ᠡᠨᠧᠷᠬᠢ ᠶᠢᠨ ᠠᠭᠤᠷᠬᠠᠢ ᠶᠢᠨ ᠭᠠᠷᠤᠯᠳᠠ — ᠨᠡᠬᠦᠷᠡᠰᠤ | ᠤᠳᠤᠭ ᠤᠨ ᠡᠮᠤᠨᠡᠳᠤ ᠬᠤᠰᠢᠭᠤᠨ ᠤ ᠬᠡᠪᠴᠢᠶᠡᠨ᠎ᠡ ᠨᠡᠬᠦᠷᠡᠰᠤᠨ ᠤ ᠡᠬᠢ ᠰᠤᠷᠪᠤᠯᠵᠢ ᠡᠯᠪᠡᠭ ᠪᠠᠶᠢᠵᠤ᠂ ᠳᠠᠷᠬᠠᠯᠳᠠ ᠶᠢᠨ ᠬᠡᠪᠴᠢᠶ᠎ᠡ ᠨᠢ ᠶᠡᠭᠡ᠂ ᠳᠠᠩ | ᠳᠠᠪᠬᠤᠷᠭ᠎ᠠ ᠶᠢᠨ ᠵᠤᠵᠠᠭᠠᠨ ᠤ ᠬᠡᠮᠵᠢᠶ᠎ᠡ ᠨᠢ ᠦᠨᠳᠤᠷ ᠪᠠᠶᠢᠨ᠎ᠠ᠃ ᠡᠷᠳᠡᠨ ᠤ ᠭᠠᠵᠠᠷ ᠰᠢᠨᠵᠢᠯᠡᠭᠡ ᠶᠢᠨ ᠪᠦᠳᠤᠴᠠ ᠪᠤᠯᠤᠨ ᠭᠠᠵᠠᠷ ᠰᠢᠨᠵᠢᠯᠡᠭᠡ ᠶᠢᠨ ᠬᠠᠶᠢᠨ | ᠰᠢᠨᠵᠢᠯᠳᠠ ᠠᠴᠠ ᠵᠠᠳᠠᠯᠪᠠᠯ ᠵᠡᠬᠦᠨ ᠪᠠᠷᠠᠭᠤᠨ ᠭᠠᠵᠠᠷ ᠤᠨ ᠳᠠᠪᠬᠤᠷᠭ᠎ᠠ ᠨᠢ ᠬᠦᠢᠬᠡᠨ᠂ ᠳᠤᠮᠳᠠᠬᠢ ᠭᠠᠵᠠᠷ ᠤᠨ ᠳᠠᠪᠬᠤᠷᠭ᠎ᠠ ᠬᠦᠨ ᠤᠨᠴᠠᠯᠢᠭ ᠲᠠᠢ ᠪᠠᠶᠢᠵᠤ᠂ | ᠱᠠᠩᠬ᠎ᠠ ᠶᠢᠨ ᠰᠦᠮ᠎ᠠ᠂ ᠪᠤᠷᠤᠪᠠᠯᠭᠠᠰᠤ᠂ ᠨᠠᠩᠰᠤ ᠵᠡᠷᠬᠡ ᠭᠠᠵᠠᠷ ᠤᠨ ᠨᠡᠬᠦᠷᠡᠰᠤᠨ ᠤ ᠳᠠᠪᠬᠤᠷᠭ᠎ᠠ ᠶᠢᠨ ᠪᠤᠯᠠᠭᠳᠠᠴᠠ ᠬᠦᠢᠬᠡᠨ ᠪᠠᠶᠢᠨ᠎ᠠ᠃ ᠱᠠᠩᠬ᠎ᠠ ᠶᠢᠨ ᠰᠦᠮ᠎ᠠ | ᠶᠢᠨ ᠨᠡᠬᠦᠷᠡᠰᠤᠨ ᠤ ᠪᠤᠯᠠᠭᠳᠠᠴᠠ ᠶᠢᠨ ᠬᠦᠨ ᠨᠢ 120 ~ 1200 ᠮᠧᠲᠷ ᠤᠷᠴᠢᠮ ᠪᠠᠶᠢᠵᠤ᠂ ᠪᠤᠷᠤᠪᠠᠯᠭᠠᠰᠤ᠂ ᠨᠠᠩᠰᠤ ᠶᠢᠨ ᠨᠡᠬᠦᠷᠡᠰᠤᠨ ᠤ ᠪᠤᠯᠠᠭᠳᠠᠴᠠ ᠶᠢᠨ | ᠬᠦᠨ ᠨᠢ 1000 ~1200 ᠮᠧᠲᠷ ᠤᠨ ᠬᠤᠭᠤᠷᠤᠨᠳᠤ ᠪᠠᠶᠢᠳᠠᠭ᠃ ᠱᠠᠩᠬ᠎ᠠ ᠶᠢᠨ ᠰᠦᠮ᠎ᠠ ᠶᠢᠨ ᠨᠡᠬᠦᠷᠡᠰᠤᠨ ᠤ ᠳᠤᠳᠤᠷᠬᠠᠶᠢᠯᠠᠭᠰᠡᠨ ᠬᠠᠳᠠᠭᠠᠯᠠᠭᠳᠠᠴᠠ ᠶᠢᠨ | ᠬᠡᠮᠵᠢᠶ᠎ᠡ ᠨᠢ 142 ᠳ᠋ᠦᠩᠰᠢᠭᠤᠷ ᠲᠤᠨ ᠪᠠᠶᠢᠵᠤ᠂ ᠪᠠᠷᠤᠭᠯᠠᠭᠰᠡᠨ ᠬᠠᠳᠠᠭᠠᠯᠠᠭᠳᠠᠴᠠ ᠶᠢᠨ ᠬᠡᠮᠵᠢᠶ᠎ᠡ 500 ᠳ᠋ᠦᠩᠰᠢᠭᠤᠷ ᠲᠤᠨ ᠪᠠᠶᠢᠵᠤ᠂ ᠨᠡᠬᠦᠷᠡᠰᠤᠨ ᠤ ᠴᠢᠨᠠᠷ | ᠨᠢ ᠳᠡᠭᠳᠡᠮᠡᠬᠡᠢ ᠨᠡᠬᠦᠷᠡᠰᠤ᠂ ᠪᠠᠶᠠᠯᠢᠭ ᠨᠡᠬᠦᠷᠡᠰᠤ᠂ ᠳᠡᠭᠳᠡᠮᠡᠬᠡᠢ ᠪᠠᠶᠠᠯᠢᠭ ᠨᠡᠬᠦᠷᠡᠰᠤ᠂ ᠦᠨᠳᠤᠷ ᠲᠦᠯᠤᠳᠤ ᠨᠡᠬᠦᠷᠡᠰᠤ᠂ ᠨᠠᠭᠠᠯᠳᠤᠬᠤ ᠦᠬᠡᠢ ᠨᠡᠬᠦᠷᠡᠰᠤ ᠵᠡᠷᠬᠡ | ᠲᠦᠷᠤᠯ ᠵᠦᠢᠯ ᠪᠠᠶᠢᠵᠤ᠂ ᠢᠯᠴᠢ ᠶᠢᠨ ᠬᠡᠮᠵᠢᠶ᠎ᠡ ᠨᠢ 5200 ~7000 ᠺᠠᠯᠤᠷᠢ ᠪᠠᠶᠢᠵᠤ᠂ ᠵᠢᠩᠬᠢᠨᠢ ᠳᠤᠤᠷ᠎ᠠ ᠬᠦᠬᠦᠷᠳᠤ᠂ ᠳᠤᠤᠷ᠎ᠠ ᠹᠤᠰᠹᠤᠷᠳᠤ᠂ ᠳᠤᠤᠷ᠎ᠠ | ᠦᠨᠡᠰᠤᠳᠤ᠂ ᠦᠨᠳᠤᠷ ᠢᠯᠴᠢᠳᠤ ᠠᠵᠤ ᠤᠶᠢᠯᠡᠤᠨᠪᠤᠷᠢ ᠳᠤ ᠬᠡᠷᠡᠭᠰᠡᠬᠦ ᠨᠡᠬᠦᠷᠡᠰᠤ ᠪᠤᠯᠤᠨ᠎ᠠ᠃ ᠪᠤᠷᠤᠪᠠᠯᠭᠠᠰᠤ᠂ ᠨᠠᠩᠰᠤ ᠶᠢᠨ ᠨᠡᠬᠦᠷᠡᠰᠤᠨ ᠤ ᠡᠬᠢ ᠰᠤᠷᠪᠤᠯᠵᠢ ᠶᠢᠨ | ᠪᠠᠷᠤᠭᠯᠠᠭᠰᠡᠨ ᠬᠠᠳᠠᠭᠠᠯᠠᠭᠳᠠᠴᠠ ᠶᠢᠨ ᠬᠡᠮᠵᠢᠶ᠎ᠡ ᠨᠢ 16 ᠳ᠋ᠦᠩᠰᠢᠭᠤᠷ ᠲᠤᠨ ᠪᠠᠶᠢᠨ᠎ᠠ᠃ | |