ᠣᠲᠤᠭ ᠡᠮᠦᠨᠡᠲᠦ ᠵᠠᠰᠠᠭ ᠲᠠᠷᠬᠠᠭᠠᠬᠤ ﹇2024﹈ 9 ᠲᠤᠭᠠᠲᠤ
ᠨᠡᠶᠢᠲᠡᠯᠡᠭᠰᠡᠨ ᠴᠠᠭ᠄
2024/6/21
      ︽ᠣᠲᠤᠭ ᠤᠨ ᠡᠮᠦᠨᠡᠲᠦ ᠬᠤᠰᠢᠭᠤᠨ ᠤ ᠣᠯᠣᠰ ᠤᠨ ᠴᠢᠬᠤᠯᠠ ᠮᠠᠯ ᠲᠠᠷᠢᠶᠠᠯᠠᠩ ᠤᠨ ᠪᠦᠲᠦᠬᠡᠭᠳᠡᠬᠦᠨ ᠤ ᠦᠢᠯᠡᠳᠪᠦᠷᠢᠯᠡᠯ ᠤᠨ       ᠰᠠᠭᠤᠷᠢᠨ ᠢ ᠴᠢᠨᠠᠷᠯᠢᠭ ᠪᠠᠶᠢᠭᠤᠯᠵᠤ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ ᠳᠠᠭᠤᠷᠢᠶᠠᠯ ᠣᠷᠣᠨ ᠢ ᠲᠦᠷᠭᠡᠳᠬᠡᠨ        ᠪᠠᠶᠢᠭᠤᠯᠬᠤ ᠲᠦᠷᠦ ᠶᠢᠨ ᠪᠤᠳᠤᠯᠭ᠎ᠠ ᠶᠢᠨ ᠠᠷᠭ᠎ᠠ ᠠᠪᠴᠠᠯ ᠤᠳ︾ ᠢ ᠳᠠᠷᠤᠮᠠᠯᠯᠠᠨ ᠲᠠᠷᠬᠠᠭᠠᠬᠤ ᠲᠤᠬᠠᠢ ᠣᠲᠤᠭ ᠤᠨ         ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠡᠳᠡᠭᠳᠡᠯᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠬᠠᠮᠢᠶᠠᠷᠤᠯᠲᠠ ᠶᠢᠨ ᠵᠦᠪᠯᠡᠯ᠂  ᠡᠯ᠎ᠡ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ ᠬᠤᠯᠪᠤᠭᠳᠠᠯ ᠪᠦᠬᠦᠢ ᠰᠠᠯᠠᠭ᠎ᠠ ᠮᠦᠴᠢᠷ᠂ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠬᠡᠴᠡ᠄     ︽ᠣᠲᠤᠭ ᠤᠨ ᠡᠮᠦᠨᠡᠲᠦ ᠬᠤᠰᠢᠭᠤᠨ ᠤ ᠣᠯᠣᠰ ᠤᠨ ᠴᠢᠬᠤᠯᠠ ᠮᠠᠯ ᠲᠠᠷᠢᠶᠠᠯᠠᠩ ᠤᠨ ᠪᠦᠲᠦᠬᠡᠭᠳᠡᠬᠦᠨ ᠤ ᠦᠢᠯᠡᠳᠪᠦᠷᠢᠯᠡᠯ ᠤᠨ ᠰᠠᠭᠤᠷᠢᠨ ᠢ ᠴᠢᠨᠠᠷᠯᠢᠭ ᠪᠠᠶᠢᠭᠤᠯᠵᠤ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ ᠳᠠᠭᠤᠷᠢᠶᠠᠯ ᠣᠷᠣᠨ ᠢ ᠲᠦᠷᠭᠡᠳᠬᠡᠨ ᠪᠠᠶᠢᠭᠤᠯᠬᠤ ᠲᠦᠷᠦ ᠶᠢᠨ ᠪᠤᠳᠤᠯᠭ᠎ᠠ ᠶᠢᠨ ᠠᠷᠭ᠎ᠠ ᠠᠪᠴᠠᠯ  ᠤᠳ︾ ᠢ ᠬᠤᠰᠢᠭᠤ ᠠᠷᠠᠳ ᠤᠨ ᠵᠠᠰᠠᠭ ᠤᠨ ᠣᠷᠳᠣᠨ ᠢᠶᠠᠷ ᠵᠦᠪᠰᠢᠶᠡᠷᠡᠬᠦᠯᠦᠭᠡᠳ᠂ ᠡᠳᠦᠬᠡ ᠲᠠᠨᠠᠷ ᠲᠤ ᠳᠠᠷᠤᠮᠠᠯᠯᠠᠨ ᠲᠠᠷᠬᠠᠭᠠᠯ᠎ᠠ᠂ ᠪᠤᠲᠠᠲᠠᠢ ᠲᠠᠢ ᠪᠠᠨ ᠣᠶᠠᠯᠳᠣᠭᠤᠯᠵᠣ᠂ ᠬᠢᠨᠠᠮᠠᠭᠠᠢ ᠲᠤᠤᠱᠯᠠᠭᠤᠯᠤᠨ ᠬᠡᠷᠡᠭᠵᠢᠬᠦᠯᠰᠦᠬᠡᠢ᠃                                          ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ                                                  2024 ᠣᠨ ᠤ 3 ᠰᠠᠷ᠎ᠠ ᠶᠢᠨ 19 ᠤ ᠡᠳᠦᠷ            ᠣᠲᠤᠭ ᠤᠨ ᠡᠮᠦᠨᠡᠲᠦ ᠬᠤᠰᠢᠭᠤᠨ ᠤ ᠣᠯᠣᠰ ᠤᠨ ᠴᠢᠬᠤᠯᠠ ᠮᠠᠯ ᠲᠠᠷᠢᠶᠠᠯᠠᠩ ᠤᠨ ᠪᠦᠲᠦᠬᠡᠭᠳᠡᠬᠦᠨ ᠤ            ᠦᠢᠯᠡᠳᠪᠦᠷᠢᠯᠡᠯ ᠤᠨ ᠰᠠᠭᠤᠷᠢᠨ ᠢ ᠴᠢᠨᠠᠷᠯᠢᠭ ᠪᠠᠶᠢᠭᠤᠯᠵᠤ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ             ᠳᠠᠭᠤᠷᠢᠶᠠᠯ ᠣᠷᠣᠨ ᠢ ᠲᠦᠷᠭᠡᠳᠬᠡᠨ ᠪᠠᠶᠢᠭᠤᠯᠬᠤ ᠲᠦᠷᠦ ᠶᠢᠨ ᠪᠤᠳᠤᠯᠭ᠎ᠠ ᠶᠢᠨ ᠠᠷᠭ᠎ᠠ ᠠᠪᠴᠠᠯ ᠤᠳ      ᠨᠠᠮ ᠤᠨ ᠬᠤᠷᠢᠳᠣᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠬᠦᠨᠵᠡᠬᠡᠢ ᠲᠤᠤᠱᠯᠠᠭᠤᠯᠵᠤ᠂ ᠣᠯᠣᠰ ᠤᠨ ᠴᠢᠬᠤᠯᠠ ᠮᠠᠯ ᠲᠠᠷᠢᠶᠠᠯᠠᠩ ᠤᠨ ᠪᠦᠲᠦᠬᠡᠭᠳᠡᠬᠦᠨ  ᠤ ᠦᠢᠯᠡᠳᠪᠦᠷᠢᠯᠡᠯ ᠤᠨ ᠰᠠᠭᠤᠷᠢᠨ ᠢ ᠪᠠᠶᠢᠭᠤᠯᠬᠤ ᠪᠠ ᠪᠦᠬᠦ ᠬᠤᠲᠠ ᠶᠢᠨ ᠨᠢᠬᠡᠳᠦᠬᠡᠷ ᠠᠵᠤ ᠦᠢᠯᠡᠰ ᠢ ᠳᠠᠬᠢᠨ ᠴᠤᠭᠴᠠᠯᠠᠬᠤ ᠱᠠᠭᠠᠷᠳᠠᠯᠭ᠎ᠠ ᠳᠤ ᠠᠩᠬᠠᠷᠤᠯ ᠢᠶᠠᠨ ᠲᠦᠪᠯᠡᠷᠡᠬᠦᠯᠦᠨ᠂ ᠲᠦᠪ᠂ ᠦᠪᠡᠷᠲᠡᠭᠡᠨ ᠵᠠᠰᠠᠬᠤ ᠣᠷᠣᠨ᠂ ᠬᠤᠲᠠ ᠶᠢᠨ ᠮᠠᠯ ᠲᠠᠷᠢᠶᠠᠯᠠᠩ ᠳᠤ ᠬᠤᠯᠪᠤᠭᠳᠠᠬᠤ ᠲᠦᠷᠦ ᠶᠢᠨ ᠪᠤᠳᠣᠯᠭ᠎ᠠ ᠶᠢᠨ ᠲᠦᠷᠦᠯ ᠵᠦᠢᠯ ᠪᠠ ᠪᠡᠯᠡ ᠮᠦᠩᠭᠦ ᠶᠢ ᠨᠢᠭᠡᠳᠦᠯᠲᠡᠢ ᠲᠦᠯᠦᠪᠵᠢᠬᠦᠯᠵᠦ᠂ ᠮᠠᠯ ᠲᠠᠷᠢᠶᠠᠯᠠᠩ ᠤᠨ ᠠᠵᠤ ᠦᠢᠯᠡᠰ ᠤᠨ ︽ᠬᠡᠪᠴᠢᠶᠡᠵᠢᠭᠰᠡᠨ᠂ ᠠᠵᠤ ᠦᠢᠯᠡᠰᠴᠢᠯᠡᠭᠰᠡᠨ᠂ ᠨᠡᠷ᠎ᠡ ᠲᠡᠮᠲᠡᠭᠴᠢᠯᠡᠭᠰᠡᠨ᠂ ᠲᠤᠭᠠᠴᠠᠯᠠᠭᠰᠠᠨ︾ ᠬᠦᠭᠵᠢᠯᠲᠡ ᠶᠢ ᠠᠬᠢᠭᠤᠯᠤᠨ᠂ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ ᠳᠠᠭᠤᠷᠢᠶᠠᠯ ᠣᠷᠣᠨ ᠢ ᠪᠠᠶᠢᠭᠤᠯᠬᠤ  ᠶᠢᠨ ᠲᠤᠰᠠᠳᠠ᠂ ᠮᠠᠨ ᠤ ᠬᠤᠰᠢᠭᠤᠨ ᠤ ᠪᠤᠲᠠᠲᠠᠢ ᠲᠠᠢ ᠪᠠᠨ ᠣᠶᠠᠯᠳᠣᠭᠤᠯᠣᠨ᠂ ᠳᠣᠣᠷᠠᠬᠢ ᠲᠦᠷᠦ ᠶᠢᠨ ᠪᠤᠳᠤᠯᠭ᠎ᠠ ᠶᠢ ᠲᠤᠭᠲᠠᠭᠠᠪᠠ᠃     ᠨᠢᠭᠡ᠂ ᠳᠠᠪᠠᠭᠤᠯᠢᠭ ᠣᠨᠴᠠᠯᠢᠭᠲᠤ ᠠᠵᠤ ᠦᠢᠯᠡᠰ ᠢ ᠬᠦᠭᠵᠢᠬᠦᠯᠵᠦ᠂ ᠮᠠᠯ ᠲᠠᠷᠢᠶᠠᠯᠠᠩ ᠤᠨ ᠠᠵᠤ ᠦᠢᠯᠡᠰ ᠤᠨ ᠬᠡᠪᠴᠢᠶᠡᠵᠢᠭᠰᠡᠨ ᠬᠦᠭᠵᠢᠯᠲᠡ ᠶᠢ ᠠᠬᠢᠭᠤᠯᠤᠨ᠎ᠠ     ︵ᠨᠢᠭᠡ︶ ᠲᠠᠷᠢᠮᠠᠯ ᠤᠨ ᠦᠢᠯᠡᠰ ᠤᠨ ᠬᠦᠭᠵᠢᠯᠲᠡ ᠶᠢᠨ ᠬᠢᠷᠢ ᠳᠦᠪᠰᠢᠨ ᠢ ᠳᠡᠭᠡᠭᠰᠢᠯᠡᠬᠦᠯᠦᠨ᠎ᠡ    1. ᠦᠨᠳᠦᠷ ᠪᠠᠷᠢᠮᠵᠢᠶᠠᠲᠤ ᠲᠠᠷᠢᠶᠠᠨ ᠭᠠᠵᠠᠷ ᠤᠨ ᠪᠠᠶᠢᠭᠤᠯᠤᠯᠲᠠ ᠶᠢ ᠴᠢᠩᠭᠠᠳᠬᠠᠨ᠎ᠠ᠃ ᠡᠬᠦᠷᠢᠳᠡ ᠶᠢᠨ ᠦᠨᠳᠦᠰᠦᠨ ᠲᠠᠷᠢᠶᠠᠨ ᠭᠠᠵᠠᠷ ᠢ ᠦᠨᠳᠦᠷ ᠪᠠᠷᠢᠮᠵᠢᠶᠠᠲᠤ ᠲᠠᠷᠢᠶᠠᠨ ᠭᠠᠵᠠᠷ ᠪᠤᠯᠭᠠᠨ ᠠᠯᠬᠤᠮ ᠠᠯᠬᠤᠮ ᠢᠶᠠᠷ ᠪᠠᠶᠢᠭᠤᠯᠤᠨ᠂ ᠲᠤᠰᠬᠠᠢ ᠲᠦᠷᠦᠯ ᠤᠨ ᠦᠭᠴᠡᠭᠡᠨ ᠲᠡᠮᠲᠡᠭ ᠭᠤᠶᠤᠴᠢᠯᠠᠬᠤ᠂ ᠮᠦᠩᠭᠦᠨ ᠬᠦᠢᠯᠬᠡᠬᠡᠨ ᠤ ᠵᠢᠭᠡᠯᠡᠯᠭᠡ ᠶᠢᠨ ᠬᠦᠦ ᠮᠦᠩᠭᠦ ᠶᠢ ᠣᠷᠣᠯᠠᠨ ᠦᠭᠭᠦ᠂ ᠨᠡᠶᠢᠬᠡᠮ ᠤᠨ ᠪᠡᠯᠡ ᠮᠦᠩᠭᠦ ᠶᠢ ᠣᠷᠣᠭᠤᠯᠣᠨ ᠠᠪᠴᠢᠷᠠᠬᠤ᠂ ᠣᠷᠢᠳᠠᠪᠠᠷ ᠪᠠᠶᠢᠭᠤᠯᠵᠤ ᠰᠡᠬᠦᠯᠡᠷ ᠨᠦᠬᠦᠪᠦᠷᠢᠯᠡᠬᠦ ᠪᠠ ᠬᠦᠳᠡᠯᠮᠦᠷᠢᠯᠡᠬᠦ ᠪᠠᠷ ᠳᠡᠳᠬᠦᠬᠦ ᠶᠢ ᠣᠷᠣᠯᠠᠭᠤᠯᠬᠤ ᠵᠡᠷᠭᠡ ᠠᠷᠭ᠎ᠠ ᠮᠠᠶ᠋ᠢᠭ ᠢᠶᠠᠷ ᠦᠨᠳᠦᠷ ᠪᠠᠷᠢᠮᠵᠢᠶᠠᠲᠤ ᠲᠠᠷᠢᠶᠠᠨ ᠭᠠᠵᠠᠷ ᠤᠨ ᠪᠠᠶᠢᠭᠤᠯᠤᠯᠲᠠ ᠶᠢ ᠠᠬᠢᠭᠤᠯᠤᠨ᠎ᠠ᠃ ᠠᠮᠤ ᠪᠤᠳᠠᠭᠠᠨ ᠤ ᠭᠤᠤᠯᠳᠠᠯᠭᠠᠲᠤ ᠭᠠᠷᠤᠯᠲᠠ ᠶᠢᠨ ᠣᠷᠣᠨ ᠪᠠ ᠬᠡᠪᠴᠢᠶᠡᠵᠢᠭᠰᠡᠨ ᠲᠠᠷᠢᠮᠠᠯ ᠤᠨ ᠣᠷᠣᠨ ᠤ ᠪᠠᠶᠢᠭᠤᠯᠤᠯᠲᠠ ᠶᠢ ᠲᠡᠷᠢᠬᠦᠨ ᠳᠤ ᠳᠡᠮᠵᠢᠵᠦ᠂ ᠲᠦᠬᠡᠮᠡᠯᠵᠢᠬᠦᠯᠵᠦ ᠪᠤᠯᠬᠤ᠂ ᠬᠠᠭᠤᠯᠪᠤᠷᠢᠯᠠᠵᠤ ᠪᠤᠯᠬᠤ ᠦᠨᠳᠦᠷ ᠪᠠᠷᠢᠮᠵᠢᠶᠠᠲᠤ ᠵᠢᠱᠢᠶ᠎ᠡ ᠦᠵᠡᠬᠦᠯᠬᠦ ᠲᠠᠷᠢᠶᠠᠨ ᠭᠠᠵᠠᠷ ᠢ ᠪᠠᠶᠢᠭᠤᠯᠤᠨ᠂ ᠲᠦᠪ᠂ ᠦᠪᠡᠷᠲᠡᠭᠡᠨ ᠵᠠᠰᠠᠬᠤ ᠣᠷᠣᠨ ᠤ ᠨᠦᠬᠦᠪᠦᠷᠢ ᠮᠦᠩᠭᠦ ᠶᠢ ᠨᠠᠶᠢᠲᠠᠪᠤᠷᠢᠵᠢᠭᠤᠯᠤᠭᠰᠠᠨ ᠰᠠᠭᠤᠷᠢᠨ ᠳᠡᠭᠡᠷ᠎ᠡ᠂ ᠬᠤᠲᠠ ᠶᠢᠨ ᠱᠠᠲᠤᠨ ᠤ ᠱᠠᠩᠨᠠᠬᠤ ᠪᠠᠷ ᠨᠦᠬᠦᠪᠦᠷᠢᠯᠡᠬᠦ ᠶᠢ ᠣᠷᠣᠯᠠᠭᠤᠯᠬᠤ ᠪᠡᠯᠡ ᠮᠦᠩᠭᠦ ᠶᠢᠨ ᠳᠡᠮᠵᠢᠯᠬᠡ ᠶᠢ ᠣᠯᠬᠤ ᠪᠠᠷ ᠴᠢᠷᠮᠠᠶᠢᠨ᠎ᠠ᠃     2. ᠠᠮᠣ ᠪᠤᠳᠠᠭ᠎ᠠ ᠪᠠ ᠴᠢᠬᠤᠯᠠ ᠲᠠᠷᠢᠶᠠᠯᠠᠩ ᠤᠨ ᠪᠦᠲᠦᠬᠡᠭᠳᠡᠬᠦᠨ ᠤ ᠬᠠᠩᠭᠠᠯᠭ᠎ᠠ ᠶᠢ ᠴᠢᠩᠭᠠᠳᠬᠠᠨ᠎ᠠ᠃ ᠠᠮᠣ ᠪᠤᠳᠠᠭᠠᠨ ᠤ ᠲᠠᠷᠢᠮᠠᠯ ᠤᠨ ᠲᠠᠯᠠᠪᠠᠢ ᠶᠢᠨ ᠣᠨᠠᠯᠲᠠ ᠶᠢ ᠶᠡᠭᠡ ᠬᠡᠮᠵᠢᠶ᠎ᠡ ᠪᠠᠷ ᠳᠡᠭᠡᠭᠰᠢᠯᠡᠬᠦᠯᠬᠦ ᠠᠵᠢᠯᠯᠠᠭ᠎ᠠ ᠶᠢ ᠬᠡᠷᠡᠭᠵᠢᠬᠦᠯᠦᠨ᠂ ᠠᠮᠣ ᠪᠤᠳᠠᠭᠠᠨ ᠤ ᠲᠠᠷᠢᠮᠠᠯ ᠤᠨ ᠲᠠᠯᠠᠪᠠᠢ ᠶᠢ ᠲᠤᠭᠲᠠᠪᠤᠷᠢᠵᠢᠭᠤᠯᠵᠤ᠂ ᠣᠨᠠᠯᠲᠠ ᠶᠢᠨ ᠬᠢᠷᠢ ᠳᠦᠪᠰᠢᠨ ᠢ ᠳᠡᠭᠡᠭᠰᠢᠯᠡᠬᠦᠯᠦᠨ᠂ ᠣᠨᠴᠠᠯᠢᠭᠲᠤ ᠲᠠᠷᠢᠮᠠᠯ ᠤᠨ ᠣᠨᠠᠯᠲᠠ ᠵᠢᠴᠢ ᠦᠷ᠎ᠡ ᠠᠰᠢᠭ ᠢ ᠳᠡᠭᠡᠭᠰᠢᠯᠡᠬᠦᠯᠵᠦ᠂ ᠲᠠᠷᠢᠶᠠᠨ ᠭᠠᠵᠠᠷ ᠤᠨ ᠭᠠᠵᠠᠷ ᠤᠨ ᠬᠦᠴᠦᠨ ᠤ ᠬᠠᠮᠠᠭᠠᠯᠠᠯᠲᠠ ᠶᠢᠨ ᠨᠦᠬᠦᠪᠦᠷᠢ ᠪᠠ ᠡᠷᠳᠡᠨᠢ ᠰᠢᠰᠢ ᠰᠢᠷ᠎ᠠ ᠪᠤᠷᠴᠠᠭ ᠤᠨ ᠦᠢᠯᠡᠳᠪᠦᠷᠢᠯᠡᠭᠴᠢ ᠳᠤ ᠨᠦᠬᠦᠪᠦᠷᠢ ᠦᠭᠭᠦ ᠲᠦᠷᠦ ᠶᠢᠨ ᠪᠤᠳᠤᠯᠭ᠎ᠠ ᠶᠢ ᠦᠷᠬᠦᠯᠵᠢᠯᠡᠨ ᠬᠡᠷᠡᠭᠵᠢᠬᠦᠯᠦᠨ᠎ᠡ᠃     3. ᠬᠠᠭᠤᠷᠠᠢ ᠰᠣᠷᠭᠤᠭ ᠬᠤᠶᠠᠷ ᠬᠡᠷᠡᠭᠴᠡᠭᠡᠲᠦ ᠯᠠᠵᠤᠤ ᠶᠢᠨ ᠲᠠᠷᠢᠮᠠᠯ ᠢ ᠳᠡᠮᠵᠢᠨ᠎ᠡ᠃ ᠬᠠᠭᠤᠷᠠᠢ ᠰᠣᠷᠭᠤᠭ ᠬᠤᠶᠠᠷ ᠬᠡᠷᠡᠭᠴᠡᠭᠡᠲᠦ ᠯᠠᠵᠤᠤ ᠲᠠᠷᠢᠬᠤ ᠶᠢ ᠲᠦᠬᠡᠮᠡᠯᠵᠢᠬᠦᠯᠦᠨ᠂ ᠬᠠᠤᠯᠢ ᠶᠤᠰᠣᠨ ᠤ ᠣᠰᠣᠯᠠᠯᠲᠠ ᠶᠢᠨ ᠭᠠᠵᠠᠷ ᠳᠡᠭᠡᠷ᠎ᠡ ᠲᠠᠷᠢᠭᠰᠠᠨ ᠡᠵᠡᠩᠨᠡᠯᠲᠡ ᠶᠢᠨ ᠭᠤᠤᠯ ᠴᠣᠭᠴᠠ ᠳᠤ ᠨᠢ ᠮᠣ᠋ ᠪᠦᠷᠢ ᠳᠤ 300 ᠲᠦᠬᠦᠷᠢᠭ ᠤᠨ ᠴᠢᠬᠢ ᠪᠤᠶᠢᠵᠢᠭᠤᠯᠬᠤ ᠨᠦᠬᠦᠪᠦᠷᠢ ᠤᠯᠭᠤᠨ᠎ᠠ︔ ᠦᠨᠳᠦᠷ ᠪᠦᠲᠦᠮᠵᠢᠲᠡᠢ ᠣᠰᠣ ᠪᠤᠷᠳᠣᠭᠤᠷ ᠶᠢ  ᠴᠤᠭᠴᠠᠵᠢᠭᠤᠯᠤᠭᠰᠠᠨ ᠳᠦᠬᠦᠬᠡᠷᠦᠮᠵᠢ ᠬᠡᠷᠡᠭᠯᠡᠭᠰᠡᠨ ᠳᠤ ᠨᠢ ᠮᠣ᠋ ᠪᠦᠷᠢ ᠳᠤ 80 ᠲᠦᠬᠦᠷᠢᠭ ᠤᠨ ᠨᠦᠬᠦᠪᠦᠷᠢ ᠤᠯᠭᠤᠨ᠎ᠠ᠃ ᠨᠡᠶᠢᠬᠡᠮᠴᠢᠯᠡᠭᠰᠡᠨ ᠦᠢᠯᠡᠴᠢᠯᠡᠬᠡᠨ ᠤ ᠲᠦᠷᠦᠯ ᠵᠦᠢᠯ ᠢ ᠲᠡᠷᠢᠬᠦᠨ ᠳᠤ ᠳᠡᠮᠵᠢᠨ᠎ᠡ᠃     4. ᠨᠠᠷᠠᠨ ᠬᠦᠯᠡᠮᠵᠢ ᠶᠢ ᠰᠢᠨ᠎ᠡ ᠪᠠᠷ ᠪᠠᠶᠢᠭᠤᠯᠤᠨ᠎ᠠ᠃ ᠬᠠᠷᠢᠴᠠᠩᠭᠤᠢ ᠪᠠᠷ ᠲᠦᠪᠯᠡᠷᠡᠨ ᠵᠠᠯᠭᠠᠯᠳᠣᠭᠰᠠᠨ 30 ᠮᠣ᠋ ᠠᠴᠠ ᠳᠡᠭᠡᠭᠰᠢ ᠰᠢᠨ᠎ᠡ ᠪᠠᠷ ᠪᠠᠶᠢᠭᠤᠯᠤᠭᠠᠳ᠂ ᠮᠠᠯ ᠲᠠᠷᠢᠶᠠᠯᠠᠩ ᠤᠨ ᠰᠠᠯᠠᠭ᠎ᠠ ᠮᠦᠴᠢᠷ ᠢᠶᠠᠷ ᠬᠢᠨᠠᠨ ᠬᠠᠷᠭᠤᠭᠤᠯᠵᠤ ᠳᠠᠩᠰᠠᠯᠠᠭᠤᠯᠤᠭᠰᠠᠨ ᠮᠠᠯᠴᠢᠨ ᠲᠠᠷᠢᠶᠠᠴᠢᠳ ᠲᠤ ᠬᠦᠯᠡᠮᠵᠢ ᠶᠢᠨ ᠲᠡᠯᠡᠪᠡᠢ  ᠪᠠᠷ ᠮᠣ᠋ ᠪᠦᠷᠢ ᠳᠤ 6 ᠲᠦᠮᠡᠨ ᠲᠦᠬᠦᠷᠢᠭ ᠨᠦᠬᠦᠪᠦᠷᠢᠯᠡᠨ᠎ᠡ᠃     5. ᠰᠦᠯᠢᠶᠤᠤ ᠬᠦᠯᠡᠮᠵᠢ ᠶᠢ ᠰᠢᠨ᠎ᠡ ᠪᠠᠷ ᠪᠠᠶᠢᠭᠤᠯᠤᠨ᠎ᠠ᠃  ᠬᠠᠷᠢᠴᠠᠩᠭᠤᠢ ᠪᠠᠷ ᠲᠦᠪᠯᠡᠷᠡᠨ ᠵᠠᠯᠭᠠᠯᠳᠣᠭᠰᠠᠨ 50 ᠮᠣ᠋ ᠠᠴᠠ ᠳᠡᠭᠡᠭᠰᠢ ᠰᠢᠨ᠎ᠡ ᠪᠠᠷ ᠪᠠᠶᠢᠭᠤᠯᠤᠭᠠᠳ᠂ ᠮᠠᠯ ᠲᠠᠷᠢᠶᠠᠯᠠᠩ ᠤᠨ ᠰᠠᠯᠠᠭ᠎ᠠ ᠮᠦᠴᠢᠷ ᠢᠶᠠᠷ ᠬᠢᠨᠠᠨ ᠬᠠᠷᠭᠤᠭᠤᠯᠵᠤ ᠳᠠᠩᠰᠠᠯᠠᠭᠤᠯᠤᠭᠰᠠᠨ ᠪᠣᠯ᠂ ᠪᠠᠶᠢᠭᠤᠯᠤᠯᠲᠠ ᠶᠢᠨ ᠵᠠᠷᠤᠳᠠᠯ ᠤᠨ 40%  ᠪᠠᠷ ᠨᠦᠬᠦᠪᠦᠷᠢᠯᠡᠵᠦ᠂ ᠬᠦᠯᠡᠮᠵᠢ ᠶᠢᠨ ᠲᠠᠯᠠᠪᠠᠢ ᠪᠠᠷ ᠮᠣ᠋ ᠪᠦᠷᠢ ᠶᠢᠨ ᠨᠦᠬᠦᠪᠦᠷᠢ ᠶᠢ 1 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃     6. ᠰᠣᠯᠠ ᠪᠠᠶᠢᠭ᠎ᠠ ᠬᠠᠭᠤᠴᠢᠨ ᠬᠠᠶᠠᠭᠳᠠᠮᠠᠯ ᠬᠦᠯᠡᠮᠵᠢ ᠶᠢ ᠰᠡᠯᠪᠢᠨ ᠵᠠᠰᠠᠨ᠎ᠠ᠃ ᠨᠢᠬᠡᠨᠲᠡ ᠪᠠᠶᠢᠭᠤᠯᠤᠭᠰᠠᠨ ᠬᠠᠷᠢᠴᠠᠩᠭᠤᠢ ᠪᠠᠷ ᠲᠦᠪᠯᠡᠷᠡᠨ ᠵᠠᠯᠭᠠᠯᠳᠣᠭᠰᠠᠨ 10 ᠮᠣ᠋ ᠠᠴᠠ ᠳᠡᠭᠡᠭᠰᠢ᠂ 2 ᠵᠢᠯ ᠠᠴᠠ ᠳᠡᠭᠡᠭᠰᠢ ᠬᠤᠭᠤᠴᠠᠭ᠎ᠠ ᠲᠠᠢ ᠣᠷᠬᠢᠭᠰᠠᠨ ᠬᠠᠭᠤᠴᠢᠨ ᠬᠦᠯᠡᠮᠵᠢ ᠶᠢ ᠰᠡᠯᠪᠢᠨ ᠵᠠᠰᠠᠬᠤ ᠪᠠᠷ ᠳᠠᠮᠵᠢᠨ ᠳᠠᠬᠢᠨ ᠠᠰᠢᠭᠯᠠᠪᠠᠯ᠂ ᠰᠡᠯᠪᠢᠨ ᠵᠠᠰᠠᠬᠤ ᠣᠷᠣᠭᠤᠯᠣᠯᠲᠠ ᠶᠢᠨ 40% ᠶᠢ ᠨᠦᠬᠦᠪᠦᠷᠢᠯᠡᠵᠦ᠂ ᠬᠦᠯᠡᠮᠵᠢ ᠶᠢᠨ ᠲᠠᠯᠠᠪᠠᠢ ᠪᠠᠷ ᠮᠣ᠋ ᠪᠦᠷᠢ ᠶᠢᠨ ᠨᠦᠬᠦᠪᠦᠷᠢ ᠶᠢ 2 ᠲᠦᠮᠡᠨ ᠲᠦᠬᠦᠷᠢᠭ  ᠠᠴᠠ ᠳᠠᠪᠠᠭᠤᠯᠬᠤ ᠦᠬᠡᠢ᠃     7. ᠳᠦᠬᠦᠬᠡᠷᠦᠮᠵᠢᠲᠤ ᠲᠠᠷᠢᠶᠠᠯᠠᠩ ᠤᠨ ᠦᠢᠯᠡᠰ ᠤᠨ ᠲᠠᠯᠠᠪᠠᠢ ᠶᠢ ᠨᠡᠮᠡᠭᠳᠡᠬᠦᠯᠦᠨ᠎ᠡ᠃ ᠰᠢᠨ᠎ᠡ ᠪᠠᠷ ᠪᠠᠶᠢᠭᠤᠯᠤᠭᠰᠠᠨ ᠳᠦᠬᠦᠬᠡᠷᠦᠮᠵᠢᠲᠤ ᠲᠠᠷᠢᠶᠠᠯᠠᠩ ᠤᠨ ᠦᠢᠯᠡᠰ ᠤᠨ ᠲᠠᠯᠠᠪᠠᠢ ᠲᠦᠮᠡᠨ ᠮᠣ᠋ ᠠᠴᠠ ᠳᠡᠭᠡᠭᠰᠢ ᠬᠦᠷᠦᠭᠰᠡᠨ ᠮᠦᠷᠲᠡᠭᠡᠨ ᠰᠢᠨᠵᠢᠯᠡᠭᠡ ᠮᠡᠷᠬᠡᠵᠢᠯ ᠤᠨ ᠠᠭᠤᠯᠤᠭᠳᠠᠴᠠ ᠦᠨᠳᠦᠷ᠂ ᠣᠶᠣᠨᠴᠢᠯᠠᠯᠲᠠ ᠶᠢᠨ ᠳᠦᠪᠰᠢᠨ ᠦᠨᠳᠦᠷ ᠳᠦᠬᠦᠬᠡᠷᠦᠮᠵᠢᠲᠤ ᠲᠠᠷᠢᠶᠠᠯᠠᠩ ᠤᠨ ᠠᠵᠤ ᠠᠬᠤᠶᠢᠯᠠᠯ ᠳᠤ ᠬᠤᠰᠢᠭᠤ ᠡᠳ᠋ ᠤᠨ ᠵᠠᠰᠠᠭ ᠠᠴᠠ ︽ᠠᠰ ᠠᠰ ᠢᠶᠠᠷ ᠨᠢ ᠵᠦᠪᠯᠡᠬᠦ︾ ᠮᠠᠶ᠋ᠢᠭ ᠢᠶᠠᠷ ᠳᠡᠮᠵᠢᠯᠬᠡ ᠦᠵᠡᠬᠦᠯᠦᠨ᠎ᠡ᠃ ᠲᠦᠪ᠂ ᠦᠪᠡᠷᠲᠡᠭᠡᠨ ᠵᠠᠰᠠᠬᠤ ᠤᠷᠤᠨ᠂ ᠬᠤᠲᠠ ᠶᠢᠨ ᠳᠦᠬᠦᠬᠡᠷᠦᠮᠵᠢᠲᠤ ᠲᠠᠷᠢᠶᠠᠯᠠᠩ ᠤᠨ ᠦᠢᠯᠡᠰ ᠤᠨ ᠳᠡᠮᠵᠢᠯᠬᠡ ᠶᠢᠨ ᠲᠦᠷᠦ  ᠶᠢᠨ ᠪᠣᠳᠣᠯᠭ᠎ᠠ ᠶᠢ ᠠᠮᠢᠳᠣᠯᠢᠭ ᠬᠡᠷᠡᠭᠯᠡᠨ᠂ ᠳᠦᠬᠦᠬᠡᠷᠦᠮᠵᠢᠲᠤ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠳᠦᠪᠰᠢᠨ ᠢ ᠳᠡᠭᠡᠭᠰᠢᠯᠡᠬᠦᠯᠦᠨ᠎ᠡ᠃     8. ᠬᠡᠪᠴᠢᠶᠡᠵᠢᠭᠰᠡᠨ ᠦᠢᠯᠡᠳᠪᠦᠷᠢᠯᠡᠯ ᠢ ᠠᠬᠢᠭᠤᠯᠤᠨ᠎ᠠ᠃ ᠭᠤᠸᠠ ᠵᠢᠮᠢᠰ ᠢᠳᠡᠰᠢᠨ ᠨᠤᠭᠤᠭ᠎ᠠ ᠲᠠᠷᠢᠬᠤ ᠬᠡᠪᠴᠢᠶᠡᠵᠢᠯ ᠢ 500 ᠮᠣ᠋ ᠠᠴᠠ ᠳᠡᠭᠡᠭᠰᠢ ᠬᠦᠷᠬᠡᠬᠦ ᠪᠤᠶᠤ ᠡᠯᠳᠡᠪ ᠠᠮᠤ ᠲᠠᠷᠢᠬᠤ ᠬᠡᠪᠴᠢᠶᠡᠵᠢᠯ ᠢ 200 ᠮᠣ᠋ ᠠᠴᠠ ᠳᠡᠭᠡᠭᠰᠢ ᠬᠦᠷᠦᠬᠦᠯᠬᠦ ᠶᠢᠨ ᠬᠠᠮᠲᠤ ᠪᠠᠷᠢᠮᠵᠢᠶᠠᠵᠢᠭᠤᠯᠤᠨ ᠲᠠᠷᠢᠬᠤ ᠮᠡᠷᠬᠡᠵᠢᠯ ᠢ ᠬᠡᠷᠡᠭᠯᠡᠭᠰᠡᠨ ᠡᠵᠡᠩᠨᠡᠯᠲᠡ ᠶᠢᠨ ᠭᠤᠤᠯ ᠴᠣᠭᠴᠠ ᠳᠤ ᠮᠤ᠋ ᠪᠦᠷᠢ ᠳᠤ 200 ᠲᠦᠬᠦᠷᠢᠭ ᠱᠠᠩᠨᠠᠨ ᠬᠦᠬᠢᠬᠦᠯᠦᠨ᠎ᠡ᠃     ︵ᠬᠤᠶᠠᠷ︶ ᠲᠡᠵᠢᠬᠡᠪᠦᠷᠢ ᠶᠢᠨ ᠦᠢᠯᠡᠰ ᠤᠨ ᠠᠵᠤ ᠦᠢᠯᠡᠰᠴᠢᠯᠡᠭᠰᠡᠨ ᠳᠦᠪᠰᠢᠨ ᠢ ᠳᠡᠭᠡᠭᠰᠢᠯᠡᠬᠦᠯᠦᠨ᠎ᠡ᠃     9. ᠲᠤᠮᠤ ᠬᠡᠯᠪᠡᠷᠢ ᠶᠢᠨ ᠦᠷᠡᠵᠢᠬᠦᠯᠦᠨ ᠪᠤᠶᠢᠵᠢᠭᠤᠯᠬᠤ ᠲᠠᠯᠠᠪᠠᠢ ᠶᠢᠨ ᠪᠠᠶᠢᠭᠤᠯᠤᠯᠲᠠ ᠶᠢ ᠳᠡᠮᠵᠢᠨ᠎ᠡ᠃ ᠰᠢᠨ᠎ᠡ ᠪᠠᠷ ᠪᠠᠶᠢᠭᠤᠯᠤᠭᠰᠠᠨ ᠪᠤᠶᠤ ᠦᠷᠬᠡᠳᠬᠡᠨ ᠪᠠᠶᠢᠭᠤᠯᠤᠭᠰᠠᠨ ᠮᠦᠷᠲᠡᠭᠡᠨ 5000 ᠪᠠ 10000 ᠲᠤᠯᠤᠭᠠᠢ ᠠᠴᠠ ᠳᠡᠭᠡᠭᠰᠢ ᠦᠨᠢᠶ᠎ᠡ ᠲᠠᠢ ᠲᠤᠮᠤ ᠬᠡᠯᠪᠡᠷᠢ ᠶᠢᠨ ᠦᠷᠡᠵᠢᠬᠦᠯᠦᠨ ᠪᠤᠶᠢᠵᠢᠭᠤᠯᠬᠤ ᠲᠡᠯᠠᠪᠠᠢ ︵ᠦᠪᠡᠰᠦᠪᠡᠨ ᠦᠷᠡᠵᠢᠬᠦᠯᠦᠨ ᠦᠪᠡᠰᠦᠪᠡᠨ ᠪᠤᠶᠢᠵᠢᠭᠤᠯᠬᠤ ᠲᠠᠯᠠᠪᠠᠢ ᠪᠠᠭᠲᠠᠨ᠎ᠠ︶ ᠳᠤ᠂ ᠬᠤᠲᠠ ᠶᠢᠨ ᠱᠠᠲᠣᠨ ᠤ ︽ᠱᠠᠩᠨᠠᠬᠤ ᠪᠠᠷ ᠨᠦᠬᠦᠪᠦᠷᠢᠯᠡᠬᠦ ᠶᠢ ᠣᠷᠣᠯᠠᠭᠤᠯᠬᠤ︾ ᠮᠠᠶ᠋ᠢᠭ ᠢᠶᠠᠷ ᠠᠵᠤ ᠠᠬᠤᠶᠢᠯᠠᠯ ᠤᠨ ᠭᠤᠤᠯ ᠴᠤᠭᠴᠠ ᠶᠢᠨ ᠲᠡᠵᠢᠬᠡᠪᠦᠷᠢ ᠶᠢᠨ ᠲᠠᠯᠠᠪᠠᠢ ᠶᠢᠨ ᠦᠨᠳᠦᠰᠦᠨ ᠪᠠᠶᠢᠭᠤᠯᠤᠯᠲᠠ᠂ ᠲᠤᠨᠤᠭ ᠳᠦᠬᠦᠬᠡᠷᠦᠮᠵᠢ ᠵᠡᠷᠭᠡ ᠲᠠᠯ᠎ᠠ ᠶᠢᠨ ᠶᠡᠷᠦᠩᠬᠡᠢ ᠣᠷᠣᠭᠤᠯᠣᠯᠲᠠ ᠶᠢᠨ 30% ᠠᠴᠠ ᠳᠠᠪᠠᠭᠤᠯᠬᠤ ᠦᠬᠡᠢ ᠱᠠᠩᠨᠠᠯ ᠣᠯᠭᠤᠵᠣ᠂ ᠱᠠᠩᠨᠠᠯ ᠤᠨ ᠮᠦᠩᠭᠦ ᠶᠢ ᠬᠠᠮᠤᠭ ᠦᠨᠳᠦᠷ ᠲᠡᠭᠡᠨ 1000 ᠲᠦᠮᠡᠨ ᠲᠦᠬᠦᠷᠢᠭ ᠪᠠ 2000 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃ ᠡᠬᠦᠨ ᠤ ᠰᠠᠭᠤᠷᠢᠨ ᠳᠡᠭᠡᠷ᠎ᠡ᠂ ᠬᠤᠰᠢᠭᠤ ᠡᠳ᠋  ᠤᠨ ᠵᠠᠰᠠᠭ ᠠᠴᠠ ᠳᠠᠬᠢᠨ ᠠᠵᠤ ᠠᠬᠤᠶᠢᠯᠠᠯ ᠤᠨ ᠭᠤᠤᠯ ᠴᠤᠭᠴᠠ ᠶᠢᠨ ᠶᠡᠷᠦᠩᠬᠡᠢ ᠤᠷᠤᠭᠤᠯᠤᠯᠲᠠ ᠶᠢᠨ 10% ᠳᠠᠪᠠᠭᠤᠯᠬᠤ ᠦᠬᠡᠢ ᠳᠤᠨᠢ ᠱᠠᠩᠨᠠᠯ ᠣᠯᠭᠤᠨ᠂ ᠱᠠᠩᠨᠠᠯ ᠤᠨ ᠮᠦᠩᠭᠦ ᠶᠢ ᠬᠠᠮᠤᠭ ᠦᠨᠳᠦᠷ ᠲᠡᠭᠡᠨ 300 ᠲᠦᠮᠡᠨ ᠲᠦᠬᠦᠷᠢᠭ ᠪᠠ 600 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃     10. ᠦᠨᠢᠶ᠎ᠡ ᠶᠢᠨ ᠰᠦᠷᠦᠭ ᠢ ᠦᠷᠬᠡᠳᠬᠡᠨ ᠨᠡᠮᠡᠭᠳᠡᠬᠦᠯᠬᠦ ᠶᠢ ᠳᠡᠮᠵᠢᠨ᠎ᠡ᠃ ︽ᠣᠷᠢᠳᠠᠪᠠᠷ ᠦᠵᠡᠵᠦ ᠳᠠᠷᠠᠭ᠎ᠠ ᠨᠢ ᠨᠦᠬᠦᠪᠦᠷᠢᠯᠡᠬᠦ︾ ᠮᠠᠶ᠋ᠢᠭ ᠢᠶᠠᠷ ᠳᠠᠮᠵᠢᠭᠤᠯᠤᠨ᠂ ᠳᠠᠷᠤᠢ ︽ᠦᠨᠢᠶ᠎ᠡ ᠦᠵᠡᠬᠦ᠂ ᠭᠠᠷᠳᠠᠮ ᠦᠵᠡᠬᠦ᠂ ᠣᠳᠣᠮ ᠤᠨ ᠴᠠᠳᠢᠭ ᠤᠨ ᠳᠠᠩᠰᠠ ᠦᠵᠡᠬᠦ᠂ ᠬᠤᠳᠠᠯᠳᠣᠨ ᠠᠪᠤᠭᠴᠢ ᠲᠠᠢ ᠠᠭᠤᠯᠵᠠᠬᠤ︾ ᠵᠡᠷᠭᠡ ᠳᠦᠷᠪᠡ ᠶᠢ ᠦᠵᠡᠭᠰᠡᠨ ᠳᠠᠷᠠᠭ᠎ᠠ ᠨᠦᠬᠦᠪᠦᠷᠢ ᠣᠯᠭᠤᠵᠣ᠂ ᠭᠠᠳᠠᠭᠠᠲᠤ ᠠᠴᠠ ᠣᠷᠣᠭᠤᠯᠣᠭᠰᠠᠨ ᠰᠠᠶᠢᠨ ᠡᠬᠦᠯᠳᠡᠷ ᠤᠨ ᠦᠨᠢᠶ᠎ᠡ ᠪᠦᠷᠢ ᠳᠤ 4000 ᠲᠦᠬᠦᠷᠢᠭ ᠨᠦᠬᠦᠪᠦᠷᠢᠯᠡᠨ᠎ᠡ︔ ︽ᠲᠤᠭᠤᠯᠯᠠᠭᠰᠠᠨ ᠤ ᠳᠠᠷᠠᠭ᠎ᠠ ᠨᠦᠬᠦᠪᠦᠷᠢᠯᠡᠬᠦ︾ ᠪᠠᠷ ᠳᠠᠮᠵᠢᠭᠤᠯᠤᠨ᠂ ᠣᠯᠣᠰ ᠤᠨ ᠲᠤᠲᠤᠭᠠᠲᠤ ᠶᠢᠨ ᠡᠬᠦᠯᠳᠡᠷ ᠤᠨ ᠦᠨᠢᠶ᠎ᠡ  ᠶᠢᠨ ᠦᠢᠯᠡᠳᠪᠦᠷᠢᠯᠡᠯ ᠡᠵᠡᠩᠨᠡᠯᠲᠡ ᠶᠢᠨ ᠨᠢᠬᠡᠴᠡ ᠠᠴᠠ ᠬᠤᠳᠠᠯᠳᠣᠨ ᠠᠪᠤᠭᠰᠠᠨ ᠦᠨᠢᠶ᠎ᠡ ᠲᠤᠭᠤᠯᠯᠠᠭᠰᠠᠨ ᠤ ᠳᠠᠷᠠᠭ᠎ᠠ ᠮᠠᠯ ᠲᠠᠷᠢᠶᠠᠯᠠᠩ ᠤᠨ ᠰᠠᠯᠠᠭ᠎ᠠ ᠮᠦᠴᠢᠷ  ᠢᠶᠠᠷ ᠬᠢᠨᠠᠨ ᠲᠤᠭᠲᠠᠭᠠᠯᠭᠠᠵᠤ ᠬᠢᠷᠢ ᠲᠡᠩᠴᠡᠭᠰᠡᠨ ᠪᠤᠯ᠂ ᠲᠤᠯᠤᠭᠠᠢ ᠪᠦᠷᠢ ᠳᠤ 2000 ᠲᠦᠬᠦᠷᠢᠭ ᠨᠦᠬᠦᠪᠦᠷᠢᠯᠡᠨ᠎ᠡ᠃ ︽ᠤᠷᠳᠣᠰ ᠬᠤᠲᠠ ᠶᠢᠨ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ ᠪᠠᠶᠢᠯᠳᠣᠬᠤ ᠪᠣᠳᠣᠯᠭ᠎ᠠ ᠶᠢᠨ ᠬᠡᠷᠡᠭᠵᠢᠬᠦᠯᠦᠯᠲᠡ ᠶᠢᠨ ᠮᠦᠩᠭᠦᠨ ᠬᠦᠢᠯᠭᠡᠭᠡᠨ ᠢᠶᠠᠷ ᠠᠵᠤ ᠦᠢᠯᠡᠰ ᠤᠨ ᠬᠦᠭᠵᠢᠯᠲᠡ ᠶᠢ ᠳᠡᠮᠵᠢᠬᠦ ᠠᠷᠭ᠎ᠠ︾ ᠶᠢ ᠡᠳ᠋ᠯᠡᠬᠦᠯᠦᠭᠰᠡᠨ ᠰᠠᠭᠤᠷᠢᠨ ᠳᠡᠭᠡᠷ᠎ᠡ᠂ ᠬᠤᠰᠢᠭᠤ ᠡᠳ᠋ ᠤᠨ ᠵᠠᠰᠠᠭ ᠠᠴᠠ ᠨᠠᠭᠠᠲᠤ ᠵᠠᠬ᠎ᠠ ᠶᠢ ᠪᠠᠲᠤᠯᠠᠭᠰᠠᠨ ᠬᠦᠦ ᠮᠦᠩᠭᠦ ᠶᠢ ᠨᠢ ᠣᠷᠣᠯᠠᠨ ᠦᠭᠭᠦᠨ᠎ᠡ᠃     11. ᠪᠠᠷᠢᠮᠵᠢᠶᠠᠵᠢᠭᠤᠯᠤᠭᠰᠠᠨ ᠲᠡᠵᠢᠬᠡᠨ ᠲᠠᠷᠭᠤᠯᠠᠭᠤᠯᠬᠤ ᠲᠠᠯᠠᠪᠠᠢ ᠶᠢᠨ ᠪᠠᠶᠢᠭᠤᠯᠤᠯᠲᠠ ᠶᠢ ᠳᠡᠮᠵᠢᠨ᠎ᠡ᠃ ᠮᠠᠯᠴᠢᠨ ᠲᠠᠷᠢᠶᠠᠴᠢᠳ ᠢ ᠵᠢᠯᠤᠭᠤᠳᠣᠨ ᠵᠣᠬᠢᠬᠤ ᠬᠡᠪᠴᠢᠶᠡᠵᠢᠯ ᠪᠦᠬᠦᠢ ᠠᠯᠠᠰᠢᠨ ᠦᠬᠡᠷ ᠤᠨ ᠲᠡᠵᠢᠬᠡᠪᠦᠷᠢ ᠶᠢ ᠬᠦᠭᠵᠢᠬᠦᠯᠵᠦ᠂ ︽ᠶᠠᠭᠤ ᠲᠤᠲᠠᠪᠠᠯ ᠶᠠᠭᠤ ᠶᠢ ᠨᠦᠬᠦᠪᠦᠷᠢᠯᠡᠬᠦ︾ ᠵᠠᠷᠴᠢᠮ ᠶᠤᠰᠤᠭᠠᠷ᠂ ᠰᠢᠨ᠎ᠡ ᠪᠠᠷ ᠪᠠᠶᠢᠭᠤᠯᠤᠭᠰᠠᠨ ᠪᠤᠶᠤ ᠦᠬᠡᠷᠡᠴᠢᠯᠡᠵᠦ ᠦᠷᠬᠡᠳᠬᠡᠭᠰᠡᠨ ᠪᠠᠷᠢᠮᠵᠢᠶᠠᠲᠤ ᠲᠡᠵᠢᠬᠡᠨ ᠲᠠᠷᠭᠤᠯᠠᠭᠤᠯᠬᠤ ᠲᠠᠯᠠᠪᠠᠢ ︵ᠰᠠᠭᠤᠷᠢ ᠦᠨᠢᠶ᠎ᠡ 100 ᠲᠤᠯᠤᠭᠠᠢ ᠠᠴᠠ ᠳᠡᠭᠡᠭᠰᠢ ᠪᠤᠶᠤ ᠲᠡᠵᠢᠬᠡᠨ ᠲᠠᠷᠭᠤᠯᠠᠭᠤᠯᠬᠤ ᠦᠬᠡᠷ 200 ᠲᠤᠯᠤᠭᠠᠢ ᠠᠴᠠ ᠳᠡᠭᠡᠭᠰᠢ︶ ᠲᠤ ᠨᠢᠬᠡᠯᠡ ᠣᠳᠠᠭ᠎ᠠ ᠳᠤ 20 ᠲᠦᠮᠡᠨ ᠲᠦᠬᠦᠷᠢᠭ ᠱᠠᠩᠨᠠᠨ᠂ ᠰᠠᠭᠤᠷᠢ ᠦᠨᠢᠶ᠎ᠡ 50 ᠲᠤᠯᠤᠭᠠᠢ ᠪᠤᠶᠤ ᠲᠡᠵᠢᠬᠡᠨ ᠲᠠᠷᠭᠤᠯᠠᠭᠤᠯᠬᠤ ᠦᠬᠡᠷ 100 ᠲᠤᠯᠤᠭᠠᠢ ᠨᠡᠮᠡᠭᠳᠡᠬᠦᠯᠬᠦ ᠪᠦᠷᠢ ᠳᠤ ᠳᠠᠬᠢᠨ 10 ᠲᠦᠮᠡᠨ ᠲᠦᠬᠦᠷᠢᠭ ᠱᠠᠩᠨᠠᠨ᠎ᠠ᠃ ᠱᠠᠩᠨᠠᠯ ᠤᠨ ᠪᠡᠯᠡ ᠮᠦᠩᠭᠦ ᠶᠢ ᠭᠤᠤᠯᠳᠠᠭᠤ ᠰᠠᠭᠤᠷᠢ ᠳᠦᠬᠦᠭᠡᠷᠦᠮᠵᠢ ᠶᠢᠨ ᠪᠠᠶᠢᠭᠤᠯᠤᠯᠲᠠ᠂ ᠲᠤᠨᠤᠭ ᠳᠦᠬᠦᠬᠡᠷᠦᠮᠵᠢ ᠶᠢᠨ ᠬᠤᠳᠠᠯᠳᠣᠨ ᠠᠪᠤᠯᠲᠠ ᠵᠡᠷᠭᠡ ᠳᠤ ᠬᠡᠷᠡᠭᠯᠡᠨ᠎ᠡ᠃     12. ᠡᠷᠦᠬᠡ ᠠᠴᠠ ᠲᠡᠵᠢᠬᠡᠨ ᠠᠷᠠᠴᠢᠯᠠᠵᠤ ᠠᠵᠤ ᠠᠬᠤᠶᠢᠯᠠᠯ ᠠᠴᠠ ᠦᠷᠡᠵᠢᠬᠦᠯᠦᠨ ᠲᠠᠷᠭᠤᠯᠠᠭᠤᠯᠬᠤ ᠮᠠᠯᠴᠢᠨ ᠲᠠᠷᠢᠶᠠᠴᠢᠳ ᠢ ᠳᠠᠶᠢᠴᠢᠯᠠᠨ ᠬᠤᠯᠪᠤᠭᠠᠯᠠᠬᠤ ᠬᠦᠭᠵᠢᠯᠲᠡ ᠶᠢ ᠳᠡᠮᠵᠢᠨ᠎ᠡ᠃ ︽ᠡᠷᠦᠬᠡ ᠠᠴᠠ ᠠᠷᠠᠴᠢᠯᠠᠬᠤ ᠠᠵᠤ ᠠᠬᠤᠶᠢᠯᠠᠯ ᠠᠴᠠ ᠲᠠᠷᠭᠤᠯᠠᠭᠤᠯᠬᠤ︾ ᠬᠠᠮᠲᠤᠷᠠᠯᠴᠠᠭᠠᠨ ᠤ ᠲᠡᠵᠢᠬᠡᠪᠦᠷᠢ ᠶᠢᠨ ᠵᠠᠭᠪᠤᠷ ᠢ ᠶᠡᠬᠡᠪᠡᠷ ᠲᠦᠬᠡᠮᠡᠯᠵᠢᠬᠦᠯᠵᠦ᠂ ᠲᠡᠵᠢᠬᠡᠪᠦᠷᠢ ᠶᠢᠨ ᠠᠵᠤ ᠠᠬᠤᠶᠢᠯᠠᠯ ᠠᠴᠠ ᠡᠬᠦᠯᠳᠡᠷ ᠤᠨ ᠦᠬᠡᠷ ᠢ ᠲᠡᠵᠢᠬᠡᠨ ᠦᠷᠡᠵᠢᠬᠦᠯᠬᠦ ᠪᠠ ᠲᠤᠭᠤᠯ ᠢ ᠲᠡᠵᠢᠬᠡᠨ ᠲᠠᠷᠭᠤᠯᠠᠭᠤᠯᠬᠤ ᠶᠢ ᠬᠠᠷᠢᠭᠤᠴᠠᠨ᠂ ᠡᠷᠦᠬᠡ ᠠᠴᠠ ᠰᠠᠭᠤᠷᠢ ᠦᠨᠢᠶ᠎ᠡ ᠲᠡᠵᠢᠬᠡᠨ ᠠᠷᠠᠴᠢᠯᠠᠬᠤ ᠪᠠ ᠲᠤᠭᠤᠯ ᠲᠤᠰᠢᠶᠠᠨ ᠬᠤᠳᠠᠯᠳᠣᠬᠤ ᠶᠢ ᠬᠠᠷᠢᠭᠤᠴᠠᠨ᠎ᠠ᠃ ︽ᠱᠠᠩᠨᠠᠬᠤ ᠪᠠᠷ ᠨᠦᠬᠦᠪᠦᠷᠢᠯᠡᠬᠦ ᠶᠢ ᠣᠷᠣᠯᠠᠭᠤᠯᠬᠤ︾ ᠠᠷᠭ᠎ᠠ ᠮᠠᠶ᠋ᠢᠭ ᠶᠤᠰᠤᠭᠠᠷ᠂ ︽ᠡᠷᠦᠬᠡ ᠠᠴᠠ ᠠᠷᠠᠴᠢᠯᠠᠵᠤ ᠠᠵᠤ ᠠᠬᠤᠶᠢᠯᠠᠯ ᠠᠴᠠ ᠲᠠᠷᠭᠤᠯᠠᠭᠤᠯᠬᠤ︾ ᠲᠡᠵᠢᠬᠡᠪᠦᠷᠢ ᠶᠢᠨ ᠡᠷᠦᠬᠡ ᠠᠴᠠ ᠠᠵᠤ ᠠᠬᠤᠶᠢᠯᠠᠯ ᠳᠤ ᠪᠠᠷᠢᠮᠵᠢᠶᠠᠨ ᠳᠤ ᠬᠦᠷᠦᠭᠰᠡᠨ ᠲᠤᠭᠤᠯ ᠢ ᠲᠤᠰᠢᠶᠠᠨ ᠬᠤᠳᠠᠯᠳᠣᠪᠠᠯ᠂ ᠲᠤᠯᠤᠭᠠᠢ ᠪᠦᠷᠢ ᠳᠤ ᠨᠢᠬᠡᠯᠡ ᠣᠳᠠᠭ᠎ᠠ ᠳᠤ 500 ᠲᠦᠬᠦᠷᠢᠭ ᠱᠠᠩᠨᠠᠨ᠎ᠠ᠃ ᠡᠨᠡᠬᠦ ᠰᠠᠭᠤᠷᠢᠨ ᠳᠡᠭᠡᠷ᠎ᠡ᠂ ᠲᠡᠵᠢᠬᠡᠪᠦᠷᠢ ᠶᠢᠨ ᠠᠵᠤ ᠠᠬᠤᠶᠢᠯᠠᠯ ᠠᠴᠠ ᠡᠷᠦᠬᠡ ᠳᠤ 100 ᠲᠤᠯᠤᠭᠠᠢ ᠠᠴᠠ ᠳᠡᠭᠡᠭᠰᠢ ᠠᠩᠭᠧᠰ᠂ ᠰᠢᠮᠧᠨ᠋ᠳᠠᠷ ᠵᠡᠷᠭᠡ ᠰᠠᠶᠢᠨ ᠡᠬᠦᠯᠳᠡᠷ ᠤᠨ ᠰᠠᠭᠤᠷᠢ ᠦᠨᠢᠶ᠎ᠡ ᠶᠢ ᠬᠠᠩᠭᠠᠨ᠂ ᠲᠡᠵᠢᠬᠡᠪᠦᠷᠢ ᠶᠢᠨ ᠡᠷᠦᠬᠡ ᠠᠴᠠ ᠲᠤᠭᠤᠯ ᠢ ᠨᠢ ᠬᠤᠳᠠᠯᠳᠣᠨ ᠠᠪᠤᠪᠠᠯ ᠬᠤᠰᠢᠭᠤ ᠡᠳ᠋ ᠤᠨ ᠵᠠᠰᠠᠭ ᠠᠴᠠ ᠠᠵᠤ ᠠᠬᠤᠶᠢᠯᠠᠯ ᠳᠤ ᠨᠢᠬᠡᠯᠡ ᠣᠳᠠᠭ᠎ᠠ ᠳᠤ ᠲᠤᠭᠤᠯ ᠪᠦᠷᠢ ᠳᠤ 500 ᠲᠦᠬᠦᠷᠢᠭ ᠱᠠᠩᠨᠠᠵᠤ᠂ 50 ᠲᠤᠯᠤᠭᠠᠢ ᠨᠡᠮᠡᠭᠳᠡᠬᠦ ᠪᠦᠷᠢ ᠳᠤ 2.5 ᠲᠦᠮᠡᠨ ᠲᠦᠬᠦᠷᠢᠭ ᠱᠠᠩᠨᠠᠨ᠎ᠠ᠃     13. ᠪᠡᠯᠡ ᠬᠠᠮᠲᠤᠳᠬᠠᠭᠰᠠᠨ ᠦᠬᠡᠷ ᠤᠨ ᠲᠠᠯᠠᠪᠠᠢ ᠶᠢᠨ ᠪᠠᠶᠢᠭᠤᠯᠤᠯᠲᠠ ᠶᠢ ᠳᠡᠮᠵᠢᠨ᠎ᠡ᠃ ︽ᠭᠠᠴᠠᠭ᠎ᠠ ᠲᠤᠰᠬᠤᠨ ᠠᠴᠠ ᠮᠠᠯᠵᠢᠯ ᠤᠨ ᠲᠠᠯᠠᠪᠠᠢ ᠪᠠᠶᠢᠭᠤᠯᠬᠤ + ᠲᠡᠵᠢᠬᠡᠪᠦᠷᠢ ᠶᠢᠨ ᠭᠤᠤᠯ ᠴᠤᠭᠴᠠ ᠠᠴᠠ ᠡᠵᠡᠩᠨᠡᠬᠦ︾ ᠬᠦᠭᠵᠢᠯᠲᠡ ᠶᠢᠨ ᠵᠠᠭᠪᠤᠷ ᠢ ᠶᠡᠬᠡᠪᠡᠷ ᠲᠦᠬᠡᠮᠡᠯᠵᠢᠬᠦᠯᠵᠦ᠂ ᠡᠯ᠎ᠡ ᠪᠠᠯᠭᠠᠰᠣ ᠲᠤᠰᠬᠠᠢ ᠦᠭᠴᠡᠭᠡ ᠪᠠᠷ ᠲᠡᠵᠢᠬᠡᠪᠦᠷᠢ ᠶᠢᠨ ᠲᠠᠯᠠᠪᠠᠢ ᠰᠢᠨ᠎ᠡ ᠪᠠᠷ ᠪᠠᠶᠢᠭᠤᠯᠬᠤ ᠪᠤᠶᠤ ᠭᠠᠵᠠᠷ ᠰᠢᠷᠤᠢ ᠶᠢᠨ ᠡᠬᠢ ᠰᠣᠷᠪᠣᠯᠵᠢ ᠶᠢ ᠠᠰᠢᠭᠯᠠᠬᠤ ᠵᠡᠷᠭᠡ ᠪᠠᠷ ᠲᠤᠯᠤᠭᠠᠶᠢᠯᠠᠭᠴᠢ ᠠᠵᠤ ᠠᠬᠤᠶᠢᠯᠠᠯ ᠲᠠᠢ ᠬᠠᠮᠲᠤᠪᠡᠷ ᠪᠡᠯᠡ ᠣᠷᠣᠭᠤᠯᠣᠨ ᠲᠠᠯᠠᠪᠠᠢ ᠪᠠᠶᠢᠭᠤᠯᠬᠤ ᠶᠢ ᠵᠤᠷᠢᠭᠵᠢᠭᠤᠯᠤᠨ᠂ ᠲᠦᠷᠢᠶᠡᠰᠦᠯᠡᠬᠦ᠂ ᠣᠯᠵᠠᠪᠤᠷᠢ ᠬᠤᠪᠢᠶᠠᠬᠤ ᠵᠡᠷᠭᠡ ᠠᠷᠭ᠎ᠠ ᠮᠠᠶ᠋ᠢᠭ ᠢᠶᠠᠷ ᠬᠠᠮᠲᠤ ᠶᠢᠨ ᠣᠷᠣᠯᠭ᠎ᠠ ᠶᠢ ᠲᠠᠰᠣᠷᠠᠯᠲᠠ ᠦᠬᠡᠢ ᠪᠤᠵᠠᠭᠠᠶᠢᠷᠠᠭᠤᠯᠤᠨ᠎ᠠ᠃ ᠲᠤᠰᠬᠠᠢ ᠦᠭᠴᠡᠭᠡ᠂ ᠮᠦᠩᠭᠦᠨ ᠬᠦᠢᠯᠬᠡᠬᠡᠨ ᠤ ᠳᠡᠮᠵᠢᠯᠭᠡ ᠶᠢᠨ ᠲᠠᠯ᠎ᠠ ᠪᠠᠷ ᠭᠤᠤᠯᠳᠠᠯᠭ᠎ᠠ ᠲᠠᠢ ᠳᠡᠮᠵᠢᠨ᠎ᠡ᠃     14. ᠬᠤᠯᠪᠤᠭᠠᠲᠤ ᠴᠤᠭᠴᠠ ᠶᠢᠨ ᠪᠠᠶᠢᠭᠤᠯᠤᠯᠲᠠ ᠶᠢ ᠳᠡᠮᠵᠢᠨ᠎ᠡ᠃ ︽ᠠᠷᠠᠴᠢᠯᠠᠬᠤ ᠲᠠᠷᠭᠤᠯᠠᠭᠤᠯᠬᠤ ᠪᠤᠯᠪᠠᠰᠣᠷᠠᠭᠤᠯᠬᠤ ᠶᠢ ᠴᠤᠭᠴᠠᠵᠢᠭᠤᠯᠤᠭᠰᠠᠨ︾ ︵ᠡᠷᠦᠬᠡ ᠠᠴᠠ ᠠᠷᠠᠴᠢᠯᠠᠵᠤ ᠠᠵᠤ ᠠᠬᠤᠶᠢᠯᠠᠯ ᠠᠴᠠ ᠲᠠᠷᠭᠤᠯᠠᠭᠤᠯᠬᠤ + ᠨᠠᠷᠢᠯᠢᠭ ᠪᠤᠯᠪᠠᠰᠣᠷᠠᠭᠤᠯᠬᠤ︶ ᠵᠠᠭᠪᠤᠷ ᠢ ᠠᠰᠢᠭᠯᠠᠵᠤ᠂ ᠵᠢᠯ ᠳᠤ ᠠᠯᠠᠰᠢᠨ ᠦᠬᠡᠷ ᠤᠨ ᠪᠤᠷᠤᠯᠠᠭᠤᠯᠭ᠎ᠠ 1 ᠲᠦᠮᠡ ᠠᠴᠠ ᠳᠡᠭᠡᠭᠰᠢ ᠵᠢᠴᠢ ᠰᠠᠶᠢᠨ ᠡᠬᠦᠯᠳᠡᠷ ᠤᠨ ᠠᠯᠠᠰᠢᠨ ᠮᠠᠯ ᠤᠨ ᠲᠡᠵᠢᠬᠡᠪᠦᠷᠢ ᠶᠢᠨ ᠬᠡᠪᠴᠢᠶᠡᠵᠢᠯ 10 ᠲᠦᠮᠡ ᠠᠴᠠ ᠳᠠᠪᠠᠭᠰᠠᠨ᠂ ᠮᠠᠯᠴᠢᠨ ᠲᠠᠷᠢᠶᠠᠴᠢᠳ ᠢ ᠳᠠᠶᠢᠴᠢᠯᠠᠨ ᠬᠤᠯᠪᠤᠭᠠᠯᠠᠵᠤ ᠪᠦᠬᠦᠢ ᠠᠵᠤ ᠦᠢᠯᠡᠰ ᠤᠨ ᠬᠤᠯᠪᠤᠭᠠᠲᠤ ᠴᠤᠭᠴᠠ ᠳᠤ ᠲᠡᠵᠢᠬᠡᠪᠦᠷᠢ ᠶᠢᠨ ᠬᠡᠪᠴᠢᠶᠡᠵᠢᠯ ᠢ ᠦᠨᠳᠦᠰᠦᠯᠡᠨ ᠨᠢᠬᠡᠯᠡ ᠣᠳᠠᠭ᠎ᠠ ᠳᠤ 500 ᠲᠦᠮᠡᠨ ᠲᠦᠬᠦᠷᠢᠭ ᠠᠴᠠ ᠳᠠᠪᠠᠭᠤᠯᠬᠤ ᠦᠬᠡᠢ ᠪᠡᠯᠡ ᠮᠦᠩᠭᠦ ᠱᠠᠩᠨᠠᠨ ᠨᠦᠬᠦᠪᠦᠷᠢᠯᠡᠨ᠎ᠡ᠃ ᠡᠨᠡᠬᠦ ᠰᠠᠭᠤᠷᠢᠨ ᠳᠡᠭᠡᠷ᠎ᠡ᠂ ᠰᠢᠨ᠎ᠡ ᠪᠠᠷ ᠪᠠᠶᠢᠭᠤᠯᠤᠭᠰᠠᠨ ᠲᠡᠵᠢᠬᠡᠪᠦᠷᠢ ᠶᠢᠨ ᠬᠦᠷᠢᠶᠡᠯᠡᠩ ᠲᠤᠭᠤᠷᠢᠭ ᠲᠤ᠂ ᠡᠯ᠎ᠡ ᠲᠦᠷᠦᠯ ᠤᠨ ᠲᠦᠷᠦᠯ ᠵᠦᠢᠯ ᠤᠨ ᠲᠠᠯ᠎ᠠ ᠪᠠᠷ ᠭᠤᠤᠯᠳᠠᠯᠭ᠎ᠠ ᠲᠠᠢ ᠳᠡᠮᠵᠢᠨ᠎ᠡ᠃     15. ᠲᠤᠮᠤ ᠮᠠᠯᠵᠢᠯ ᠤᠨ ᠲᠠᠯᠠᠪᠠᠢ ᠶᠢᠨ ᠪᠠᠶᠢᠭᠤᠯᠤᠯᠲᠠ ᠶᠢ ᠳᠡᠮᠵᠢᠨ᠎ᠡ᠃ ᠭᠠᠴᠠᠭ᠎ᠠ ᠲᠤᠰᠬᠤᠨ ᠠᠴᠠ ᠲᠤᠮᠤ ᠮᠠᠯᠵᠢᠯ ᠤᠨ ᠲᠠᠯᠠᠪᠠᠢ ᠶᠢᠨ ᠪᠠᠶᠢᠭᠤᠯᠤᠯᠲᠠ ᠶᠢ ᠪᠦᠬᠦᠯᠢ ᠴᠤᠭᠴᠠ ᠪᠠᠷ ᠠᠬᠢᠭᠤᠯᠪᠠᠯ᠂ ᠡᠩ ᠲᠡᠷᠢᠬᠦᠨ ᠳᠤ ᠡᠯ᠎ᠡ ᠲᠦᠷᠦᠯ ᠤᠨ ᠲᠦᠷᠦᠯ ᠵᠦᠢᠯ ᠢ ᠬᠠᠷᠢᠶ᠎ᠠ ᠭᠠᠴᠠᠭ᠎ᠠ ᠲᠤᠰᠬᠤᠨ ᠳᠤ ᠲᠤᠬᠢᠷᠠᠭᠤᠯᠵᠤ᠂ ᠬᠤᠰᠢᠭᠤ ᠡᠳ᠋ ᠤᠨ ᠵᠠᠰᠠᠭ ᠠᠴᠠ 300 ᠲᠦᠮᠡᠨ ᠲᠦᠬᠦᠷᠢᠭ ᠤᠨ ᠳᠡᠮᠵᠢᠯᠬᠡ ᠶᠢᠨ ᠪᠡᠯᠡ ᠮᠦᠩᠭᠦ ᠲᠤᠬᠢᠷᠠᠭᠤᠯᠤᠨ᠎ᠠ᠃     16. ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠲᠡᠵᠢᠬᠡᠪᠦᠷᠢ ᠶᠢᠨ ᠦᠢᠯᠡᠰ ᠤᠨ ᠬᠦᠭᠵᠢᠯᠲᠡ ᠶᠢ ᠳᠡᠮᠵᠢᠨ᠎ᠡ᠃ ᠳᠡᠭᠡᠳᠦ ᠱᠠᠲᠤᠨ  ᠤ ᠲᠤᠰᠬᠠᠢ ᠪᠡᠯᠡ ᠮᠦᠩᠭᠦ ᠶᠢ ᠣᠯᠬᠤ ᠠᠷᠭ᠎ᠠ ᠮᠠᠶ᠋ᠢᠭ ᠢᠶᠠᠷ ᠬᠡᠲᠦ ᠠᠰᠢᠭᠯᠠᠯᠲᠠ ᠶᠢᠨ ᠣᠷᠣᠨ ᠤ ᠮᠠᠯᠴᠢᠨ ᠲᠠᠷᠢᠶᠠᠴᠢᠳ ᠤᠨ ᠲᠡᠵᠢᠬᠡᠪᠦᠷᠢ ᠶᠢᠨ ᠳᠦᠬᠦᠬᠡᠷᠦᠮᠵᠢ  ᠶᠢᠨ ᠲᠡᠬᠦᠯᠳᠡᠷᠵᠢᠬᠦᠯᠦᠯᠲᠡ ᠶᠢᠨ ᠠᠰᠠᠭᠤᠳᠠᠯ ᠢ ᠲᠡᠷᠢᠬᠦᠨ ᠳᠤ ᠰᠢᠢᠳᠪᠦᠷᠢᠯᠡᠵᠦ᠂ ᠬᠦᠷᠦᠯᠴᠡᠬᠦ ᠦᠬᠡᠢ  ᠪᠡᠯᠡ ᠮᠦᠩᠭᠦ ᠶᠢ ᠬᠤᠰᠢᠭᠤ ᠡᠳ᠋ ᠤᠨ ᠵᠠᠰᠠᠭ ᠠᠴᠠ ᠪᠠᠲᠤᠯᠠᠨ᠎ᠠ᠃     17. ᠲᠡᠵᠢᠬᠡᠯ ᠡᠪᠡᠰᠦ ᠪᠤᠷᠳᠤᠭ᠎ᠠ ᠶᠢᠨ ᠰᠠᠭᠤᠷᠢᠨ ᠤ ᠰᠢᠯᠵᠢᠬᠦᠯᠦᠯᠲᠡ ᠶᠢ ᠳᠡᠮᠵᠢᠨ᠎ᠡ᠃ ︽ᠬᠤᠷᠰᠢᠶᠠᠵᠢᠯ + ᠮᠠᠯᠴᠢᠨ ᠲᠠᠷᠢᠶᠠᠴᠢᠳ + ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ︾ ᠶᠢᠨ ᠬᠦᠭᠵᠢᠯᠲᠡ ᠶᠢᠨ ᠵᠠᠭᠪᠤᠷ ᠢ ᠶᠡᠬᠡᠪᠡᠷ ᠲᠦᠬᠡᠮᠡᠯᠵᠢᠬᠦᠯᠵᠦ᠂ ᠮᠠᠯᠴᠢᠨ ᠲᠠᠷᠢᠶᠠᠴᠢᠳ ᠤᠨ ᠭᠠᠵᠠᠷ ᠰᠢᠷᠤᠢ ᠶᠢᠨ ᠬᠤᠪᠢ ᠣᠷᠣᠭᠤᠯᠣᠯᠲᠠ ᠶᠢᠨ ᠬᠤᠷᠰᠢᠶᠠᠵᠢᠯ ᠪᠠᠶᠢᠭᠤᠯᠬᠤ ᠶᠢ ᠵᠤᠷᠢᠭᠵᠢᠭᠤᠯᠤᠨ᠂ ᠭᠠᠵᠠᠷ ᠰᠢᠷᠤᠢ ᠪᠠᠷ ᠬᠤᠪᠢ ᠣᠷᠣᠭᠤᠯᠬᠤ᠂ ᠬᠠᠮᠲᠤᠷᠠᠨ ᠡᠵᠡᠩᠨᠡᠬᠦ ᠵᠡᠷᠭᠡ ᠠᠷᠭ᠎ᠠ ᠮᠠᠶ᠋ᠢᠭ ᠢᠶᠠᠷ ᠠᠯᠠᠰᠢᠨ ᠦᠬᠡᠷ ᠤᠨ ᠲᠡᠵᠢᠬᠡᠪᠦᠷᠢ ᠶᠢᠨ ᠠᠵᠤ ᠠᠬᠤᠶᠢᠯᠠᠯ ᠲᠠᠢ ᠬᠠᠮᠲᠤᠷᠠᠯᠴᠠᠭ᠎ᠠ ᠪᠠᠶᠢᠭᠤᠯᠵᠤ᠂ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ  ᠶᠢ ᠲᠠᠰᠣᠷᠠᠯᠲᠠ ᠦᠬᠡᠢ ᠪᠤᠵᠠᠭᠠᠶᠢᠷᠠᠭᠤᠯᠤᠨ᠂ ᠮᠠᠯᠴᠢᠨ ᠲᠠᠷᠢᠶᠠᠴᠢᠳ ᠤᠨ ᠣᠷᠣᠯᠭ᠎ᠠ ᠶᠢ ᠳᠡᠭᠡᠭᠰᠢᠯᠡᠬᠦᠯᠦᠨ᠎ᠡ᠃ ᠠᠯᠠᠰᠢᠨ ᠦᠬᠡᠷ ᠤᠨ ᠲᠡᠵᠢᠬᠡᠪᠦᠷᠢ ᠶᠢᠨ ᠲᠠᠯᠠᠪᠠᠢ  ᠳᠤ ᠰᠢᠯᠵᠢᠬᠦᠯᠬᠦ ᠭᠠᠵᠠᠷ ᠰᠢᠷᠤᠢ ᠶᠢᠨ ᠬᠡᠷ᠎ᠡ ᠶᠢᠨ ᠬᠤᠭᠤᠴᠠᠭ᠎ᠠ 3 ᠵᠢᠯ ᠠᠴᠠ ᠳᠡᠭᠡᠭᠰᠢ ᠬᠦᠷᠦᠭᠰᠡᠨ ᠭᠠᠵᠠᠷ ᠰᠢᠷᠤᠢ ᠶᠢᠨ ᠬᠤᠪᠢ ᠣᠷᠣᠭᠤᠯᠣᠯᠲᠠ ᠶᠢᠨ ᠬᠤᠷᠰᠢᠶᠠᠵᠢᠯ ᠳᠤ ︽ᠱᠠᠩᠨᠠᠬᠤ ᠪᠠᠷ ᠨᠦᠬᠦᠪᠦᠷᠢᠯᠡᠬᠦ ᠶᠢ ᠣᠷᠣᠯᠠᠭᠤᠯᠬᠤ︾ ᠠᠷᠭ᠎ᠠ ᠮᠠᠶ᠋ᠢᠭ ᠶᠤᠰᠤᠭᠠᠷ ᠵᠢᠯ ᠪᠤᠯᠭᠠᠨ ᠮᠣ᠋ ᠪᠦᠷᠢ ᠳᠤ 100 ᠲᠦᠬᠦᠷᠢᠭ ᠱᠠᠩᠨᠠᠨ᠎ᠠ᠃     18. ᠲᠡᠵᠢᠬᠡᠯ ᠡᠪᠡᠰᠦᠨ ᠤ ᠠᠵᠤ ᠦᠢᠯᠡᠰ ᠤᠨ ᠬᠦᠭᠵᠢᠯᠲᠡ ᠶᠢ ᠳᠡᠮᠵᠢᠨ᠎ᠡ᠃ ᠠᠭᠤᠷᠬᠠᠢ ᠶᠢᠨ ᠣᠷᠣᠨ ᠤ ᠳᠠᠬᠢᠨ ᠬᠠᠭᠠᠯᠪᠤᠷᠢᠯᠠᠬᠤ ᠣᠷᠣᠨ᠂ ᠨᠠᠷᠠᠨ ᠡᠨᠧᠷᠬᠢ ᠶᠢᠨ ᠰᠠᠭᠤᠷᠢᠨ᠂ ᠡᠯᠡᠰᠦᠷᠬᠡᠭ ᠣᠷᠣᠨ ᠤ ᠦᠭᠡᠷᠡᠴᠢᠯᠡᠨ ᠰᠠᠶᠢᠵᠢᠷᠠᠭᠤᠯᠤᠭᠰᠠᠨ ᠭᠠᠵᠠᠷ᠂ ᠬᠤᠵᠢᠷᠯᠢᠭ ᠭᠠᠵᠠᠷ ᠵᠡᠷᠭᠡ ᠶᠢ ᠠᠰᠢᠭᠯᠠᠨ ᠡᠪᠡᠰᠦᠨ ᠤ ᠠᠵᠤ ᠦᠢᠯᠡᠰ ᠢ ᠬᠦᠭᠵᠢᠬᠦᠯᠬᠦ ᠶᠢ ᠵᠤᠷᠢᠭᠵᠢᠭᠤᠯᠵᠤ᠂ ᠪᠤᠷᠤ ᠴᠠᠷᠭᠠᠰᠣ᠂ ᠬᠦᠬᠡ ᠪᠠᠷ ᠳᠠᠷᠣᠰᠢᠭᠤᠯᠬᠤ ᠡᠷᠳᠡᠨᠢ ᠰᠢᠰᠢ ᠵᠡᠷᠭᠡ ᠴᠢᠨᠠᠷ ᠰᠠᠶᠢᠲᠠᠢ ᠲᠡᠵᠢᠬᠡᠯ ᠡᠪᠡᠰᠦᠨ ᠤ ᠰᠠᠭᠤᠷᠢᠨ ᠢ ᠪᠠᠶᠢᠭᠤᠯᠤᠨ᠂ ᠬᠡᠪᠴᠢᠶᠡᠵᠢᠯ ᠨᠢ 1 ᠲᠦᠮᠡᠨ ᠮᠣ᠋ ᠠᠴᠠ ᠳᠡᠭᠡᠭᠰᠢ ᠬᠦᠷᠪᠡᠯ᠂ ᠮᠣ᠋ ᠪᠦᠷᠢ ᠳᠤ ᠨᠢᠬᠡᠯᠡ ᠣᠳᠠᠭ᠎ᠠ ᠳᠤ 200 ᠲᠦᠬᠦᠷᠢᠭ ᠨᠦᠬᠦᠪᠦᠷᠢᠯᠡᠨ᠎ᠡ᠃ ᠣᠯᠣᠰ ᠤᠨ ᠴᠢᠨᠠᠷ ᠰᠠᠶᠢᠲᠠᠢ ᠪᠤᠷᠤ ᠴᠠᠷᠭᠠᠰᠣ ᠶᠢᠨ ᠶᠠᠰᠣ ᠴᠢᠨᠠᠷ ᠢ ᠳᠡᠭᠡᠭᠰᠢᠯᠡᠬᠦᠯᠦᠨ ᠣᠨᠠᠯᠲᠠ ᠶᠢ ᠨᠡᠮᠡᠭᠳᠡᠬᠦᠯᠵᠦ᠂ 500 ᠮᠣ᠋ ᠠᠴᠠ ᠳᠡᠭᠡᠭᠰᠢ ᠲᠦᠪᠯᠡᠷᠡᠩᠬᠦᠢ ᠪᠠᠷ ᠪᠠᠷᠢᠮᠵᠢᠶᠠᠵᠢᠭᠤᠯᠤᠨ ᠲᠠᠷᠢᠭᠰᠠᠨ ᠮᠦᠷᠲᠡᠭᠡᠨ ᠲᠡᠵᠢᠬᠡᠪᠦᠷᠢ ᠶᠢᠨ ᠲᠠᠯᠠᠪᠠᠢ ︵ᠡᠷᠦᠬᠡ︶ ᠲᠠᠢ ᠲᠡᠵᠢᠬᠡᠯ ᠡᠪᠡᠰᠦ ᠬᠤᠳᠠᠯᠳᠣᠨ ᠠᠪᠬᠤ ᠬᠡᠷ᠎ᠡ ᠲᠤᠭᠲᠠᠭᠰᠠᠨ ᠲᠠᠷᠢᠮᠠᠯ ᠤᠨ ᠠᠵᠤ ᠠᠬᠤᠶᠢᠯᠠᠯ ︵ᠬᠤᠷᠰᠢᠶᠠᠵᠢᠯ᠂ ᠲᠠᠷᠢᠮᠠᠯ ᠤᠨ ᠡᠷᠦᠬᠡ︶ ᠳᠤ ᠮᠣ᠋ ᠪᠦᠷᠢ ᠳᠤ 3 ᠵᠢᠯ ᠨᠡᠶᠢᠲᠡ 1000 ᠲᠦᠬᠦᠷᠢᠭ ᠨᠦᠬᠦᠪᠦᠷᠢᠯᠡᠨ᠎ᠡ᠃     ︵ᠭᠤᠷᠪᠠ︶ ᠦᠢᠯᠡᠴᠢᠯᠡᠬᠡᠨ ᠤ ᠪᠠᠲᠤᠯᠠᠭ᠎ᠠ ᠶᠢᠨ ᠳᠦᠪᠰᠢᠨ ᠢ ᠳᠡᠭᠡᠭᠰᠢᠯᠡᠬᠦᠯᠦᠨ᠎ᠡ     19. ᠡᠬᠦᠯᠳᠡᠷ ᠤᠨ ᠦᠢᠯᠡᠰ ᠤᠨ ᠬᠦᠭᠵᠢᠬᠦᠯᠦᠯᠲᠡ ᠶᠢ ᠠᠬᠢᠭᠤᠯᠤᠨ᠎ᠠ᠃ ᠣᠷᠣᠨ ᠨᠣᠲᠤᠭ ᠤᠨ ᠠᠮᠣ ᠪᠤᠳᠠᠭᠠᠨ ᠤ ᠡᠬᠦᠯᠳᠡᠷ᠂ ᠮᠠᠯ ᠤᠨ ᠡᠬᠦᠯᠳᠡᠷ᠂ ᠡᠪᠡᠰᠦᠨ ᠡᠬᠦᠯᠳᠡᠷ ᠤᠨ ᠬᠠᠮᠠᠭᠠᠯᠠᠯᠲᠠ ᠪᠤᠶᠢᠵᠢᠭᠤᠯᠤᠯᠲᠠ ᠶᠢ ᠴᠢᠩᠭᠠᠳᠬᠠᠵᠤ᠂ ᠡᠬᠦᠯᠳᠡᠷ ᠬᠠᠮᠠᠭᠠᠯᠠᠬᠤ ᠬᠦᠮᠦᠷᠭᠡ ︵ᠲᠠᠯᠠᠪᠠᠢ︶᠂ ᠭᠤᠤᠯ ᠰᠦᠷᠦᠭ ᠤᠨ ᠪᠠᠶᠢᠭᠤᠯᠤᠯᠲᠠ ᠶᠢ ᠳᠡᠮᠵᠢᠨ᠎ᠡ᠃ ᠨᠣᠣᠯᠣᠭᠤᠷ ᠤᠨ ᠢᠮᠠᠭᠠᠨ ᠤ ᠡᠬᠦᠯᠳᠡᠷ ᠪᠤᠶᠢᠵᠢᠭᠤᠯᠬᠤ ᠲᠠᠯᠠᠪᠠᠢ ᠪᠠᠶᠢᠭᠤᠯᠬᠤ ᠶᠢ ᠳᠡᠮᠵᠢᠵᠦ᠂ 2027 ᠣᠨ ᠪᠤᠯᠬᠤ ᠳᠤ ᠦᠪᠡᠷᠲᠡᠭᠡᠨ ᠵᠠᠰᠠᠬᠤ ᠣᠷᠣᠨ ᠤ ᠲᠡᠰ ᠤᠨ ᠡᠬᠦᠯᠳᠡᠷ ᠤᠨ ᠢᠷᠡᠯᠲᠡ ᠶᠢᠨ ᠰᠠᠭᠤᠷᠢᠨ ᠢ ᠪᠠᠶᠢᠭᠤᠯᠤᠨ᠂ 2030 ᠣᠨ ᠪᠤᠯᠬᠤ ᠳᠤ ᠣᠯᠣᠰ ᠤᠨ ᠲᠡᠰ ᠤᠨ ᠡᠬᠦᠯᠳᠡᠷ  ᠤᠨ ᠢᠷᠡᠯᠲᠡ ᠶᠢᠨ ᠰᠠᠭᠤᠷᠢᠨ ᠢ ᠪᠠᠶᠢᠭᠤᠯᠤᠨ᠎ᠠ᠃ ᠮᠣᠩᠭᠤᠯ ᠬᠤᠨᠢᠨ ᠤ ᠰᠠᠭᠤᠷᠢ ᠦᠷᠡᠵᠢᠯ ᠤᠨ ᠮᠠᠯ ᠪᠦᠷᠢ ᠳᠤ 107 ᠲᠦᠬᠦᠷᠢᠭ ︵ᠡᠬᠦᠨ ᠳᠤ ᠦᠢᠯᠡᠳᠪᠦᠷᠢᠯᠡᠯ ᠤᠨ ᠴᠢᠳᠠᠮᠵᠢ ᠶᠢ ᠬᠢᠨᠠᠨ ᠲᠤᠭᠲᠠᠭᠠᠬᠤ ᠵᠠᠷᠤᠳᠠᠯ 7 ᠲᠦᠬᠦᠷᠢᠭ᠂ ᠨᠦᠬᠦᠪᠦᠷᠢ 100 ᠲᠦᠬᠦᠷᠢᠭ︶ ᠨᠦᠬᠦᠪᠦᠷᠢᠯᠡᠵᠦ᠂ ᠬᠤᠰᠢᠭᠤ ᠲᠡᠰ ᠤᠨ ᠨᠦᠬᠦᠪᠦᠷᠢ ᠶᠢᠨ ᠶᠡᠷᠦᠩᠬᠡᠢ ᠲᠤᠭ᠎ᠠ 160.5 ᠲᠦᠮᠡᠨ ᠲᠦᠬᠦᠷᠢᠭ︔ ᠲᠠᠩᠭᠤᠳ ᠬᠤᠴᠠ ᠪᠦᠷᠢ ᠳᠤ 1600 ᠲᠦᠬᠦᠷᠢᠭ ᠨᠦᠬᠦᠪᠦᠷᠢᠯᠡᠨ᠂ ᠣᠷᠳᠣᠰ ᠤᠨ ᠨᠠᠷᠢᠨ ᠨᠣᠣᠰᠣᠲᠣ ᠬᠤᠴᠠ ᠪᠦᠷᠢ ᠳᠤ 2500 ᠲᠦᠬᠦᠷᠢᠭ ᠨᠦᠬᠦᠪᠦᠷᠢᠯᠡᠵᠦ᠂ ᠠᠷᠪᠠᠰ ᠤᠨ ᠨᠣᠣᠯᠣᠭᠤᠷ ᠤᠨ ᠣᠬᠤᠨ᠎ᠠ ᠪᠦᠷᠢ ᠳᠤ 2500 ᠲᠦᠬᠦᠷᠢᠭ ᠨᠦᠬᠦᠪᠦᠷᠢᠯᠡᠨ᠂ ᠣᠷᠣᠭᠤᠯᠣᠨ ᠠᠪᠴᠢᠷᠠᠭᠰᠠᠨ ᠡᠬᠦᠯᠳᠡᠷ ᠤᠨ ᠰᠠᠹᠧᠺ ᠵᠡᠷᠭᠡ ᠠᠯᠠᠰᠢᠨ ᠮᠠᠯ ᠤᠨ ᠡᠬᠦᠯᠳᠡᠷ ᠤᠨ ᠬᠤᠴᠠ ᠪᠦᠷᠢ ᠳᠤ 3000 ᠲᠦᠬᠦᠷᠢᠭ ᠨᠦᠬᠦᠪᠦᠷᠢᠯᠡᠨ᠎ᠡ᠃ ᠡᠬᠦᠯᠳᠡᠷ ᠪᠤᠶᠢᠵᠢᠭᠤᠯᠬᠤ ᠮᠡᠷᠭᠡᠵᠢᠯ ᠤᠨ ᠰᠢᠨᠡᠴᠢᠯᠡᠯᠲᠡ ᠪᠠ ᠰᠢᠨ᠎ᠡ ᠡᠬᠦᠯᠳᠡᠷ ᠤᠨ ᠪᠤᠶᠢᠵᠢᠭᠤᠯᠤᠯᠲᠠ ᠶᠢ ᠵᠣᠷᠢᠭᠵᠢᠭᠤᠯᠤᠨ᠎ᠠ᠃ ᠣᠯᠣᠰ᠂ ᠦᠪᠡᠷᠲᠡᠭᠡᠨ ᠵᠠᠰᠠᠬᠤ ᠣᠷᠣᠨ ᠤ ᠲᠡᠰ ᠤᠨ ᠡᠬᠦᠯᠳᠡᠷ ᠬᠠᠮᠠᠭᠠᠯᠠᠬᠤ ᠲᠠᠯᠠᠪᠠᠢ ᠪᠠ ᠰᠠᠶᠢᠨ ᠡᠬᠦᠯᠳᠡᠷ ᠪᠤᠶᠢᠵᠢᠭᠤᠯᠬᠤ ᠲᠠᠯᠠᠪᠠᠢ ᠳᠤ ᠲᠤᠰᠬᠠᠢ ᠪᠡᠯᠡ ᠮᠦᠩᠭᠦ ᠦᠭᠭᠦᠨ᠎ᠡ᠃ ︽  ᠣᠷᠣᠭᠤᠯᠣᠨ ᠪᠣᠶᠢᠵᠢᠭᠤᠯᠵᠣ ᠦᠷᠡᠵᠢᠬᠦᠯᠦᠨ ᠳᠡᠯᠭᠡᠷᠡᠬᠦᠯᠬᠦ︾ ᠶᠢ ᠴᠤᠭᠴᠠᠵᠢᠭᠤᠯᠤᠭᠰᠠᠨ ᠲᠦᠷᠦᠯ ᠵᠦᠢᠯ ᠢ ᠬᠦᠭᠵᠢᠬᠦᠯᠦᠨ᠂ ᠲᠠᠷᠢᠮᠠᠯ ᠤᠨ ᠡᠬᠦᠯᠳᠡᠷ ᠤᠨ ᠰᠠᠭᠤᠷᠢᠨ ᠤ ᠪᠠᠶᠢᠭᠤᠯᠤᠯᠲᠠ ᠪᠠ ᠲᠡᠵᠢᠬᠡᠪᠦᠷᠢ ᠶᠢᠨ ᠴᠡᠪᠡᠷ ᠡᠬᠦᠯᠳᠡᠷ ᠤᠨ ᠦᠷᠭᠡᠳᠬᠡᠯ ᠢ ᠠᠬᠢᠭᠤᠯᠬᠤ ᠶᠢᠨ ᠬᠠᠮᠲᠤ ᠪᠡᠯᠡ ᠮᠦᠩᠭᠦᠨ ᠤ ᠲᠠᠯ᠎ᠠ ᠪᠠᠷ ᠳᠡᠮᠵᠢᠯᠭᠡ ᠬᠠᠩᠭᠠᠨ᠎ᠠ᠃     20. ᠰᠠᠶᠢᠨ ᠡᠬᠦᠯᠳᠡᠷ ᠤᠨ ᠰᠢᠰᠲ᠋ᠧᠮ ᠤᠨ ᠪᠠᠶᠢᠭᠤᠯᠤᠯᠲᠠ ᠶᠢ ᠳᠡᠮᠵᠢᠨ᠎ᠡ᠃ ᠲᠡᠵᠢᠬᠡᠪᠦᠷᠢ ᠶᠢᠨ ᠲᠠᠯᠠᠪᠠᠢ ︵ᠡᠷᠦᠬᠡ︶ ᠠᠴᠠ ᠴᠢᠨᠠᠷ ᠰᠠᠶᠢᠲᠠᠢ ᠢᠴᠡᠬᠡᠮᠡᠯ ᠦᠷ᠎ᠡ ᠠᠰᠢᠭᠯᠠᠪᠠᠯ ᠨᠦᠬᠦᠪᠦᠷᠢ ᠦᠭᠴᠦ᠂ ᠦᠨᠢᠶ᠎ᠡ ᠲᠡᠵᠢᠬᠡᠨ ᠦᠷᠡᠵᠢᠬᠦᠯᠬᠦ ᠬᠤᠷᠳᠣᠴᠠ ᠶᠢ ᠲᠦᠷᠬᠡᠳᠬᠡᠨ᠂ ᠠᠯᠠᠰᠢᠨ ᠦᠬᠡᠷ ᠤᠨ ᠰᠦᠷᠦᠭ ᠢ ᠦᠷᠬᠡᠳᠬᠡᠨ ᠲᠤᠭ᠎ᠠ ᠬᠡᠮᠵᠢᠶ᠎ᠡ ᠶᠢ ᠨᠡᠮᠡᠭᠳᠡᠬᠦᠯᠬᠦ ᠶᠢ ᠠᠬᠢᠭᠤᠯᠵᠤ᠂ ᠦᠨᠢᠶ᠎ᠡ ᠪᠦᠷᠢ ᠵᠢᠯ ᠳᠤ 2 ᠭᠤᠤᠷᠰᠣ ᠴᠢᠨᠠᠷ ᠰᠠᠶᠢᠲᠠᠢ ᠠᠯᠠᠰᠢᠨ ᠦᠭᠡᠷ ᠤᠨ ᠢᠴᠡᠭᠡᠮᠡᠯ ᠦᠷ᠎ᠡ ᠬᠠᠩᠭᠠᠨ᠂ ᠭᠤᠤᠷᠰᠣ ᠪᠦᠷᠢ ᠳᠤ 30 ᠲᠦᠬᠦᠷᠢᠭ ᠨᠦᠬᠦᠪᠦᠷᠢᠯᠡᠨ᠎ᠡ︔ ᠠᠯᠠᠰᠢᠨ ᠦᠭᠡᠷ ᠤᠨ ᠨᠡᠶᠢᠬᠡᠮᠴᠢᠯᠡᠭᠰᠡᠨ ᠦᠢᠯᠡᠴᠢᠯᠡᠭᠡᠨ ᠤ ᠵᠤᠬᠢᠶᠠᠨ ᠪᠠᠶᠢᠭᠤᠯᠤᠯᠲᠠ ᠶᠢ ᠳᠡᠮᠵᠢᠨ ᠪᠤᠶᠢᠵᠢᠭᠤᠯᠵᠤ᠂ ︽ᠣᠷᠢᠳᠠᠪᠠᠷ ᠨᠡᠮᠡᠭᠳᠡᠬᠦᠯᠦᠨ ᠰᠡᠬᠦᠯᠡᠷ ᠨᠦᠬᠦᠪᠦᠷᠢᠯᠡᠬᠦ︾ ᠠᠷᠭ᠎ᠠ ᠮᠠᠶ᠋ᠢᠭ᠂ ᠳᠠᠷᠤᠢ ︽ᠲᠤᠭᠤᠯ ᠦᠵᠡᠬᠦ᠂ ᠲᠡᠵᠢᠬᠡᠪᠦᠷᠢ ᠶᠢᠨ ᠡᠷᠦᠬᠡ ᠳᠤ ᠣᠴᠢᠬᠤ᠂ ᠳᠠᠩᠰᠠ ᠡᠪᠬᠡᠮᠡᠯ ᠢ ᠪᠠᠶᠢᠴᠠᠭᠠᠬᠤ︾ ᠪᠠᠷ ᠳᠠᠮᠵᠢᠭᠤᠯᠤᠨ ᠲᠤᠰ ᠵᠢᠯ ᠳᠤ 100 ᠣᠳᠠᠭ᠎ᠠ ᠠᠴᠠ ᠳᠡᠭᠡᠭᠰᠢ ᠬᠡᠬᠡᠯᠳᠦᠬᠦᠯᠬᠡ ᠬᠢᠭᠰᠡᠨ ᠨᠡᠶᠢᠬᠡᠮᠴᠢᠯᠡᠭᠰᠡᠨ ᠦᠢᠯᠡᠴᠢᠯᠡᠬᠡᠨ ᠤ ᠵᠤᠬᠢᠶᠠᠨ ᠪᠠᠶᠢᠭᠤᠯᠤᠯᠲᠠ ᠳᠤ ᠰᠢᠨ᠎ᠡ ᠨᠡᠮᠡᠭᠳᠡᠭᠰᠡᠨ ᠲᠤᠭᠤᠯ ᠨᠢᠬᠡᠪᠦᠷᠢ ᠪᠠᠷ 260 ᠲᠦᠬᠦᠷᠢᠭ ᠱᠠᠩᠨᠠᠨ᠎ᠠ᠃ ᠠᠯᠠᠰᠢᠨ ᠮᠠᠯ ᠤᠨ ᠵᠤᠬᠢᠶᠠᠮᠠᠯ ᠬᠡᠬᠡᠯᠳᠦᠬᠦᠯᠬᠡ ᠶᠢ ᠭᠠᠴᠠᠭ᠎ᠠ ᠲᠤᠰᠬᠤᠨ ᠳᠤ ᠪᠦᠬᠦᠶᠢᠯᠡ ᠴᠤᠭᠴᠠ ᠪᠠᠷ ᠠᠬᠢᠭᠤᠯᠬᠤ ᠲᠤᠷᠰᠢᠯᠲᠠ ᠶᠢ ᠶᠠᠪᠤᠭᠳᠠᠭᠤᠯᠵᠤ᠂ ᠠᠯᠠᠰᠢᠨ ᠮᠠᠯ ᠤᠨ ᠠᠵᠤ ᠦᠢᠯᠡᠰ ᠤᠨ ᠬᠦᠭᠵᠢᠯᠲᠡ ᠨᠡᠯᠢᠶᠡᠳ ᠬᠦᠴᠦᠷᠬᠡᠭ  ᠭᠠᠴᠠᠭ᠎ᠠ ᠲᠤᠰᠬᠤᠨ ᠢ 2 ᠰᠣᠩᠭᠤᠨ᠂ ᠨᠡᠶᠢᠬᠡᠮᠴᠢᠯᠡᠭᠰᠡᠨ ᠦᠢᠯᠡᠴᠢᠯᠡᠬᠡᠨ ᠤ ᠲᠦᠷᠦᠯ ᠵᠦᠢᠯ ᠢ ᠲᠤᠬᠢᠷᠠᠭᠤᠯᠵᠤ᠂ ᠢᠵᠢᠯ ᠬᠤᠭᠤᠴᠠᠭᠠᠨ ᠳᠤ ᠣᠷᠣᠭᠠᠯᠠᠬᠤ᠂ ᠨᠢᠬᠡᠳᠦᠯᠲᠡᠢ ᠬᠡᠬᠡᠯᠳᠦᠬᠦᠯᠬᠦ᠂ ᠲᠦᠪᠯᠡᠷᠡᠩᠬᠦᠢ ᠲᠦᠯᠯᠡᠬᠦ ᠮᠡᠷᠬᠡᠵᠢᠯ ᠢ ᠬᠡᠷᠡᠭᠵᠢᠬᠦᠯᠦᠨ᠂ ᠴᠢᠨᠠᠷ ᠰᠠᠶᠢᠲᠠᠢ ᠠᠯᠠᠰᠢᠨ ᠮᠠᠯ ᠤᠨ ᠡᠬᠦᠯᠳᠡᠷ ᠤᠨ ᠳᠠᠭᠤᠷᠢᠶᠠᠯ ᠲᠦᠬᠡᠮᠡᠯᠵᠢᠬᠦᠯᠦᠯᠲᠡ ᠶᠢᠨ ᠪᠦᠲᠦᠮᠵᠢ ᠶᠢ ᠳᠡᠭᠡᠭᠰᠢᠯᠡᠬᠦᠯᠦᠨ᠎ᠡ᠃     21. ᠮᠠᠯ ᠲᠠᠷᠢᠶᠠᠯᠠᠩ ᠤᠨ ᠦᠢᠯᠡᠰ ᠤᠨ ᠲᠦᠷᠦ ᠶᠢᠨ ᠪᠤᠳᠤᠯᠭ᠎ᠠ ᠶᠢᠨ ᠴᠢᠨᠠᠷᠲᠠᠢ ᠳᠠᠭᠠᠳᠬᠠᠯ ᠢ ᠠᠬᠢᠭᠤᠯᠤᠨ᠎ᠠ᠃ ᠬᠤᠰᠢᠭᠤ ᠡᠳ᠋ ᠤᠨ ᠵᠠᠰᠠᠭ ᠠᠴᠠ 403.2 ᠲᠦᠮᠡᠨ ᠲᠦᠬᠦᠷᠢᠭ ᠲᠤᠬᠢᠷᠠᠭᠤᠯᠵᠤ᠂ ᠬᠠᠤᠯᠢ ᠶᠤᠰᠤᠨ ᠤ ᠣᠰᠣᠯᠠᠯᠲᠠ ᠶᠢᠨ ᠭᠠᠵᠠᠷ ᠳᠡᠭᠡᠷ᠎ᠡ ᠯᠠᠵᠤᠤ ᠲᠠᠷᠢᠵᠦ ᠳᠠᠭᠠᠳᠬᠠᠯ ᠳᠤ ᠣᠷᠣᠭᠰᠠᠨ ᠡᠷᠦᠬᠡ ᠳᠤ ᠮᠣ᠋ ᠪᠦᠷᠢ ᠶᠢᠨ ᠳᠠᠭᠠᠳᠬᠠᠯ ᠤᠨ ᠵᠠᠷᠤᠳᠠᠯ ᠤᠨ 70%᠂ 100.8 ᠲᠦᠬᠦᠷᠢᠭ ᠨᠦᠬᠦᠪᠦᠷᠢᠯᠡᠨ᠎ᠡ᠃ ᠡᠩᠭᠧᠰ᠂ ᠰᠢᠮᠧᠨ᠋ᠳ᠋ᠷ ᠵᠡᠷᠭᠡ ᠴᠢᠨᠠᠷ ᠰᠠᠶᠢᠲᠠᠢ ᠠᠯᠠᠰᠢᠨ ᠦᠬᠡᠷ  ᠤᠨ ᠳᠠᠭᠠᠳᠬᠠᠯ ᠢ ᠦᠪᠡᠷᠲᠡᠭᠡᠨ ᠵᠠᠰᠠᠬᠤ ᠣᠷᠣᠨ᠂ ᠠᠶᠢᠮᠠᠭ ᠬᠤᠲᠠ᠂ ᠬᠤᠰᠢᠭᠤ ᠰᠢᠶᠡᠨ ᠪᠠ ᠮᠠᠯᠴᠢᠨ ᠲᠠᠷᠢᠶᠠᠴᠢᠳ ᠤᠨ 4᠄ 2᠄ 2᠄ 2 ᠬᠠᠷᠢᠴᠠᠯ ᠶᠤᠰᠤᠭᠠᠷ᠂ ᠬᠤᠰᠢᠭᠤ ᠱᠠᠲᠤᠨ ᠠᠴᠠ ᠦᠬᠡᠷ ᠪᠦᠷᠢ 70 ᠲᠦᠬᠦᠷᠢᠭ ᠤᠨ ᠳᠠᠭᠠᠳᠬᠠᠯ ᠤᠨ ᠵᠠᠷᠤᠳᠠᠯ ᠢ ᠳᠠᠭᠠᠭᠠᠴᠢᠯᠠᠨ᠎ᠠ᠃ ᠨᠣᠣᠯᠣᠭᠤᠷ ᠤᠨ ᠢᠮᠠᠭᠠᠨ ᠤ ᠨᠤᠤᠯᠤᠭᠤᠷ ᠤᠨ ᠶᠠᠰᠣ ᠴᠢᠨᠠᠷ ᠤᠨ ᠬᠦᠢᠴᠡᠳᠬᠡᠯ ᠲᠤᠭᠠᠨ ᠤ ᠳᠠᠭᠠᠳᠬᠠᠯ ᠢ ᠠᠶᠢᠮᠠᠭ ᠬᠤᠲᠠ᠂ ᠬᠤᠰᠢᠭᠤ ᠰᠢᠶᠡᠨ ᠪᠠ ᠮᠠᠯᠴᠢᠨ ᠲᠠᠷᠢᠶᠠᠴᠢᠳ ᠤᠨ 7᠄ 1᠄ 2 ᠬᠠᠷᠢᠴᠠᠯ ᠶᠤᠰᠤᠭᠠᠷ᠂ ᠬᠤᠰᠢᠭᠤ ᠱᠠᠲᠤᠨ ᠠᠴᠠ ᠢᠮᠠᠭ᠎ᠠ ᠪᠦᠷᠢ 3.2 ᠲᠦᠬᠦᠷᠢᠭ ᠤᠨ ᠳᠠᠭᠠᠳᠬᠠᠯ ᠤᠨ ᠵᠠᠷᠤᠳᠠᠯ ᠢ ᠳᠠᠭᠠᠭᠠᠴᠢᠯᠠᠨ᠎ᠠ᠃     22., ᠠᠮᠢᠲᠠᠨ ᠤ ᠬᠢᠵᠢᠭ ᠡᠪᠡᠳᠴᠢᠨ ᠤ ᠰᠡᠷᠬᠡᠶᠢᠯᠡᠨ ᠡᠵᠡᠮᠳᠡᠯ ᠢ ᠠᠬᠢᠭᠤᠯᠤᠨ᠎ᠠ᠃ ᠬᠤᠰᠢᠭᠤ ᠡᠳ᠋ ᠤᠨ ᠵᠠᠰᠠᠭ ᠠᠴᠠ 364.2 ᠲᠦᠮᠡᠨ ᠲᠦᠬᠦᠷᠢᠭ ᠤᠨ ᠬᠢᠵᠢᠭ ᠡᠪᠡᠳᠴᠢᠨ ᠢ ᠰᠡᠷᠬᠡᠶᠢᠯᠡᠨ ᠡᠵᠡᠮᠳᠡᠬᠦ ᠨᠡᠶᠢᠬᠡᠮᠴᠢᠯᠡᠭᠰᠡᠨ ᠦᠢᠯᠡᠴᠢᠯᠡᠬᠡᠨ ᠤ ᠵᠠᠷᠣᠳᠠᠯ ᠲᠤᠬᠢᠷᠠᠭᠤᠯᠵᠤ᠂ ᠬᠢᠵᠢᠭ ᠡᠪᠡᠳᠴᠢᠨ ᠤ ᠬᠢᠨᠠᠨ ᠡᠵᠡᠮᠰᠢᠯ ᠢ ᠶᠠᠪᠤᠭᠳᠠᠭᠤᠯᠤᠨ  ᠡᠪᠡᠳᠴᠢᠨ ᠢᠶᠠᠷ ᠦᠬᠦᠭᠰᠡᠨ ᠮᠠᠯ ᠵᠢᠬᠦᠷᠲᠡᠨ ᠢ ᠬᠤᠤᠷ ᠦᠬᠡᠶᠢᠳᠡᠬᠦᠯᠦᠨ ᠰᠢᠢᠳᠪᠦᠷᠢᠯᠡᠬᠦ᠂ 50 ᠴᠡᠭ ᠤᠨ ᠠᠵᠢᠯᠯᠠᠮᠵᠢ ᠳᠤ ᠪᠠᠲᠤᠯᠠᠭ᠎ᠠ ᠬᠠᠩᠭᠠᠨ᠎ᠠ᠃     23. ᠮᠠᠯ ᠲᠠᠷᠢᠶᠠᠯᠠᠩ ᠤᠨ ᠦᠢᠯᠡᠰ ᠤᠨ ᠪᠤᠬᠢᠷᠳᠣᠯ ᠦᠬᠡᠢ ᠬᠦᠭᠵᠢᠯᠲᠡ ᠶᠢ ᠠᠬᠢᠭᠤᠯᠤᠨ᠎ᠠ᠃ ᠪᠤᠬᠢᠷᠳᠣᠯ ᠦᠬᠡᠢ ᠳᠣᠣᠷ᠎ᠠ ᠨᠡᠬᠦᠷᠡᠰᠦᠳᠦ᠋ᠷᠦᠭᠴᠢᠲᠦ ᠬᠦᠭᠵᠢᠯᠲᠡ ᠶᠢ ᠪᠠᠷᠢᠮᠲᠠᠯᠠᠨ᠂ ᠣᠯᠠᠨ ᠡᠬᠢᠲᠤ ᠪᠤᠬᠢᠷᠳᠣᠯ ᠤᠨ ᠰᠡᠷᠬᠡᠶᠢᠯᠡᠨ ᠵᠠᠰᠠᠯᠲᠠ ᠶᠢᠨ ᠪᠡᠯᠡ ᠮᠦᠩᠬᠦ ᠶᠢ ᠲᠦᠬᠦᠷᠴᠢᠯᠡᠵᠦ᠂ ᠪᠤᠷᠳᠣᠭᠤᠷ ᠢ ᠬᠢᠵᠠᠭᠠᠷᠯᠠᠨ ᠦᠷ᠎ᠡ ᠠᠰᠢᠭ ᠢ ᠨᠡᠮᠡᠭᠳᠡᠬᠦᠯᠬᠦ᠂ ᠲᠠᠷᠢᠶᠠᠯᠠᠩ ᠤᠨ ᠡᠮ ᠢ ᠬᠢᠵᠠᠭᠠᠷᠯᠠᠨ ᠬᠦᠨᠦᠬᠡᠯ ᠢ ᠪᠠᠭᠠᠰᠬᠠᠬᠤ᠂ ᠣᠰᠣ ᠶᠢ ᠬᠢᠵᠠᠭᠠᠷᠯᠠᠨ ᠬᠤᠷᠤᠭᠳᠠᠯ ᠢ ᠪᠠᠭᠠᠰᠬᠠᠬᠤ᠂ ᠪᠦᠷᠬᠦᠬᠦᠯ ᠢ ᠬᠢᠵᠠᠭᠠᠷᠯᠠᠨ ᠦᠷ᠎ᠡ ᠠᠰᠢᠭ ᠢ ᠳᠡᠭᠡᠭᠰᠢᠯᠡᠬᠦᠯᠬᠦ ᠠᠵᠢᠯᠯᠠᠭ᠎ᠠ ᠶᠢ ᠬᠦᠨᠵᠡᠬᠡᠢ ᠦᠷᠨᠢᠬᠦᠯᠦᠨ᠎ᠡ᠃     24. ᠦᠬᠡᠷᠡᠴᠢᠯᠡᠯᠲᠡ ᠰᠢᠨᠡᠴᠢᠯᠡᠯᠲᠡ ᠶᠢ ᠠᠬᠢᠭᠤᠯᠤᠨ᠎ᠠ᠃ ᠦᠬᠡᠷᠡᠴᠢᠯᠡᠯᠲᠡ ᠶᠢᠨ ᠠᠷᠭ᠎ᠠ ᠮᠠᠶ᠋ᠢᠭ ᠢᠶᠠᠷ ᠭᠠᠵᠠᠷ ᠰᠢᠷᠤᠢ ᠶᠢᠨ ᠴᠡᠭᠴᠡᠵᠢᠬᠦᠯᠦᠯᠲᠡ᠂ ᠣᠰᠣ ᠰᠣᠷᠪᠣᠯᠵᠢ ᠶᠢᠨ ᠠᠷᠪᠢᠯᠠᠯᠲᠠ ᠪᠠ ᠨᠡᠬᠦᠷᠡᠰᠦᠳᠦ᠋ᠷᠦᠭᠴᠢᠲᠦ ᠶᠢᠨ ᠬᠤᠷᠠᠮᠳᠣᠯ ᠤᠨ ᠠᠷᠠᠯᠵᠢᠶᠠᠨ ᠤ ᠠᠵᠢᠯ ᠢ ᠰᠠᠶᠢᠲᠤᠷ ᠬᠢᠬᠦ ᠶᠢ ᠵᠣᠷᠢᠭᠵᠢᠭᠤᠯᠵᠤ᠂ ᠲᠤᠭᠲᠠᠭᠠᠯ ᠶᠤᠰᠤᠭᠠᠷ ᠪᠦᠬᠦ ᠪᠡᠯᠡ ᠮᠦᠩᠭᠦ ᠶᠢ ᠡᠩ ᠲᠡᠷᠢᠬᠦᠨ ᠳᠤ ᠮᠠᠯ ᠲᠠᠷᠢᠶᠠᠯᠠᠩ ᠤᠨ ᠦᠢᠯᠡᠰ ᠤᠨ ᠰᠠᠭᠤᠷᠢ ᠳᠦᠬᠦᠬᠡᠷᠦᠮᠵᠢ ᠶᠢᠨ ᠪᠠᠶᠢᠭᠤᠯᠤᠯᠲᠠ ᠶᠢᠨ ᠠᠷᠠᠴᠢᠯᠠᠯᠲᠠ ᠪᠠ ᠠᠵᠤ ᠦᠢᠯᠡᠰ ᠤᠨ ᠬᠦᠭᠵᠢᠯᠲᠡ ᠳᠤ ᠬᠡᠷᠡᠭᠯᠡᠨ᠎ᠡ᠃ ᠮᠠᠯᠵᠢᠬᠤ ᠲᠠᠷᠢᠶᠠᠯᠠᠬᠤ ᠣᠷᠣᠨ ᠤ ᠰᠣᠯᠠ ᠪᠠᠶᠢᠬᠤ ᠡᠳ᠋ ᠬᠦᠷᠦᠩᠭᠡ ᠶᠢᠨ ᠰᠣᠷᠪᠣᠯᠵᠢ ᠶᠢ ᠪᠦᠲᠦᠮᠵᠢᠲᠡᠢ ᠠᠮᠢᠳᠣᠯᠢᠭᠵᠢᠭᠤᠯᠣᠨ᠂ ᠮᠠᠯᠵᠢᠬᠤ ᠲᠠᠷᠢᠶᠠᠯᠠᠬᠤ ᠣᠷᠣᠨ ᠤ ᠡᠬᠢ ᠰᠣᠷᠪᠣᠯᠵᠢ ᠶᠢᠨ ᠬᠦᠴᠦᠨ ᠵᠦᠢᠯ ᠤᠨ ᠰᠢᠯᠵᠢᠯᠲᠡ ᠶᠢ ᠠᠬᠢᠭᠤᠯᠤᠨ᠎ᠠ᠃ ᠪᠡᠯᠡ ᠮᠦᠩᠭᠦᠨ ᠤ ᠪᠠᠲᠤᠯᠠᠭ᠎ᠠ ᠶᠢ ᠴᠢᠩᠭᠠᠳᠬᠠᠵᠤ᠂ ᠭᠤᠷᠪᠠᠳᠣᠭᠠᠷ ᠡᠲᠡᠭᠡᠳ ᠤᠨ ᠪᠠᠶᠢᠭᠤᠯᠤᠮᠵᠢ ᠢ ᠣᠷᠢᠵᠦ ᠲᠦᠯᠦᠪᠵᠢᠬᠦᠯᠬᠡ ᠶᠢᠨ ᠲᠤᠭᠤᠷᠪᠢᠯᠲᠠ᠂ ᠲᠦᠷᠦ ᠶᠢᠨ ᠪᠤᠳᠤᠯᠭ᠎ᠠ ᠶᠢᠨ ᠯᠠᠪᠯᠠᠯᠲᠠ᠂ ᠭᠤᠤᠯᠳᠠᠯᠭᠠᠲᠤ ᠲᠦᠷᠦᠯ ᠵᠦᠢᠯ ᠤᠨ ᠦᠨᠡᠯᠡᠯᠲᠡ ᠪᠠ ᠲᠦᠰᠦᠪᠯᠡᠯ ᠢ ᠶᠠᠪᠤᠭᠳᠠᠭᠤᠯᠤᠨ᠂ ᠬᠤᠰᠢᠭᠤ ᠡᠳ᠋ ᠤᠨ ᠵᠠᠰᠠᠭ ᠠᠴᠠ 200 ᠲᠦᠮᠡᠨ ᠲᠦᠬᠦᠷᠢᠭ ᠤᠨ ᠲᠦᠷᠦᠯ ᠵᠦᠢᠯ ᠤᠨ ᠡᠮᠦᠨ᠎ᠡ ᠬᠤᠭᠤᠴᠠᠭᠠᠨ ᠤ ᠵᠠᠷᠣᠳᠠᠯ ᠢ ᠲᠤᠬᠢᠷᠠᠭᠤᠯᠤᠨ᠎ᠠ᠃ ᠮᠠᠯ ᠲᠠᠷᠢᠶᠠᠯᠠᠩ ᠤᠨ ᠦᠢᠯᠡᠰ ᠤᠨ ᠳᠦᠭᠰᠢᠬᠦᠷᠢ ᠶᠢᠨ ᠰᠡᠷᠬᠡᠶᠢᠯᠡᠯᠲᠡ ᠶᠢ ᠴᠢᠩᠭᠠᠳᠬᠠᠵᠤ᠂ ᠬᠢᠨᠠᠨ ᠡᠵᠡᠮᠰᠢᠯ ᠤᠨ ᠣᠷᠢᠳᠴᠢᠯᠠᠨ ᠰᠡᠷᠡᠮᠵᠢᠯᠡᠬᠦᠯᠦᠯ ᠢ ᠴᠢᠩᠭᠠᠷᠠᠭᠤᠯᠤᠨ᠂ ᠭᠠᠮᠰᠢᠭ ᠢ ᠰᠡᠷᠬᠡᠶᠢᠯᠡᠵᠦ ᠭᠠᠮᠰᠢᠭ ᠢ ᠪᠠᠭᠠᠰᠬᠠᠨ ᠭᠠᠮᠰᠢᠭ ᠠᠴᠠ ᠠᠪᠤᠷᠠᠬᠤ ᠲᠤᠭᠲᠠᠴᠠ ᠶᠢ ᠲᠡᠬᠦᠯᠳᠡᠷᠵᠢᠬᠦᠯᠦᠨ᠂ ᠬᠠᠪᠤᠷ ᠤᠨ ᠣᠯᠠᠷᠢᠯ ᠤᠨ ᠭᠠᠩ ᠲᠠᠢ ᠲᠡᠮᠡᠴᠡᠬᠦ ᠲᠡᠵᠢᠬᠡᠯ ᠡᠪᠡᠰᠦᠨ ᠤ ᠨᠦᠬᠡᠴᠡᠯᠡᠯᠲᠡ ᠶᠢᠨ ᠬᠦᠮᠦᠷᠬᠡ ᠶᠢᠨ ᠪᠠᠶᠢᠭᠤᠯᠤᠯᠲᠠ ᠶᠢ ᠳᠡᠮᠵᠢᠵᠦ᠂ ᠲᠠᠷᠢᠶ᠎ᠠ ᠲᠠᠷᠢᠬᠤ ᠮᠠᠯ ᠲᠡᠵᠢᠬᠡᠬᠦ ᠮᠠᠯᠴᠢᠨ ᠲᠠᠷᠢᠶᠠᠴᠢᠳ ᠪᠠ ᠡᠵᠡᠩᠨᠡᠯᠲᠡ ᠶᠢᠨ ᠭᠤᠤᠯ ᠴᠣᠭᠴᠠ ᠶᠢᠨ ᠠᠰᠢᠭ ᠲᠤᠰᠠ ᠶᠢᠨ ᠪᠠᠲᠤᠯᠠᠭ᠎ᠠ ᠶᠢᠨ ᠲᠤᠭᠲᠠᠴᠠ ᠶᠢ ᠲᠡᠬᠦᠯᠳᠡᠷᠵᠢᠬᠦᠯᠦᠨ᠎ᠡ᠃     ᠬᠤᠶᠠᠷ᠂ ᠮᠠᠯ ᠲᠠᠷᠢᠶᠠᠯᠠᠩ ᠤᠨ ᠦᠢᠯᠡᠰ ᠤᠨ ᠬᠡᠯᠬᠢᠶᠡᠵᠢᠯ ᠢ ᠣᠷᠲᠣᠳᠬᠠᠵᠤ᠂ ᠮᠠᠯ ᠲᠠᠷᠢᠶᠠᠯᠠᠩ ᠤᠨ ᠦᠢᠯᠡᠰ ᠤᠨ ᠠᠵᠤ ᠦᠢᠯᠡᠰᠴᠢᠯᠡᠭᠰᠡᠨ ᠬᠦᠭᠵᠢᠯᠲᠡ ᠶᠢ ᠠᠬᠢᠭᠤᠯᠤᠨ᠎ᠠ     ︵ᠨᠢᠭᠡ︶ ᠡᠵᠡᠩᠨᠡᠯᠲᠡ ᠶᠢᠨ ᠭᠤᠤᠯ ᠴᠤᠭᠴᠠ ᠶᠢᠨ ᠬᠦᠭᠵᠢᠯᠲᠡ ᠶᠢᠨ ᠴᠢᠳᠠᠪᠤᠷᠢ ᠶᠢ ᠳᠡᠭᠡᠭᠰᠢᠯᠡᠬᠦᠯᠦᠨ᠎ᠡ     25. ᠲᠤᠯᠤᠭᠠᠶᠢᠯᠠᠭᠴᠢ ᠠᠵᠤ ᠠᠬᠤᠶᠢᠯᠠᠯ ᠢ ᠬᠦᠭᠵᠢᠬᠦᠯᠦᠨ ᠪᠤᠵᠠᠭᠠᠶᠢᠷᠠᠭᠤᠯᠤᠨ᠎ᠠ᠃ ᠰᠢᠨ᠎ᠡ ᠪᠠᠷ ᠬᠢᠨᠠᠨ ᠲᠤᠭᠲᠠᠭᠠᠭᠰᠠᠨ ᠦᠢᠯᠡᠳᠪᠦᠷᠢᠯᠡᠯ ᠤᠨ ᠡᠵᠡᠩᠨᠡᠯᠲᠡ ᠰᠠᠶᠢᠨ᠂ ᠠᠰᠢᠭ ᠲᠤᠰᠠ ᠶᠢᠨ ᠬᠤᠯᠪᠤᠭᠠᠲᠤ ᠲᠤᠭᠲᠠᠴᠠ ᠨᠢᠭᠲᠠ᠂ ᠳᠠᠶᠢᠴᠢᠯᠠᠯᠲᠠ ᠶᠢᠨ ᠬᠦᠴᠦᠨ ᠴᠢᠩᠭ᠎ᠠ ᠣᠯᠣᠰ᠂ ᠦᠪᠡᠷᠲᠡᠭᠡᠨ ᠵᠠᠰᠠᠬᠤ ᠣᠷᠣᠨ᠂ ᠬᠤᠲᠠ  ᠶᠢᠨ ᠲᠡᠰ ᠤᠨ ᠮᠠᠯ ᠲᠠᠷᠢᠶᠠᠯᠠᠩ ᠤᠨ ᠠᠵᠤ ᠦᠢᠯᠡᠰᠴᠢᠯᠡᠭᠰᠡᠨ ᠲᠤᠯᠤᠭᠠᠶᠢᠯᠠᠭᠴᠢ ᠠᠵᠤ ᠠᠬᠤᠶᠢᠯᠠᠯ ᠳᠤ ᠬᠤᠰᠢᠭᠤ ᠡᠳ᠋ ᠤᠨ ᠵᠠᠰᠠᠭ ᠠᠴᠠ 100 ᠲᠦᠮᠡᠨ ᠲᠦᠬᠦᠷᠢᠭ ᠤᠨ ᠵᠢᠯᠤᠭᠤᠳᠤᠨ ᠬᠦᠬᠢᠬᠦᠯᠬᠦ ᠪᠡᠯᠡ ᠮᠦᠩᠭᠦ ᠶᠢ ᠲᠤᠬᠢᠷᠠᠭᠤᠯᠵᠤ᠂ ᠠᠵᠤ ᠠᠬᠤᠶᠢᠯᠠᠯ ᠤᠨ ᠬᠦᠴᠦᠷᠬᠡᠭᠵᠢᠨ ᠪᠤᠵᠠᠭᠠᠶᠢᠷᠠᠬᠤ ᠶᠢ ᠳᠡᠮᠵᠢᠨ᠎ᠡ᠃ ᠣᠯᠣᠰ  ᠤᠨ 500 ᠰᠣᠳᠣᠨ᠂ 500 ᠰᠣᠳᠣᠨ ᠲᠠᠷᠢᠶᠠᠯᠠᠩ ᠤᠨ ᠠᠵᠤ ᠠᠬᠤᠶᠢᠯᠠᠯ᠂ ᠮᠠᠯ ᠲᠠᠷᠢᠶᠠᠯᠠᠩ ᠤᠨ ᠦᠢᠯᠡᠰ ᠤᠨ ᠵᠠᠬ᠎ᠠ ᠳᠤ ᠭᠠᠷᠤᠭᠰᠠᠨ ᠠᠵᠤ ᠠᠬᠤᠶᠢᠯᠠᠯ ᠵᠢᠴᠢ ᠭᠤᠤᠯᠳᠠᠯᠭᠠᠲᠤ ᠠᠵᠤ ᠦᠢᠯᠡᠰ ᠤᠨ ᠬᠡᠯᠬᠢᠶᠡᠵᠢᠯ ᠤᠨ ᠭᠤᠤᠯ ᠠᠵᠤ ᠠᠬᠤᠶᠢᠯᠠᠯ ᠲᠠᠢ ᠢᠳᠡᠪᠬᠢᠲᠡᠢ ᠪᠠᠷ ᠵᠤᠬᠢᠴᠠᠭᠤᠯᠤᠨ᠂ ᠮᠠᠯ ᠲᠠᠷᠢᠶᠠᠯᠠᠩ ᠤᠨ ᠦᠢᠯᠡᠰ ᠤᠨ ᠦᠢᠯᠡᠳᠪᠦᠷᠢᠯᠡᠯ ᠤᠨ ᠡᠳ᠋ᠰᠢᠬᠦᠯᠦᠯᠲᠡ ᠶᠢᠨ ᠰᠠᠭᠤᠷᠢᠨ ᠤ ᠪᠠᠶᠢᠭᠤᠯᠤᠯᠲᠠ ᠶᠢ ᠠᠬᠢᠭᠤᠯᠵᠤ᠂ ᠵᠢᠯ ᠤᠨ ᠦᠢᠯᠡᠳᠬᠦᠨ ᠤ ᠦᠷᠲᠡᠭ 10 ᠳ᠋ᠦᠩᠰᠢᠭᠤᠷ ᠲᠦᠬᠦᠷᠢᠭ  ᠠᠴᠠ ᠳᠠᠪᠠᠭᠰᠠᠨ ᠠᠵᠤ ᠠᠬᠤᠶᠢᠯᠠᠯ ᠵᠢᠴᠢ ᠪᠦᠬᠦ ᠠᠵᠤ ᠦᠢᠯᠡᠰ ᠤᠨ ᠬᠡᠯᠬᠢᠶᠡᠵᠢᠯ ᠤᠨ ᠪᠠᠶᠢᠭᠤᠯᠤᠯᠲᠠ ᠶᠢᠨ ᠱᠠᠭᠠᠷᠳᠠᠯᠭ᠎ᠠ ᠳᠤ ᠨᠡᠶᠢᠴᠡᠭᠰᠡᠨ᠂ ᠮᠠᠯᠴᠢᠨ ᠲᠠᠷᠢᠶᠠᠴᠢᠳ ᠲᠠᠢ ᠠᠰᠢᠭ ᠲᠣᠰᠠ ᠶᠢᠨ ᠬᠤᠯᠪᠤᠭᠠᠲᠤ ᠲᠤᠭᠲᠠᠴᠠ ᠨᠢᠭᠲᠠ ᠠᠵᠤ ᠠᠬᠤᠶᠢᠯᠠᠯ ᠤᠨ ᠪᠦᠯᠦᠭᠯᠡᠯ ᠳᠤ ᠪᠦᠬᠦ ᠬᠤᠲᠠ ᠶᠢᠨ ᠠᠵᠤ ᠠᠬᠤᠢ ᠶᠢᠨ ᠴᠢᠨᠠᠷᠯᠢᠭ ᠬᠦᠭᠵᠢᠯᠲᠡ ᠶᠢ ᠳᠡᠮᠵᠢᠬᠦ ᠰᠢᠷᠢᠰ ᠲᠦᠷᠦ ᠶᠢᠨ ᠪᠤᠳᠤᠯᠭ᠎ᠠ ᠶᠢ ᠡᠳ᠋ᠯᠡᠬᠦᠯᠬᠦ ᠠᠴᠠ ᠭᠠᠳᠠᠨ᠎ᠠ᠂ ᠲᠤᠭᠲᠠᠮᠠᠯ ᠬᠦᠷᠦᠩᠭᠡ ᠶᠢᠨ ᠪᠡᠯᠡ ᠣᠷᠣᠭᠤᠯᠣᠯᠲᠠ ᠶᠢᠨ 40% ᠪᠠᠷ ᠬᠦᠦ ᠮᠦᠩᠭᠦ ᠶᠢ ᠨᠢ ᠣᠷᠣᠯᠠᠨ ᠲᠤᠰᠢᠶᠠᠬᠤ ᠵᠢᠬᠡᠯᠡᠯᠬᠡ ᠦᠭᠴᠦ᠂ ᠬᠦᠦ ᠮᠦᠩᠭᠦ ᠶᠢ ᠬᠠᠮᠤᠭ ᠤᠨ ᠦᠨᠳᠦᠷ ᠲᠡᠭᠡᠨ 500 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠂ ᠡᠬᠦᠨ ᠤ ᠬᠠᠮᠲᠤ ᠮᠠᠯ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠰᠠᠭᠤᠷᠢ ᠮᠦᠩᠭᠦ ᠶᠢ ᠠᠰᠢᠭᠯᠠᠬᠤ ᠵᠡᠷᠭᠡ ᠣᠯᠠᠨ ᠵᠦᠢᠯ ᠤᠨ ᠠᠷᠭ᠎ᠠ  ᠪᠠᠷ ᠳᠡᠮᠵᠢᠨ᠎ᠡ᠃ ᠮᠠᠯ ᠲᠠᠷᠢᠶᠠᠯᠠᠩ ᠤᠨ ᠦᠢᠯᠡᠰ ᠤᠨ ᠭᠤᠤᠯᠯᠠᠬᠤ ᠠᠵᠤ ᠦᠢᠯᠡᠰ ᠤᠨ ᠬᠤᠪᠢ ᠨᠡᠮᠡᠷᠢ ᠳᠣᠪᠣᠶᠢᠮ᠎ᠠ᠂ ᠮᠠᠯᠴᠢᠨ ᠲᠠᠷᠢᠶᠠᠴᠢᠳ ᠢ ᠬᠤᠯᠪᠤᠭᠠᠯᠠᠨ ᠳᠠᠶᠢᠴᠢᠯᠠᠬᠤ ᠲᠤᠭᠲᠠᠴᠠ ᠨᠢᠭᠲᠠ ᠲᠤᠰᠬᠠᠢ ᠨᠠᠷᠢᠯᠢᠭ ᠣᠨᠴᠠ ᠰᠢᠨ᠎ᠡ ᠠᠵᠤ ᠠᠬᠤᠶᠢᠯᠠᠯ ᠪᠠ‌ᠮᠠᠯ ᠲᠠᠷᠢᠶᠠᠯᠠᠩ ᠤᠨ ᠠᠵᠤ ᠦᠢᠯᠡᠰᠴᠢᠯᠡᠭᠰᠡᠨ ᠭᠤᠤᠯᠳᠠᠯᠭᠠᠲᠤ ᠲᠤᠯᠤᠭᠠᠶᠢᠯᠠᠭᠴᠢ ᠠᠵᠤ ᠠᠬᠤᠶᠢᠯᠠᠯ ᠵᠠᠬ᠎ᠠ ᠳᠤ ᠭᠠᠷᠪᠠᠯ ︽ᠠᠰ ᠠᠰᠠ ᠢᠶᠠᠷ ᠨᠢ ᠵᠦᠪᠯᠡᠬᠦ︾ ᠠᠷᠭ᠎ᠠ ᠮᠠᠶ᠋ᠢᠭ ᠢᠶᠠᠷ ᠳᠡᠮᠵᠢᠨ᠎ᠡ᠃     26. ᠬᠤᠰᠢᠭᠤ ᠬᠡᠪᠴᠢᠶᠡᠨ ᠤ ᠠᠵᠤ ᠦᠢᠯᠡᠰ ᠢ ᠬᠦᠭᠵᠢᠬᠦᠯᠦᠨ ᠪᠤᠵᠠᠭᠠᠶᠢᠷᠠᠭᠤᠯᠤᠨ᠎ᠠ᠃ ︽ᠨᠢᠬᠡ ᠪᠠᠯᠭᠠᠰᠣ ᠨᠢᠬᠡ ᠣᠨᠴᠠᠯᠢᠭ︾ ᠬᠦᠭᠵᠢᠯᠲᠡ ᠶᠢᠨ ᠰᠡᠳᠬᠢᠮᠵᠢ ᠶᠤᠰᠤᠭᠠᠷ᠂ ᠣᠯᠣᠰ᠂ ᠦᠪᠡᠷᠲᠡᠭᠡᠨ ᠵᠠᠰᠠᠬᠤ ᠣᠷᠣᠨ᠂ ᠬᠤᠲᠠ ᠶᠢᠨ ᠲᠡᠰ ᠤᠨ ᠠᠵᠤ ᠦᠢᠯᠡᠰ ᠤᠨ ᠬᠦᠷᠢᠶᠡᠯᠡᠩ ᠪᠠ ᠠᠵᠤ ᠦᠢᠯᠡᠰ ᠤᠨ ᠬᠦᠴᠦᠷᠬᠡᠭ ᠪᠠᠯᠭᠠᠰᠣ ᠶᠢᠨ ᠬᠦᠭᠵᠢᠬᠦᠯᠦᠯᠲᠡ ᠶᠢᠨ ᠠᠵᠢᠯᠯᠠᠭᠠᠨ ᠢ ᠶᠠᠪᠤᠭᠳᠠᠭᠤᠯᠵᠤ᠂ ᠳᠡᠭᠡᠳᠦ ᠱᠠᠲᠤᠨ ᠤ ᠲᠤᠰᠬᠠᠢ ᠪᠡᠯᠡ ᠮᠦᠩᠭᠦ ᠶᠢ ᠣᠯᠬᠤ ᠶᠢᠨ ᠬᠠᠮᠲᠤ ᠬᠠᠷᠢᠴᠠᠯ ᠶᠤᠰᠤᠭᠠᠷ ᠬᠤᠰᠢᠭᠤ ᠲᠡᠰ ᠤᠨ ᠪᠡᠯᠡ ᠮᠦᠩᠭᠦ ᠶᠢ ᠲᠦᠬᠦᠷᠴᠢᠯᠡᠵᠦ᠂ ᠳᠠᠪᠠᠭᠤᠯᠢᠭ ᠭᠤᠤᠯ ᠠᠵᠤ ᠦᠢᠯᠡᠰ ᠢ ᠬᠦᠭᠵᠢᠬᠦᠯᠦᠨ ᠪᠤᠵᠠᠭᠠᠶᠢᠷᠠᠭᠤᠯᠤᠨ᠎ᠠ᠃     27. ᠠᠵᠤ ᠦᠢᠯᠡᠰ ᠤᠨ ᠲᠦᠪᠯᠡᠷᠡᠯ ᠳᠡᠭᠡᠭᠰᠢᠯᠡᠯᠲᠡ ᠶᠢ ᠠᠬᠢᠭᠤᠯᠤᠨ᠎ᠠ᠃ ᠠᠮᠣ ᠪᠤᠳᠠᠭ᠎ᠠ᠂ ᠢᠮᠠᠭᠠᠨ ᠨᠣᠣᠯᠣᠭᠤᠷ᠂ ᠠᠯᠠᠰᠢᠨ ᠮᠠᠯ᠂ ᠠᠯᠠᠰᠢᠨ ᠦᠬᠡᠷ᠂ ᠰᠦᠨ ᠠᠵᠤ ᠦᠢᠯᠡᠰ ᠢ ᠪᠦᠬᠦ ᠠᠵᠤ ᠦᠢᠯᠡᠰ ᠤᠨ ᠬᠡᠯᠬᠢᠶᠡᠵᠢᠯ ᠢᠶᠠᠷ ᠪᠠᠶᠢᠭᠤᠯᠵᠤ᠂ ᠶᠡᠷᠦᠩᠬᠡᠢ ᠦᠷᠲᠡᠭ 10 ᠳ᠋ᠦᠩᠰᠢᠭᠤᠷ ᠲᠦᠬᠦᠷᠢᠭ ᠠᠴᠠ ᠳᠠᠪᠠᠭᠰᠠᠨ᠂ ᠭᠤᠤᠯᠯᠠᠬᠤ ᠠᠵᠤ ᠦᠢᠯᠡᠰ ᠮᠠᠯ ᠲᠠᠷᠢᠶᠠᠯᠠᠩ ᠤᠨ ᠦᠢᠯᠡᠰ ᠤᠨ ᠶᠡᠷᠦᠩᠬᠡᠢ ᠦᠷᠲᠡᠭ ᠤᠨ 50% ᠠᠴᠠ ᠳᠡᠭᠡᠭᠰᠢ ᠡᠵᠡᠯᠡᠭᠰᠡᠨ ᠣᠳᠣ ᠦᠶ᠎ᠡ ᠶᠢᠨ ᠮᠠᠯ ᠲᠠᠷᠢᠶᠠᠯᠠᠩ  ᠤᠨ ᠠᠵᠤ ᠦᠢᠯᠡᠰ ᠤᠨ ᠬᠦᠷᠢᠶᠡᠯᠡᠩ ᠢ ᠳᠡᠮᠵᠢᠨ ᠪᠤᠶᠢᠵᠢᠭᠤᠯᠵᠤ᠂ ᠬᠦᠷᠢᠶᠡᠯᠡᠩ ᠪᠦᠷᠢ ᠳᠤ 1000 ᠲᠦᠮᠡᠨ ᠲᠦᠬᠦᠷᠢᠭ ᠤᠨ ᠳᠡᠮᠵᠢᠯᠬᠡ ᠶᠢᠨ ᠪᠡᠯᠡ ᠮᠦᠩᠭᠦ ᠦᠭᠭᠦᠨ᠎ᠡ︔ ᠶᠡᠷᠦᠩᠬᠡᠢ ᠦᠷᠲᠡᠭ ᠳ᠋ᠦᠩᠰᠢᠭᠤᠷ ᠲᠦᠬᠦᠷᠢᠭ ᠠᠴᠠ ᠳᠠᠪᠠᠭᠰᠠᠨ ᠴᠢᠨᠠᠷᠯᠢᠭ ᠣᠨᠴᠠᠯᠢᠭᠲᠤ ᠠᠵᠤ ᠦᠢᠯᠡᠰ ᠤᠨ ᠰᠠᠭᠤᠷᠢᠨ ᠢ ᠳᠡᠮᠵᠢᠨ ᠪᠤᠶᠢᠵᠢᠭᠤᠯᠵᠤ᠂ ᠰᠠᠭᠤᠷᠢᠨ ᠪᠦᠷᠢ ᠳᠤ 300 ᠲᠦᠮᠡᠨ ᠲᠦᠬᠦᠷᠢᠭ ᠤᠨ ᠳᠡᠮᠵᠢᠯᠬᠡ ᠶᠢᠨ ᠪᠡᠯᠡ ᠮᠦᠩᠭᠦ ᠦᠭᠭᠦᠨ᠎ᠡ᠃ ᠡᠮᠦᠨ᠎ᠡ ᠬᠤᠭᠤᠴᠠᠭᠠᠨ ᠤ ᠲᠦᠷᠦᠯ ᠵᠦᠢᠯ ᠤᠨ ᠬᠡᠷᠡᠭᠵᠢᠬᠦᠯᠦᠯᠲᠡ ᠶᠢᠨ ᠪᠦᠲᠦᠮᠵᠢ ᠣᠬᠢ ᠰᠠᠶᠢᠨ ᠲᠦᠷᠦᠯ ᠵᠦᠢᠯ ᠢ ᠦᠷᠬᠦᠯᠵᠢᠯᠡᠨ ᠳᠡᠮᠵᠢᠵᠦ᠂ ᠨᠢᠬᠡ ᠲᠦᠷᠦᠯ ᠵᠦᠢᠯ ᠤᠨ ᠳᠡᠮᠵᠢᠯᠬᠡ ᠶᠢ ᠭᠤᠷᠪᠠᠨ ᠵᠢᠯ ᠠᠴᠠ ᠳᠠᠪᠠᠭᠤᠯᠵᠤ ᠪᠤᠯᠬᠤ ᠦᠬᠡᠢ᠃     28. ᠰᠢᠨ᠎ᠡ ᠬᠡᠯᠪᠡᠷᠢ ᠶᠢᠨ ᠡᠵᠡᠩᠨᠡᠯᠲᠡ ᠶᠢᠨ ᠭᠤᠤᠯ ᠴᠤᠭᠴᠠ ᠶᠢ ᠪᠤᠶᠢᠵᠢᠭᠤᠯᠤᠨ᠎ᠠ᠃ ᠦᠢᠯᠡᠳᠪᠦᠷᠢᠯᠡᠯ ᠤᠨ ᠡᠵᠡᠩᠨᠡᠯᠲᠡ ᠰᠠᠶᠢᠨ᠂ ᠠᠰᠢᠭ ᠲᠣᠰᠠ ᠶᠢᠨ ᠬᠤᠯᠪᠤᠭᠠᠲᠤ ᠲᠤᠭᠲᠠᠴᠠ ᠨᠢᠭᠲᠠ᠂ ᠳᠠᠶᠢᠴᠢᠯᠠᠯᠲᠠ ᠶᠢᠨ ᠬᠦᠴᠦᠨ ᠴᠢᠩᠭ᠎ᠠ ᠳᠠᠭᠤᠷᠢᠶᠠᠯ ᠮᠠᠯᠵᠢᠯ ᠲᠠᠷᠢᠶᠠᠯᠠᠩ ᠤᠨ ᠲᠡᠯᠡᠪᠡᠢ᠂ ᠮᠠᠯᠴᠢᠨ ᠲᠠᠷᠢᠶᠠᠴᠢᠳ ᠤᠨ ᠵᠢᠱᠢᠶᠡᠴᠢ ᠬᠤᠷᠰᠢᠶᠠᠵᠢᠯ᠂ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ ᠶᠢᠨ ᠵᠤᠬᠢᠶᠠᠨ ᠪᠠᠶᠢᠭᠤᠯᠤᠯᠲᠠ᠂ ᠮᠠᠯ ᠲᠠᠷᠢᠶᠠᠯᠠᠩ ᠤᠨ ᠠᠵᠤ ᠦᠢᠯᠡᠰᠴᠢᠯᠡᠭᠰᠡᠨ ᠬᠤᠯᠪᠤᠭᠠᠲᠤ ᠡᠵᠡᠩᠨᠡᠯᠲᠡ ᠶᠢᠨ ᠭᠤᠤᠯ ᠴᠤᠭᠴᠠ ᠳᠤ ᠤᠯᠤᠰ᠂ ᠦᠪᠡᠷᠲᠡᠭᠡᠨ ᠵᠠᠰᠠᠬᠤ ᠣᠷᠣᠨ ᠤ ᠲᠦᠷᠦ ᠶᠢᠨ ᠪᠤᠳᠤᠯᠭ᠎ᠠ ᠶᠢ ᠨᠢᠬᠡᠳᠦᠯᠲᠡᠢ ᠲᠦᠯᠦᠪᠵᠢᠬᠦᠯᠦᠭᠰᠡᠨ ᠰᠠᠭᠤᠷᠢᠨ ᠳᠡᠭᠡᠷ᠎ᠡ᠂ ᠭᠤᠤᠯ ᠴᠤᠭᠴᠠ ᠪᠦᠷᠢ ᠠᠴᠠ  ᠰᠢᠯᠭᠠᠷᠠᠭᠤᠯᠤᠨ ᠨᠢᠬᠡᠯᠡ ᠣᠳᠠᠭ᠎ᠠ ᠳᠤ 30 ᠲᠦᠮᠡᠨ ᠲᠦᠬᠦᠷᠢᠭ᠂ 50 ᠲᠦᠮᠡᠨ ᠲᠦᠬᠦᠷᠢᠭ᠂ 80 ᠲᠦᠮᠡᠨ ᠲᠦᠬᠦᠷᠢᠭ᠂ 100 ᠲᠦᠮᠡᠨ ᠲᠦᠬᠦᠷᠢᠭ ᠤᠨ ᠪᠡᠯᠡ ᠮᠦᠩᠭᠦᠨ ᠤ ᠳᠡᠮᠵᠢᠯᠬᠡ ᠦᠭᠭᠦᠨ᠎ᠡ᠃ ᠮᠠᠯ ᠲᠠᠷᠢᠶᠠᠯᠠᠩ ᠤᠨ ᠦᠢᠯᠡᠰ ᠤᠨ ᠨᠡᠶᠢᠬᠡᠮᠴᠢᠯᠡᠭᠰᠡᠨ ᠦᠢᠯᠡᠴᠢᠯᠡᠭᠡ᠂ ᠮᠠᠯ ᠲᠠᠷᠢᠶᠠᠯᠠᠩ ᠤᠨ ᠦᠢᠯᠡᠰ ᠤᠨ ᠮᠧᠬᠠᠨᠢᠭᠵᠢᠭᠰᠠᠨ ᠳᠦᠬᠦᠭᠡᠷᠦᠮᠵᠢ ᠶᠢᠨ ᠳᠡᠮᠵᠢᠯᠬᠡ ᠶᠢᠨ ᠬᠦᠴᠦᠯᠡᠴᠡ ᠪᠠᠨ ᠦᠷᠬᠦᠯᠵᠢᠯᠡᠨ ᠴᠢᠩᠭᠠᠳᠬᠠᠵᠤ᠂ ᠳᠣᠪᠣᠶᠢᠮ᠎ᠠ ᠬᠤᠪᠢ ᠨᠡᠮᠡᠷᠢ ᠦᠵᠡᠬᠦᠯᠦᠭᠰᠡᠨ ᠨᠡᠶᠢᠬᠡᠮᠴᠢᠯᠡᠭᠰᠡᠨ ᠦᠢᠯᠡᠴᠢᠯᠡᠬᠡᠨ ᠤ ᠵᠤᠬᠢᠶᠠᠨ ᠪᠠᠶᠢᠭᠤᠯᠤᠯᠲᠠ ᠶᠢ ︽ᠠᠰ ᠠᠰ ᠢᠶᠠᠷ ᠨᠢ ᠵᠦᠪᠯᠡᠬᠦ︾ ᠠᠷᠭ᠎ᠠ ᠮᠠᠶ᠋ᠢᠭ  ᠢᠶᠠᠷ ᠳᠡᠮᠵᠢᠨ᠎ᠡ᠃     29. ᠪᠠᠷᠢᠮᠵᠢᠶᠠᠵᠢᠭᠤᠯᠤᠭᠰᠠᠨ ᠴᠢᠬᠢ ᠪᠤᠶᠢᠵᠢᠭᠤᠯᠬᠤ ᠲᠦᠪ ᠢ ᠬᠦᠭᠵᠢᠬᠦᠯᠦᠨ᠎ᠡ᠃ ᠰᠢᠨ᠎ᠡ ᠪᠠᠷ ᠪᠠᠶᠢᠭᠤᠯᠤᠭᠰᠠᠨ ᠵᠢᠯ ᠤᠨ ᠴᠢᠬᠢ ᠪᠤᠶᠢᠵᠢᠭᠤᠯᠬᠤ ᠴᠢᠳᠠᠪᠤᠷᠢ  ᠨᠢ 500 ᠲᠦᠮᠡᠨ ᠰᠠᠭᠤᠷᠢ ︵ᠨᠦᠬᠡ ᠪᠦᠷᠢ ᠬᠤᠶᠠᠷ ᠠᠴᠠ ᠳᠡᠭᠡᠭᠰᠢᠬᠢ ᠶᠢ ᠨᠢᠬᠡ ᠰᠠᠭᠤᠷᠢ ᠪᠠᠷ ᠲᠤᠭᠠᠴᠢᠨ᠎ᠠ︶ ᠠᠴᠠ ᠳᠠᠪᠠᠭᠰᠠᠨ᠂ ᠡᠷᠴᠢᠮᠵᠢᠬᠦᠯᠦᠭᠰᠡᠨ ᠴᠢᠬᠢ ᠪᠤᠶᠢᠵᠢᠭᠤᠯᠤᠯᠲᠠ ᠶᠢᠨ ᠠᠷᠭ᠎ᠠ ᠶᠢ ᠬᠡᠷᠡᠭᠯᠡᠭᠰᠡᠨ ᠪᠠᠷᠢᠮᠵᠢᠶᠠᠵᠢᠭᠰᠠᠨ ᠴᠢᠬᠢ ᠪᠤᠶᠢᠵᠢᠭᠤᠯᠬᠤ ᠲᠦᠪ ᠲᠤ᠂ ᠪᠠᠶᠢᠭᠤᠯᠤᠯᠲᠠ ᠶᠢᠨ ᠵᠠᠷᠤᠳᠠᠯ ︵ᠭᠠᠵᠠᠷ ᠰᠢᠷᠤᠢ ᠶᠢᠨ ᠬᠠᠮᠢᠶ᠎ᠠ ᠪᠦᠬᠦᠢ ᠵᠠᠷᠣᠳᠠᠯ ᠪᠠᠭᠲᠠᠬᠤ ᠦᠬᠡᠢ︶ ᠤᠨ 40% ᠪᠠᠷ ᠨᠦᠬᠦᠪᠦᠷᠢᠯᠡᠨ᠎ᠡ᠂ ᠪᠠᠶᠢᠭᠤᠯᠵᠤ ᠳᠠᠭᠤᠰᠣᠭᠰᠠᠨ ᠤ ᠳᠠᠷᠠᠭ᠎ᠠ ᠴᠢᠬᠢ ᠪᠤᠶᠢᠵᠢᠭᠤᠯᠬᠤ ᠦᠢᠯᠡᠳᠪᠦᠷᠢᠯᠡᠯ ᠢ ᠦᠷᠬᠦᠯᠵᠢᠯᠡᠨ ᠭᠤᠷᠪᠠᠨ ᠵᠢᠯ ᠠᠴᠠ ᠳᠡᠭᠡᠭᠰᠢ ᠪᠠᠲᠤᠯᠠᠬᠤ ᠴᠢᠬᠤᠯᠠᠲᠠᠢ᠂ ᠡᠰᠡᠪᠡᠯ ᠨᠦᠬᠦᠪᠦᠷᠢ ᠶᠢ ᠬᠤᠷᠢᠶᠠᠨ ᠠᠪᠤᠨ᠎ᠠ᠂ ᠨᠦᠬᠦᠪᠦᠷᠢ ᠮᠦᠩᠭᠦ ᠶᠢ 500 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃ ᠵᠢᠯ ᠤᠨ ᠴᠢᠬᠢ ᠪᠤᠶᠢᠵᠢᠭᠤᠯᠤᠯᠲᠠ ᠶᠢᠨ ᠪᠤᠷᠤᠯᠠᠭᠤᠯᠭ᠎ᠠ 500 ᠲᠦᠮᠡᠨ ᠰᠠᠭᠤᠷᠢ ᠠᠴᠠ ᠳᠠᠪᠠᠭᠰᠠᠨ ᠡᠵᠡᠩᠨᠡᠯᠲᠡ ᠶᠢᠨ ᠭᠤᠤᠯ ᠴᠤᠭᠴᠠ ᠳᠤ 30 ᠲᠦᠮᠡᠨ  ᠲᠦᠬᠦᠷᠢᠭ ᠱᠠᠩᠨᠠᠨ᠎ᠠ᠃     30. ᠰᠢᠨ᠎ᠡ ᠠᠵᠤ ᠦᠢᠯᠡᠰ ᠤᠨ ᠰᠢᠨ᠎ᠡ ᠡᠵᠡᠩᠨᠡᠯᠲᠡ ᠶᠢᠨ ᠬᠡᠯᠪᠡᠷᠢ ᠶᠢ ᠬᠦᠭᠵᠢᠬᠦᠯᠦᠨ᠎ᠡ᠃ ᠨᠢᠭᠡᠳᠦᠬᠡᠷ ᠬᠤᠶᠠᠳᠣᠭᠠᠷ ᠭᠤᠷᠪᠠᠳᠣᠭᠠᠷ ᠠᠵᠤ ᠦᠢᠯᠡᠰ ᠤᠨ ᠠᠭᠤᠰᠤᠯᠴᠠᠯ ᠬᠦᠭᠵᠢᠯᠲᠡ ᠶᠢ ᠠᠬᠢᠭᠤᠯᠵᠤ᠂ ᠨᠢᠬᠡ ᠪᠦᠯᠦᠭ ᠲᠤᠮᠤ ᠬᠡᠯᠪᠡᠷᠢ ᠶᠢᠨ ᠮᠠᠯ ᠲᠠᠷᠢᠶᠠᠯᠠᠩ ᠰᠣᠶᠣᠯ ᠵᠢᠭᠤᠯᠴᠢᠯᠠᠯ ᠡᠷᠡᠬᠦᠯᠵᠢᠯ ᠰᠣᠪᠢᠯᠠᠯ ᠤᠨ ᠳᠠᠭᠤᠷᠢᠶᠠᠯ ᠰᠠᠭᠤᠷᠢᠨ ᠢ ᠪᠠᠶᠢᠭᠤᠯᠤᠨ᠂ ᠦᠢᠯᠡᠳᠬᠦᠨ ᠤ ᠦᠷᠲᠡᠭ ᠳ᠋ᠦᠩᠰᠢᠭᠤᠷ ᠲᠦᠬᠦᠷᠢᠭ ᠠᠴᠠ ᠳᠠᠪᠠᠭᠰᠠᠨ ᠬᠦᠷᠢᠶᠡᠯᠡᠩ ᠲᠤᠭᠤᠷᠢᠭ ᠪᠦᠷᠢ ᠳᠤ ᠲᠤᠭᠲᠠᠮᠠᠯ ᠬᠦᠷᠦᠩᠭᠡ ᠶᠢᠨ ᠪᠡᠯᠡ ᠣᠷᠣᠭᠤᠯᠣᠯᠲᠠ ᠶᠢᠨ 40% ᠪᠠᠷ ᠨᠦᠬᠦᠪᠦᠷᠢᠯᠡᠵᠦ᠂ ᠬᠠᠮᠤᠭ ᠤᠨ ᠶᠡᠭᠡ ᠳᠡᠭᠡᠨ 300 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃ ᠣᠷᠣᠰᠢᠨ ᠰᠠᠭᠤᠬᠤ ᠦᠢᠯᠡᠰ ᠪᠤᠰᠬᠠᠬᠤ ᠳᠤ ᠲᠤᠬᠢᠷᠠᠮᠵᠢᠲᠠᠢ ᠭᠤᠶᠢᠲᠠ ᠬᠦᠳᠡᠭᠡ ᠲᠤᠰᠬᠤᠨ ᠤ ᠪᠠᠶᠢᠭᠤᠯᠤᠯᠲᠠ ᠲᠠᠢ ᠣᠶᠠᠯᠳᠣᠭᠤᠯᠣᠨ᠂ ᠬᠤᠲᠠ ᠬᠦᠳᠡᠭᠡ ᠶᠢᠨ ᠠᠭᠤᠯᠵᠠᠷ ᠭᠠᠵᠠᠷ ᠤᠨ ︽ᠮᠠᠯ ᠲᠠᠷᠢᠶᠠᠯᠠᠩ ᠤᠨ ᠦᠢᠯᠡᠰ +︾ ᠬᠦᠭᠵᠢᠯᠲᠡ ᠶᠢᠨ ᠵᠠᠭᠪᠤᠷ ᠢ ᠠᠬᠢᠭᠤᠯᠵᠤ᠂ ᠮᠠᠯ ᠲᠠᠷᠢᠶᠠᠯᠠᠩ ᠤᠨ ᠦᠢᠯᠡᠰ ᠪᠠ ᠵᠤᠭᠠᠴᠠᠯ ᠰᠡᠯᠡᠬᠦᠴᠡᠯ᠂ ᠲᠡᠬᠦᠬᠦ᠂ ᠰᠣᠳᠣᠯᠭ᠎ᠠ ᠰᠣᠷᠣᠯᠴᠠᠯᠭ᠎ᠠ᠂ ᠡᠷᠡᠬᠦᠯᠵᠢᠯ ᠰᠣᠪᠢᠯᠠᠯ᠂ ᠰᠣᠶᠣᠯ ᠵᠢᠭᠤᠯᠴᠢᠯᠠᠯ ᠤᠨ ᠠᠭᠤᠰᠣᠯᠴᠠᠯ ᠵᠡᠷᠭᠡ ᠰᠢᠨ᠎ᠡ ᠡᠵᠡᠩᠨᠡᠯᠲᠡ ᠶᠢᠨ ᠬᠡᠯᠪᠡᠷᠢ ᠶᠢ ᠬᠦᠭᠵᠢᠬᠦᠯᠬᠦ ᠶᠢ ᠵᠤᠷᠢᠭᠵᠢᠭᠤᠯᠤᠨ᠎ᠠ᠃ ᠲᠤᠭᠠᠴᠠᠯᠠᠭᠰᠠᠨ ᠬᠦᠳᠡᠭᠡ ᠲᠤᠰᠬᠤᠨ ᠢ ᠪᠠᠶᠢᠭᠤᠯᠤᠨ᠂ ᠪᠠᠶᠢᠭᠤᠯᠤᠯᠲᠠ ᠶᠢᠨ ᠭᠤᠤᠯ ᠴᠤᠭᠴᠠ ᠳᠤ ᠵᠢᠯ ᠤᠨ ᠬᠦᠦ ᠮᠦᠩᠭᠦ  ᠶᠢᠨ 3% ᠶᠢ ᠣᠷᠣᠯᠠᠨ ᠲᠤᠰᠢᠶᠠᠬᠤ ᠳᠡᠮᠵᠢᠯᠬᠡ ᠬᠠᠩᠭᠠᠵᠤ᠂ ᠬᠦᠦ ᠮᠦᠩᠬᠦ ᠶᠢᠨ ᠣᠷᠣᠯᠠᠨ ᠲᠤᠰᠢᠶᠠᠯᠲᠠ ᠶᠢ ᠬᠠᠮᠤᠭ ᠤᠨ ᠶᠡᠭᠡ ᠳᠡᠭᠡᠨ 200 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃     31. ᠬᠤᠶᠠᠳᠣᠭᠠᠷ ᠠᠵᠤ ᠦᠢᠯᠡᠰ ᠢᠶᠠᠷ ᠨᠢᠬᠡᠳᠦᠬᠡᠷ ᠠᠵᠤ ᠦᠢᠯᠡᠰ ᠢ ᠳᠠᠶᠢᠴᠢᠯᠠᠬᠤ ᠶᠢ ᠠᠬᠢᠭᠤᠯᠤᠨ᠎ᠠ᠃ ᠣᠷᠣᠨ ᠨᠣᠲᠤᠭ ᠤᠨ ᠲᠤᠮᠤ  ᠬᠡᠪᠴᠢᠶᠡᠨ ᠤ ᠡᠨᠧᠷᠬᠢ ᠶᠢᠨ ᠠᠵᠤ ᠠᠬᠤᠶᠢᠯᠠᠯ ᠢ ᠳᠠᠶᠢᠴᠢᠯᠠᠨ ᠬᠦᠳᠡᠭᠡ ᠲᠤᠰᠬᠤᠨ ᠤ ᠬᠦᠭᠵᠢᠯ ᠮᠠᠨᠳᠣᠯ᠂ ᠭᠤᠶᠢᠲᠠ ᠰᠠᠶᠢᠬᠠᠨ ᠬᠦᠳᠡᠭᠡ ᠲᠤᠰᠬᠤᠨ ᠤ ᠪᠠᠶᠢᠭᠤᠯᠤᠯᠲᠠ ᠪᠠ ᠨᠢᠬᠡᠳᠦᠬᠡᠷ ᠠᠵᠤ ᠦᠢᠯᠡᠰ ᠤᠨ ᠳᠠᠬᠢᠨ ᠴᠤᠭᠴᠠᠯᠠᠯᠲᠠ ᠵᠡᠷᠭᠡ ᠳᠤ ᠢᠳᠡᠪᠬᠢᠲᠡᠢ ᠪᠠᠷ ᠣᠷᠣᠯᠴᠠᠭᠤᠯᠵᠤ᠂ ᠲᠤᠬᠠᠢ ᠶᠢᠨ ᠭᠠᠵᠠᠷ ᠤᠨ ᠭᠤᠤᠯᠯᠠᠬᠤ ᠠᠵᠤ ᠦᠢᠯᠡᠰ ᠤᠨ ᠬᠦᠭᠵᠢᠨ ᠪᠤᠵᠠᠭᠠᠶᠢᠷᠠᠯ ᠳᠤ ᠬᠦᠴᠦ ᠨᠡᠮᠡᠷᠢᠯᠡᠨ᠂ ᠮᠠᠯᠴᠢᠨ ᠲᠠᠷᠢᠶᠠᠴᠢᠳ ᠤᠨ ᠣᠷᠣᠯᠭ᠎ᠠ ᠶᠢᠨ ᠨᠡᠮᠡᠭᠳᠡᠯ ᠢ ᠳᠠᠶᠢᠴᠢᠯᠠᠨ᠎ᠠ᠃ ᠬᠤᠰᠢᠭᠤᠨ ᠳᠤ ᠪᠠᠶᠢᠭ᠎ᠠ ᠦᠢᠯᠡᠳᠪᠦᠷᠢ ᠠᠭᠤᠷᠬᠠᠢ᠂ ᠠᠷᠠᠯᠵᠢᠶ᠎ᠠ ᠬᠤᠳᠠᠯᠳᠣᠭᠠᠨ ᠤ ᠠᠵᠤ ᠠᠬᠤᠶᠢᠯᠠᠯ ᠤᠨ ᠬᠢᠨ ᠪᠠᠯᠭᠠᠰᠣ᠂ ᠭᠠᠴᠠᠭ᠎ᠠ ᠲᠤᠰᠬᠤᠨ ᠤ ᠬᠠᠮᠲᠤᠷᠠᠯᠴᠠᠭᠠᠨ ᠤ ᠵᠤᠬᠢᠶᠠᠨ ᠪᠠᠶᠢᠭᠤᠯᠤᠯᠲᠠ ᠯᠤᠭ᠎ᠠ ᠬᠠᠮᠲᠤᠷᠠᠯᠴᠠᠭ᠎ᠠ ᠪᠠᠶᠢᠭᠤᠯᠬᠤ ᠶᠢ ᠵᠤᠷᠢᠭᠵᠢᠭᠤᠯᠵᠤ᠂ ︽ᠬᠠᠮᠲᠤᠪᠡᠷ ᠪᠠᠶᠢᠭᠤᠯᠬᠤ᠂ ᠬᠠᠮᠲᠤᠷᠠᠨ ᠬᠤᠯᠪᠤᠭᠠᠯᠠᠬᠤ᠂ ᠬᠠᠮᠲᠤᠪᠡᠷ ᠡᠳ᠋ᠯᠡᠬᠦ︾ ᠠᠷᠭ᠎ᠠ ᠮᠠᠶ᠋ᠢᠭ ᠢᠶᠠᠷ ᠬᠦᠳᠡᠯᠮᠦᠷᠢ ᠬᠠᠮᠠᠭᠠᠯᠠᠯ ᠤᠨ ᠬᠡᠷᠡᠭᠰᠡᠯ᠂ ᠬᠦᠩᠭᠡᠨ ᠦᠢᠯᠡᠳᠪᠦᠷᠢ ᠶᠢᠨ ᠪᠦᠲᠦᠬᠡᠭᠳᠡᠬᠦᠨ᠂ ᠮᠠᠯ ᠲᠠᠷᠢᠶᠠᠯᠠᠩ ᠤᠨ ᠪᠦᠲᠦᠬᠡᠭᠳᠡᠬᠦᠨ᠂ ᠬᠦᠳᠡᠯᠮᠦᠷᠢ ᠬᠦᠴᠦᠨ ᠤ ᠦᠢᠯᠡᠴᠢᠯᠡᠭᠡ ᠵᠡᠷᠭᠡ ᠬᠠᠮᠲᠤ ᠶᠢᠨ ᠠᠵᠤ ᠠᠬᠤᠢ ᠶᠢ ᠬᠦᠭᠵᠢᠬᠦᠯᠦᠨ᠎ᠡ᠃ ᠭᠠᠴᠠᠭ᠎ᠠ ᠲᠤᠰᠬᠤᠨ ᠤ ᠬᠠᠮᠲᠤᠷᠠᠯᠴᠠᠭᠠᠨ ᠤ ᠵᠤᠬᠢᠶᠠᠨ ᠪᠠᠶᠢᠭᠤᠯᠤᠯᠲᠠ᠂ ᠭᠠᠴᠠᠭ᠎ᠠ ᠲᠤᠰᠬᠤᠨ ᠤ ᠪᠡᠯᠡ ᠣᠷᠣᠭᠤᠯᠣᠯᠲᠠ ᠶᠢᠨ ᠺᠣᠮᠫᠠᠨᠢ ᠶᠢᠨ ᠬᠢᠨ ᠮᠠᠯᠵᠢᠬᠤ ᠲᠠᠷᠢᠶᠠᠯᠠᠬᠤ ᠣᠷᠣᠨ ᠤ ᠬᠠᠮᠲᠤ ᠶᠢᠨ ᠪᠠᠶᠢᠭᠤᠯᠤᠯᠲᠠ ᠶᠢᠨ ᠭᠠᠵᠠᠷ ᠵᠡᠷᠭᠡ ᠡᠬᠢ ᠰᠣᠷᠪᠣᠯᠵᠢ ᠡᠳ᠋ ᠬᠦᠷᠦᠩᠭᠡ ᠶᠢ ᠬᠦᠢᠴᠡᠳ ᠠᠰᠢᠭᠯᠠᠨ ᠡᠨᠧᠷᠬᠢ ᠶᠢᠨ ᠦᠢᠯᠡᠳᠪᠦᠷᠢ ᠠᠭᠤᠷᠬᠠᠢ ᠶᠢᠨ ᠠᠵᠤ ᠠᠬᠤᠶᠢᠯᠠᠯ ᠢ ᠣᠷᠣᠭᠤᠯᠣᠨ ᠠᠪᠴᠢᠷᠠᠵᠤ ᠠᠵᠤ ᠠᠬᠤᠶᠢᠯᠠᠯ ᠡᠷᠬᠢᠯᠡᠬᠦ ᠶᠢ ᠵᠤᠷᠢᠭᠵᠢᠭᠤᠯᠤᠨ᠂ ᠪᠡᠯᠡ ᠣᠷᠣᠭᠤᠯᠣᠯᠲᠠ ᠶᠢᠨ ᠬᠡᠪᠴᠢᠶᠡᠵᠢᠯ᠂ ᠮᠠᠯᠴᠢᠨ ᠲᠠᠷᠢᠶᠠᠴᠢᠳ ᠢ ᠬᠤᠯᠪᠤᠭᠠᠯᠠᠨ ᠳᠠᠶᠢᠴᠢᠯᠠᠬᠤ᠂ ᠠᠵᠢᠯ ᠣᠯᠭᠤᠯᠲᠠ ᠶᠢ ᠠᠬᠢᠭᠤᠯᠬᠤ ᠵᠡᠷᠭᠡ ᠶᠢ ᠦᠨᠳᠦᠰᠦᠯᠡᠵᠦ᠂ ᠵᠢᠬᠡᠯᠡᠯᠬᠡ ᠶᠢᠨ ᠬᠦᠦ ᠮᠦᠩᠭᠦ ᠶᠢᠨ ᠣᠷᠣᠯᠠᠨ ᠦᠭᠭᠦᠯᠲᠡ᠂ ᠪᠡᠯᠡ ᠮᠦᠩᠬᠦᠨ ᠤ ᠣᠷᠣᠭᠤᠯᠣᠯᠲᠠ᠂ ᠰᠠᠭᠤᠷᠢᠨ ᠭᠠᠵᠠᠷ  ᠤᠨ ᠳᠡᠮᠵᠢᠯᠬᠡ ᠵᠡᠷᠭᠡ ᠠᠷᠭ᠎ᠠ ᠮᠠᠶ᠋ᠢᠭ ᠢᠶᠠᠷ ᠳᠡᠮᠵᠢᠨ᠎ᠡ᠃     ︵ᠬᠤᠶᠠᠷ︶ ᠮᠠᠯ ᠲᠠᠷᠢᠶᠠᠯᠠᠩ ᠤᠨ ᠪᠦᠲᠦᠬᠡᠭᠳᠡᠬᠦᠨ ᠤ ᠨᠠᠷᠢᠯᠢᠭ ᠬᠦᠨᠵᠡᠬᠡᠢ ᠡᠳ᠋ᠰᠢᠬᠦᠯᠦᠯᠲᠡ ᠶᠢᠨ ᠴᠢᠳᠠᠪᠤᠷᠢ ᠶᠢ ᠳᠡᠭᠡᠭᠰᠢᠯᠡᠬᠦᠯᠦᠨ᠎ᠡ     32. ᠴᠢᠨᠠᠷ ᠰᠠᠶᠢᠲᠠᠢ ᠠᠯᠠᠰᠢᠨ ᠮᠠᠯ ᠠᠯᠠᠰᠢᠨ ᠦᠬᠡᠷ ᠨᠢᠳᠣᠯᠠᠬᠤ ᠶᠢ ᠠᠬᠢᠭᠤᠯᠤᠨ᠎ᠠ᠃ ᠣᠷᠣᠨ ᠨᠣᠲᠤᠭ ᠤᠨ ᠠᠵᠤ ᠠᠬᠤᠶᠢᠯᠠᠯ  ᠬᠤᠰᠢᠭᠤᠨ ᠳᠠᠬᠢ ᠲᠡᠵᠢᠬᠡᠪᠦᠷᠢ ᠶᠢᠨ ᠴᠢᠨᠠᠷ ᠰᠠᠶᠢᠲᠠᠢ ᠠᠯᠠᠰᠢᠨ ᠮᠠᠯ᠂ ᠠᠯᠠᠰᠢᠨ ᠦᠬᠡᠷ ᠨᠢᠳᠣᠯᠠᠨ ᠪᠤᠷᠤᠯᠠᠭᠤᠯᠪᠠᠯ ᠮᠠᠯ ᠪᠦᠷᠢ 20 ᠲᠦᠬᠦᠷᠢᠭ ᠨᠦᠬᠦᠪᠦᠷᠢᠯᠡᠵᠦ᠂ ᠠᠯᠠᠰᠢᠨ ᠦᠬᠡᠷ ᠪᠦᠷᠢ ᠳᠤ 100 ᠲᠦᠬᠦᠷᠢᠭ ᠤᠨ ᠨᠦᠬᠦᠪᠦᠷᠢ ᠦᠭᠭᠦᠨ᠎ᠡ᠃ ᠠᠵᠤ ᠠᠬᠤᠶᠢᠯᠠᠯ ᠤᠨ ᠬᠢᠨ ︽ᠠᠵᠤ ᠠᠬᠤᠶᠢᠯᠠᠯ + ᠮᠠᠯᠴᠢᠨ ᠲᠠᠷᠢᠶᠠᠴᠢᠨ︾ ᠠᠷᠭ᠎ᠠ ᠮᠠᠶ᠋ᠢᠭ ᠢᠶᠠᠷ ᠮᠠᠯᠵᠢᠯ ᠤᠨ ᠲᠠᠯᠠᠪᠠᠢ ᠬᠦᠭᠵᠢᠬᠦᠯᠬᠦ ᠶᠢ ᠵᠤᠷᠢᠭᠵᠢᠭᠤᠯᠤᠨ᠎ᠠ᠃     33. ᠠᠯᠠᠰᠢᠨ ᠦᠬᠡᠷ ᠨᠠᠷᠢᠯᠢᠭ ᠡᠳ᠋ᠰᠢᠬᠦᠯᠬᠦ ᠶᠢ ᠠᠬᠢᠭᠤᠯᠤᠨ᠎ᠠ᠃ ᠣᠳᠣ ᠪᠠᠶᠢᠭ᠎ᠠ ᠡᠳ᠋ᠰᠢᠬᠦᠯᠬᠦ ᠦᠢᠯᠡᠳᠪᠦᠷᠢ ᠶᠢᠨ ᠪᠠᠷᠢᠮᠵᠢᠶ᠎ᠠ ᠶᠢ  ᠳᠡᠭᠡᠭᠰᠢᠯᠡᠬᠦᠯᠦᠨ ᠦᠬᠡᠷᠡᠴᠢᠯᠡᠭᠰᠡᠨ ᠤ ᠳᠠᠷᠠᠭ᠎ᠠ ᠵᠢᠯ ᠤᠨ ᠡᠳ᠋ᠰᠢᠬᠦᠯᠬᠦ ᠴᠢᠳᠠᠪᠤᠷᠢ ᠲᠦᠮᠡᠨ ᠲᠤᠯᠤᠭᠠᠢ ᠠᠴᠠ ᠳᠠᠪᠠᠭ᠋ᠤ ᠪᠤᠶᠤ ᠵᠢᠯ ᠤᠨ ᠪᠤᠷᠤᠯᠠᠭᠤᠯᠭ᠎ᠠ ᠶᠢᠨ ᠣᠷᠣᠯᠭ᠎ᠠ ᠳ᠋ᠦᠩᠰᠢᠭᠤᠷ ᠲᠦᠬᠦᠷᠢᠭ ᠠᠴᠠ ᠳᠠᠪᠠᠭᠰᠠᠨ ᠠᠵᠤ ᠠᠬᠤᠶᠢᠯᠠᠯ ᠳᠤ ︽ᠱᠠᠩᠨᠠᠬᠤ ᠪᠠᠷ ᠨᠦᠬᠦᠪᠦᠷᠢᠯᠡᠬᠦ ᠶᠢ ᠣᠷᠣᠯᠠᠭᠤᠯᠬᠤ︾ ᠠᠷᠭ᠎ᠠ ᠮᠠᠶ᠋ᠢᠭ ᠢᠶᠠᠷ ᠳᠠᠮᠵᠢᠭᠤᠯᠤᠨ᠂ ᠪᠡᠯᠡ ᠣᠷᠣᠭᠤᠯᠣᠯᠲᠠ ᠶᠢᠨ 20% ᠪᠠᠷ ᠨᠢᠬᠡᠯᠡ ᠣᠳᠠᠭ᠎ᠠ ᠳᠤ ᠬᠦᠬᠢᠬᠦᠯᠦᠨ᠎ᠡ ᠂ ᠬᠦᠬᠢᠬᠦᠯᠦᠯ ᠤᠨ ᠮᠦᠩᠭᠦ ᠶᠢ ᠬᠠᠮᠤᠭ ᠤᠨ ᠶᠡᠭᠡ ᠳᠡᠭᠡᠨ 500 ᠲᠦᠮᠡᠨ ᠲᠦᠬᠦᠷᠢᠭ  ᠠᠴᠠ ᠳᠠᠪᠠᠭᠤᠯᠬᠤ ᠦᠬᠡᠢ︔ ᠰᠢᠨ᠎ᠡ ᠪᠠᠷ ᠪᠠᠶᠢᠭᠤᠯᠤᠭᠰᠠᠨ ᠡᠳ᠋ᠰᠢᠬᠦᠯᠬᠦ ᠦᠢᠯᠡᠳᠪᠦᠷᠢ ᠶᠢᠨ ᠵᠢᠯ ᠤᠨ ᠡᠳ᠋ᠰᠢᠬᠦᠯᠬᠦ ᠴᠢᠳᠠᠪᠤᠷᠢ 3 ᠲᠦᠮᠡᠨ ᠲᠤᠯᠤᠭᠠᠢ ᠠᠴᠠ ᠳᠠᠪᠠᠭ᠋ᠤ ᠪᠤᠶᠤ ᠵᠢᠯ ᠤᠨ ᠪᠤᠷᠤᠯᠠᠭᠤᠯᠭ᠎ᠠ ᠶᠢᠨ ᠣᠷᠣᠯᠭ᠎ᠠ 4 ᠳ᠋ᠦᠩᠰᠢᠭᠤᠷ ᠲᠦᠬᠦᠷᠢᠭ ᠠᠴᠠ ᠳᠠᠪᠠᠭᠰᠠᠨ ᠠᠵᠤ ᠠᠬᠤᠶᠢᠯᠠᠯ᠂ ᠵᠢᠯ ᠤᠨ ᠡᠳ᠋ᠰᠢᠬᠦᠯᠬᠦ ᠴᠢᠳᠠᠪᠤᠷᠢ 5 ᠲᠦᠮᠡᠨ ᠲᠤᠯᠤᠭᠠᠢ ᠠᠴᠠ ᠳᠠᠪᠠᠭ᠋ᠤ ᠪᠤᠶᠤ ᠵᠢᠯ ᠤᠨ ᠪᠤᠷᠤᠯᠠᠭᠤᠯᠭ᠎ᠠ ᠶᠢᠨ ᠣᠷᠣᠯᠭ᠎ᠠ 6 ᠳ᠋ᠦᠩᠰᠢᠭᠤᠷ ᠲᠦᠬᠦᠷᠢᠭ ᠠᠴᠠ ᠳᠠᠪᠠᠭᠰᠠᠨ ᠠᠵᠤ ᠠᠬᠤᠶᠢᠯᠠᠯ ᠳᠤ ︽ᠱᠠᠩᠨᠠᠬᠤ ᠪᠠᠷ ᠨᠦᠬᠦᠪᠦᠷᠢᠯᠡᠬᠦ ᠶᠢ ᠣᠷᠣᠯᠠᠭᠤᠯᠬᠤ︾ ᠠᠷᠭ᠎ᠠ ᠮᠠᠶ᠋ᠢᠭ ᠢᠶᠠᠷ ᠳᠠᠮᠵᠢᠭᠤᠯᠤᠨ᠂ ᠪᠡᠯᠡ ᠣᠷᠣᠭᠤᠯᠣᠯᠲᠠ ᠶᠢᠨ 20% ᠪᠠᠷ ᠨᠢᠬᠡᠯᠡ ᠣᠳᠠᠭ᠎ᠠ ᠳᠤ ᠱᠠᠩᠨᠠᠵᠤ᠂ ᠬᠦᠬᠢᠬᠦᠯᠦᠯ ᠤᠨ ᠮᠦᠩᠭᠦ ᠶᠢ ᠬᠠᠮᠤᠭ ᠤᠨ ᠶᠡᠭᠡ ᠳᠡᠭᠡᠨ 1000 ᠲᠦᠮᠡᠨ ᠲᠦᠬᠦᠷᠢᠭ ᠪᠠ 3000 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃     34. ᠢᠮᠠᠭᠠᠨ ᠨᠣᠣᠯᠣᠭᠤᠷ ᠬᠤᠷᠢᠶᠠᠨ ᠨᠦᠬᠡᠴᠡᠯᠡᠬᠦ ᠲᠦᠪ ᠢ ᠪᠠᠶᠢᠭᠤᠯᠤᠨ᠎ᠠ᠃ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠠᠴᠠ ᠢᠮᠠᠭᠠᠨ ᠨᠣᠣᠯᠣᠭᠤᠷ ᠬᠤᠷᠢᠶᠠᠨ ᠨᠦᠬᠡᠴᠡᠯᠡᠬᠦ ᠲᠦᠪ ᠪᠠᠶᠢᠭᠤᠯᠬᠤ ᠶᠢ ᠵᠤᠷᠢᠭᠵᠢᠭᠤᠯᠤᠨ᠂ ︽ᠣᠷᠳᠣᠰ ᠬᠤᠲᠠ ᠶᠢᠨ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ ᠪᠠᠶᠢᠯᠳᠣᠬᠤ ᠪᠣᠳᠣᠯᠭ᠎ᠠ ᠶᠢᠨ ᠬᠡᠷᠡᠭᠵᠢᠬᠦᠯᠦᠯᠲᠡ ᠶᠢᠨ ᠮᠦᠩᠭᠦᠨ ᠬᠦᠢᠯᠬᠡᠬᠡ ᠪᠠᠷ ᠠᠵᠤ ᠦᠢᠯᠡᠰ ᠤᠨ ᠬᠦᠭᠵᠢᠯᠲᠡ ᠶᠢ ᠳᠡᠮᠵᠢᠬᠦ ᠠᠷᠭ᠎ᠠ︾ ᠶᠢ ᠡᠳ᠋ᠯᠡᠬᠦᠯᠦᠭᠰᠡᠨ ᠰᠠᠭᠤᠷᠢᠨ ᠳᠡᠭᠡᠷ᠎ᠡ᠂ ᠬᠤᠰᠢᠭᠤ ᠡᠳ᠋ ᠤᠨ ᠵᠠᠰᠠᠭ ᠠᠴᠠ ᠬᠦᠦ ᠮᠦᠩᠭᠦ ᠶᠢ ᠨᠢ ᠣᠷᠣᠯᠠᠨ ᠦᠭᠭᠦᠨ᠎ᠡ᠃     35. ᠢᠮᠠᠭᠠᠨ ᠨᠣᠣᠯᠣᠭᠤᠷ ᠤᠨ ᠠᠵᠤ ᠦᠢᠯᠡᠰ ᠤᠨ ᠬᠡᠯᠬᠢᠶᠡᠵᠢᠯ ᠢ ᠣᠷᠲᠣᠳᠬᠠᠨ᠎ᠠ᠃ ᠮᠠᠨ ᠤ ᠬᠤᠰᠢᠭᠤᠨ ᠳᠠᠬᠢ ᠨᠣᠯᠣᠭᠤᠣᠷ ᠤᠨ ᠢᠮᠠᠭᠠᠨ ᠤ ᠲᠡᠵᠢᠬᠡᠪᠦᠷᠢ ᠶᠢᠨ ᠡᠷᠦᠬᠡ ᠶᠢᠨ ᠨᠣᠣᠯᠣᠭᠤᠷ ᠤᠨ ᠨᠠᠷᠢᠴᠠ ᠨᠢ 14 ᠮᠢᠺᠷᠤᠨ ᠠᠴᠠ ᠳᠣᠷᠣᠭᠰᠢᠬᠢ ᠳᠤ ᠨᠢ ᠵᠢᠩ ᠪᠦᠷᠢ 100 ᠲᠦᠬᠦᠷᠢᠭ ᠨᠦᠬᠦᠪᠦᠷᠢᠯᠡᠵᠦ᠂ 14.1 — 14.5 ᠮᠢᠺᠷᠣᠨ ᠳᠤ ᠨᠢ ᠵᠢᠩ ᠪᠦᠷᠢ 75 ᠲᠦᠭᠦᠷᠢᠭ ᠤᠨ ᠨᠦᠬᠦᠪᠦᠷᠢ ᠤᠯᠭᠤᠨ᠎ᠠ᠃ 14.6 — 15 ᠮᠢᠺᠷᠤᠨ ᠳᠤ ᠨᠢ ᠵᠢᠩ ᠪᠦᠷᠢ ᠳᠤ 50 ᠲᠦᠬᠦᠷᠢᠭ ᠤᠨ ᠨᠦᠬᠦᠪᠦᠷᠢ ᠦᠭᠭᠦᠨ᠎ᠡ᠃ ᠬᠤᠲᠠ ᠶᠢᠨ ᠲᠡᠰ᠂ ᠦᠪᠡᠷᠲᠡᠭᠡᠨ ᠵᠠᠰᠠᠬᠤ ᠣᠷᠣᠨ ᠤ ᠲᠡᠰ ᠤᠨ ᠨᠠᠷᠢᠯᠢᠭ ᠡᠳ᠋ᠰᠢᠬᠦᠯᠬᠦ ᠲᠦᠷᠦ ᠶᠢᠨ ᠪᠤᠳᠤᠯᠭ᠎ᠠ ᠶᠢᠨ ᠨᠦᠬᠦᠪᠦᠷᠢ ᠶᠢ ᠣᠯᠣᠨ᠂ ᠰᠡᠮᠡᠳᠡᠰᠦ ᠡᠭᠡᠷᠡᠬᠦ᠂ ᠨᠡᠬᠡᠮᠡᠯ᠂ ᠪᠡᠯᠡᠨ ᠬᠤᠪᠴᠠᠰᠣ ᠣᠶᠣᠬᠤ ᠠᠵᠤ ᠦᠢᠯᠡᠰ ᠪᠤᠶᠤ ᠣᠯᠣᠰ ᠤᠨ ᠲᠤᠲᠤᠭᠠᠲᠤ ᠭᠠᠳᠠᠭᠠᠲᠤ ᠶᠢᠨ ᠢᠮᠠᠭᠠᠨ ᠨᠣᠯᠣᠭᠤᠣᠷ ᠤᠨ ᠪᠠᠷᠠᠭ᠎ᠠ ᠪᠦᠲᠦᠬᠡᠭᠳᠡᠬᠦᠨ ᠤ ᠠᠵᠤ ᠠᠬᠤᠶᠢᠯᠠᠯ ᠬᠤᠳᠠᠯᠳᠣᠨ ᠠᠪᠬᠤ ᠶᠢ ᠭᠤᠤᠯᠳᠠᠯᠭ᠎ᠠ ᠲᠠᠢ ᠳᠡᠮᠵᠢᠵᠦ᠂ ᠢᠮᠠᠭᠠᠨ ᠨᠣᠯᠣᠭᠤᠣᠷ ᠤᠨ ᠠᠵᠤ ᠦᠢᠯᠡᠰ ᠤᠨ ᠨᠡᠮᠡᠯᠲᠡ ᠦᠷᠲᠡᠭ ᠢ ᠳᠡᠭᠡᠭᠰᠢᠯᠡᠬᠦᠯᠦᠨ᠎ᠡ᠃     36. ᠪᠦᠲᠦᠬᠡᠭᠳᠡᠬᠦᠨ ᠤ ᠨᠠᠷᠢᠯᠢᠭ ᠡᠳ᠋ᠰᠢᠬᠦᠯᠦᠯᠲᠡ ᠶᠢ ᠠᠬᠢᠭᠤᠯᠤᠨ᠎ᠠ᠃ ᠰᠢᠨ᠎ᠡ ᠪᠠᠷ ᠪᠠᠶᠢᠭᠤᠯᠤᠭᠰᠠᠨ ᠡᠯᠳᠡᠪ ᠠᠮᠣ ᠡᠳ᠋ᠰᠢᠬᠦᠯᠬᠦ ︵ᠰᠢᠯᠢᠨ ᠰᠣᠩᠭᠤᠬᠤ᠂ ᠪᠤᠭᠤᠳᠠᠯᠯᠠᠬᠤ︶ ᠦᠢᠯᠡᠳᠪᠦᠷᠢᠯᠡᠯ ᠤᠨ ᠱᠣᠭᠤᠮ ᠪᠤᠶᠤ ᠰᠢᠨ᠎ᠡ ᠪᠠᠷ ᠪᠠᠶᠢᠭᠤᠯᠤᠭᠰᠠᠨ ᠭᠤᠸᠠ ᠵᠢᠮᠢᠰ ᠢᠳᠡᠰᠢᠨ ᠨᠣᠭᠤᠭ᠎ᠠ ᠡᠳ᠋ᠰᠢᠬᠦᠯᠬᠦ ︵ᠣᠰᠣ ᠦᠬᠡᠶᠢᠳᠡᠬᠦᠯᠬᠦ᠂ ᠳᠠᠪᠤᠰᠣᠯᠠᠨ ᠢᠰᠬᠡᠬᠦ᠂ ᠰᠢᠬᠦᠰᠦ ᠰᠢᠬᠠᠬᠤ᠂ ᠰᠢᠯᠢᠨ ᠰᠣᠩᠭᠤᠬᠤ᠂ ᠪᠤᠭᠤᠳᠠᠯᠯᠠᠬᠤ︶ ᠲᠦᠷᠦᠯ ᠵᠦᠢᠯ ᠳᠤ᠂ ᠳᠦᠬᠦᠬᠡᠷᠦᠮᠵᠢ ᠬᠤᠳᠠᠯᠳᠣᠨ ᠠᠪᠤᠭᠰᠠᠨ ᠵᠠᠷᠤᠳᠠᠯ  ᠤᠨ 50% ᠪᠠᠷ ᠨᠦᠬᠦᠪᠦᠷᠢᠯᠡᠵᠦ᠂ ᠨᠦᠬᠦᠪᠦᠷᠢ ᠮᠦᠩᠭᠦ ᠶᠢ 500 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃ ᠲᠤᠰ ᠵᠢᠯ ᠤᠨ ᠮᠠᠯ ᠲᠠᠷᠢᠶᠠᠯᠠᠩ ᠤᠨ ᠪᠦᠲᠦᠬᠡᠭᠳᠡᠬᠦᠨ ᠨᠠᠷᠢᠯᠢᠭ ᠡᠳ᠋ᠰᠢᠬᠦᠯᠬᠦ ᠬᠡᠮᠵᠢᠶ᠎ᠡ 1000 ᠳᠣᠨ ᠠᠴᠠ ᠳᠠᠪᠠᠭ᠋ᠤ ᠪᠤᠶᠤ ᠵᠢᠯ ᠤᠨ ᠪᠤᠷᠣᠯᠠᠭᠤᠯᠭ᠎ᠠ ᠶᠢᠨ ᠣᠷᠣᠯᠭ᠎ᠠ 2 ᠳ᠋ᠦᠩᠰᠢᠭᠤᠷ ᠲᠦᠬᠦᠷᠢᠭ ᠠᠴᠠ ᠳᠠᠪᠠᠭᠰᠠᠨ ᠭᠤᠤᠯᠳᠠᠯᠭᠠᠲᠤ ᠡᠳ᠋ᠰᠢᠬᠦᠯᠦᠯᠲᠡ ᠶᠢᠨ ᠠᠵᠤ ᠠᠬᠤᠶᠢᠯᠠᠯ ᠳᠤ᠂ ᠪᠦᠬᠦ ᠬᠤᠲᠠ ᠶᠢᠨ ᠠᠵᠤ ᠠᠬᠤᠢ ᠶᠢᠨ ᠴᠢᠨᠠᠷᠯᠢᠭ ᠬᠦᠭᠵᠢᠯᠲᠡ ᠶᠢᠨ ᠳᠡᠮᠵᠢᠯᠬᠡ ᠶᠢᠨ ᠰᠢᠷᠢᠰ ᠲᠦᠷᠦ ᠶᠢᠨ ᠪᠣᠳᠣᠯᠭ᠎ᠠ ᠶᠢ ᠡᠳ᠋ᠯᠡᠬᠦᠯᠬᠦ ᠠᠴᠠ ᠭᠠᠳᠠᠨ᠎ᠠ᠂ ᠵᠢᠯ ᠤᠨ ᠬᠦᠦ ᠮᠦᠩᠭᠦ ᠶᠢᠨ 3% ᠶᠢ ᠣᠷᠣᠯᠠᠨ ᠲᠤᠰᠢᠶᠠᠵᠤ᠂ ᠬᠦᠦ ᠮᠦᠩᠭᠦ ᠶᠢ ᠬᠠᠮᠤᠭ ᠤᠨ ᠶᠡᠭᠡ ᠳᠡᠭᠡᠨ 500 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃ ᠬᠤᠯᠪᠤᠭᠠᠯᠠᠨ ᠳᠠᠶᠢᠴᠢᠯᠠᠬᠤ ᠴᠢᠳᠠᠪᠤᠷᠢ ᠨᠡᠯᠢᠶᠡᠳ ᠴᠢᠩᠭ᠎ᠠ ᠮᠠᠯ ᠲᠠᠷᠢᠶᠠᠯᠠᠩ ᠤᠨ ᠪᠦᠲᠦᠬᠡᠭᠳᠡᠬᠦᠨ ᠢ ᠨᠠᠷᠢᠯᠢᠭ ᠡᠳ᠋ᠰᠢᠬᠦᠯᠬᠦ ᠲᠦᠷᠦᠯ ᠵᠦᠢᠯ ᠳᠤ᠂ ᠬᠤᠲᠠ ᠶᠢᠨ ᠲᠡᠰ ᠤᠨ ᠠᠵᠤ ᠦᠢᠯᠡᠰ ᠤᠨ ᠬᠦᠭᠵᠢᠯᠲᠡ ᠶᠢᠨ ᠰᠠᠭᠤᠷᠢ ᠮᠦᠩᠭᠦ ᠶᠢ ᠠᠰᠢᠭᠯᠠᠬᠤ ᠵᠡᠷᠭᠡ ᠣᠯᠠᠨ ᠵᠦᠢᠯ ᠤᠨ ᠠᠷᠭ᠎ᠠ ᠪᠠᠷ ᠳᠡᠮᠵᠢᠯᠬᠡ ᠬᠠᠩᠭᠠᠨ᠎ᠠ᠃ ᠬᠤᠰᠢᠭᠤ ᠡᠳ᠋ ᠤᠨ ᠵᠠᠰᠠᠭ ᠠᠴᠠ 300 ᠲᠦᠮᠡᠨ ᠲᠦᠬᠦᠷᠢᠭ` ᠤᠨ ᠵᠢᠵᠢᠭ ᠠᠵᠤ ᠠᠬᠤᠶᠢᠯᠠᠯ  ᠤᠨ ᠳᠡᠮᠵᠢᠯᠬᠡ ᠶᠢᠨ ᠪᠡᠯᠡ ᠮᠦᠩᠭᠦ ᠶᠢ ᠲᠤᠬᠢᠷᠠᠭᠤᠯᠤᠨ᠂ ᠪᠡᠯᠡᠨ ᠨᠣᠭᠤᠭ᠎ᠠ ᠵᠡᠷᠭᠡ ᠨᠠᠷᠢᠯᠢᠭ ᠡᠳ᠋ᠰᠢᠬᠦᠯᠬᠦ  ᠦᠢᠯᠡᠰ ᠤᠨ ᠬᠦᠭᠵᠢᠯᠲᠡ ᠶᠢ ᠳᠡᠮᠵᠢᠨ᠎ᠡ᠃     ᠭᠤᠷᠪᠠ᠂ ᠵᠠᠬ᠎ᠠ ᠳᠡᠯᠬᠡᠬᠦᠷ ᠤᠨ ᠡᠵᠡᠩᠨᠡᠯᠲᠡ ᠪᠣᠷᠣᠯᠠᠭᠤᠯᠭ᠎ᠠ ᠶᠢᠨ ᠰᠢᠰᠲ᠋ᠧᠮ ᠢ ᠲᠡᠬᠦᠯᠳᠡᠷᠵᠢᠬᠦᠯᠵᠦ᠂ ᠮᠠᠯ ᠲᠠᠷᠢᠶᠠᠯᠠᠩ ᠤᠨ ᠦᠢᠯᠡᠰ ᠤᠨ ᠨᠡᠷ᠎ᠡ ᠲᠡᠮᠲᠡᠭᠴᠢᠯᠡᠭᠰᠡᠨ ᠬᠦᠭᠵᠢᠯᠲᠡ ᠶᠢ ᠠᠬᠢᠭᠤᠯᠤᠨ᠎ᠠ᠃     37. ᠪᠠᠷᠠᠭ᠎ᠠ ᠬᠦᠢᠯᠬᠡᠬᠡᠨ ᠤ ᠬᠦᠮᠦᠷᠭᠡᠯᠡᠯᠲᠡ ᠶᠢᠨ ᠰᠢᠰᠲ᠋ᠧᠮ ᠢ ᠪᠠᠶᠢᠭᠤᠯᠤᠨ᠎ᠠ᠃ ᠬᠦᠷᠦᠬᠡᠨ ᠳᠠᠮᠵᠢᠭᠤᠯᠬᠤ ᠪᠠᠷᠠᠭ᠎ᠠ ᠬᠦᠢᠯᠬᠡᠬᠡᠨ ᠤ ᠰᠢᠰᠲ᠋ᠧᠮ ᠤᠨ ᠪᠠᠶᠢᠭᠤᠯᠤᠯᠲᠠ ᠶᠢ ᠶᠡᠬᠡᠪᠡᠷ ᠠᠬᠢᠭᠤᠯᠵᠤ᠂ ᠰᠢᠨ᠎ᠡ ᠪᠠᠷ ᠪᠠᠶᠢᠭᠤᠯᠤᠭᠰᠠᠨ ᠵᠢᠯ ᠤᠨ ᠮᠠᠯ ᠲᠠᠷᠢᠶᠠᠯᠠᠩ ᠤᠨ ᠪᠦᠲᠦᠬᠡᠭᠳᠡᠬᠦᠨ ᠤ ᠠᠷᠠᠯᠵᠢᠶ᠎ᠠ 10 ᠲᠦᠮᠡᠨ ᠲᠤᠨ ᠠᠴᠠ ᠳᠡᠭᠡᠭᠰᠢᠬᠢ ᠲᠤᠮᠤ ᠬᠡᠯᠪᠡᠷᠢ ᠶᠢᠨ ᠮᠠᠯ ᠲᠠᠷᠢᠶᠠᠯᠠᠩ ᠤᠨ ᠪᠦᠲᠦᠬᠡᠭᠳᠡᠬᠦᠨ ᠬᠦᠮᠦᠷᠭᠡᠯᠡᠵᠦ ᠬᠦᠷᠦᠬᠡᠨ ᠳᠠᠮᠵᠢᠭᠤᠯᠬᠤ ᠪᠠᠷᠠᠭ᠎ᠠ ᠬᠦᠢᠯᠬᠡᠬᠡᠨ ᠤ ᠬᠦᠷᠢᠶᠡᠯᠡᠩ ᠲᠤᠭᠤᠷᠢᠭ  ᠲᠤ ᠨᠢᠬᠡᠯᠡ ᠣᠳᠠᠭ᠎ᠠ ᠳᠤ 200 ᠲᠦᠮᠡᠨ ᠲᠦᠬᠦᠷᠢᠭ ᠤᠨ ᠨᠦᠬᠦᠪᠦᠷᠢ ᠦᠭᠭᠦ ᠶᠢᠨ ᠬᠠᠮᠲᠤ ᠠᠵᠤ ᠦᠢᠯᠡᠰ ᠤᠨ ᠬᠦᠭᠵᠢᠯᠲᠡ ᠶᠢᠨ ᠰᠠᠭᠤᠷᠢ ᠮᠦᠩᠭᠦ ᠪᠠ ᠲᠤᠰᠬᠠᠢ ᠦᠭᠴᠡᠬᠡᠨ ᠲᠡᠮᠲᠡᠭ ᠤᠨ ᠳᠡᠮᠵᠢᠯᠬᠡ ᠬᠠᠩᠭᠠᠨ᠎ᠠ᠃     38. ᠵᠢᠮᠢᠰ ᠢᠳᠡᠰᠢᠨ ᠨᠣᠭᠤᠭ᠎ᠠ ᠬᠦᠷᠦᠬᠡᠨ ᠳᠠᠮᠵᠢᠭᠤᠯᠬᠤ ᠬᠡᠯᠬᠢᠶᠡᠵᠢᠯ ᠢ ᠪᠠᠶᠢᠭᠤᠯᠤᠨ᠎ᠠ᠃ ᠰᠢᠨ᠎ᠡ ᠪᠠᠷ ᠪᠠᠶᠢᠭᠤᠯᠤᠭᠰᠠᠨ ᠪᠤᠶᠤ ᠵᠠᠯᠭᠠᠵᠤ ᠪᠠᠶᠢᠭᠤᠯᠤᠭᠰᠠᠨ ᠲᠤᠬᠠᠢ ᠶᠢᠨ ᠭᠠᠵᠠᠷ ᠤᠨ ᠲᠠᠷᠢᠮᠠᠯ ᠤᠨ ᠡᠷᠦᠬᠡ ᠳᠤ ᠦᠢᠯᠡᠴᠢᠯᠡᠬᠦ ᠬᠦᠮᠦᠷᠭᠡ ᠶᠢᠨ ᠪᠠᠭᠲᠠᠭᠠᠮᠵᠢ 300 ᠪᠤᠰᠤᠭ᠎ᠠ ᠳᠦᠷᠪᠡᠯᠵᠢᠨ ᠮᠧᠲᠷ ᠠᠴᠠ ᠳᠡᠭᠡᠭᠰᠢᠬᠢ ᠵᠢᠮᠢᠰ ᠢᠳᠡᠰᠢᠨ ᠨᠣᠭᠤᠭ᠎ᠠ ᠶᠢ ᠰᠢᠨ᠎ᠡ ᠰᠣᠷᠭᠤᠭ ᠢᠶᠠᠷ ᠬᠦᠷᠦᠬᠡᠨ ᠬᠠᠳᠠᠭᠠᠯᠠᠬᠤ ᠬᠦᠮᠦᠷᠭᠡ ᠳᠤ ᠪᠣᠰᠤᠭ᠎ᠠ ᠳᠦᠷᠪᠡᠯᠵᠢᠨ ᠮᠧᠲᠷ ᠪᠦᠷᠢ 200 ᠲᠦᠬᠦᠷᠢᠭ᠂ ᠵᠢᠮᠢᠰ ᠢᠳᠡᠰᠢᠨ ᠨᠣᠭᠤᠭ᠎ᠠ ᠶᠢᠨ ᠠᠭᠠᠷ ᠲᠤᠬᠢᠷᠠᠭᠤᠯᠬᠤ ᠬᠦᠮᠦᠷᠭᠡ ᠳᠤ ᠪᠣᠰᠤᠭ᠎ᠠ ᠳᠦᠷᠪᠡᠯᠵᠢᠨ ᠮᠧᠲᠷ ᠪᠦᠷᠢ 400 ᠲᠦᠬᠦᠷᠢᠭ ᠤᠨ ᠪᠠᠷᠢᠮᠵᠢᠶ᠎ᠠ ᠪᠠᠷ ᠨᠦᠬᠦᠪᠦᠷᠢᠯᠡᠨ᠎ᠡ︔ ᠣᠣᠯ ᠤᠨ ᠲᠤᠨᠤᠭ ᠳᠦᠬᠦᠬᠡᠷᠦᠮᠵᠢ ᠪᠠᠨ ᠦᠬᠡᠷᠡᠴᠢᠯᠡᠵᠦ ᠪᠠᠶᠢᠭᠤᠯᠤᠭᠰᠠᠨ ᠳᠤ ᠪᠠᠶᠢᠭᠤᠯᠤᠯᠲᠠ ᠶᠢᠨ ᠵᠠᠷᠤᠳᠠᠯ ᠤᠨ 40% ᠪᠠᠷ ᠨᠦᠬᠦᠪᠦᠷᠢᠯᠡᠨ᠎ᠡ᠃ ᠨᠦᠬᠦᠪᠦᠷᠢ ᠮᠦᠩᠭᠦ ᠶᠢ 500 ᠲᠦᠮᠡᠨ ᠲᠦᠬᠦᠷᠢᠭ ᠠᠴᠠ ᠳᠠᠪᠠᠭᠤᠯᠬᠤ ᠦᠬᠡᠢ᠃     39. ᠮᠠᠯ ᠲᠠᠷᠢᠶᠠᠯᠠᠩ ᠤᠨ ᠪᠦᠲᠦᠬᠡᠭᠳᠡᠬᠦᠨ ᠤ ᠨᠡᠷ᠎ᠡ ᠲᠡᠮᠲᠡᠭ ᠢ ᠳᠠᠬᠢᠨ ᠱᠣᠭᠤᠨ᠎ᠠ᠃ ᠣᠯᠣᠰ᠂ ᠦᠪᠡᠷᠲᠡᠭᠡᠨ ᠵᠠᠰᠠᠬᠤ ᠣᠷᠣᠨ᠂ ᠬᠤᠲᠠ ᠶᠢᠨ ᠲᠡᠰ ᠤᠨ ᠪᠡᠯᠡ ᠮᠦᠩᠭᠦ ᠶᠢ ᠨᠢᠬᠡᠳᠦᠯᠲᠡᠢ ᠲᠦᠯᠦᠪᠵᠢᠬᠦᠯᠵᠦ᠂ ᠬᠤᠰᠢᠭᠤ ᠡᠳ᠋ ᠤᠨ ᠵᠠᠰᠠᠭ ᠠᠴᠠ 500 ᠲᠦᠮᠡᠨ ᠲᠦᠬᠦᠷᠢᠭ ᠲᠤᠬᠢᠷᠠᠭᠤᠯᠤᠨ᠂ ᠬᠠᠮᠢᠶ᠎ᠠ ᠪᠦᠬᠦᠢ ᠠᠵᠤ ᠠᠬᠤᠶᠢᠯᠠᠯ ᠤᠨ ᠬᠢᠨ ᠪᠤᠬᠢᠷᠳᠣᠯ ᠦᠬᠡᠢ ᠢᠳᠡᠬᠡᠨ᠂ ᠣᠷᠭᠠᠨᠢᠭ ᠪᠦᠲᠦᠬᠡᠭᠳᠡᠬᠦᠨ ᠪᠠ ᠨᠡᠷᠡᠲᠦ ᠣᠨᠴᠠ ᠰᠢᠯᠢᠳᠡᠭ ᠰᠢᠨ᠎ᠡ ᠪᠦᠲᠦᠬᠡᠭᠳᠡᠬᠦᠨ ᠤ ᠬᠡᠷᠡᠴᠢᠯᠡᠯᠲᠡ ᠭᠤᠶᠤᠴᠢᠯᠠᠬᠤ ᠶᠢ ᠵᠤᠷᠢᠭᠵᠢᠭᠤᠯᠵᠤ᠂ ᠪᠦᠬᠦ ᠣᠯᠣᠰ ᠤᠨ ᠪᠤᠬᠢᠷᠳᠣᠯ ᠦᠬᠡᠢ ᠢᠳᠡᠭᠡᠨ ᠤ ᠲᠦᠬᠦᠬᠡᠢ ᠮᠡᠲ᠋ᠧᠷᠢᠶᠡᠯ ᠤᠨ ᠰᠠᠭᠤᠷᠢᠨ ᠤ ᠴᠤᠭᠴᠠᠯᠠᠯᠲᠠ ᠶᠢᠨ ᠠᠵᠢᠯ ᠢ ᠶᠠᠪᠤᠭᠳᠠᠭᠤᠯᠤᠨ᠂ ᠭᠠᠵᠠᠷ ᠵᠦᠢ ᠶᠢᠨ ᠢᠯᠡᠳᠬᠡᠯ ᠤᠨ ᠪᠠᠶᠢᠭᠤᠯᠤᠯᠲᠠ ᠶᠢ ᠴᠢᠩᠭᠠᠳᠬᠠᠨ᠎ᠠ᠃ ︽ᠣᠲᠤᠭ ᠤᠨ ᠡᠮᠦᠨᠡᠲᠦ ᠬᠤᠰᠢᠭᠤᠨ ᠤ ᠮᠠᠯ ᠤᠨ ᠮᠢᠬ᠎ᠠ︾᠂ ︽ᠣᠲᠤᠭ ᠤᠨ ᠡᠮᠦᠨᠡᠲᠦ ᠬᠤᠰᠢᠭᠤᠨ ᠤ ᠦᠬᠡᠷ ᠤᠨ ᠮᠢᠬ᠎ᠠ︾ ᠵᠡᠷᠭᠡ ᠪᠤᠬᠢᠷᠳᠣᠯ ᠦᠬᠡᠢ ᠣᠷᠭᠠᠨᠢᠭ ᠵᠢᠴᠢ ᠨᠡᠷᠡᠲᠦ ᠣᠨᠴᠠ ᠰᠢᠯᠢᠳᠡᠭ ᠰᠢᠨ᠎ᠡ ᠮᠠᠯ ᠲᠠᠷᠢᠶᠠᠯᠠᠩ ᠤᠨ ᠪᠦᠲᠦᠬᠡᠭᠳᠡᠬᠦᠨ ᠢ ᠦᠪᠡᠷᠲᠡᠭᠡᠨ ᠵᠠᠰᠠᠬᠤ ᠣᠷᠣᠨ᠂ ᠬᠤᠲᠠ ᠶᠢᠨ ᠲᠡᠰ ᠤᠨ ᠣᠷᠣᠨ ᠪᠦᠰᠡ ᠶᠢᠨ ᠨᠠᠶᠢᠲᠠ ᠶᠢᠨ ᠨᠡᠷ᠎ᠡ ᠲᠡᠮᠲᠡᠭ ᠲᠤ ᠣᠷᠣᠭᠤᠯᠵᠣ᠂ ︽ᠣᠯᠣᠰ ᠤᠨ ᠨᠡᠷᠡᠮᠵᠢᠲᠦ︾᠂ ︽ᠦᠪᠦᠷ ᠮᠣᠩᠭᠤᠯ ᠨᠡᠷᠡᠮᠵᠢᠲᠦ︾ ᠨᠡᠷ᠎ᠡ ᠲᠡᠮᠲᠡᠭ ᠢ ᠪᠣᠶᠢᠵᠢᠭᠤᠯᠣᠨ᠂ ᠡᠯ᠎ᠡ ᠲᠦᠷᠦᠯ ᠤᠨ ᠦᠵᠡᠬᠦᠯᠬᠡ ᠦᠵᠡᠰᠬᠦᠯᠡᠩ᠂ ᠮᠠᠯ ᠲᠠᠷᠢᠶᠠᠯᠠᠩ ᠤᠨ ᠪᠦᠲᠦᠬᠡᠭᠳᠡᠬᠦᠨ ᠤ ᠠᠷᠠᠯᠵᠢᠶᠠᠨ ᠤ ᠴᠣᠭᠯᠠᠭᠠᠨ ᠢ ᠵᠤᠬᠢᠶᠠᠨ ᠪᠠᠶᠢᠭᠤᠯᠵᠤ᠂ ᠴᠢᠬᠤᠯᠠ ᠪᠠᠶᠠᠷ ᠴᠣᠭᠯᠠᠭᠠᠨ᠂ ᠲᠠᠮᠢᠷ ᠤᠨ ᠣᠷᠣᠯᠳᠣᠭᠠᠨ ᠳᠤ ᠨᠡᠷ᠎ᠡ ᠵᠡᠬᠦᠨ᠎ᠡ᠃ ᠣᠯᠣᠰ ᠤᠨ ᠲᠤᠲᠤᠭᠠᠲᠤ ᠶᠢᠨ ᠲᠤᠮᠤ ᠳᠣᠮᠳᠠ ᠬᠤᠲᠠ ᠳᠤ 5 ᠴᠢᠨᠠᠷ ᠰᠠᠶᠢᠲᠠᠢ ᠮᠠᠯ ᠲᠠᠷᠢᠶᠠᠯᠠᠩ ᠤᠨ ᠪᠦᠲᠦᠬᠡᠭᠳᠡᠬᠦᠨ ᠤ ᠬᠤᠰᠢᠭᠤᠴᠢ ᠳᠡᠯᠬᠡᠬᠦᠷ ᠪᠠᠶᠢᠭᠤᠯᠬᠤ ᠶᠢ ᠳᠡᠮᠵᠢᠨ᠂ ᠮᠢᠬ᠎ᠠ ᠬᠦᠷᠦᠬᠡᠨ ᠳᠠᠮᠵᠢᠭᠤᠯᠬᠤ ᠰᠢᠰᠲ᠋ᠧᠮ ᠤᠨ ᠪᠠᠶᠢᠭᠤᠯᠤᠯᠲᠠ᠂ ᠰᠢᠨ᠎ᠡ ᠵᠠᠭᠤᠴᠢᠯᠠᠭᠤᠷ᠂ ᠪᠤᠷᠤᠯᠠᠭᠤᠯᠭ᠎ᠠ ᠶᠢᠨ ᠳᠠᠪᠴᠠᠩ ᠤᠨ ᠴᠤᠭᠴᠠᠯᠠᠯᠲᠠ ᠶᠢ ᠲᠡᠷᠢᠬᠦᠨ ᠳᠤ ᠳᠡᠮᠵᠢᠬᠦ ᠶᠢᠨ ᠬᠠᠮᠲᠤ ᠣᠯᠠᠨ ᠰᠣᠪᠠᠭᠲᠤ ᠰᠦᠯᠵᠢᠶᠡᠨ ︵MCN︶ ᠳᠤ ᠣᠷᠣᠭᠤᠯᠵᠣ᠂ ᠳᠡᠭᠡᠳᠦ ᠲᠡᠰ ᠤᠨ ᠬᠡᠷᠡᠭᠯᠡᠭᠴᠢᠳ ᠢ ᠣᠯᠣᠨ᠂ ᠴᠢᠨᠠᠷ ᠰᠠᠶᠢᠲᠠᠢ ᠮᠠᠯ ᠲᠠᠷᠢᠶᠠᠯᠠᠩ ᠤᠨ ᠪᠦᠲᠦᠬᠡᠭᠳᠡᠬᠦᠨ ᠤ ᠲᠠᠸᠠᠷᠴᠢᠯᠠᠯᠲᠠ ᠶᠢᠨ ᠬᠡᠮᠵᠢᠶ᠎ᠡ ᠶᠢ ᠳᠡᠭᠡᠭᠰᠢᠯᠡᠬᠦᠯᠦᠨ᠎ᠡ᠃ ᠮᠠᠯ ᠲᠠᠷᠢᠶᠠᠯᠠᠩ ᠤᠨ ᠪᠦᠲᠦᠬᠡᠭᠳᠡᠬᠦᠨ ᠤ ᠶᠠᠰᠣ ᠴᠢᠨᠠᠷ  ᠤᠨ ᠳᠡᠭᠡᠭᠰᠢᠯᠡᠬᠦᠯᠦᠯᠲᠡ ᠶᠢ ᠴᠢᠬᠤᠯᠠᠴᠢᠯᠠᠵᠤ᠂ ᠮᠠᠯ ᠲᠠᠷᠢᠶᠠᠯᠠᠩ ᠤᠨ ᠪᠦᠲᠦᠬᠡᠭᠳᠡᠬᠦᠨ ᠤ ᠶᠠᠰᠣ ᠴᠢᠨᠠᠷ ᠤᠨ ᠠᠮᠣᠷ ᠳᠦᠪᠰᠢᠨ ᠤ ᠪᠠᠶᠢᠭᠤᠯᠤᠯᠲᠠ ᠶᠢ ᠴᠢᠩᠭᠠᠳᠬᠠᠨ᠂ ᠶᠠᠰᠣ ᠴᠢᠨᠠᠷ ᠤᠨ ᠠᠮᠣᠷ ᠳᠦᠪᠰᠢᠨ ᠤ ᠬᠢᠨᠠᠨ ᠬᠠᠮᠢᠶᠠᠷᠤᠯᠲᠠ ᠶᠢᠨ ᠵᠠᠷᠣᠳᠠᠯ ᠢ ᠪᠦᠬᠦ ᠲᠠᠯ᠎ᠠ ᠪᠠᠷ ᠪᠠᠲᠤᠯᠠᠵᠤ᠂ ᠣᠯᠣᠰ ᠤᠨ ᠮᠠᠯ ᠲᠠᠷᠢᠶᠠᠯᠠᠩ ᠤᠨ ᠪᠦᠲᠦᠬᠡᠭᠳᠡᠬᠦᠨ  ᠤ ᠶᠠᠰᠣ ᠴᠢᠨᠠᠷ ᠤᠨ ᠠᠮᠣᠷ ᠳᠦᠪᠰᠢᠨ ᠤ ᠰᠢᠶᠡᠨ ᠢ ᠴᠣᠭᠴᠠᠯᠠᠬᠤ ᠪᠠᠷ ᠴᠢᠷᠮᠠᠶᠢᠨ᠎ᠠ᠃     ᠳᠦᠷᠪᠡ᠂ ᠰᠢᠨᠵᠢᠯᠡᠭᠡ ᠮᠡᠷᠬᠡᠵᠢᠯ ᠪᠠ ᠲᠤᠨᠤᠭ ᠳᠦᠬᠦᠬᠡᠷᠦᠮᠵᠢ ᠶᠢᠨ ᠲᠤᠯᠭᠠᠭᠤᠷᠢᠯᠠᠯ ᠢ ᠴᠢᠩᠭᠠᠳᠬᠠᠵᠤ᠂ ᠮᠠᠯ ᠲᠠᠷᠢᠶᠠᠯᠠᠩ ᠤᠨ ᠦᠢᠯᠡᠰ ᠤᠨ ᠲᠤᠭᠠᠴᠠᠯᠠᠭᠰᠠᠨ ᠬᠦᠭᠵᠢᠯᠲᠡ ᠶᠢ ᠠᠬᠢᠭᠤᠯᠤᠨ᠎ᠠ     40. ᠮᠠᠯ ᠲᠠᠷᠢᠶᠠᠯᠠᠩ ᠤᠨ ᠦᠢᠯᠡᠰ ᠤᠨ ᠲᠤᠭᠠᠴᠠᠯᠠᠭᠰᠠᠨ ᠬᠦᠭᠵᠢᠯᠲᠡ ᠶᠢ ᠠᠬᠢᠭᠤᠯᠤᠨ᠎ᠠ᠃ ᠬᠤᠰᠢᠭᠤ ᠡᠳ᠋ ᠤᠨ ᠵᠠᠰᠠᠭ ᠠᠴᠠ 1000 ᠲᠦᠮᠡᠨ ᠲᠦᠬᠦᠷᠢᠭ ᠢ ᠲᠤᠬᠢᠷᠠᠭᠤᠯᠵᠤ᠂ ᠬᠤᠰᠢᠭᠤ ᠲᠡᠰ ᠤᠨ ᠲᠤᠭᠠᠴᠠᠯᠠᠭᠰᠠᠨ ᠳᠠᠪᠴᠠᠩ ᠤᠨ ᠪᠠᠶᠢᠭᠤᠯᠤᠯᠲᠠ ᠶᠢ ᠳᠡᠮᠵᠢᠨ᠂ ᠣᠶᠣᠨᠴᠢ ᠮᠠᠯ ᠲᠠᠷᠢᠶᠠᠯᠠᠩ ᠤᠨ ᠦᠢᠯᠡᠰ ᠤᠨ ᠬᠦᠷᠢᠶᠡᠯᠡᠩ ᠲᠤᠭᠤᠷᠢᠭ᠂ ᠲᠠᠷᠢᠶᠠᠯᠠᠩ ᠤᠨ ᠲᠠᠯᠠᠪᠠᠢ᠂ ᠮᠠᠯᠵᠢᠯ ᠤᠨ ᠲᠠᠯᠠᠪᠠᠢ᠂ ᠳᠠᠭᠤᠷᠢᠶᠠᠯ ᠡᠷᠦᠬᠡ ᠶᠢᠨ ᠪᠣᠶᠢᠵᠢᠭᠤᠯᠣᠯᠲᠠ ᠶᠢᠨ ᠡᠷᠴᠢᠮ ᠢᠶᠠᠨ ᠴᠢᠩᠭᠠᠳᠬᠠᠵᠤ᠂ ︽ᠲᠠᠷᠢᠵᠦ ᠲᠡᠵᠢᠬᠡᠬᠦ ᠪᠤᠯᠪᠠᠰᠣᠷᠠᠭᠤᠯᠬᠤ ᠪᠤᠷᠤᠯᠠᠭᠤᠯᠬᠤ︾ ᠪᠦᠬᠦ ᠶᠠᠪᠤᠴᠠ ᠶᠢᠨ ᠲᠤᠭᠠᠴᠠᠯᠠᠭᠰᠠᠨ ᠨᠡᠶᠢᠬᠡᠮᠴᠢᠯᠡᠭᠰᠡᠨ ᠦᠢᠯᠡᠴᠢᠯᠡᠬᠡᠨ ᠤ ᠰᠢᠰᠲ᠋ᠧᠮ ᠪᠠ ᠪᠤᠷᠤᠯᠠᠭᠤᠯᠭ᠎ᠠ ᠶᠢᠨ ᠰᠢᠰᠲ᠋ᠧᠮ ᠢ ᠪᠠᠶᠢᠭᠤᠯᠤᠨ ᠲᠡᠬᠦᠯᠳᠡᠷᠵᠢᠬᠦᠯᠦᠨ᠎ᠡ᠃     41. ᠰᠢᠨᠵᠢᠯᠡᠭᠡ ᠮᠡᠷᠬᠡᠵᠢᠯ ᠢᠶᠠᠷ ᠳᠠᠶᠢᠴᠢᠯᠠᠬᠤ ᠶᠢ ᠴᠢᠩᠭᠠᠳᠬᠠᠨ᠎ᠠ᠃ ᠡᠬᠦᠯᠳᠡᠷ ᠤᠨ ᠦᠢᠯᠡᠰ ᠤᠨ ᠬᠦᠭᠵᠢᠬᠦᠯᠦᠯᠲᠡ᠂ ᠮᠠᠯ ᠲᠠᠷᠢᠶᠠᠯᠨᠩ ᠤᠨ ᠦᠢᠯᠡᠰ ᠤᠨ ᠣᠰᠣ ᠠᠷᠪᠢᠯᠠᠯᠲᠠ᠂ ᠣᠶᠣᠨᠴᠢ ᠮᠠᠯ ᠲᠠᠷᠢᠶᠠᠯᠠᠩ ᠤᠨ ᠦᠢᠯᠡᠰ᠂ ᠬᠤᠵᠢᠷᠯᠢᠭ ᠭᠠᠵᠠᠷ ᠤᠨ ᠦᠬᠡᠷᠡᠴᠢᠯᠡᠯᠲᠡ ᠵᠡᠷᠭᠡ ᠶᠢᠨ ᠲᠤᠭᠤᠷᠢᠨ ᠳᠤ ᠰᠢᠨᠵᠢᠯᠡᠭᠡ ᠮᠡᠷᠬᠡᠵᠢᠯ ᠤᠨ ᠰᠣᠳᠣᠯᠭᠠᠨ ᠨᠡᠭᠡᠭᠡᠯᠲᠡ᠂ ᠪᠦᠲᠦᠮᠵᠢ ᠶᠢᠨ ᠬᠤᠪᠢᠷᠠᠭᠤᠯᠤᠯᠲᠠ ᠪᠠ ᠲᠦᠬᠡᠮᠡᠯᠵᠢᠬᠦᠯᠦᠯᠲᠡ ᠶᠢ ᠶᠠᠪᠤᠭᠳᠠᠭᠤᠯᠵᠤ᠂  ᠡᠷᠳᠡᠮ ᠰᠢᠨᠵᠢᠯᠡᠬᠡᠨ ᠤ ᠴᠢᠬᠤᠯᠠ ᠲᠦᠷᠦᠯ ᠵᠦᠢᠯ ᠪᠠ ᠵᠠᠩᠬᠢᠯᠠᠭ᠎ᠠ ᠶᠢᠨ ᠭᠤᠤᠯ ᠮᠡᠷᠬᠡᠵᠢᠯ ᠤᠨ ᠰᠢᠪᠲᠤᠯᠤᠯᠲᠠ ᠶᠢ ᠠᠬᠢᠭᠤᠯᠤᠨ᠂ ︽ᠠᠰ ᠠᠰ ᠢᠶᠠᠷ ᠨᠢ ᠵᠦᠪᠯᠡᠬᠦ︾ ᠠᠷᠭ᠎ᠠ ᠮᠠᠶ᠋ᠢᠭ ᠢᠶᠠᠷ ᠲᠤᠭᠲᠠᠭᠰᠠᠨ ᠱᠠᠩᠨᠠᠯ ᠣᠯᠭᠤᠨ᠎ᠠ᠃ ᠬᠤᠰᠢᠭᠤ ᠡᠳ᠋ ᠤᠨ ᠵᠠᠰᠠᠭ ᠠᠴᠠ 300 ᠲᠦᠮᠡᠨ ᠲᠦᠬᠦᠷᠢᠭ ᠢ ᠲᠤᠬᠢᠷᠠᠭᠤᠯᠵᠤ᠂ ᠳᠣᠮᠳᠠᠳᠣ ᠣᠯᠣᠰ ᠤᠨ ᠬᠦᠭᠵᠢᠬᠦᠯᠦᠯᠲᠡ ᠶᠢᠨ ᠪᠠᠶᠢᠯᠳᠣᠬᠤ ᠪᠣᠳᠣᠯᠭ᠎ᠠ ᠶᠢᠨ ᠰᠣᠳᠣᠯᠭᠠᠨ ᠤ ᠨᠡᠶᠢᠬᠡᠮᠯᠢᠭ᠂ ᠳᠣᠮᠳᠠᠳᠣ ᠣᠯᠣᠰ ᠤᠨ ᠲᠠᠷᠢᠶᠠᠯᠠᠩ ᠤᠨ ᠶᠡᠭᠡ ᠰᠣᠷᠭᠠᠭᠤᠯᠢ᠂ ᠪᠠᠷᠠᠭᠤᠨ ᠬᠤᠶᠢᠲᠤ ᠶᠢᠨ ᠲᠠᠷᠢᠶᠠᠯᠠᠩ ᠣᠢ ᠰᠢᠭᠤᠢ  ᠶᠢᠨ ᠰᠢᠨᠵᠢᠯᠡᠭᠡ ᠮᠡᠷᠬᠡᠵᠢᠯ ᠤᠨ ᠶᠡᠭᠡ ᠰᠣᠷᠭᠠᠭᠤᠯᠢ᠂ ᠬᠤᠸᠠ ᠵᠦᠩ ᠲᠠᠷᠢᠶᠠᠯᠠᠩ ᠤᠨ ᠶᠡᠭᠡ ᠰᠣᠷᠭᠠᠭᠤᠯᠢ ᠵᠡᠷᠭᠡ ᠰᠣᠷᠭᠠᠭᠤᠯᠢ ᠯᠤᠭ᠎ᠠ ᠶᠢᠨ ᠬᠠᠮᠲᠤᠷᠠᠯᠴᠠᠭ᠎ᠠ ᠪᠠᠨ ᠬᠦᠨᠵᠡᠬᠡᠶᠢᠷᠡᠬᠦᠯᠦᠨ᠂ ᠨᠣᠯᠣᠭᠤᠣᠷ ᠤᠨ ᠢᠮᠠᠭᠠᠨ ᠤ ᠦᠷᠡᠵᠢᠯ ᠤᠨ ᠡᠵᠡᠮᠰᠢᠯ ᠪᠠ ᠪᠦᠬᠦ ᠣᠯᠣᠰ ᠤᠨ ᠭᠤᠤᠯᠳᠠᠯᠭᠠᠲᠤ ᠲᠤᠷᠰᠢᠯᠲᠠ ᠶᠢᠨ ᠲᠠᠰᠤᠭ ᠤᠨ ᠰᠣᠳᠣᠯᠭᠠᠨ  ᠤ ᠬᠤᠪᠢᠷᠠᠭᠤᠯᠤᠯᠲᠠ ᠶᠢᠨ ᠰᠠᠭᠤᠷᠢᠨ ᠪᠠᠶᠢᠭᠤᠯᠬᠤ ᠶᠢ ᠳᠡᠮᠵᠢᠵᠦ᠂ ᠬᠤᠰᠢᠭᠤ ᠲᠡᠰ ᠤᠨ ᠮᠠᠯ ᠲᠠᠷᠢᠶᠠᠯᠠᠩ ᠤᠨ ᠦᠢᠯᠡᠰ ᠤᠨ ᠴᠢᠳᠠᠪᠤᠷᠢᠲᠠᠨ ᠤ ᠠᠵᠢᠯ ᠤᠨ ᠦᠷᠲᠡᠭᠡ ᠶᠢ ᠴᠤᠭᠴᠠᠯᠠᠨ᠂ ᠣᠷᠣᠨ ᠨᠣᠲᠤᠭ ᠤᠨ ᠴᠢᠳᠠᠪᠤᠷᠢᠲᠠᠨ ᠤ ᠬᠦᠮᠦᠵᠢᠬᠦᠯᠦᠯᠲᠡ ᠶᠢ ᠴᠢᠩᠭᠠᠳᠬᠠᠵᠤ᠂ ᠮᠠᠯ ᠲᠠᠷᠢᠶᠠᠯᠠᠩ ᠤᠨ ᠦᠢᠯᠡᠰ ᠤᠨ ᠰᠢᠨᠵᠢᠯᠡᠭᠡ ᠮᠡᠷᠬᠡᠵᠢᠯ ᠤᠨ ᠴᠢᠳᠠᠪᠤᠷᠢᠲᠠᠨ ᠪᠠ ᠳᠡᠭᠡᠳᠦ ᠮᠡᠷᠬᠡᠵᠢᠯ ᠤᠨ ᠴᠢᠳᠠᠪᠤᠷᠢᠲᠠᠨ ᠤ ᠬᠦᠮᠦᠵᠢᠬᠦᠯᠦᠯᠲᠡ ᠬᠡᠷᠡᠭᠯᠡᠯᠲᠡ ᠶᠢ ᠴᠢᠩᠭᠠᠷᠠᠭᠤᠯᠤᠨ᠂ ᠮᠡᠷᠬᠡᠵᠢᠯᠲᠡᠨ ᠴᠢᠳᠠᠪᠤᠷᠢᠲᠠᠨ ᠤ ᠣᠷᠣᠭᠤᠯᠣᠯᠲᠠ᠂ ᠮᠠᠯ ᠲᠠᠷᠢᠶᠠᠯᠠᠩ ᠤᠨ ᠦᠢᠯᠡᠰ ᠤᠨ ᠮᠡᠷᠬᠡᠵᠢᠯ ᠤᠨ ᠦᠢᠯᠡᠴᠢᠯᠡᠭᠡ᠂ ᠰᠢᠨ᠎ᠡ ᠮᠡᠷᠬᠡᠵᠢᠯ ᠪᠠ ᠰᠢᠨ᠎ᠡ ᠡᠬᠦᠯᠳᠡᠷ ᠤᠨ ᠪᠤᠶᠢᠵᠢᠭᠤᠯᠤᠯᠲᠠ ᠲᠦᠬᠡᠮᠡᠯᠵᠢᠬᠦᠯᠦᠯᠲᠡ᠂ ᠲᠣᠷᠰᠢᠯᠲᠠ ᠳᠠᠭᠤᠷᠢᠶᠠᠯ᠂ ᠰᠠᠭᠤᠷᠢ ᠳᠦᠬᠦᠬᠡᠷᠦᠮᠵᠢ ᠶᠢᠨ ᠪᠠᠶᠢᠭᠤᠯᠤᠯᠲᠠ ᠵᠢᠴᠢ ᠦᠵᠡᠬᠦᠯᠬᠡ᠂ ᠣᠬᠠᠭᠤᠯᠭ᠎ᠠ ᠪᠤᠯᠪᠠᠰᠣᠷᠠᠯ᠂ ᠵᠢᠱᠢᠶ᠎ᠡ ᠦᠵᠡᠬᠦᠯᠬᠦ ᠴᠡᠭ ᠪᠠ ᠡᠷᠦᠬᠡ ᠶᠢᠨ ᠬᠦᠮᠦᠵᠢᠬᠦᠯᠦᠯᠲᠡ ᠵᠡᠷᠭᠡ ᠲᠠᠯ᠎ᠠ ᠪᠠᠷ ᠳᠡᠮᠵᠢᠨ᠎ᠡ᠃ ᠦᠨᠳᠦᠰᠦᠨ ᠱᠠᠲᠤᠨ ᠤ ᠲᠠᠷᠢᠶᠠᠯᠠᠩ ᠤᠨ ᠮᠡᠷᠬᠡᠵᠢᠯ ᠤᠨ ᠲᠦᠬᠡᠮᠡᠯᠵᠢᠬᠦᠯᠦᠯᠲᠡ ᠶᠢᠨ ᠰᠢᠰᠲ᠋ᠧᠮ ᠤᠨ ᠪᠠᠶᠢᠭᠤᠯᠤᠯᠲᠠ ᠶᠢ ᠴᠢᠩᠭᠠᠳᠬᠠᠵᠤ᠂ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠦᠢᠯᠡᠴᠢᠯᠡᠬᠡᠨ ᠤ ᠴᠢᠳᠠᠮᠵᠢ ᠶᠢ ᠴᠢᠩᠭᠠᠷᠠᠭᠤᠯᠤᠨ᠎ᠠ᠃     42. ᠲᠠᠷᠢᠶᠠᠯᠠᠩ ᠤᠨ ᠮᠠᠰᠢᠨ ᠲᠤᠨᠤᠭ ᠢ ᠴᠢᠩᠭᠠᠳᠬᠠᠨ᠎ᠠ᠃ ᠲᠠᠷᠢᠶᠠᠯᠠᠩ ᠤᠨ ᠮᠠᠰᠢᠨ ᠲᠤᠨᠤᠭ ᠤᠨ ᠲᠤᠲᠠᠭᠤᠳᠠᠯ ᠢ ᠨᠦᠬᠦᠪᠦᠷᠢᠯᠡᠬᠦ ᠠᠵᠢᠯᠯᠠᠭᠠᠨ ᠢ ᠶᠡᠬᠡᠪᠡᠷ ᠬᠡᠷᠡᠭᠵᠢᠬᠦᠯᠵᠦ᠂ ᠲᠠᠷᠢᠶᠠᠯᠠᠩ ᠤᠨ ᠮᠠᠰᠢᠨ ᠤ ᠬᠤᠳᠠᠯᠳᠣᠨ ᠠᠪᠤᠯᠲᠠ ᠪᠠ ᠬᠡᠷᠡᠭᠯᠡᠯᠲᠡ ᠶᠢᠨ ᠨᠦᠬᠦᠪᠦᠷᠢ ᠶᠢᠨ ᠲᠦᠷᠦ ᠶᠢᠨ ᠪᠤᠳᠤᠯᠭ᠎ᠠ ᠶᠢ ᠲᠡᠬᠦᠯᠳᠡᠷᠵᠢᠬᠦᠯᠦᠨ᠂ ᠭᠤᠸᠠ ᠵᠢᠮᠢᠰ ᠢᠳᠡᠰᠢᠨ ᠨᠤᠭᠤᠭ᠎ᠠ ᠪᠠ ᠡᠯᠳᠡᠪ ᠠᠮᠤ ᠶᠢᠨ ᠠᠵᠤ ᠦᠢᠯᠡᠰ ᠤᠨ ᠬᠦᠭᠵᠢᠯᠲᠡ ᠶᠢᠨ ᠮᠧᠬᠠᠨᠢᠭᠵᠢᠯᠲᠠ ᠶᠢᠨ ᠳᠦᠪᠰᠢᠨ ᠢ ᠲᠤᠭᠲᠠᠭᠤᠨ ᠢᠶᠠᠷ ᠳᠡᠭᠡᠭᠰᠢᠯᠡᠬᠦᠯᠵᠦ᠂ ᠭᠤᠸᠠ ᠵᠢᠮᠢᠰ ᠢᠳᠡᠰᠢᠨ ᠨᠤᠭᠤᠭ᠎ᠠ ᠪᠠ ᠡᠯᠳᠡᠪ ᠠᠮᠤ ᠶᠢᠨ ᠲᠠᠷᠢᠯᠲᠠ᠂ ᠠᠷᠠᠴᠢᠯᠠᠯᠲᠠ᠂ ᠬᠤᠷᠢᠶᠠᠯᠲᠠ ᠵᠡᠷᠭᠡ ᠭᠤᠭᠴᠤᠭᠠᠨ ᠳᠤ ᠲᠤᠬᠢᠷᠠᠬᠤ ᠠᠵᠢᠯᠯᠠᠬᠤ ᠮᠠᠰᠢᠨ ᠢ ᠢᠳᠡᠪᠬᠢᠲᠡᠢ ᠪᠠᠷ ᠣᠷᠣᠭᠤᠯᠵᠣ ᠲᠦᠬᠡᠮᠡᠯᠵᠢᠬᠦᠯᠦᠨ᠂ ᠣᠯᠣᠰ ᠤᠨ ᠲᠠᠷᠢᠶᠠᠯᠠᠩ ᠤᠨ ᠮᠠᠰᠢᠨ ᠤ ᠨᠦᠬᠦᠪᠦᠷᠢ ᠶᠢᠨ ᠵᠢᠭᠰᠠᠭᠠᠯᠲᠠ ᠳᠤ ᠣᠷᠣᠭᠰᠠᠨ ᠦᠬᠡᠢ ᠪᠤᠯᠪᠠᠴᠣ ᠲᠠᠷᠢᠶᠠᠯᠠᠩ ᠤᠨ ᠮᠠᠰᠢᠨ ᠤ ᠲᠣᠷᠰᠢᠯᠲᠠ ᠶᠢᠨ ᠬᠢᠨᠠᠨ ᠲᠤᠭᠲᠠᠭᠠᠯᠲᠠ ᠶᠢᠨ ᠪᠢᠴᠢᠭ᠂ ᠲᠠᠷᠢᠶᠠᠯᠠᠩ ᠤᠨ ᠮᠠᠰᠢᠨ ᠤ ᠠᠯᠪᠠᠳᠠᠯᠭ᠎ᠠ ᠶᠢᠨ ᠴᠢᠨᠠᠷᠲᠠᠢ ᠪᠦᠲᠦᠬᠡᠭᠳᠡᠬᠦᠨ ᠤ ᠬᠡᠷᠡᠴᠢ ᠪᠢᠴᠢᠭ ᠢ ᠣᠯᠣᠭᠰᠠᠨ ᠪᠤᠶᠤ ᠲᠠᠷᠢᠶᠠᠯᠠᠩ ᠤᠨ ᠮᠠᠰᠢᠨ ᠤ ᠰᠠᠶᠢᠨ ᠳᠣᠷ᠎ᠠ ᠶᠢᠨ ᠴᠢᠨᠠᠷᠲᠠᠢ ᠬᠡᠷᠡᠴᠢᠯᠡᠯᠲᠡ ᠶᠢᠨ ᠵᠦᠪᠰᠢᠶᠡᠷᠡᠯ  ᠤᠨ ᠲᠤᠷᠰᠢᠯᠲᠠ ᠶᠢᠨ ᠴᠡᠭ ᠤᠨ ᠴᠠᠷᠠᠭᠠᠨ ᠳᠤ ᠣᠷᠣᠭᠰᠠᠨ ᠮᠠᠰᠢᠨ ᠳᠦᠬᠦᠬᠡᠷᠦᠮᠵᠢ ᠶᠢ ᠮᠠᠯ ᠲᠠᠷᠢᠶᠠᠯᠠᠩ ᠤᠨ ᠳᠣᠪᠴᠢᠶᠠᠨ ᠠᠴᠠ ᠬᠢᠨᠠᠨ ᠲᠤᠭᠲᠠᠭᠠᠬᠤ ᠶᠢᠨ ᠬᠠᠮᠲᠤ ᠪᠤᠲᠠᠲᠠᠢ ᠬᠡᠷᠡᠭᠵᠢᠬᠦᠯᠬᠦ ᠲᠦᠰᠦᠯ ᠢ ᠲᠤᠭᠲᠠᠭᠠᠵᠤ᠂ ᠬᠤᠲᠠ ᠶᠢᠨ ᠮᠠᠯ ᠲᠠᠷᠢᠶᠠᠯᠠᠩ ᠤᠨ ᠲᠤᠪᠴᠢᠶᠠᠨ ᠳᠤ ᠮᠡᠳᠡᠬᠦᠯᠵᠦ ᠳᠠᠩᠰᠠᠯᠠᠭᠤᠯᠤᠭᠰᠠᠨ ᠤ ᠳᠠᠷᠠᠭ᠎ᠠ᠂ ᠣᠯᠣᠰ  ᠤᠨ ᠲᠠᠷᠢᠶᠠᠯᠠᠩ ᠤᠨ ᠮᠠᠰᠢᠨ ᠤ ᠨᠦᠬᠦᠪᠦᠷᠢ ᠶᠢᠨ ᠪᠠᠷᠢᠮᠵᠢᠶ᠎ᠠ ᠪᠠᠷ ᠯᠠᠪᠯᠠᠯᠲᠠ ᠪᠤᠯᠭᠠᠨ ︵ᠮᠠᠰᠢᠨ ᠬᠤᠳᠠᠯᠳᠣᠨ ᠠᠪᠤᠭᠰᠠᠨ ᠵᠠᠷᠤᠳᠠᠯ ᠤᠨ 30% ᠠᠴᠠ ᠳᠠᠪᠠᠭᠤᠯᠬᠤ ᠦᠬᠡᠢ︶ ᠨᠦᠬᠦᠪᠦᠷᠢᠯᠡᠨ᠎ᠡ᠃     ᠲᠠᠪᠤ᠂ ᠪᠡᠯᠡ ᠮᠦᠩᠭᠦᠨ ᠤ ᠪᠠᠲᠤᠯᠠᠭ᠎ᠠ     ︵ᠨᠢᠬᠡ︶ ᠲᠤᠰᠬᠠᠢ ᠪᠡᠯᠡ ᠮᠦᠩᠭᠦ ᠶᠢ ᠪᠠᠶᠢᠭᠤᠯᠤᠨ᠎ᠠ᠃ ᠲᠦᠪ ᠬᠤᠷᠢᠶ᠎ᠠ᠂ ᠦᠪᠡᠷᠲᠡᠭᠡᠨ ᠵᠠᠰᠠᠬᠤ ᠣᠷᠣᠨ᠂ ᠬᠤᠲᠠ ᠶᠢᠨ ᠲᠡᠰ ᠤᠨ ᠲᠦᠷᠦ ᠶᠢᠨ ᠪᠤᠳᠤᠯᠭ᠎ᠠ ᠶᠢᠨ ᠳᠡᠮᠵᠢᠯᠬᠡ ᠶᠢᠨ ᠰᠠᠭᠤᠷᠢᠨ ᠳᠡᠭᠡᠷ᠎ᠡ᠂ ᠬᠤᠰᠢᠭᠤ ᠲᠤᠰ ᠱᠠᠲᠤᠨ ᠤ ᠡᠳ᠋ ᠤᠨ ᠵᠠᠰᠠᠭ ᠠᠴᠠ ᠵᠢᠯ ᠪᠦᠷᠢ 5000 ᠲᠦᠮᠡᠨ ᠲᠦᠬᠦᠷᠢᠭ ᠤᠨ ᠲᠦᠰᠦᠪ ᠤᠨ ᠪᠡᠯᠡ ᠮᠦᠩᠭᠦ ᠲᠤᠬᠢᠷᠠᠭᠤᠯᠬᠤ ᠶᠢᠨ ᠬᠠᠮᠲᠤ ᠲᠣᠰ ᠱᠠᠲᠤᠨ ᠤ ᠣᠰᠣᠨ ᠠᠰᠢᠭᠯᠠᠯᠲᠠ᠂ ᠣᠢ ᠰᠢᠭᠤᠢ ᠨᠤᠲᠤᠭ ᠪᠡᠯᠴᠢᠭᠡᠷ᠂ ᠰᠢᠨᠵᠢᠯᠡᠭᠡ ᠮᠡᠷᠬᠡᠵᠢᠯ᠂ ᠬᠦᠳᠡᠭᠡ ᠲᠤᠰᠬᠤᠨ ᠤ ᠬᠦᠭᠵᠢᠯ ᠮᠠᠨᠳᠣᠯ᠂ ᠦᠨᠳᠦᠰᠦᠲᠡᠨ ᠤ ᠬᠦᠭᠵᠢᠯᠲᠡ ᠵᠡᠷᠭᠡ ᠡᠯ᠎ᠡ ᠲᠦᠷᠦᠯ ᠤᠨ ᠪᠡᠯᠡ ᠮᠦᠩᠭᠦ ᠶᠢᠨ ᠪᠠᠲᠤᠯᠠᠭ᠎ᠠ ᠶᠢ ᠨᠢᠬᠡᠳᠦᠯᠲᠡᠢ ᠲᠦᠯᠦᠪᠵᠢᠬᠦᠯᠦᠨ᠎ᠡ᠃ ᠡᠬᠦᠨ ᠠᠴᠠ ᠭᠠᠳᠠᠨ᠎ᠠ᠂ ︽ᠠᠰ ᠠᠰ ᠢᠶᠠᠷ ᠨᠢ ᠵᠦᠪᠯᠡᠬᠦ︾ ᠪᠡᠯᠡ ᠮᠦᠩᠭᠦ ᠶᠢ ᠵᠤᠬᠢᠰᠲᠠᠢ ᠲᠤᠬᠢᠷᠠᠭᠤᠯᠵᠤ᠂ ᠭᠤᠤᠯᠳᠠᠯᠭᠠᠲᠤ ᠲᠦᠷᠦᠯ ᠵᠦᠢᠯ᠂ ᠴᠢᠬᠤᠯᠠ ᠠᠵᠤ ᠦᠢᠯᠡᠰ ᠤᠨ ᠬᠦᠭᠵᠢᠯᠲᠡ ᠶᠢ ᠳᠡᠮᠵᠢᠬᠦ ᠳᠤ ᠬᠡᠷᠡᠭᠯᠡᠨ᠎ᠡ᠃ ᠨᠡᠶᠢᠬᠡᠮ ᠤᠨ ᠪᠡᠯᠡ ᠮᠦᠩᠭᠦ ᠪᠠ ᠮᠦᠩᠭᠦᠨ ᠬᠦᠢᠯᠬᠡᠬᠡᠨ ᠤ ᠪᠡᠯᠡ ᠮᠦᠩᠭᠦ ᠶᠢ ᠣᠷᠣᠯᠴᠠᠭᠤᠯᠬᠤ ᠶᠢ ᠵᠤᠷᠢᠭᠵᠢᠭᠤᠯᠤᠨ᠂ ᠭᠤᠤᠯ ᠣᠨᠴᠠᠯᠢᠭᠲᠤ ᠠᠵᠤ ᠦᠢᠯᠡᠰ ᠤᠨ ᠬᠦᠭᠵᠢᠬᠦᠯᠦᠯᠲᠡ ᠶᠢᠨ ᠲᠤᠭᠤᠷᠢᠨ ᠳᠤ ᠰᠠᠭᠤᠷᠢ ᠳᠦᠬᠦᠬᠡᠷᠦᠮᠵᠢ ᠶᠢᠨ ᠪᠠᠶᠢᠭᠤᠯᠤᠯᠲᠠ᠂ ᠮᠠᠯ ᠲᠠᠷᠢᠶᠠᠯᠠᠩ ᠤᠨ ᠪᠦᠲᠦᠬᠡᠭᠳᠡᠬᠦᠨ ᠤ ᠨᠠᠷᠢᠯᠢᠭ ᠡᠳ᠋ᠰᠢᠬᠦᠯᠦᠯᠲᠡ᠂ ᠳᠠᠪᠠᠭᠤᠯᠢᠭ ᠣᠨᠴᠠᠯᠢᠭᠲᠤ ᠠᠵᠤ ᠦᠢᠯᠡᠰ ᠤᠨ ᠰᠦᠷᠦᠭᠵᠢᠯ ᠬᠦᠭᠵᠢᠯᠲᠡ  ᠶᠢ ᠳᠡᠮᠵᠢᠨ᠎ᠡ᠃     ︵ᠬᠤᠶᠠᠷ︶ ᠵᠢᠬᠡᠯᠡᠯᠬᠡ ᠶᠢᠨ ᠬᠦᠦ ᠮᠦᠩᠭᠦ ᠶᠢ ᠣᠷᠣᠯᠠᠨ ᠦᠭᠭᠦ ᠶᠢ ᠬᠡᠷᠡᠭᠵᠢᠬᠦᠯᠦᠨ᠎ᠡ᠃ ︽ᠣᠷᠳᠣᠰ ᠬᠤᠲᠠ ᠶᠢᠨ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ ᠪᠠᠶᠢᠯᠳᠣᠬᠤ ᠪᠣᠳᠣᠯᠭ᠎ᠠ ᠶᠢᠨ ᠬᠡᠷᠡᠭᠵᠢᠬᠦᠯᠦᠯᠲᠡ ᠶᠢᠨ ᠮᠦᠩᠭᠦᠨ ᠬᠦᠢᠯᠬᠡᠬᠡ ᠪᠠᠷ ᠠᠵᠤ ᠦᠢᠯᠡᠰ ᠤᠨ ᠬᠦᠭᠵᠢᠯᠲᠡ ᠶᠢ ᠳᠡᠮᠵᠢᠬᠦ ᠠᠷᠭ᠎ᠠ︾ ᠶᠢ ᠡᠳ᠋ᠯᠡᠬᠦᠯᠬᠦ ᠠᠴᠠ ᠭᠠᠳᠠᠨ᠎ᠠ᠂ ᠬᠤᠰᠢᠭᠤ ᠡᠳ᠋ ᠤᠨ ᠵᠠᠰᠠᠭ ᠠᠴᠠ ᠵᠢᠯ ᠪᠦᠷᠢ 500 ᠲᠦᠮᠡᠨ ᠲᠦᠬᠦᠷᠢᠭ ᠤᠨ ᠣᠷᠣᠯᠠᠨ ᠦᠭᠭᠦ ᠬᠦᠦ ᠮᠦᠩᠭᠦ ᠶᠢ ᠲᠤᠬᠢᠷᠠᠭᠤᠯᠵᠤ᠂ ᠬᠤᠲᠠ ᠶᠢᠨ ᠲᠡᠰ ᠤᠨ ᠪᠡᠯᠡ ᠮᠦᠩᠭᠦ ᠲᠠᠢ ᠬᠠᠮᠲᠣᠳᠬᠠᠨ᠂ ᠠᠯᠠᠰᠢᠨ ᠦᠬᠡᠷ ᠤᠨ ᠠᠵᠤ ᠦᠢᠯᠡᠰ᠂ ᠢᠮᠠᠭᠠᠨ ᠨᠣᠣᠯᠣᠭᠤᠷ ᠤᠨ ᠠᠵᠤ ᠦᠢᠯᠡᠰ᠂ ᠳᠦᠬᠦᠬᠡᠷᠦᠮᠵᠢᠲᠦ ᠮᠠᠯ ᠲᠠᠷᠢᠶᠠᠯᠠᠩ ᠤᠨ ᠦᠢᠯᠡᠰ ᠤᠨ ᠬᠦᠭᠵᠢᠯᠲᠡ ᠶᠢᠨ ᠳᠤ ᠬᠦᠦ ᠮᠦᠩᠭᠦ ᠶᠢ ᠣᠷᠣᠯᠠᠨ ᠦᠭᠭᠦ ᠳᠤ ᠭᠤᠤᠯᠳᠠᠯᠭ᠎ᠠ ᠲᠠᠢ ᠬᠡᠷᠡᠭᠯᠡᠨ᠎ᠡ᠃     ᠵᠢᠷᠭᠤᠭ᠎ᠠ᠂ ᠪᠤᠰᠣᠳ ᠵᠦᠢᠯ     ᠲᠤᠰ ᠲᠦᠷᠦ ᠶᠢᠨ ᠪᠤᠳᠤᠯᠭ᠎ᠠ ᠶᠢᠨ ᠠᠷᠭ᠎ᠠ ᠠᠪᠴᠠᠯ ᠪᠦᠬᠦ ᠬᠤᠰᠢᠭᠤᠨ ᠤ ᠣᠯᠣᠰ ᠤᠨ ᠨᠤᠲᠤᠭ ᠳᠡᠪᠢᠰᠬᠡᠷ ᠤᠨ ᠣᠷᠣᠨ ᠵᠠᠢ ᠶᠢᠨ ᠲᠦᠯᠦᠪᠵᠢᠬᠦᠯᠬᠡ ᠪᠠ ︽ᠣᠰᠣ ᠪᠠᠷ ᠳᠦᠷᠪᠡ ᠶᠢ ᠲᠤᠭᠲᠠᠭᠠᠬᠤ︾ ᠲᠦᠰᠦᠯ᠂ ᠣᠰᠣ ᠶᠢ ᠠᠷᠪᠢᠯᠠᠨ ᠣᠰᠣ ᠶᠢ ᠡᠵᠡᠮᠳᠡᠬᠦ ᠱᠠᠭᠠᠷᠳᠠᠯᠭ᠎ᠠ ᠶᠢ ᠴᠢᠩᠭ᠎ᠠ ᠬᠦᠢᠴᠡᠳᠬᠡᠵᠦ᠂ ︽ᠣᠷᠢᠳᠠᠪᠠᠷ ᠪᠠᠶᠢᠭᠤᠯᠤᠨ ᠰᠡᠬᠦᠯᠡᠷ ᠨᠦᠬᠦᠪᠦᠷᠢᠯᠡᠬᠦ᠂ ᠱᠠᠩᠨᠠᠬᠤ ᠪᠠᠷ ᠨᠦᠬᠦᠪᠦᠷᠢᠯᠡᠬᠦ ᠶᠢ ᠣᠷᠣᠯᠠᠭᠤᠯᠬᠤ︾ ᠠᠷᠭ᠎ᠠ ᠮᠠᠶ᠋ᠢᠭ ᠢᠶᠠᠷ ᠠᠳᠠᠯᠢ ᠬᠡᠯᠪᠡᠷᠢ ᠶᠢᠨ ᠲᠦᠷᠦᠯ ᠵᠦᠢᠯ ᠳᠤ ︽ᠨᠡᠩ ᠴᠢᠨᠠᠷᠯᠢᠭ ᠢ ᠰᠣᠩᠭᠤᠬᠤ︾ ᠵᠠᠷᠴᠢᠮ ᠢᠶᠠᠷ ᠳᠡᠮᠵᠢᠨ᠂ ᠲᠦᠷᠦᠯ ᠵᠦᠢᠯ ᠢ ᠬᠡᠷᠡᠭᠵᠢᠬᠦᠯᠬᠦ ᠶᠠᠪᠤᠴᠠ ᠳᠤ᠂ ᠠᠵᠤ ᠦᠢᠯᠡᠰ ᠤᠨ ᠬᠦᠭᠵᠢᠯᠲᠡ ᠶᠢᠨ ᠪᠤᠲᠠᠲᠠᠢ ᠬᠡᠷᠡᠭᠴᠡᠭᠡ ᠱᠠᠭᠠᠷᠳᠠᠯᠭ᠎ᠠ ᠲᠠᠢ ᠣᠶᠠᠯᠳᠣᠭᠤᠯᠵᠣ᠂ ᠲᠦᠰᠦᠪ ᠤᠨ ᠪᠡᠯᠡ ᠮᠦᠩᠭᠦ ᠶᠢ ᠨᠢᠬᠡᠳᠦᠯᠲᠡᠢ ᠲᠦᠯᠦᠪᠵᠢᠬᠦᠯᠵᠦ ᠲᠤᠬᠢᠷᠠᠭᠤᠯᠤᠨ᠂ ᠲᠦᠷᠦᠯ ᠵᠦᠢᠯ ᠤᠨ ᠪᠡᠯᠡ ᠮᠦᠩᠭᠦ ᠶᠢ ᠳᠠᠪᠠᠭᠤᠯᠢᠭ ᠭᠤᠤᠯᠳᠠᠯᠭᠠᠲᠤ ᠠᠵᠤ ᠦᠢᠯᠡᠰ᠂ ᠴᠢᠬᠤᠯᠠ ᠲᠦᠷᠦᠯ ᠵᠦᠢᠯ ᠳᠤ ᠲᠦᠪᠯᠡᠷᠡᠬᠦᠯᠦᠨ ᠬᠡᠷᠡᠭᠯᠡᠨ᠎ᠡ᠃ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ ᠬᠦᠭᠵᠢᠯᠲᠡ ᠳᠤ ᠲᠤᠬᠢᠷᠠᠬᠤ ᠲᠦᠷᠦᠯ ᠵᠦᠢᠯ ᠢ ᠲᠡᠷᠢᠬᠦᠨ ᠳᠤ ᠨᠢ ᠳᠡᠮᠵᠢᠨ᠎ᠡ᠃ ᠣᠨᠴᠠᠭᠠᠢ ᠶᠠᠪᠤᠳᠠᠯ ᠵᠢᠴᠢ ᠪᠤᠰᠤᠳ ᠪᠠᠴᠢᠮ ᠰᠢᠢᠳᠪᠦᠷᠢᠯᠡᠬᠦ ᠴᠢᠬᠤᠯᠠᠲᠠᠢ ᠣᠴᠢᠷ ᠶᠠᠪᠤᠳᠠᠯ ᠢ ︽ᠠᠰ ᠠᠰ ᠢᠶᠠᠷ ᠨᠢ ᠵᠦᠪᠯᠡᠬᠦ︾ ᠠᠷᠭ᠎ᠠ ᠮᠠᠶ᠋ᠢᠭ ᠢᠶᠠᠷ ᠳᠡᠮᠵᠢᠨ᠎ᠡ᠃ ᠲᠦᠷᠦᠯ ᠵᠦᠢᠯ ᠭᠤᠶᠤᠴᠢᠯᠠᠨ ᠮᠡᠳᠡᠬᠦᠯᠬᠦ ᠳᠦᠷᠢᠮ ᠢ ᠬᠡᠷᠡᠭᠯᠡᠵᠦ᠂ ᠲᠦᠷᠦᠯ ᠵᠦᠢᠯ ᠤᠨ ᠭᠤᠶᠤᠴᠢᠯᠠᠯᠲᠠ ᠪᠠ ᠬᠢᠨᠠᠨ ᠰᠢᠯᠭᠠᠯᠲᠠ ᠶᠢᠨ ᠦᠨᠡᠯᠡᠯᠲᠡ ᠶᠢᠨ ᠬᠦᠢᠴᠡᠳᠬᠡᠯ ᠲᠤᠭ᠎ᠠ ᠵᠡᠷᠭᠡ ᠪᠤᠲᠠᠲᠠᠢ ᠬᠡᠷᠡᠭᠵᠢᠬᠦᠯᠬᠦ ᠨᠠᠷᠢᠨ ᠳᠦᠷᠢᠮ ᠢ ᠬᠤᠰᠢᠭᠤ ᠮᠠᠯ ᠲᠠᠷᠢᠶᠠᠯᠠᠩ ᠤᠨ ᠳᠣᠪᠴᠢᠶᠠᠨ ᠠᠴᠠ ᠬᠠᠷᠢᠭᠤᠴᠠᠨ ᠲᠤᠭᠲᠠᠭᠠᠨ᠎ᠠ᠃ ᠲᠤᠰ ᠠᠷᠭ᠎ᠠ ᠠᠪᠴᠠᠯ ᠢ ᠳᠠᠷᠤᠮᠠᠯᠯᠠᠨ ᠲᠠᠷᠬᠠᠭᠠᠭᠰᠠᠨ ᠡᠳᠦᠷ ᠠᠴᠠ ᠡᠬᠢᠯᠡᠨ ᠬᠡᠷᠡᠭᠵᠢᠬᠦᠯᠵᠦ᠂ 2025 ᠣᠨ ᠤ 12 ᠰᠠᠷ᠎ᠠ ᠶᠢᠨ 31 ᠤ ᠡᠳᠦᠷ ᠪᠤᠯᠲᠠᠯ᠎ᠠ ᠬᠦᠴᠦᠨ ᠲᠠᠢ᠂ ᠬᠡᠷᠡᠭᠵᠢᠬᠦᠯᠬᠦ ᠶᠠᠪᠤᠴᠠ ᠳᠤ ᠳᠡᠭᠡᠳᠦ ᠱᠠᠲᠤᠨ ᠤ ᠲᠦᠷᠦ ᠶᠢᠨ ᠪᠤᠳᠤᠯᠭ᠎ᠠ ᠶᠢᠨ ᠱᠠᠭᠠᠷᠳᠠᠯᠭ᠎ᠠ ᠶᠢ ᠦᠨᠳᠦᠰᠦᠯᠡᠨ ᠲᠤᠬᠢᠷᠠᠭᠤᠯᠤᠯᠲᠠ ᠬᠢᠨ᠎ᠡ᠃  
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠪᠢᠴᠢᠭ ᠮᠡᠲ᠋ᠧᠷᠢᠶᠡᠯ