵᠧᠦ ᠧᠨ ᠯᠠᠢ ᠭᠠᠳᠠᠭᠠᠳᠣ ᠬᠠᠷᠢᠯᠴᠠᠭᠠᠨ ᠤ ᠰᠢᠬᠠᠯᠳᠠ ᠦᠭᠴᠤ᠂ ᠯᠢᠦ ᠸᠧᠢ ᠵᠠᠩ ᠠᠴᠠ ᠬᠤᠶᠡᠷ ᠣᠳᠠᠭ᠎ᠠ | ᠳᠣᠯᠭᠠᠨ ᠠᠰᠠᠭᠤᠭᠰᠠᠨ ᠳᠤ ᠯᠢᠣ ᠸᠧᠢ ᠵᠠᠩ᠄ ︽ᠡᠨᠡ ᠨᠢ ᠡᠪ ᠡᠩ ᠤᠨ ᠰᠡᠷᠬᠡᠶᠢᠯᠡᠯᠳᠠ ᠰᠣᠯᠢᠭᠰᠠᠨ ᠶᠠᠪᠣᠳᠡᠯ︾ ᠬᠡᠰᠡᠨ ᠮᠦᠷᠳᠡᠭᠡᠨ ᠪᠠᠰᠠ ᠵᠢᠶᠠᠩ ᠵᠢᠶᠧ ᠱᠢ | ᠶᠢᠨ ︽ᠳᠠᠭᠠᠷᠢᠯᠳᠠ ᠶᠠᠪᠣᠭᠤᠯᠬᠤ ᠦᠬᠡᠢ ᠪᠠᠶᠢᠬᠤ ᠶᠢ ᠪᠠᠳᠤᠯᠠᠨ᠎ᠠ︾ ᠬᠡᠬᠦ ᠦᠬᠡ ᠶᠢ ᠳᠠᠮᠵᠢᠭᠤᠯᠵᠠᠢ᠃ ᠵᠧᠦ ᠧᠨ ᠯᠠᠢ ᠠᠴᠠ ᠪᠠᠭ᠎ᠠ ᠮᠠᠰᠢᠩ ᠳᠤ ᠴᠡᠷᠢᠭ | ᠰᠢᠯᠵᠢᠬᠦᠯᠤᠨ ᠰᠡᠷᠬᠡᠶᠢᠯᠡᠯᠳᠠ ᠰᠤᠯᠢᠭᠰᠡᠨ ᠤᠴᠢᠷ ᠶᠠᠪᠣᠳᠡᠯ ᠪᠤᠯ ᠦᠳᠦᠬᠡᠯᠭᠡ ᠭᠢᠭᠰᠡᠨ ᠭᠡᠷᠡᠭ ᠬᠡᠵᠤ ᠨᠢᠴᠤᠭᠠᠭᠰᠡᠨ ᠪᠦᠬᠡᠤᠨ ᠬᠢᠵᠠᠭᠠᠷ ᠣᠷᠣᠨ ᠤ ᠬᠢᠨ ᠦᠪᠡᠷ ᠢ | ᠪᠠᠨ ᠬᠠᠮᠠᠭᠠᠯᠠᠨ᠎ᠠ ᠬᠡᠵᠤ ᠲᠦᠪ ᠴᠢᠩᠭ᠎ᠠ ᠢᠯᠡᠷᠬᠡᠶᠢᠯᠡᠭᠰᠡᠨ ᠪᠠᠶᠢᠨ᠎ᠠ᠃ ᠣᠣᠯ ᠳᠠᠭᠠᠨ ᠡᠮᠣᠨᠡᠰᠢ ᠲᠦᠷᠢᠵᠤ ᠳᠠᠶᠢᠯᠠᠬᠤ ᠪᠠᠷ ᠪᠡᠯᠡᠳᠭᠡᠵᠣ ᠪᠠᠶᠢᠭᠰᠠᠨ ᠾᠧ ᠸᠧᠨ | ᠳ᠋ᠢᠩ ᠠᠰᠢᠭ ᠦᠬᠡᠢ ᠪᠡᠶᠢᠳᠡᠯ ᠳᠤ ᠳᠣᠯᠭᠠᠷᠠᠭᠠᠳ᠂ ᠠᠷᠭ᠎ᠠ ᠪᠤᠰᠤ ᠣᠣᠯ ᠤᠨ ᠰᠡᠷᠬᠡᠶᠢᠯᠡᠨ ᠰᠠᠭᠤᠭ᠎ᠠ ᠭᠠᠵᠠᠷ ᠲᠤ ᠪᠠᠨ ᠪᠤᠴᠠᠵᠠᠢ᠃ ᠸᠠᠩ ᠵᠧᠨ ᠤ ᠴᠡᠷᠢᠭ ᠠᠩᠬᠢ | ᠶᠢᠨ ᠰᠠᠨᠠᠭᠠᠴᠢᠯᠠᠭᠠᠳᠣ ᠳᠠᠭᠠᠷᠢᠯᠳᠠ ᠨᠢ ᠭᠤᠷᠪᠡᠨ ᠬᠢᠵᠠᠭᠠᠷ ᠤᠨ ᠬᠤᠪᠢᠶᠠᠷᠢ ᠣᠷᠣᠨ ᠤ ᠠᠶᠣᠯ ᠳᠦᠭᠰᠢᠭᠦᠷᠢ ᠶᠢ ᠰᠢᠢᠳᠪᠣᠷᠢᠯᠡᠭᠰᠡᠨ ᠮᠦᠷᠳᠡᠭᠡᠨ ᠨᠠᠢᠮᠠᠳᠣᠭᠠᠷ ᠵᠠᠮ | ᠤᠨ ᠴᠡᠷᠢᠭ ᠤᠨ ᠰᠠᠬᠢᠯᠭ᠎ᠠ ᠪᠠᠳᠣ ᠴᠢᠩᠭ᠎ᠠ᠂ ᠨᠢᠭᠡ ᠰᠡᠳᠬᠢᠯ ᠨᠠᠶᠢᠳᠠ ᠶᠢᠨ ᠵᠣᠷᠢᠭ ᠢᠶᠠᠷ ᠠᠷᠠᠳ ᠳᠦᠮᠡᠨ ᠤ ᠳᠦᠯᠦᠭᠡ ᠵᠢᠤᠨᠬᠦᠳᠡᠭ ᠬᠡᠰᠡᠨ ᠢ ᠳᠤᠬᠠᠢ ᠶᠢᠨ ᠭᠠᠵᠠᠷ | ᠤᠨ ᠮᠤᠩᠭᠤᠯ ᠬᠢᠳᠠᠤᠨ ᠠᠷᠠᠤᠨ ᠲᠦᠮᠡᠨ ᠳᠤ ᠮᠡᠳᠡᠬᠦᠯᠦᠭᠰᠡᠨ ᠪᠠᠶᠢᠨ᠎ᠠ᠃ | ᠨᠠᠢᠮᠠᠳᠣᠭᠠᠷ ᠵᠠᠮ ᠤᠨ ᠴᠡᠷᠢᠭ ᠪᠣᠷᠣᠪᠠᠯᠭᠠᠰᠣ ᠪᠣᠯᠣᠨ ᠰᠢᠯᠢ ᠶᠢᠨ ᠴᠡᠶᠢᠵᠠ ᠶᠢ ᠴᠢᠯᠤᠬᠡᠯᠡᠬᠡᠤᠨ᠂ ᠨᠢᠭᠡᠳᠣᠭᠡᠷ ᠪᠠᠲᠯᠢᠶᠤᠨ ︵ᠪᠠᠲᠯᠢᠶᠤᠨ ᠤ ᠳᠠᠷᠤᠭ᠎ᠠ ᠦ᠋ ᠽᠢ | ᠮᠢᠩ᠂ ᠵᠢᠭᠠᠨ ᠵᠢᠯᠣᠭᠤᠳᠣᠭᠴᠢ ᠯᠢ ᠱᠣ᠋ ᠯᠢᠨ︶ ᠢ ᠦᠯᠡᠳᠡᠭᠡᠨ ᠪᠤᠷᠤᠪᠠᠯᠭᠠᠰᠤ ᠶᠢ ᠬᠠᠮᠢᠶᠠᠷᠤᠭᠤᠯᠵᠤ᠂ ᠬᠤᠶᠠᠳᠣᠭᠠᠷ ᠪᠠᠲᠯᠢᠶᠤᠨ ︵ᠪᠠᠲᠯᠢᠶᠤᠨ ᠤ ᠳᠠᠷᠤᠭ᠎ᠠ ᠰᠣ᠋ | ᠰᠢᠶᠣᠣ ᠮᠧᠩ︶ ᠤ ᠭᠤᠷᠪᠡᠨ ᠰᠣᠮᠣ ︵ᠨᠢᠭᠡᠳᠣᠭᠡᠷ ᠰᠣᠮᠣᠨ ᠳᠠᠷᠤᠭ᠎ᠠ ᠴᠢᠣ ᠭᠤᠸᠠᠩ ᠬᠤᠸᠠ᠂ ᠬᠤᠶᠠᠳᠣᠭᠠᠷ ᠰᠣᠮᠣᠨ ᠳᠠᠷᠤᠭ᠎ᠠ ᠯᠢᠣ ᠰᠧ ᠰᠢᠶᠣᠣ᠂ | ᠭᠤᠷᠪᠠᠳᠣᠭᠠᠷ ᠰᠣᠮᠣᠨ ᠳᠠᠷᠤᠭ᠎ᠠ ᠬᠤᠸᠠᠩ ᠰᠢᠶᠠᠨ ᠴᠠᠩ᠂ ᠳᠡᠳ᠋ ᠰᠣᠮᠣᠨ ᠳᠠᠷᠤᠭ᠎ᠠ ᠵᠦ ᠪᠠᠩ ᠷᠧᠨ︶ ᠰᠢᠯᠢ ᠶᠢᠨ ᠴᠡᠶᠢᠵᠠ ᠶᠢ ᠭᠦᠯᠢᠶᠡᠨ ᠬᠠᠮᠢᠶᠠᠷᠴᠡᠢ᠃ | ᠪᠣᠷᠣᠪᠠᠯᠭᠠᠰᠣ ᠶᠢ ᠴᠢᠯᠤᠬᠡᠯᠡᠭᠰᠡᠨ ᠤ ᠳᠠᠷᠠᠭ᠎ᠠ ᠡᠳᠣᠷ ᠨᠢ ᠨᠠᠢᠮᠠᠳᠣᠭᠠᠷ ᠵᠠᠮ ᠤᠨ ᠴᠡᠷᠢᠭ ᠤᠨ ᠪᠣᠷᠣ ᠬᠤᠳᠠ ᠶᠢᠨ ᠠᠮᠣᠷ ᠢ ᠬᠠᠮᠠᠭᠠᠯᠠᠬᠤ ᠬᠤᠶᠠᠳᠣᠭᠠᠷ | ᠬᠤᠷᠢᠶ᠎ᠠ ᠶᠢᠨ ᠬᠤᠶᠡᠷ᠂ ᠭᠤᠷᠪᠠᠳᠣᠭᠠᠷ ᠪᠠᠲᠯᠢᠶᠤᠨ ᠴᠡᠶᠢᠵᠠ ᠳᠤ ᠣᠷᠣᠵᠡᠢ᠃ ᠼᠣᠣ ᠳ᠋ᠦᠩ ᡁᠢ᠂ ᠭᠤᠳᠤᠯᠠᠢ ᠨᠠᠷ ᠠᠷᠠᠳ ᠤᠨ ᠵᠠᠮᠴᠢᠯᠠᠭ᠎ᠠ ᠪᠠᠷ ᠣᠣᠯ ᠤᠨ | ᠠᠮᠣᠷ ᠢ ᠬᠠᠮᠠᠭᠠᠯᠠᠬᠤ ᠳᠦᠷᠪᠡᠳᠣᠭᠡᠷ ᠪᠠᠲᠯᠢᠶᠤᠨ ᠤ ᠳᠠᠷᠤᠭ᠎ᠠ ᠴᠣᠭᠳᠦ᠋ᠭᠦᠷᠡᠩ ᠤᠨ ᠭᠡᠷ ᠢ ᠣᠯᠵᠣ ᠠᠪᠴᠠᠢ᠃ ᠴᠣᠭᠳᠦ᠋ᠭᠦᠷᠡᠩ᠂ ᠭᠤᠳᠤᠯᠠᠢ ᠶᠢ ᠦᠵᠡᠮᠡᠭᠴᠡ | ᠦᠪᠡᠷ ᠤᠨ ᠢᠶᠠᠨ ᠮᠠᠰᠢ ᠠᠷᠪᠢᠨ ᠪᠣᠷᠣᠭᠤ ᠭᠢᠭᠰᠡᠨ ᠣᠴᠢᠷ ᠤᠳ ᠢᠶᠠᠨ ᠰᠠᠨᠠᠵᠣ ᠣᠯᠣᠭᠠᠳ ᠭᠠᠵᠠᠷ ᠰᠦᠭᠦᠳᠴᠣ᠂ ︽ᠠᠶ᠎ᠠ᠂ ᠤᠷᠢᠤᠨ ᠲᠠ ᠨᠠᠷ ᠠᠴᠠ | ᠪᠣᠯᠢᠶᠠᠭᠰᠠᠨ ᠮᠦᠩᠭᠦᠨ ᠵᠠᠰᠠᠯ ᠴᠢᠮᠡᠭ ᠪᠣᠯᠣᠨ ᠬᠤᠪᠴᠠᠰᠣ ᠬᠤᠨᠠᠷ ᠢ ᠪᠢ ᠪᠦᠷ ᠬᠠᠳᠠᠭᠠᠯᠠᠵᠣ ᠪᠠᠶᠢᠨ᠎ᠠ︾ ᠬᠡᠵᠣ ᠠᠭᠤᠴᠢᠯᠠᠬᠤ ᠶᠢ ᠬᠦᠰᠡᠵᠡᠢ᠃ ᠪᠣᠷᠣᠪᠠᠯᠭᠠᠰᠣ | ᠱᠠᠰᠢᠨ ᠤ ᠣᠷᠣᠨ ᠪᠣᠯᠣᠭᠰᠠᠨ ᠤ ᠬᠤᠪᠢ ᠳᠤ ᠣᠷᠳᠣ ᠣᠳᠠᠭᠠᠨ ᠬᠤᠭᠤᠴᠠᠭᠠᠨ ᠤ ᠳᠣᠷᠰᠢ ᠭᠤᠮᠢᠨᠳᠠᠩ ᠪᠣᠯᠣᠨ ᠬᠠᠷᠢ ᠶᠢᠨ ᠱᠠᠰᠢᠨᠳᠠᠨ ᠤ ᠳᠠᠪᠬᠤᠷ ᠮᠡᠬᠡᠯᠡᠯ ᠪᠠ | ᠮᠤᠩᠬᠠᠷᠠᠭᠤᠯᠤᠯ ᠢ ᠭᠦᠷᠳᠡᠵᠣ ᠪᠠᠶᠢᠭᠰᠠᠨ ᠠᠴᠠ ᠭᠦᠮᠦᠰ ᠳᠣᠳᠣᠷ᠎ᠠ ᠪᠠᠨ ᠡᠪ ᠬᠠᠮᠳᠣ ᠨᠠᠮ ᠢᠷᠡᠭᠦ ᠳᠤ ᠭᠦᠷᠪᠡᠯ ᠳᠠᠬᠢᠶ᠎ᠠ ᠨᠣᠬᠠᠢ ᠶᠢ ᠴᠣ᠋ ᠦᠯᠡᠳᠡᠭᠡᠯ ᠦᠬᠡᠢ | ᠠᠯᠠᠵᠣ ᠠᠮᠠᠷᠠᠬᠤ ᠶᠣᠮ ᠭᠡᠵᠣ ᠪᠣᠳᠣᠵᠣ ᠪᠡᠶᠢᠵᠡᠢ᠃ ᠳᠠᠬᠢᠭᠠᠤᠨ ᠬᠡᠯᠡᠪᠡᠯ ᠨᠢᠭᠡ ᠪᠦᠯᠦᠭ ᠭᠦᠮᠦᠰ ᠾᠧ ᠸᠧᠨ ᠳ᠋ᠢᠩ ᠤᠨ 26 ᠳ᠋ᠤᠭᠠᠷ ᠳ᠋ᠢᠸᠢᠽᠢ ᠶᠢᠨ ᠦᠰᠢᠶ᠎ᠠ | ᠠᠪᠬᠤ ᠠᠴᠠ ᠠᠶᠣᠨ ᠡᠮᠢᠶᠠᠵᠣ᠂ ᠦᠪᠡᠷ ᠢᠶᠠᠨ ᠳᠡᠶᠢᠨ ᠤ ᠬᠤᠤᠷᠯᠠᠯ ᠠᠮᠰᠠᠬᠤ ᠠᠴᠠ ᠵᠤᠪᠠᠨ ᠭᠦᠮᠦᠰ ᠤᠨ ᠰᠡᠳᠬᠢᠯ ᠳᠣᠭᠳᠠᠪᠣᠷᠢ ᠦᠬᠡᠢ ᠠᠶᠣᠵᠣ ᠰᠦᠷᠳᠡᠵᠤ | ᠪᠡᠶᠢᠵᠡᠢ᠃ | ᠡᠨᠡ ᠦᠶ᠎ᠡ ᠳᠤ ᠭᠤᠷᠪᠡᠨ ᠭᠦᠮᠦᠨ ᠠᠷᠠᠳ ᠤᠨ ᠰᠡᠤᠨᠬᠢᠯ ᠢ ᠳᠤᠭᠳᠠᠪᠤᠷᠢᠵᠢᠭᠤᠯᠵᠤ ᠳᠠᠶᠢᠳᠬᠤᠷᠠᠭᠤᠯᠬᠤ ᠳᠤ ᠲᠣᠩ ᠶᠡᠭᠡ ᠬᠤᠪᠢ ᠨᠠᠮᠠᠷᠢ ᠦᠵᠡᠭᠦᠯᠵᠡᠢ᠃ | ᠨᠢᠭᠡ ᠨᠢ ᠪᠦᠷᠢᠨᠳᠡᠭᠦᠰ ︵ ᠬᠤᠣ ᠱᠧᠩ ᠶᠢᠨ︶᠂ ᠳᠠᠷᠠ ᠺᠠᠲ᠋ᠣᠯᠢᠭ ᠱᠠᠰᠢᠨ ᠤ ᠳᠤᠭᠠᠩ ᠤᠨ ᠪᠠᠭᠰᠢ ᠮᠦᠷᠳᠡᠭᠡᠨ ᠳᠠᠩᠰᠠ ᠬᠠᠮᠢᠶᠠᠷᠤᠭᠴᠢ ᠪᠡᠶᠢᠵᠡᠢ᠃ ᠳᠡᠷᠠ | ᠴᠣᠭᠳᠦ᠋ᠭᠦᠷᠡᠩ ᠳᠤ ᠭᠠᠳᠠᠭᠤᠷᠴᠢᠯᠠᠭᠳᠠᠨ ᠪᠠᠷᠠᠭᠤᠨ ᠦᠣᠰᠢᠨ ᠤ ᠼᠣᠣ ᠳ᠋ᠦᠩ ᡁᠢ ᠶᠢᠨ ᠨᠠᠢᠮᠠᠳᠣᠭᠠᠷ ᠵᠠᠮ ᠤᠨ ᠴᠡᠷᠢᠭ ᠢ ᠳᠠᠭᠠᠵᠣ ᠪᠠᠶᠢᠭᠰᠠᠨ ᠶᠣᠮ᠃ ᠳᠠᠷᠡ | ᠪᠠᠷ ᠡᠪ ᠬᠠᠮᠳᠣ ᠨᠠᠮ ᠤᠨ ᠦᠨᠳᠣᠰᠣᠳᠡᠨ ᠤ ᠳᠤᠬᠠᠢ ᠳᠦᠷᠦ ᠶᠢᠨ ᠪᠣᠳᠣᠯᠭ᠎ᠠ ᠪᠠ ᠨᠠᠢᠮᠠᠳᠤᠭᠠᠷ ᠵᠠᠮ ᠤᠨ ᠴᠡᠷᠢᠭ ᠤᠨ ᠰᠠᠬᠢᠯᠭ᠎ᠠ ᠪᠠᠳᠣ ᠴᠢᠩᠭ᠎ᠠ ᠬᠡᠳᠡᠭ ᠢ | ᠬᠡᠳᠤᠶᠢᠨ ᠤ ᠰᠤᠨᠤᠰᠴᠤ ᠪᠠᠶᠢᠭᠰᠡᠨ ᠪᠣᠯᠬᠤᠷ ᠤᠯᠠᠨ ᠳᠤ ᠤᠬᠠᠭᠤᠯᠭ᠎ᠠ ᠬᠢᠬᠡᠤᠨ ᠬᠦᠮᠤᠰ ᠤᠨ ᠰᠡᠤᠨᠬᠢᠯ ᠢ ᠨᠡᠯᠢᠶᠡᠤᠨ ᠳᠤᠭᠳᠠᠪᠤᠷᠢᠵᠢᠭᠤᠯᠵᠠᠢ᠃ ᠨᠦᠭᠦᠭᠡ ᠬᠤᠶᠡᠷ | ᠨᠢ ᠱᠠᠭᠳᠣᠷᠰᠠᠷᠡᠩ ︵ᠦ᠋ ᠷᠦᠢ ᠮᠢᠩ︶᠂ ᠤᠭ᠍ᠶᠤᠨᠬᠡᠷᠡᠯ ᠡᠷ᠎ᠡ ᠡᠮ᠎ᠡ ᠬᠤᠶᠠᠭᠤᠯᠠ ᠪᠣᠯᠣᠨ᠎ᠠ᠃ ᠱᠠᠭᠳᠣᠷᠰᠠᠷᠡᠩ ᠮᠣᠩᠭᠤᠯ ᠬᠢᠳᠠᠳ ᠬᠡᠯᠡ ᠳᠤ ᠨᠡᠪᠳᠡᠷᠡᠭᠰᠡᠨ | ᠪᠣᠯᠬᠤᠷ ᠳᠡᠭᠦᠨ ᠢᠶᠠᠷ ᠳᠠᠮᠵᠢᠭᠤᠯᠣᠨ ᠪᠣᠷᠣᠪᠠᠯᠭᠠᠰᠣᠨ ᠤ ᠠᠷᠠᠳ ᠣᠯᠠᠨ ᠳᠤ ᠨᠠᠮ ᠤᠨ ᠳᠦᠷᠦ ᠶᠢᠨ ᠪᠣᠳᠣᠯᠭ᠎ᠠ ᠶᠢ ᠳᠡᠶᠢᠯᠪᠣᠷᠢᠯᠡᠨ᠂ ᠭᠤᠮᠢᠨᠳᠠᠩ ᠤᠨ | ᠳᠡᠷᠰᠯᠡᠬᠦᠴᠤᠤᠨ ᠤᠨ ᠮᠦᠨ ᠴᠢᠨᠠᠷ ᠢ ᠢᠯᠡᠴᠢᠯᠡᠭᠰᠡᠨ ᠠᠴᠠ ᠭᠦᠮᠦᠰ ᠤᠨ ᠰᠡᠳᠬᠢᠯ ᠰᠠᠨᠠᠭ᠎ᠠ ᠠᠭᠠᠵᠢᠮ ᠢᠶᠠᠷ ᠳᠣᠭᠳᠠᠪᠣᠷᠢᠵᠢᠭ᠍ᠰᠡᠨ ᠪᠠᠶᠢᠨ᠎ᠠ᠃ |