ᠴᠢ᠊ · ᠭᠠᠩᠵᠣᠷᠢᠭᠲᠤ | | ᠰᠥᠮᠡᠡᠴᠡᠴᠡᠭ ᠭᠡᠤᠬᠡᠨ ᠰᠥᠨᠢᠵᠢᠨ ᠤᠬᠢᠯᠠᠵᠤ ᠬᠤᠨᠤᠯ᠎ᠠ᠃ | ᠲᠥᠷᠪᠡᠨ ᠵᠢᠯ ᠳᠠᠭᠠᠯᠴᠠᠨ ︽ᠬᠠᠨᠢᠯᠠᠨ᠎ᠠ ︾ ᠬᠡᠵᠦ ︽ᠠᠮᠠᠯᠳᠤᠵᠤ ︾ ᠪᠠᠶᠢᠭᠰᠠᠨ ᠲᠥᠲᠥᠪ ᠵᠠᠯᠠᠭᠤ ᠨᠢ ᠥᠡᠳᠥᠷᠲᠤᠯᠤᠭᠠᠢ ᠭᠥᠩᠱᠧ ᠶᠢᠨ ᠠᠮᠤ | ᠲᠥᠮᠥᠰᠥᠨ ᠤ ᠥᠷᠲᠡᠭᠡ ᠶᠢᠨ ᠠᠵᠢᠯᠴᠢᠨ ᠢᠶᠠᠷ ᠡᠯᠰᠡᠭᠳᠡᠮᠡᠭᠴᠡ᠄ ︽ᠠᠮᠤ ᠲᠥᠮᠥᠰᠥᠨ ᠤ ᠠᠵᠢᠯᠴᠢᠨ ᠪᠢ᠂ ᠠᠵᠢᠯ ᠦᠭᠡᠢ ᠰᠥᠮᠡᠡᠴᠡᠴᠡᠭ ᠴᠢᠮ᠎ᠠ ᠪᠠᠷ ᠶᠠᠭᠤ | ᠬᠢᠬᠦ ᠪᠤᠢ︖ ᠵᠠᠳᠠᠭᠠᠢ ᠶᠢᠨ ᠤᠰᠤ ᠵᠠᠮᠠᠭ ᠢᠶᠠᠷ ᠲᠣᠲᠠᠲᠠᠭ ᠦᠭᠡᠢ᠂ ᠵᠢᠭᠠᠰᠤ ᠵᠢᠷᠠᠭᠠᠬᠠᠢ ᠢᠳᠡᠰᠢ ᠪᠠᠷ ᠲᠣᠲᠠᠲᠠᠭ ᠦᠭᠡᠢ᠃ ᠰᠥᠮᠡᠡᠴᠡᠴᠡᠭ ᠴᠢᠮ᠎ᠠ ᠳᠤ ᠰᠤᠬᠤᠷ | ᠳᠣᠭᠤᠯᠠᠩ᠂ ᠲᠡᠨᠡᠭ ᠮᠤᠨᠤᠭ ᠠᠴᠠ ᠪᠤᠰᠤᠳ ᠨᠢ ᠶᠠᠭᠠᠬᠢᠪᠠᠴᠤ ᠨᠢᠭᠡ ᠨᠢ ᠣᠯᠳᠠᠬᠤ ᠯᠠ ᠪᠠᠶᠢᠯᠬᠦᠢ︾ ᠭᠡᠵᠦ ᠰᠡᠳᠬᠢᠯ ᠢ ᠰᠡᠪᠲᠥᠭᠡᠴᠢᠭᠡᠭᠡᠳ ᠬᠠᠶᠠᠵᠤ ᠶᠠᠪᠤᠵᠠᠢ᠃ | ᠰᠥᠮᠡᠡᠴᠡᠴᠡᠭ ᠭᠡᠤᠬᠡᠨ ᠲᠥᠲᠥᠪ ᠵᠠᠯᠠᠭᠤ ᠳᠤ ᠢᠩᠬᠢᠵᠦ ᠭᠤᠯᠣᠭᠳᠠᠵᠠᠢ ᠃ | ᠡᠨᠡ ᠥᠯᠢᠭᠡᠷ ᠳᠡᠭᠡᠲᠤ ᠵᠠᠭᠤᠨ ᠤ ᠳᠠᠯᠠᠭᠠᠳ ᠣᠨ ᠳᠤ ᠡᠭᠦᠰᠥᠭᠰᠡᠨ ᠪᠠᠶᠢᠪᠠ ᠃ | ︽ᠲᠥᠲᠥᠪ ᠠᠴᠠ ᠥᠭᠡᠷ᠎ᠡ ᠵᠠᠯᠠᠭᠤ ᠦᠭᠡᠢ᠂ ᠲᠥᠭᠦᠮ ᠠᠴᠠ ᠴᠠᠭᠠᠰᠢ ᠭᠠᠵᠠᠷ ᠦᠭᠡᠢ︾ ᠭᠡᠵᠦ ᠪᠣᠳᠣᠵᠤ ᠶᠠᠪᠤᠭᠰᠠᠨ ᠰᠥᠮᠡᠡᠴᠡᠴᠡᠭ ᠭᠡᠤᠬᠡᠨ ᠄ | ︽ᠲᠥᠲᠥᠪ ᠨᠠᠮ᠎ᠠ ᠶᠢ ᠢᠩᠬᠢᠵᠤ ᠲᠠᠯ᠎ᠠ ᠳᠡᠭᠡᠷ᠎ᠡ ᠬᠠᠶᠠᠬᠤ ᠪᠠᠶᠢᠭᠰᠠᠨ ᠶᠤᠮ ᠪᠣᠯ ᠶᠠᠭᠤᠨ ᠳᠤ ᠡᠷᠲᠡ ᠰᠢᠭ ᠬᠠᠶᠠᠳᠠᠭ ᠦᠭᠡᠢ ᠶᠤᠮ ᠪᠤᠢ︖ ᠮᠠᠨ ᠤ | ᠪᠠᠷᠢᠭᠠᠲᠠ ᠳᠤ ᠪᠣᠯᠣᠮᠠᠷ ᠪᠣᠯᠣᠮᠠᠷ ᠰᠠᠶᠢᠬᠠᠨ ᠵᠠᠯᠠᠭᠤᠴᠥᠳ ᠪᠠᠰᠠ ᠪᠠᠶᠢᠭᠰᠠᠨ ᠰᠢᠳᠡ᠃ ᠭᠡᠲᠡᠯ᠎ᠡ ᠤᠳᠣ ᠪᠦᠷ ᠭᠡᠷᠯᠡᠴᠢᠭᠡᠯᠡ᠃ ᠪᠢ ᠯᠠ ᠭᠡᠵᠢ᠂ ᠨᠢᠮᠭᠡᠨ ᠵᠠᠶᠠᠭ᠎ᠠ | ᠲᠠᠢ ᠭᠡᠤᠬᠡᠨ ᠪᠠᠶᠢᠵᠠᠢ︾ ᠭᠡᠮᠡᠨ ᠨᠢᠭᠡᠮᠥᠰᠦᠨ ᠪᠡᠶ᠎ᠡ ᠪᠠᠨ ᠪᠣᠷᠣᠭᠤᠳᠬᠠᠵᠠᠢ᠃ ᠪᠠᠶᠠᠠᠮᠤᠳᠤ ᠪᠠᠭ᠎ᠠ ᠪᠠᠷᠢᠭᠠᠲᠠ ᠶᠢᠨ ᠢᠶᠠᠨ ᠢᠮᠠᠭᠠᠨ ᠰᠦᠷᠦᠭ ᠢ ᠮᠠᠯᠵᠢᠳᠠᠭ | ᠪᠠᠶᠢᠭᠰᠠᠨ ᠰᠥᠮᠡᠡᠴᠡᠴᠡᠭ ᠭᠡᠤᠬᠡᠨ ᠮᠠᠯ ᠳᠠᠭᠠᠨ ᠶᠠᠪᠤᠬᠤ ᠶᠠᠪᠤᠬᠤ ᠪᠥᠷᠢ᠂ ᠮᠠᠩᠬᠠᠨ ᠴᠣᠭᠤᠷᠬᠠᠢ ᠳᠤ ᠰᠠᠭᠤᠬᠤ ᠪᠥᠷᠢ ᠭᠥᠮᠥᠨ ᠬᠠᠷ᠎ᠠ ᠠᠴᠠ ᠨᠢᠭᠤᠨ ᠳᠠᠯᠳᠠᠯᠠᠵᠤ | ᠭᠥᠳᠡᠭᠡ ᠭᠠᠳᠠᠨ᠎ᠠ ᠭᠦᠨ ᠡᠮᠭᠡᠨᠢᠯᠲᠡᠢ ᠪᠠᠷ ᠥᠷᠭᠦᠯᠵᠢ ᠣᠬᠢᠯᠠᠳᠠᠭ ᠪᠠᠶᠢᠵᠠᠢ᠃ ᠡᠮᠥᠰᠦᠭᠰᠡᠨ ᠬᠤᠪᠴᠠᠰᠤ ᠨᠢ ᠥᠷᠮᠦᠭ ᠮᠡᠲᠦ ᠨᠢᠯᠪᠤᠰᠣᠨ ᠳᠤ ᠨᠢ ᠳᠠᠷᠳᠠᠶᠢᠵᠤ᠂ | ᠥᠩᠭᠡ ᠵᠢᠰᠦ ᠨᠢ ᠨᠢᠯᠪᠣᠰᠣᠨ ᠤ ᠬᠢᠨᠢ ᠲᠤᠭ᠎ᠠ ᠪᠠᠷ ᠨᠢ ᠲᠣᠭᠤᠰᠣ ᠪᠣᠯᠵᠤ ᠴᠣᠬᠤᠷᠯᠠᠵᠠᠢ᠃ ︽ᠭᠠᠭᠴᠠᠬᠠᠨ ᠭᠡᠤᠬᠡᠨ ᠮᠢᠨᠢ᠂ ᠭᠠᠯᠵᠠᠭᠤᠷᠠᠵᠤ ᠰᠣᠯᠢᠶᠠᠷᠠᠴᠢᠬᠠᠬᠤ | ᠪᠢᠰᠢ ᠪᠠ︖︾ ᠭᠡᠵᠦ ᠠᠪᠡᠢ ᠮᠥᠮᠥ ᠨᠢ ᠴᠦ ᠰᠡᠳᠬᠢᠯ ᠵᠣᠪᠠᠨ ᠣᠬᠢᠯᠠᠳᠠᠭ ᠪᠣᠯᠵᠠᠢ ᠃ | ᠨᠢᠭᠡᠨ ᠣᠷᠣᠢ ᠪᠠᠶᠠᠠᠮᠤᠳᠤ ᠪᠠᠭ᠎ᠠ ᠪᠠᠷᠢᠭᠠᠲᠠ ᠳᠡᠭᠡᠷ᠎ᠡ ᠺᠢᠨᠣ᠋ ᠭᠠᠷᠬᠤ ᠴᠢᠮᠡᠭᠡ ᠪᠠᠷ ᠰᠥᠮᠡᠡᠴᠡᠴᠡᠭ ᠭᠡᠤᠬᠡᠨ ᠪᠠᠷᠢᠭᠠᠲᠠ ᠳᠤ ᠪᠠᠨ ᠭᠥᠶᠥᠭᠡᠳ | ᠣᠴᠢᠭᠰᠠᠨ ᠳᠤ ︽ᠪᠤᠭᠤᠷᠤᠯ ᠭᠡᠤᠬᠡᠨ︾᠂ ︽ᠡᠮᠡᠭᠲᠡᠢ ᠤᠯᠠᠭᠠᠨ ᠴᠡᠷᠢᠭ︾ ᠭᠡᠰᠡᠨ ᠬᠤᠶᠠᠷ ᠰᠠᠶᠢᠬᠠᠨ ᠬᠤᠪᠢᠰᠬᠠᠯᠲᠤ ᠺᠢᠨᠣ᠋ ᠶᠢ ᠭᠠᠷᠭᠠᠵᠠᠢ ᠃ | ᠰᠥᠮᠡᠡᠴᠡᠴᠡᠭ ᠭᠡᠤᠬᠡᠨ ᠤ ᠠᠪᠡᠢ ᠮᠥᠮᠥ ᠨᠢ ᠰᠥᠨᠢ ᠲᠥᠯᠢ ᠪᠣᠯᠲᠠᠯ᠎ᠠ ᠳ᠋ᠧᠩ ᠢᠶᠠᠨ ᠠᠰᠠᠭᠠᠨ ᠰᠠᠭᠤᠵᠤ᠄ ︽ᠡᠨᠡ ᠰᠥᠨᠢ᠂ ᠭᠡᠤᠬᠡᠨ ᠮᠢᠨᠢ ᠰᠣᠯᠢᠶᠠᠷᠠᠭᠠᠳ | ᠤᠷᠤᠢ ᠲᠠᠯᠠᠩ ᠬᠡᠷᠤᠨ ᠬᠥᠶᠥᠭᠡᠳ ᠶᠠᠪᠤᠴᠢᠬᠠᠬᠤ ᠪᠢᠰᠢ ᠪᠠ︖︾ ᠭᠡᠮᠡᠨ ᠪᠠᠶᠢᠨ ᠳᠠᠬᠢᠨ ᠭᠠᠳᠠᠨ᠎ᠠ ᠭᠠᠷᠴᠤ ᠬᠤᠯᠠ ᠶᠢᠨ ᠴᠢᠮᠡᠭᠡ ᠶᠢ ᠴᠢᠩᠨᠠᠵᠤ ᠪᠠᠶᠢᠲᠠᠯ᠎ᠠ | ᠰᠥᠮᠡᠡᠴᠡᠴᠡᠭ ᠬᠡᠤᠬᠡᠨ ᠨᠢ ᠭᠡᠨᠡᠳᠲᠡ ᠬᠠᠷᠢᠨ ᠢᠨᠢᠶᠡᠴᠢᠭᠡᠭᠰᠡᠨ ᠣᠷᠣᠵᠣ ᠢᠷᠡᠯ᠎ᠡ᠃ ᠰᠥᠮᠡᠡᠴᠡᠴᠡᠭ ᠭᠡᠤᠬᠡᠨ ᠠᠪᠡᠢ ᠮᠥᠮᠥ ᠳᠡᠭᠡᠨ᠄ ︽ᠪᠢ ᠥᠨᠥ ᠰᠦᠨᠢ | ︿ᠪᠤᠭᠤᠷᠤᠯ ᠭᠡᠤᠬᠡᠨ ﹀᠂ ︿ ᠡᠮᠡᠭᠲᠡᠢ ᠤᠯᠠᠭᠠᠨ ᠴᠡᠷᠢᠭ ︾ ᠭᠡᠰᠡᠨ ᠬᠤᠶᠠᠷ ᠰᠠᠶᠢᠬᠠᠨ ᠬᠤᠪᠢᠰᠬᠠᠯᠲᠤ ᠺᠢᠨᠣ᠋ ᠶᠢ ᠥᠵᠡᠭᠡᠳ ᠰᠡᠳᠬᠢᠯ ᠳᠤ ᠮᠢᠨᠢ ᠭᠡᠨᠡᠳᠲᠡ | ᠢᠲᠡᠭᠡᠯ ᠤᠨ ᠲᠤᠶᠠᠭ᠎ᠠ ᠰᠠᠴᠤᠷᠠᠵᠤ᠂ ᠪᠡᠶ᠎ᠡ ᠳᠤ ᠮᠢᠨᠢ ᠬᠡᠮᠵᠢᠶᠡᠯᠡᠰᠢ ᠦᠭᠡᠢ ᠭᠥᠴᠥᠨ ᠵᠣᠷᠢᠭ ᠡᠷᠴᠢᠯᠡᠭᠳᠡᠯᠡ᠃ ᠭᠠᠭᠴᠠ ᠪᠡᠶ᠎ᠡ ᠮᠢᠨᠥ ᠵᠤᠪᠠᠯᠠᠩ ᠢ | ︽ᠪᠤᠭᠤᠷᠤᠯ ᠭᠡᠤᠬᠡᠨ︾ ᠂ ︽ᠡᠮᠡᠭᠲᠡᠢ ᠤᠯᠠᠭᠠᠨ ᠴᠡᠷᠢᠭ ︾ ᠲᠠᠢ ᠬᠠᠷᠢᠴᠠᠭᠤᠯᠵᠤ ᠥᠵᠡᠪᠡᠯ ᠶᠠᠭᠤ ᠴᠦ ᠪᠢᠰᠢ ᠶᠤᠮ ᠪᠠᠶᠢᠵᠠᠢ᠃ ᠲᠡᠳᠡ ᠪᠦᠷ ᠨᠠᠮ᠎ᠠ ᠲᠠᠢ | ᠠᠳᠠᠯᠢᠬᠠᠨ ︽ᠭᠠᠭᠴᠠ ᠪᠡᠶ᠎ᠡ︾ ᠭᠡᠤᠬᠡᠨ ᠪᠠᠶᠢᠭᠰᠠᠨ ᠠᠲᠠᠯ᠎ᠠ ᠮᠢᠩᠭᠠᠨ ᠪᠡᠷᠭᠡ᠂ ᠲᠥᠮᠡᠨ ᠵᠣᠪᠠᠯᠠᠩ ᠢ ᠵᠣᠷᠢᠭᠲᠠᠢ ᠲᠤᠭᠤᠯᠵᠤ᠂ ᠡᠴᠥᠰ ᠲᠡᠭᠡᠨ ᠰᠠᠷᠠᠭᠤᠯ ᠭᠡᠭᠡᠨ | ᠬᠤᠪᠢᠰᠬᠠᠯᠲᠤ ᠰᠢᠨ᠎ᠡ ᠠᠮᠢᠳᠤᠷᠠᠯ ᠢᠶᠠᠨ ᠴᠣᠭᠴᠠᠯᠠᠭᠰᠠᠨ ᠶᠤᠮ ᠪᠠᠶᠢᠨ᠎ᠠ᠃ ᠪᠢ ᠭᠠᠭᠴᠠ ᠪᠡᠶ᠎ᠡ ᠭᠡᠤᠬᠡᠨ ᠪᠣᠯᠪᠠᠴᠤ ᠥᠨᠥᠳᠥᠷ ᠠᠴᠠ ᠡᠬᠢᠯᠡᠨ ᠨᠢᠭᠡᠨ | ᠰᠡᠳᠬᠢᠯ ᠂ ᠨᠢᠭᠡᠨ ᠵᠣᠷᠢᠭ ᠢᠶᠠᠷ ᠪᠠᠶᠠᠠᠮᠤᠳᠣ ᠪᠠᠭ᠎ᠠ ᠪᠠᠷᠢᠭᠠᠲᠠ ᠶᠢᠨ ᠢᠮᠠᠭᠠᠨ ᠰᠥᠷᠥᠭ ᠢᠶᠠᠨ ᠥᠨᠢᠷ ᠦᠰᠬᠡᠵᠦ᠂ ᠨᠡᠶᠢᠬᠡᠮ ᠵᠢᠷᠣᠮᠲᠤ ᠰᠢᠨ᠎ᠡ ᠮᠠᠯᠵᠢᠬᠤ | ᠣᠷᠣᠨ ᠳᠠᠭᠠᠨ ᠭᠠᠪᠢᠶ᠎ᠡ ᠵᠢᠳᠬᠦᠯ ᠥᠵᠡᠬᠦᠯᠥᠨᠡ︾ ᠭᠡᠵᠦ ᠪᠠᠲᠤ ᠲᠠᠩᠭᠠᠷᠢᠭ ᠢᠶᠠᠨ ᠲᠠᠯᠪᠢᠵᠠᠢ᠃ ᠰᠥᠮᠡᠡᠴᠡᠴᠡᠭ ᠭᠡᠤᠬᠡᠨ ᠤ ᠠᠪᠡᠢ ᠮᠥᠮᠥ ᠨᠢ ᠪᠠᠶᠠᠷᠯᠠᠨ᠄ | ︽ᠮᠢᠨᠥ ᠭᠡᠤᠭᠡᠨ ᠪᠣᠯᠵᠤ ᠪᠠᠶᠢᠨ᠎ᠠ᠃ ᠵᠠᠯᠠᠭᠤ ᠭᠥᠮᠥᠨ ᠵᠠᠪᠠᠯ ᠬᠤᠪᠢᠰᠬᠠᠯ ᠤᠨ ᠠᠯᠤᠰ ᠤᠨ ᠰᠠᠶᠢᠬᠠᠨ ᠬᠥᠰᠡᠯᠡᠩ ᠲᠠᠢ ᠪᠠᠶᠢᠬᠤ ᠭᠡᠷᠡᠭᠲᠡᠢ︾ ᠭᠡᠵᠦ ᠤᠯᠠᠮ ᠢᠯᠡᠭᠦᠥ | ᠵᠣᠷᠢᠭᠵᠢᠭᠤᠯᠪᠠ᠃ ᠰᠥᠮᠡᠡᠴᠡᠴᠡᠭ ᠭᠡᠤᠬᠡᠨ ᠨᠢ ᠵᠢᠯ ᠤᠨ ᠲᠥᠷᠪᠡᠨ ᠤᠯᠠᠷᠢᠯ ᠤᠨ ᠵᠢᠮ᠎ᠡ ᠶᠢ ᠳᠠᠭᠠᠵᠤ ᠰᠥᠷᠦᠭ ᠮᠠᠯ ᠢᠶᠠᠨ ᠥᠨᠢᠷ ᠥᠰᠭᠡᠭᠰᠡᠭᠡᠷ ᠢᠷᠡᠵᠡᠢ᠃ | ᠥᠳᠡᠰᠢ ᠪᠤᠯᠭᠠᠨ ᠥᠪᠡᠷ ᠤᠨ ᠢᠶᠠᠨ ︽ᠤᠯᠠᠭᠠᠨ ᠪᠤᠷᠭᠠᠰᠤ ᠪᠠᠷ ᠤᠷᠠᠯᠠᠵᠤ ᠭᠥᠷᠥᠭᠰᠡᠨ︾ ᠵᠢᠵᠢᠩᠬᠡᠨ ᠰᠠᠶᠢᠬᠠᠨ ︽ᠨᠣᠮ ᠤᠨ ᠲᠠᠯᠪᠢᠭᠤᠷ︾ ᠳᠡᠭᠡᠷᠡᠬᠢ ᠨᠣᠮ᠂ | ᠰᠤᠳᠤᠷ ᠂ ᠰᠣᠨᠢᠨ᠂ ᠰᠡᠳᠭᠦᠯ ᠤᠳ ᠢᠶᠠᠨ ᠰᠣᠨᠢᠷᠬᠠᠨ ᠣᠩᠰᠢᠭᠰᠠᠭᠠᠷ ᠪᠠᠶᠢᠯ᠎ᠠ ᠃ | ᠨᠢᠭᠡᠨ ᠡᠳᠥᠷ ᠂ ᠮᠠᠯ ᠤᠨ ᠡᠮᠴᠢ ᠮᠠᠩᠯᠠᠢ ᠡᠪᠥᠭᠡᠨ ᠲᠡᠳᠡᠨ ᠤ ᠳᠤ ᠢᠷᠡᠭᠡᠳ᠄ ︽ᠣᠷᠣᠢ ᠪᠠᠶᠠᠠᠮᠣᠳᠤ ᠪᠠᠭ᠎ᠠ ᠪᠠᠷᠢᠭᠠᠲᠠ ᠳᠡᠭᠡᠷ᠎ᠡ ᠬᠡᠰᠢᠭᠦᠳ ᠤᠨ ᠶᠡᠭᠡ | ᠬᠤᠷᠠᠯ ᠲᠠᠢ᠂ ᠰᠥᠮᠡᠡᠴᠡᠴᠡᠭ ᠭᠡᠤᠬᠡᠨ ᠢ ᠣᠰᠣᠯᠳᠣᠯ ᠦᠭᠡᠢ ᠣᠷᠣᠯᠴᠠ ︾ ᠬᠡᠰᠡᠨ ᠬᠤᠷᠠᠯ ᠤᠨ ᠵᠠᠷ ᠢ ᠳᠠᠮᠵᠢᠭᠤᠯᠪᠠ ᠃ ᠰᠥᠮᠡᠡᠴᠡᠴᠡᠭ ᠭᠡᠤᠭᠡᠨ | ᠪᠠᠶᠠᠠᠮᠣᠳᠣ ᠪᠠᠭ᠎ᠠ ᠪᠠᠷᠢᠭᠠᠲᠠ ᠳᠡᠭᠡᠷ᠎ᠡ ᠣᠴᠢᠪᠠᠯ ᠬᠤᠷᠠᠯ ᠳᠤ ᠣᠷᠣᠯᠴᠠᠬᠤ ᠪᠠᠷ ᠪᠠᠷᠠᠬᠤ ᠦᠭᠡᠢ᠂ ᠬᠡᠳᠦᠨ ᠬᠤᠪᠢ ᠰᠣᠨᠢᠨ ᠰᠡᠳᠬᠦᠯ ᠣᠯᠵᠤ ᠠᠪᠬᠤ ᠪᠠᠷ | ᠭᠥᠭᠰᠡᠨ ᠪᠠᠶᠠᠷᠯᠠᠵᠤ ᠣᠴᠢᠵᠠᠢ᠃ ᠬᠤᠷᠠᠯ ᠤᠨ ᠠᠭᠤᠯᠭ᠎ᠠ ᠨᠢ ᠮᠠᠰᠢ ᠠᠷᠪᠢᠨ ᠪᠠᠶᠢᠭᠰᠠᠨ ᠴᠦ ᠪᠠᠷᠢᠭᠠᠲᠠ ᠶᠢᠨ ᠳᠠᠷᠤᠭ᠎ᠠ ᠷᠠᠰᠢ ᠨᠥᠬᠦᠷ ᠠᠴᠠ ᠡᠩ | ᠲᠡᠷᠢᠬᠦᠨ ᠳᠤ ᠨᠢ ︽ ᠪᠠᠶᠠᠠᠪᠤᠯᠠᠭ ᠶᠡᠭᠡ ᠪᠠᠷᠢᠭᠠᠲᠠ ᠶᠢᠨ ᠨᠠᠮ ᠤᠨ ᠡᠭᠦᠷ᠂ ᠬᠠᠮᠢᠶᠠᠷᠤᠯᠲᠠ ᠶᠢᠨ ᠵᠥᠪᠯᠡᠯ ᠠᠴᠠ ᠰᠦᠮᠡᠡᠴᠡᠴᠡᠭ ᠭᠡᠤᠬᠡᠨ ᠢ ᠪᠠᠶᠠᠠᠪᠤᠯᠠᠭ ᠶᠡᠭᠡ | ᠪᠠᠷᠢᠭᠠᠲᠠ ᠶᠢᠨ ︿ᠬᠤᠷᠰᠢᠭᠰᠠᠨ ᠡᠮᠨᠡᠯᠭᠡ ᠶᠢᠨ ᠬᠤᠷᠢᠶ᠎ᠠ ᠶᠢᠨ ᠬᠥᠯ ᠨᠢᠴᠥᠭᠦᠨ ᠡᠮᠴᠢ ﹀ ᠪᠠᠷ ᠡᠯᠰᠡᠨ ᠠᠪᠴᠤ ᠬᠤᠰᠢᠭᠤᠨ ᠳᠤ ᠲᠣᠮᠢᠯᠠᠨ | ᠰᠤᠷᠤᠯᠴᠠᠭᠤᠯᠬᠤ ᠲᠣᠬᠠᠢ ᠠᠯᠪᠠᠨ ᠪᠢᠴᠢᠭ︾ ᠢ ᠣᠩᠰᠢᠨ ᠨᠡᠶᠢᠲᠡᠯᠡᠭᠰᠡᠨ ᠳᠤ ᠰᠦᠮᠡᠡᠴᠡᠴᠡᠭ ᠭᠡᠤᠭᠡᠨ ᠤ ᠡᠩᠭᠡᠷ ᠨᠢ ᠥᠩᠭᠡᠷᠡᠭᠰᠡᠨ ᠳᠤ ︽ᠬᠠᠷᠠᠮᠰᠠᠯ ᠤᠨ | ᠨᠢᠯᠪᠤᠰᠤᠨ︾ ᠳᠤ ᠳᠡᠪᠲᠥᠳᠡᠭ ᠪᠠᠶᠢᠭᠰᠠᠨ ᠪᠣᠯ ᠥᠨᠥ ᠰᠦᠨᠢ ᠬᠠᠷᠢᠨ ︽ ᠪᠠᠶᠠᠷ ᠤᠨ ᠨᠢᠯᠪᠤᠰᠤᠨ︾ ᠳᠤ ᠳᠡᠪᠲᠥᠴᠢᠭᠡᠭᠰᠡᠨ ᠪᠠᠶᠢᠯ᠎ᠠ᠃ ᠮᠠᠯᠴᠢᠳ ᠤᠨ | ᠬᠠᠯᠠᠭᠤᠨ ᠠᠯᠠᠭ᠎ᠠ ᠳᠠᠰᠢᠯᠳᠠ ᠶᠢᠨ ᠳᠠᠭᠤᠨ ᠤ ᠳᠤᠮᠳᠠ ᠰᠦᠮᠡᠡᠴᠡᠴᠡᠭ ᠭᠡᠤᠭᠡᠨ ᠪᠠᠶᠠᠷ ᠤᠨ ᠨᠢᠯᠪᠤᠰᠤ ᠪᠠᠨ ᠠᠬᠢᠨ ᠳᠠᠬᠢᠨ ᠠᠷᠴᠢᠵᠤ ᠪᠠᠶᠢᠯ᠎ᠠ ᠃ ᠪᠠᠷᠢᠭᠠᠳᠠ | ᠠᠴᠠ ᠰᠥᠮᠡᠡᠴᠡᠴᠡᠭ ᠭᠡᠤᠭᠡᠨ ᠤ ᠢᠮᠠᠭᠠᠨ ᠰᠦᠷᠥᠭ ᠢ ᠰᠥᠮᠪᠥᠷᠥᠥ ᠳᠤ ᠰᠢᠯᠵᠢᠬᠦᠯᠵᠦ ᠂ ᠰᠥᠮᠡᠡᠴᠡᠴᠡᠭ ᠭᠡᠤᠭᠡᠨ ᠳᠤ ︽ᠮᠠᠷᠭᠠᠰᠢ ᠳᠤ ᠪᠠᠨ | ᠨᠡᠷ᠎ᠡ ᠪᠠᠨ ᠮᠡᠳᠡᠬᠦᠯᠵᠦ ᠣᠴᠢᠭᠠᠷᠠᠢ ᠭᠡᠰᠡᠨ ᠮᠡᠳᠡᠭᠳᠡᠯ ᠤᠨ ᠪᠢᠴᠢᠭ︾ ᠢ ᠭᠠᠷᠳᠠᠭᠤᠯᠵᠠᠢ᠃ | ᠰᠥᠮᠡᠡᠴᠡᠴᠡᠭ ᠭᠡᠤᠬᠡᠨ ᠤ ᠠᠪᠡᠢ ᠮᠥᠮᠥ ᠨᠢ ᠨᠦᠢᠷ ᠬᠤᠯᠵᠢᠵᠤ᠄ ︽ᠮᠢᠨᠥ ᠭᠡᠤᠬᠡᠨ ᠢ ᠶᠡᠭᠡ ᠬᠤᠷᠠᠯ ᠳᠡᠭᠡᠷ᠎ᠡ ᠰᠢᠭᠦᠮᠵᠢᠯᠡᠭᠰᠡᠨ ᠴᠦ ᠪᠠᠶᠢᠬᠤ ᠶᠤᠮ ᠦᠦ︖︾ | ᠭᠡᠵᠦ ᠡᠯᠳᠡᠪ ᠢ ᠪᠣᠳᠣᠨ ᠶᠡᠬᠡᠳᠡ ᠠᠶᠤᠵᠤ ᠰᠥᠨᠢ ᠲᠥᠯᠢ ᠪᠣᠯᠲᠠᠯ᠎ᠠ ᠤᠠᠲᠠᠬᠤ ᠨᠦᠢᠷ ᠦᠭᠡᠢ ᠳ᠋ᠧᠩ ᠢᠶᠠᠨ ᠠᠰᠠᠭᠠᠵᠤ ᠬᠥᠯᠢᠶᠡᠵᠦ ᠪᠠᠶᠢᠲᠠᠯ᠎ᠠ᠂ ᠰᠥᠮᠡᠡᠴᠡᠴᠡᠭ | ᠭᠡᠤᠬᠡᠨ ᠨᠢ ᠬᠠᠷᠢᠨ ᠡᠭᠦᠳᠡ ᠪᠠᠷ ᠢᠶᠠᠨ ᠪᠠᠶᠠᠷᠲᠠᠢ ᠭᠡᠭᠴᠢ ᠦᠰᠦᠷᠥᠨ ᠤᠷᠤᠵᠤ ᠢᠷᠡᠭᠡᠳ᠄ ︽ᠠᠪᠡᠢ᠂ ᠮᠥᠮᠥ ᠡ ︾ ᠭᠡᠭᠰᠡᠭᠡᠷ ︽ᠮᠡᠳᠡᠭᠳᠡᠯ ᠤᠨ ᠪᠢᠴᠢᠭ︾ | ᠢᠶᠠᠨ ᠥᠵᠡᠬᠦᠯᠵᠡᠢ᠃ ᠠᠪᠡᠢ ᠮᠥᠮᠥ ᠨᠢ ᠪᠠᠶᠠᠷᠯᠠᠨ ᠰᠦᠨᠢ ᠪᠠᠷ ᠪᠣᠰᠴᠤ ᠮᠢᠬ᠎ᠠ ᠴᠢᠨᠠᠪᠠ᠂ ᠰᠥᠮᠡᠡᠴᠡᠴᠡᠭ ᠬᠡᠤᠬᠡᠨ ᠰᠥᠨᠢ ᠳᠤ ᠪᠠᠨ ᠬᠠᠭᠤᠴᠢᠨ ᠬᠤᠪᠴᠠᠰᠤ | ᠬᠤᠨᠠᠷ ᠢᠶᠠᠨ ᠣᠬᠢᠶᠠᠵᠤ ᠬᠠᠲᠠᠭᠠᠵᠠᠢ ᠃ | ᠥᠷᠯᠥᠭᠡ ᠶᠢᠨ ᠨᠠᠢᠮᠠᠨ ᠴᠠᠭ ᠤᠨ ᠠᠯᠳᠠᠨ ᠰᠠᠴᠣᠷᠠᠭᠲᠤ ᠨᠠᠷᠠᠨ ᠤ ᠲᠤᠶᠠᠭ᠎ᠠ ᠶᠢ ᠣᠭᠲᠣᠨ ᠨᠥᠮᠥᠷᠢᠭᠰᠡᠭᠡᠷ ᠰᠥᠮᠡᠡᠴᠡᠴᠡᠭ ᠭᠡᠤᠭᠡᠨ ᠰᠢᠨ᠎ᠡ ᠠᠵᠢᠯ ᠤᠨ | ᠪᠠᠶᠢᠷᠢ ᠳᠤ ᠪᠠᠨ ᠶᠠᠪᠠᠭᠠᠨ ᠬᠥᠶᠥᠵᠡᠢ᠃ ᠬᠤᠪᠢᠰᠬᠠᠯᠲᠤ ᠠᠯᠣᠰ ᠤᠨ ᠰᠠᠶᠢᠬᠠᠨ ᠬᠥᠰᠡᠯᠡᠩ ᠡᠪᠥᠷᠯᠡᠭᠰᠡᠨ ᠰᠥᠮᠡᠡᠴᠡᠴᠡᠭ ᠬᠡᠤᠬᠡᠨ ᠤ ᠠᠯᠢᠪᠠ ᠪᠥᠭᠦᠨ ᠨᠢ ᠢᠯᠭᠤᠮ | ᠶᠠᠪᠤᠭᠳᠠᠵᠠᠢ᠃ ᠡᠬᠢᠯᠡᠭᠰᠡᠭᠡᠷ ᠬᠤᠰᠢᠭᠤᠨ ᠳᠤ ᠭᠤᠷᠪᠠᠨ ᠰᠠᠷ᠎ᠠ ᠰᠤᠷᠤᠯᠴᠠᠭᠠᠳ ᠶᠡᠭᠡ ᠪᠠᠷᠢᠭᠠᠲᠠ ᠶᠢᠨ ᠢᠶᠠᠨ ᠬᠤᠷᠰᠢᠭᠰᠠᠨ ᠡᠮᠨᠡᠯᠭᠡ ᠶᠢᠨ ᠬᠤᠷᠢᠶᠠᠨ ᠳᠤ ᠪᠠᠨ | ᠠᠵᠢᠯᠯᠠᠵᠠᠢ᠃ ᠳᠠᠬᠢᠨ ᠠᠶᠢᠮᠠᠭ ᠲᠤ ᠬᠠᠭᠠᠰ ᠵᠢᠯ ᠰᠤᠷᠤᠯᠴᠠᠭᠠᠳ ᠶᠡᠭᠡ ᠪᠠᠷᠢᠭᠠᠲᠠ ᠶᠢᠨ ᠢᠶᠠᠨ ᠬᠤᠷᠰᠢᠭᠰᠠᠨ ᠡᠮᠨᠡᠯᠭᠡ ᠶᠢᠨ ᠬᠤᠷᠢᠶᠠᠨ ᠳᠤ ᠪᠠᠨ ᠢᠷᠡᠵᠤ | ᠠᠵᠢᠯᠯᠠᠵᠠᠢ᠃ ᠡᠨᠡ ᠬᠤᠭᠤᠴᠠᠭᠠᠨ ᠳᠤ ᠭᠥᠳᠡᠭᠡ ᠶᠢᠨ ︽ᠬᠥᠯ ᠨᠢᠴᠥᠬᠦᠨ ᠡᠮᠴᠢ︾ ᠨᠠᠷ ᠠᠴᠠ ᠨᠢᠭᠡ ᠪᠥᠯᠥᠭ ᠢ ᠨᠢ ︽ᠣᠯᠣᠰ ᠤᠨ ᠵᠢᠩᠬᠢᠨᠢ ᠠᠵᠢᠯᠲᠠᠨ︾ | ᠪᠣᠯᠭᠠᠬᠤ ᠰᠢᠯᠭᠠᠯᠲᠠ ᠪᠠᠷ ᠳᠠᠮᠵᠢᠭᠠᠳ ᠵᠢᠩᠬᠢᠨᠢ ᠣᠯᠣᠰ ᠤᠨ ᠠᠵᠢᠯᠲᠠᠨ ᠪᠣᠯᠵᠡᠢ᠃ ᠠᠬᠢᠭᠠᠳ ᠣᠷᠣᠨ ᠤ ᠡᠮᠨᠡᠯᠭᠡ ᠶᠢᠨ ᠤᠬᠠᠭᠠᠨ ᠤ ᠳᠡᠭᠡᠲᠤ | ᠰᠣᠷᠭᠠᠭᠤᠯᠢ ᠳᠤ ᠭᠤᠷᠪᠠᠨ ᠵᠢᠯ ᠰᠤᠷᠤᠯᠴᠠᠵᠤ ᠢᠷᠡᠭᠡᠳ ᠬᠤᠰᠢᠭᠤᠨ ᠤ ᠪᠠᠨ ᠡᠮᠨᠡᠯᠭᠡ ᠶᠢᠨ ᠬᠤᠷᠢᠶᠠᠨ ᠳᠤ ︽ᠮᠡᠰᠡ ᠵᠠᠰᠠᠯ ︾ ᠤᠨ ᠮᠡᠷᠭᠡᠵᠢᠯᠲᠡᠨ ᠡᠮᠴᠢ ᠪᠠᠷ | ᠠᠵᠢᠯᠯᠠᠭᠰᠠᠨ ᠪᠠᠶᠢᠯ᠎ᠠ᠃ ᠭᠡᠪᠡᠴᠦ ︽ᠠᠵᠢᠯ ᠥᠢᠯᠡᠰ︾ ᠭᠡᠵᠦ ᠭᠥᠶᠥᠭᠰᠡᠭᠡᠷ ᠪᠠᠶᠢᠭᠠᠳ ᠠᠶᠢᠯ ᠭᠡᠷ ᠪᠣᠯᠣᠭᠠᠲᠤᠢ ᠡᠳᠥᠭᠡ ᠳᠤ ᠭᠥᠷᠴᠠᠢ ᠃ ᠰᠥᠮᠡᠡᠴᠡᠴᠡᠭ | ᠭᠡᠤᠭᠡᠨ ᠤ ᠠᠵᠢᠯ ᠤᠨ ᠥᠩᠭᠡᠷᠡᠯᠲᠡ ᠨᠢ ᠭᠡᠪᠡᠯ ᠪᠦᠷ ︽ ᠰᠢᠯᠤᠭᠤᠨ ᠱᠣᠭᠤᠮ︾ ᠢᠶᠠᠷ ᠠᠰ ᠳᠡᠭᠡᠭᠰᠢ ᠪᠠᠨ ᠥᠭᠰᠦᠭᠰᠡᠨ ᠳᠡᠮᠳᠡᠭᠯᠡᠯ ᠲᠠᠢ ᠪᠠᠶᠢᠯ᠎ᠠ᠃ | ᠭᠡᠲᠡᠯ᠎ᠡ᠂ ᠲᠥᠲᠥᠪ ᠵᠠᠯᠠᠭᠤ ᠥᠡᠳᠥᠷᠲᠣᠯᠣᠭᠠᠢ ᠭᠥᠩᠱᠧ ᠶᠢᠨ ᠠᠮᠤ ᠲᠥᠮᠥᠰᠥᠨ ᠤ ᠥᠷᠲᠡᠭᠡ ᠶᠢᠨ ᠠᠵᠢᠯᠴᠢᠨ ᠢᠶᠠᠷ ᠡᠯᠰᠡᠭᠳᠡᠭᠰᠡᠨ ᠤ ᠳᠠᠷᠠᠭ᠎ᠠ ᠬᠠᠭᠠᠰ | ᠵᠢᠯ ᠬᠢᠷᠢᠲᠡᠢ ᠥᠨᠡᠭᠡᠷ ᠰᠠᠶᠢᠨ ᠠᠵᠢᠯᠯᠠᠵᠠᠢ᠃ ᠰᠡᠬᠦᠯᠡᠷ ᠨᠢ ᠠᠷᠢᠬᠢᠴᠢᠨ ᠪᠣᠯᠵᠤ ᠥᠳᠡᠰᠢ ᠪᠣᠯᠭᠠᠨ ᠥᠡᠳᠥᠷᠲᠣᠯᠣᠭᠠᠢ ᠭᠥᠩᠱᠧ ᠶᠢᠨ ᠡᠷᠥᠬᠡ ᠪᠥᠬᠦᠨ ᠤ ᠡᠭᠦᠳᠡ | ᠴᠣᠩᠬᠤ ᠶᠢ ᠨᠢ ᠲᠣᠭᠰᠢᠵᠤ᠄ ︽ᠲᠥᠲᠥᠪ ᠤᠨ ᠡᠭᠦᠷᠥᠭᠰᠡᠨ ᠲᠥᠮᠥᠰᠦ ᠪᠤᠳᠠᠭ᠎ᠠ ᠶᠢ ᠢᠳᠡᠴᠢᠬᠡᠬᠡᠳ ᠲᠠᠨᠤᠰ ᠲᠠᠪᠤᠨ ᠯᠡᠩ ᠠᠷᠢᠬᠢ ᠣᠣᠭᠤᠯᠭᠠᠬᠤ ᠦᠭᠡᠢ | ᠶᠤᠮ ᠪᠣᠯ ᠲᠠᠷᠠᠭ᠎ᠠ ᠰᠠᠷ᠎ᠠ ᠶᠢᠨ ᠲᠥᠮᠥᠰᠦ ᠪᠤᠳᠠᠭ᠎ᠠ ᠶᠢ ᠴᠢᠨᠢ ᠬᠠᠰᠤᠨ᠎ᠠ ︾ ᠭᠡᠵᠦ ᠰᠦᠷᠳᠡᠬᠦᠯᠳᠡᠭ ᠪᠤᠯᠵᠡᠢ᠃ ᠠᠷᠢᠬᠢᠴᠢᠨ ᠲᠥᠲᠥᠪ ᠤᠨ ᠪᠠᠷ᠎ᠠ ᠶᠢ ᠨᠢ | ᠥᠵᠡᠮᠡᠭᠴᠡ ᠠᠶᠢᠯ ᠤᠨ ᠪᠡᠷᠢᠶᠡᠳ ᠬᠡᠤᠬᠡᠨᠴᠥᠳ ︽ᠬᠢᠷᠭᠤᠢ ᠥᠵᠡᠭᠰᠡᠨ ᠪᠢᠯᠵᠤᠤᠬᠠᠢ︾ ᠮᠡᠳᠦ ᠪᠠᠶᠢᠰᠢᠩ᠂ ᠬᠡᠷᠡᠮ ᠤᠨ ᠳᠠᠯᠳᠠ ᠨᠢᠭᠤᠨ ᠰᠢᠷᠭᠤᠳᠠᠭ ᠪᠤᠯᠵᠡᠢ᠃ | ᠠᠷᠢᠬᠢᠨ ᠳᠤ ᠣᠷᠣᠭᠠᠳ ᠠᠮᠤ ᠲᠥᠮᠥᠰᠦᠨ ᠤ ᠮᠠᠳᠠᠢ ᠡᠭᠦᠷᠴᠤ ᠲᠡᠶᠢᠯᠬᠦ ᠪᠠᠨ ᠪᠠᠶᠢᠴᠢᠬᠠᠭᠰᠠᠨ ᠳᠤ ᠭᠥᠮᠥᠷᠭᠡ ᠶᠢᠨ ᠡᠭᠦᠳᠡ ᠬᠠᠷᠠᠭᠤᠯᠵᠡᠢ᠃ ᠬᠠᠷᠠᠭᠤᠯ ᠪᠠᠶᠢᠭᠰᠠᠨ | ᠬᠤᠭᠤᠴᠠᠭᠠᠨ ᠳᠤ ᠪᠠᠨ ︽ ᠮᠠᠨᠠᠭᠠᠨ ᠤ ᠨᠣᠬᠠᠢ ︾ ᠪᠠᠨ ᠠᠯᠠᠵᠤ ᠢᠳᠡᠴᠢᠬᠡᠭᠡᠳ ᠮᠠᠩᠰᠢᠭᠤᠷᠤᠨ ᠤᠠᠳᠠᠭᠰᠠᠨ ᠲᠡᠣᠬᠡ ᠲᠠᠢ᠃ ᠪᠠᠶᠢᠭᠤᠯᠤᠯᠭ᠎ᠠ ᠶᠢᠨ ᠬᠢᠨᠢ | ᠤᠳᠤᠷᠢᠳᠣᠯᠭ᠎ᠠ ᠨᠢ ᠴᠦ ᠠᠷᠭ᠎ᠠ ᠠᠭᠠᠰᠢ ᠪᠠᠨ ᠪᠠᠷᠠᠵᠤ ᠪᠠᠶᠢᠲᠠᠯ᠎ᠠ ᠪᠠᠶᠢᠭᠤᠯᠤᠮᠵᠢ ᠶᠢᠨ ᠥᠭᠡᠷᠡᠴᠢᠯᠡᠯᠲᠡ ᠪᠠᠷ ᠳᠠᠮᠵᠢᠭᠠᠳ ᠲᠥᠲᠥᠪ ᠡᠴᠥᠰ ᠲᠤ ᠪᠠᠨ ᠡᠬᠡᠨᠡᠷ ᠴᠦ | ᠦᠭᠡᠢ᠂ ᠠᠵᠢᠯ ᠴᠦ ᠦᠭᠡᠢ ᠪᠣᠯᠵᠤ ᠭᠥᠳᠡᠭᠡ ᠳᠤ ᠪᠠᠨ ᠬᠠᠷᠢᠭᠠᠳ ︽ᠰᠣᠭᠲᠣᠭᠤ ᠮᠠᠯᠴᠢᠨ︾ ᠪᠣᠯᠵᠡᠢ᠃ ᠲᠥᠲᠥᠪ ᠤᠨ ᠠᠵᠢᠯ ᠤᠨ ᠥᠩᠭᠡᠷᠡᠯᠲᠡ ᠨᠢ ᠭᠡᠪᠡᠯ | ᠪᠦᠷ ︽ᠳᠡᠭᠡᠭᠰᠢ︾ ᠪᠠᠨ ᠪᠢᠰᠢ᠂ ᠬᠠᠷᠢᠨ ︽ᠳᠣᠷᠣᠭᠰᠢ ︾ ᠪᠠᠨ ︽ᠠᠰ ᠱᠣᠭᠤᠮ︾ ᠢᠶᠠᠷ ᠰᠢᠭᠤᠳ ᠤᠨᠠᠭᠰᠠᠨ ᠳᠡᠮᠳᠡᠭᠯᠡᠯ ᠲᠠᠢ ᠪᠠᠶᠢᠯ᠎ᠠ᠃ | ᠰᠦᠮᠡᠡᠴᠡᠴᠡᠭ ᠥᠳᠡᠰᠢ ᠶᠢᠨ ᠵᠢᠵᠢᠬᠦᠷ ᠲᠤ ᠪᠠᠨ ᠵᠢᠵᠢᠬᠦᠷᠯᠡᠵᠦ ᠪᠠᠶᠢᠲᠠᠯ᠎ᠠ ᠭᠡᠨᠡᠳᠲᠡ ᠰᠤᠭᠲᠤᠭᠤ ᠪᠠᠷ ᠮᠤᠲ᠋ᠤᠷ ᠤᠨᠤᠭᠠᠳ ᠲᠤᠯᠤᠭᠠᠢ ᠪᠠᠨ | ᠭᠡᠮᠳᠥᠭᠡᠵᠦ᠂ ᠬᠥᠯ ᠢᠶᠠᠨ ᠬᠤᠭᠤᠯᠵᠣ ᠮᠡᠳᠡᠭᠡ ᠦᠭᠡᠢ ᠪᠣᠯᠣᠭᠰᠠᠨ ᠨᠢᠭᠡᠨ ᠲᠦᠢᠯ ᠤᠨ ᠭᠥᠡᠳᠥ ᠰᠢᠷᠬᠠᠲᠠᠨ ᠢ ᠭᠥᠷᠭᠡᠵᠦ ᠢᠷᠡᠯ᠎ᠡ᠃ ︽ᠬᠠᠮᠠᠷ ᠳᠡᠭᠡᠷᠡᠬᠢ ᠬᠠᠷ᠎ᠠ | ᠮᠡᠩᠭᠡ︾ ᠶᠢ ᠨᠢ ᠥᠵᠡᠮᠡᠭᠴᠡ ᠲᠥᠲᠥᠪ ᠪᠣᠯᠬᠤ ᠶᠢ ᠲᠠᠨᠢᠪᠠ᠃ ᠠᠪᠤᠨ ᠳᠣᠣᠷ᠎ᠠ ᠨᠢ ᠴᠢᠰᠦ ᠨᠥᠬᠦᠬᠦ ᠦᠭᠡᠢ ᠪᠣᠯ ᠠᠮᠢ ᠨᠠᠰᠤᠨ ᠳᠤ ᠨᠢ ᠠᠶᠤᠯ ᠲᠠᠢ ᠪᠣᠯᠣᠯ᠎ᠠ᠃ | ᠰᠠᠠᠳᠤᠷᠤᠭᠰᠠᠨ ᠥᠶ᠎ᠡ ᠳᠤ ᠲᠥᠲᠥᠪ ᠲᠤ ᠵᠣᠬᠢᠷᠠᠬᠤ ︽0︾ ᠭᠡᠯᠪᠡᠷᠢ ᠶᠢᠨ ᠴᠢᠰᠦ ᠣᠯᠳᠠᠭᠰᠠᠨ ᠦᠭᠡᠢ ᠲᠤᠯᠠ ᠰᠦᠮᠡᠡᠴᠡᠴᠡᠭ ᠰᠢᠭᠤᠷᠬᠠᠢ ᠪᠠᠷ ︽ᠥᠬᠦᠯ ᠠᠴᠠ | ᠠᠪᠤᠷᠠᠵᠤ᠂ ᠰᠢᠷᠬᠠᠲᠤᠯ ᠢ ᠡᠮᠴᠢᠯᠡᠬᠦ︾ ᠡᠮᠴᠢ ᠭᠥᠮᠥᠨ ᠤ ᠡᠷᠬᠢᠮ ᠳᠡᠭᠡᠲᠦ ᠡᠭᠦᠷᠭᠡ ᠬᠠᠷᠢᠭᠤᠴᠠᠯᠭ᠎ᠠ ᠪᠠᠨ ᠪᠡᠶᠡᠯᠡᠬᠦᠯᠵᠦ᠂ ᠥᠪᠡᠷ ᠤᠨ ᠪᠡᠶ᠎ᠡ ᠠᠴᠠ ᠪᠠᠨ 200 | cc ︽0︾ ᠭᠡᠯᠪᠡᠷᠢ ᠶᠢᠨ ᠴᠢᠰᠤ ᠪᠠᠨ ᠡᠷᠭᠦᠵᠦ ᠥᠭᠪᠡ᠃ ᠲᠡᠷᠡ ᠡᠮ ᠶᠡᠬᠦᠯᠡᠵᠤ ᠥᠭᠭᠦ ᠶᠢᠨ ᠳᠠᠭᠠᠤ ︽ᠰᠫᠢᠷᠲ︾ ᠢᠶᠠᠷ ᠰᠢᠷᠬ᠎ᠠ ᠶᠢ ᠨᠢ | ᠠᠷᠢᠭᠤᠳᠬᠠᠵᠤ᠂ ᠦᠰᠦ ᠭᠡᠵᠢᠭᠡ ᠶᠢ ᠨᠢ ᠬᠤᠰᠣᠵᠤ ᠢᠷᠠᠭᠳᠠᠭᠰᠠᠨ ᠬᠤᠶᠢᠬ᠎ᠠ ᠶᠢ ᠨᠢ ᠣᠶᠣᠵᠣ ᠂ ᠬᠤᠭᠤᠷᠣᠭᠰᠠᠨ ᠬᠥᠯ ᠳᠤ ᠨᠢ ︽ᠵᠥᠭᠠᠩ︾ ᠰᠢᠪᠠᠵᠤ | ᠥᠭᠪᠡ᠃ ᠰᠦᠮᠡᠡᠴᠡᠴᠡᠭ ᠲᠥᠲᠥᠪ ᠢ ᠤᠳᠠᠲᠠᠯ᠎ᠠ ᠰᠢᠡᠵᠢᠵᠤ ᠵᠣᠭᠰᠣᠪᠠ᠃ ᠲᠤᠬᠠᠢ ᠶᠢᠨ ᠵᠢᠯ ᠵᠠᠭᠤ ᠭᠠᠷᠤᠢ ᠵᠢᠩ ᠤᠨ ︽ᠪᠢᠳ︾ ᠭᠡᠰᠡᠨ ᠪᠡᠶ᠎ᠡ ᠲᠠᠢ ᠵᠠᠯᠠᠭᠤ | ᠪᠠᠶᠢᠭᠰᠠᠨ᠃ ᠣᠳᠤ ᠬᠠᠷᠢᠨ ᠵᠢᠷᠠ ᠲᠠᠯᠠᠨ ᠵᠢᠩ ᠤᠨ ᠪᠡᠶ᠎ᠡ ᠲᠠᠢ ᠲᠤᠷᠠᠩᠬᠠᠢ ᠡᠪᠥᠭᠡᠨ ᠪᠣᠯᠴᠢᠬᠠᠵᠠᠢ ᠂ ᠬᠥᠭᠡᠷᠥᠬᠦᠢ᠃ ᠰᠦᠮᠡᠡᠴᠡᠴᠡᠭ ᠲᠥᠲᠥᠪ ᠤᠨ ᠭᠠᠷ ᠢ | ᠠᠳᠬᠤᠵᠤ ︽ᠰᠤᠳᠠᠰᠤ︾ ᠶᠢ ᠨᠢ ᠪᠠᠷᠢᠵᠤ ᠥᠵᠡᠪᠡᠯ ᠬᠤᠷᠤᠭᠤ ᠨᠢ ᠭᠠᠵᠢᠵᠤ᠂ ᠬᠢᠮᠥᠰᠦ ᠨᠢ ᠬᠠᠷᠠᠯᠠᠵᠠᠢ ᠃ ᠠᠳᠡ ᠲᠡᠡᠳᠡ ᠨᠢ ᠢᠷᠲᠦ ᠬᠢᠲᠤᠭᠠᠨ ᠤ | ᠰᠣᠷᠪᠢ ᠦᠯᠡᠳᠡᠵᠡᠢ᠃ ᠡᠨᠡ ᠭᠠᠷ ᠲᠤᠬᠠᠢ ᠶᠢᠨ ᠵᠢᠯ ᠮᠢᠨᠥ ᠭᠠᠷ ᠢ ᠠᠳᠬᠤᠵᠤ ᠪᠠᠶᠢᠭᠰᠠᠨ ᠲᠥᠲᠥᠪ ᠤᠨ ᠭᠠᠷ ᠮᠥᠨ ᠦᠦ︖ ᠨᠠᠳᠠᠳᠤ ᠢᠨᠠᠭ ᠤᠨ ᠰᠢᠯᠥᠭ | ᠪᠢᠴᠢᠳᠡᠭ ᠪᠠᠶᠢᠭᠰᠠᠨ ᠤᠷᠠᠨ ᠬᠤᠷᠤᠭᠤ ᠨᠢ ᠡᠨᠡ ᠮᠥᠨ ᠭᠡᠵᠦ ᠦᠦ︖ ᠡᠬᠡᠨᠡᠷ ᠦᠭᠡᠢ᠂ ᠢᠳᠡᠵᠦ ᠣᠣᠭᠤᠬᠤ ᠳᠤ ᠪᠠᠨ ᠵᠥᠪ ᠦᠭᠡᠢ ᠪᠣᠯᠣᠭᠰᠠᠨ | ᠲᠥᠲᠥᠪ ᠮᠢᠨᠢ ᠣᠳᠤ ᠢᠩᠬᠢᠵᠤ ᠲᠠᠨᠢᠭᠳᠠᠰᠢ ᠦᠭᠡᠢ ᠡᠪᠥᠭᠡᠨ ᠪᠣᠯᠵᠤ ᠬᠤᠪᠢᠷᠠᠴᠢᠬᠠᠵᠠᠢ᠃ ᠠᠮᠠ ᠲᠥᠭᠦᠷᠡᠩ ᠬᠠᠰ ᠴᠠᠭᠠᠨ ᠰᠢᠳᠦ ᠲᠠᠢ ᠪᠠᠶᠢᠭᠰᠠᠨ᠂ | ᠣᠳᠤ ᠬᠠᠭᠠᠰ ᠨᠢ ᠤᠨᠠᠵᠤ᠂ ᠬᠠᠭᠠᠰ ᠨᠢ ᠡᠮᠲᠡᠷᠡᠵᠤ ᠤᠷᠤᠭᠤᠯ ᠨᠢ ᠪᠠᠰᠠ ᠡᠮᠰᠢᠢᠴᠢᠭᠡᠵᠡᠢ᠃ ᠡᠨᠡ ᠤᠷᠤᠭᠤᠯ ᠲᠤᠬᠠᠢ ᠶᠢᠨ ᠵᠢᠯ ᠨᠠᠮ᠎ᠠ ᠶᠢ ᠥᠨᠥᠰᠳᠡᠭ ᠪᠠᠶᠢᠭᠰᠠᠨ | ᠲᠥᠲᠥᠪ ᠤᠨ ᠤᠷᠤᠭᠤᠯ ᠮᠥᠨ ᠭᠡᠵᠦ ᠦᠦ︖ ᠲᠥᠲᠥᠪ ᠬᠡᠷᠪᠡ ᠨᠠᠮ᠎ᠠ ᠲᠠᠢ ᠪᠠᠨ ᠪᠠᠶᠢᠭᠰᠠᠨ ᠪᠣᠯ ᠠᠷᠠᠢ ᠡᠶᠢᠮᠦ ᠬᠡᠮᠵᠢᠶᠡᠨ ᠳᠤ ᠭᠥᠷᠥᠭᠰᠡᠨ ᠦᠭᠡᠢ ᠪᠠᠶᠢᠬ᠎ᠠ︾ | ᠬᠡᠬᠦᠴᠢᠯᠡᠨ ᠣᠯᠠᠨ ᠠᠷᠪᠢᠨ ᠢ ᠪᠤᠳᠤᠭᠠᠳ ︽ᠶᠡᠬᠦᠯᠡᠭᠰᠡᠨ ᠡᠮ︾ ᠤᠳ ᠢ ᠨᠢ ᠰᠣᠯᠢᠭᠠᠳ ᠰᠥᠨᠢᠵᠢᠨ ᠰᠠᠨᠠᠭ᠎ᠠ ᠨᠢ ᠵᠣᠪᠠᠵᠤ ᠲᠥᠲᠥᠪ ᠢ ᠮᠠᠨᠠᠵᠤ | ᠬᠤᠨᠣᠵᠠᠢ᠃ | ᠳᠠᠷᠠᠭ᠎ᠠ ᠡᠳᠥᠷ ᠤᠨ ᠬᠢᠨᠢ ᠦᠳᠡ ᠶᠢᠨ ᠥᠶᠡᠰ ᠲᠥᠲᠥᠪ᠄ ︽ᠠᠶ᠎ᠡ᠂ ᠴᠠᠩᠭᠠᠵᠤ ᠪᠠᠶᠢᠨ᠎ᠠ᠂ ᠴᠠᠩᠭᠠᠵᠤ ᠪᠠᠶᠢᠨ᠎ᠠ ︾ ᠬᠡᠵᠦ ᠮᠡᠳᠡᠭᠡ ᠤᠷᠤᠨ ᠦᠭᠡ ᠬᠡᠯᠡᠪᠡ᠃ | ᠨᠢᠳᠦ ᠪᠠᠨ ᠪᠥᠯᠳᠡᠶᠢᠵᠦ ᠬᠠᠷᠠᠵᠤ ᠪᠠᠶᠢᠭᠰᠠᠨ ᠢᠶᠠᠨ ᠰᠦᠮᠡᠡᠴᠡᠴᠡᠭ ᠪᠠᠶᠢᠬᠤ ᠶᠢ ᠥᠵᠡᠭᠡᠳ ᠨᠢᠳᠦ ᠪᠠᠨ ᠲᠠᠰᠤ ᠠᠨᠢᠴᠢᠬᠠᠯᠠ᠃ ᠰᠦᠮᠡᠡᠴᠡᠴᠡᠭ ᠬᠠᠯᠪᠠᠭ᠎ᠠ ᠪᠠᠷ | ᠠᠮᠠᠨ ᠳᠤ ᠨᠢ ᠤᠰᠤ ᠤᠤᠭᠤᠯᠭᠠᠵᠤ᠂ ᠰᠢᠩᠭᠡᠨ ᠪᠤᠳᠠᠭ᠎ᠠ ᠢᠳᠡᠬᠦᠯᠪᠡ᠃ ᠰᠡᠬᠦᠯᠡᠷ ᠨᠢ ᠰᠦᠮᠡᠡᠴᠡᠴᠡᠭ ᠢ ᠤᠷᠤᠵᠤ ᠢᠷᠡᠭᠰᠡᠭᠡᠷ ᠯᠠ ᠲᠥᠲᠥᠪ ᠨᠢᠳᠦ ᠪᠠᠨ ᠲᠠᠰᠤ | ᠠᠨᠢᠴᠢᠬᠠᠳᠠᠭ ᠪᠠᠶᠢᠯ᠎ᠠ᠃ ᠭᠡᠪᠡᠴᠦ ᠰᠦᠮᠡᠡᠴᠡᠴᠡᠭ ᠲᠣᠭᠲᠠᠭᠰᠠᠨ ᠴᠠᠭ ᠲᠤ ᠨᠢ ︽ᠪᠡᠶ᠎ᠡ ᠶᠢᠨ ᠬᠠᠯᠠᠭᠤᠨ︾ ᠢ ᠨᠢ ᠬᠡᠮᠵᠢᠨ᠂ ᠡᠮ ᠢ ᠨᠢ ᠣᠣᠭᠤᠯᠭᠠᠵᠤ᠂ ᠡᠮ ᠢ | ᠨᠢ ᠶᠡᠬᠦᠯᠡᠵᠤ᠂ ᠰᠢᠷᠬ᠎ᠠ ᠶᠢᠨ ᠪᠣᠭᠤᠯᠲᠠ ᠶᠢ ᠨᠢ ᠰᠣᠯᠢᠵᠤ᠂ ᠨᠢᠭᠤᠷ ᠴᠢᠷᠠᠢ ᠶᠢ ᠨᠢ ᠨᠤᠶᠢᠲᠠᠨ ᠠᠯᠴᠢᠭᠤᠷ ᠢᠶᠠᠷ ᠵᠥᠯᠭᠦᠨ ᠥᠭᠳᠡᠭ ᠪᠠᠶᠢᠪᠠ ᠃ | ᠲᠥᠲᠥᠪ ᠡᠴᠥᠰ ᠲᠤ ᠪᠠᠨ ᠡᠷᠡᠭᠦᠯᠵᠡᠭᠡᠳ ᠡᠮᠨᠡᠯᠭᠡ ᠠᠴᠠ ᠭᠠᠷᠬᠤ ᠪᠠᠷ ᠪᠣᠯᠪᠠ᠃ ᠲᠥᠲᠥᠪ ᠳᠡᠷᠭᠡᠲᠡ ᠨᠢ ᠰᠦᠮᠡᠡᠴᠡᠴᠡᠭ ᠠᠴᠠ ᠥᠭᠡᠷ᠎ᠡ ᠭᠥᠮᠥᠨ | ᠪᠠᠶᠢᠭᠰᠠᠨ ᠦᠭᠡᠢ ᠲᠤᠯᠠ ᠳᠤᠤᠷ᠎ᠠ ᠳᠠᠭᠤ ᠪᠠᠷ᠄ ︽ᠲᠣᠭᠠᠴᠠᠯ ᠮᠠᠭᠤᠲᠠᠢ ᠲᠥᠲᠥᠪ ᠪᠢ᠂ ᠲᠤᠩ ᠴᠦ ᠳᠤᠮᠤᠭ᠎ᠠ ᠦᠭᠡᠢ ᠶᠠᠪᠤᠯ᠎ᠠ᠂ ᠲᠤᠭᠤᠶᠠᠲᠠᠵᠤ ᠬᠠᠶᠠᠭᠰᠠᠨ | ᠰᠥᠮᠡᠡᠴᠡᠴᠡᠭ ᠢᠶᠠᠷ ᠲᠣᠯᠣᠭᠠᠢ ᠪᠠᠨ ᠡᠮᠨᠡᠬᠦᠯᠥᠭᠡᠳ ᠡᠷᠡᠭᠦᠯᠵᠢᠯᠡ᠂ ᠭᠤᠯᠣᠵᠤ ᠬᠠᠶᠠᠭᠰᠠᠨ ᠰᠥᠮᠡᠡᠴᠡᠴᠡᠭ ᠭᠤᠣᠯ ᠠᠮᠢ ᠶᠢ ᠮᠢᠨᠢ ᠠᠪᠤᠷᠠᠯ᠎ᠠ︕︾ ᠭᠡᠵᠦ ᠭᠤᠷᠪᠠᠨ | ᠲᠣᠯᠣᠭᠠᠢ ᠮᠥᠷᠭᠦᠴᠢᠭᠡᠪᠡ ᠃ | ᠰᠥᠮᠡᠡᠴᠡᠴᠡᠭ ᠢᠨᠢᠶᠡᠳᠦ ᠠᠯᠳᠠᠭᠰᠠᠭᠠᠷ ᠬᠠᠷᠮᠠᠨ ᠠᠴᠠ ᠪᠠᠨ ᠬᠤᠶᠠᠷ ᠵᠠᠭᠤᠨ ᠲᠥᠭᠦᠷᠢᠭ ᠭᠠᠷᠭᠠᠵᠤ ᠭᠠᠷᠳᠠᠭᠤᠯᠵᠤ ᠥᠭᠭᠦᠭᠡᠳ ᠲᠥᠲᠥᠪ ᠢ ᠲᠥᠰᠢᠵᠦ | ᠲᠤᠷᠠᠩᠬᠠᠢ ᠡᠯᠵᠢᠬᠡᠨ ᠳᠤ ᠨᠢ ᠤᠨᠤᠭᠤᠯᠵᠤ ᠮᠣᠷᠳᠠᠭᠤᠯᠪᠠ᠂᠂᠂᠂ | |