ᠤᠳᠤᠭ ᠤᠨ ᠡᠮᠤᠨᠡᠳᠤ ᠬᠤᠰᠢᠭᠤᠨ ᠤ ᠪᠤᠷᠤᠪᠠᠯᠭᠠᠰᠤ ᠪᠠᠯᠭᠠᠰᠤ 10 ᠲᠦᠮᠡᠨ ᠮᠤ᠋ ᠬᠤᠰᠢᠶᠠᠩᠭᠤᠷ ᠳᠤ ᠪᠠᠨ ᠠᠩᠬᠠᠨ ᠤ ᠬᠤᠷᠢᠶᠠᠯᠳᠠ ᠬᠢᠪᠡ
ᠨᠡᠶᠢᠲᠡᠯᠡᠭᠰᠡᠨ ᠴᠠᠭ᠄
2024/6/7
     ᠤᠳᠤᠭ ᠤᠨ ᠡᠮᠤᠨᠡᠳᠤ ᠬᠤᠰᠢᠭᠤᠨ ᠤ ᠪᠤᠷᠤᠪᠠᠯᠭᠠᠰᠤ ᠪᠠᠯᠭᠠᠰᠤᠨ ᠤ ᠬᠦᠳᠡᠭᠡ ᠳᠤᠰᠬᠤᠨ ᠤ ᠵᠠᠮ ᠤᠨ ᠬᠤᠶᠠᠷ ᠬᠠᠵᠠᠭᠤ ᠪᠠᠷ ᠳᠡᠷᠬᠡ ᠮᠠᠰᠢᠨ ᠬᠦᠷᠴᠢᠬᠢᠨᠡᠵᠤ᠂ ᠬᠡᠳᠤᠨ ᠰᠠᠤᠷᠢ ᠬᠠᠳᠤᠵᠤ ᠬᠤᠷᠢᠶᠠᠬᠤ ᠮᠠᠰᠢᠨ᠂ ᠤᠪᠤᠭᠠᠯᠠᠬᠤ ᠮᠠᠰᠢᠨ᠂ ᠡᠪᠡᠰᠤ ᠬᠠᠮᠤᠷᠬᠤ ᠮᠠᠰᠢᠨ ᠨᠢᠳᠤ ᠠᠯᠳᠠᠮ᠎ᠠ ᠬᠤᠰᠢᠶᠠᠩᠭᠤᠷ ᠤᠨ ᠳᠠᠷᠢᠶᠠᠨ ᠳᠤᠮᠳᠠᠭᠤᠷ ᠰᠦᠯᠵᠢᠯᠳᠤᠵᠤ᠂ ᠡᠨᠡ ᠵᠢᠯ ᠤᠨ ᠠᠩᠬᠠᠨ ᠤ ᠬᠤᠷᠢᠶᠠᠯᠳᠠ ᠪᠠᠨ ᠬᠢᠵᠤ ᠪᠠᠶᠢᠪᠠ᠃
1.jpg
     ᠠᠷᠠᠯ ᠭᠠᠴᠠᠭᠠᠨ ᠤ ᠳᠠᠷᠢᠮᠠᠯ ᠤᠨ ᠳᠤᠮᠤ ᠡᠷᠤᠬᠡ ᠵᠠᠩ ᠯᠢᠶᠠᠩ ᠮᠤ᠋ ᠶᠢᠨ ᠬᠢ 200 ᠮᠤ᠋ ᠬᠤᠰᠢᠶᠠᠩᠭᠤᠷ ᠤᠨ ᠳᠠᠷᠢᠶ᠎ᠠ ᠲᠠᠢ ᠪᠠᠶᠢᠵᠤ᠂ ᠡᠨᠡ ᠵᠢᠯ ᠬᠤᠷ᠎ᠠ ᠪᠤᠷᠤᠭᠠᠨ ᠡᠯᠪᠡᠭ᠂ ᠤᠰᠤ ᠴᠢᠬᠢᠭ ᠲᠠᠢ ᠰᠠᠶᠢᠨ ᠪᠠᠶᠢᠬᠤ ᠠᠰᠢᠭᠳᠠᠢ ᠨᠦᠬᠦᠴᠡᠯ ᠢ ᠠᠰᠢᠭᠯᠠᠨ ᠪᠤᠷᠳᠤᠭᠤᠷ ᠪᠤᠶᠤ ᠤᠰᠤ ᠪᠠᠨ ᠵᠤᠬᠢᠰᠳᠠᠢ ᠳᠠᠩᠴᠡᠬᠦᠯᠵᠤ ᠪᠠᠶᠢᠭᠠᠤᠨ ᠬᠤᠰᠢᠶᠠᠩᠭᠤᠷ ᠤᠨ ᠳᠠᠷᠢᠶ᠎ᠠ ᠪᠠᠨ ᠭᠤᠷᠪᠠ ᠤᠳᠠᠭ᠎ᠠ ᠬᠠᠳᠤᠵᠤ ᠬᠤᠷᠢᠶᠠᠬᠤ ᠪᠠᠷ ᠲᠦᠯᠤᠪᠯᠡᠵᠤ ᠪᠠᠶᠢᠯ᠎ᠠ᠃ ᠳᠡᠬᠦᠨ ᠤ ᠬᠡᠯᠡᠬᠦ ᠪᠠᠷ᠂ ᠵᠢᠯ ᠤᠨ ᠭᠤᠷᠪᠠ ᠤᠳᠠᠭ᠎ᠠ ᠬᠠᠳᠤᠵᠤ ᠬᠤᠷᠢᠶᠠᠪᠠᠯ ᠮᠤ᠋ ᠪᠦᠷᠢ ᠶᠢᠨ ᠤᠨᠠᠯᠳᠠ ᠨᠢᠬᠡ ᠲᠦᠮᠡᠨ ᠲᠤᠨ᠂ ᠮᠤ᠋ ᠪᠦᠷᠢ ᠶᠢᠨ ᠤᠶᠢᠯᠡᠤᠨᠪᠤᠷᠢᠯᠡᠯ ᠤᠨ ᠦᠷᠳᠡᠭ 2000 ᠲᠦᠬᠦᠷᠢᠭ ᠲᠤ ᠬᠦᠷᠴᠤ ᠳᠠᠶᠢᠯᠤᠨ᠎ᠠ᠂ ᠳᠠᠷᠠ ᠮᠦᠷᠳᠡᠬᠡᠨ ᠬᠤᠰᠢᠶᠠᠩᠭᠤᠷ ᠢ ᠨᠢᠬᠡ ᠤᠳᠠᠭ᠎ᠠ ᠳᠠᠷᠢᠪᠠᠯ ᠤᠯᠠᠨ ᠵᠢᠯ ᠠᠰᠢᠭ ᠬᠦᠷᠳᠡᠬᠦ ᠪᠤᠯᠬᠤᠷ ᠪᠡᠯᠡ ᠤᠷᠤᠭᠤᠯᠤᠯᠳᠠ ᠪᠠᠭ᠎ᠠ᠂ ᠬᠦᠳᠡᠯᠮᠤᠷᠢ ᠬᠦᠴᠤᠨ ᠳᠤ ᠠᠷᠪᠢᠳᠠᠢ᠂ ᠮᠠᠯ ᠳᠡᠵᠢᠬᠡᠬᠦ ᠳᠤ ᠰᠢᠮ᠎ᠠ ᠳᠡᠵᠢᠬᠡᠯ ᠰᠠᠶᠢᠳᠠᠢ ᠬᠡᠵᠤ ᠪᠠᠶᠢᠯ᠎ᠠ᠃     ᠤᠶᠢᠯᠠᠭᠠᠭᠰᠡᠨ ᠢᠶᠠᠷ᠂ ᠬᠤᠰᠢᠶᠠᠩᠭᠤᠷ ᠨᠢ ︽ᠡᠪᠡᠰᠤᠨ ᠤ ᠸᠠᠩ︾ ᠬᠡᠮᠡᠭᠳᠡᠵᠤ᠂ ᠤᠭᠤᠷᠠᠭ ᠤᠨ ᠠᠭᠤᠯᠤᠭᠳᠠᠴᠠ ᠦᠨᠳᠤᠷ᠂ ᠭᠠᠩ ᠬᠦᠢᠳᠡᠨ ᠳᠤ ᠳᠠᠭᠠᠭᠠᠴᠠᠳᠠᠢ᠂ ᠰᠢᠮ᠎ᠠ ᠳᠡᠵᠢᠬᠡᠯ ᠰᠠᠶᠢᠨ ᠪᠠᠶᠢᠵᠤ᠂ 30 ᠡᠳᠤᠷ ᠤᠷᠴᠢᠮ ᠤᠷᠭᠤᠪᠠᠯ ᠦᠨᠳᠤᠷ ᠤᠨ ᠬᠡᠮᠵᠢᠶ᠎ᠡ ᠨᠢ 25 ~30 ᠰᠠᠨᠲ᠋ᠢᠮᠧᠲᠷ ᠲᠤ ᠬᠦᠷᠴᠤ᠂ ᠤᠷᠭᠤᠴᠠ ᠶᠢᠨ ᠪᠠᠶᠢᠳᠠᠯ ᠢ ᠨᠢ ᠴᠠᠭ ᠠᠭᠤᠷ ᠤᠨ ᠪᠠᠶᠢᠳᠠᠯ ᠲᠠᠢ ᠤᠶᠠᠯᠳᠤᠭᠤᠯᠤᠨ ᠬᠠᠳᠤᠵᠤ ᠬᠤᠷᠢᠶᠠᠳᠠᠭ᠃ ᠬᠡᠷᠪᠡ ᠤᠷᠳᠤ ᠬᠤᠭᠤᠴᠠᠭ᠎ᠠ ᠪᠠᠷ ᠬᠠᠳᠤᠬᠤ ᠦᠬᠡᠢ ᠪᠤᠯ ᠴᠡᠴᠡᠭ ᠤᠨ ᠬᠤᠭᠤᠴᠠᠭ᠎ᠠ ᠨᠢ ᠤᠷᠳᠤ ᠪᠤᠯᠵᠤ᠂ ᠡᠰᠢ ᠰᠦᠷᠡᠯ ᠨᠢ ᠬᠠᠳᠠᠭᠤᠷᠠᠵᠤ᠂ ᠤᠭᠤᠷᠠᠭ ᠤᠨ ᠠᠭᠤᠯᠤᠭᠳᠠᠴᠠ ᠨᠢ ᠴᠤ ᠳᠠᠭᠠᠯᠳᠤᠨ ᠪᠠᠭᠤᠷᠠᠵᠤ᠂ ᠰᠢᠮ᠎ᠠ ᠳᠡᠵᠢᠬᠡᠯ ᠠᠯᠳᠠᠭᠳᠠᠵᠤ᠂ ᠳᠠᠷᠠᠭ᠎ᠠ ᠤᠳᠠᠭᠠᠨ ᠤ ᠬᠠᠳᠤᠵᠤ ᠬᠤᠷᠢᠶᠠᠬᠤ ᠤᠨᠠᠯᠳᠠ ᠶᠢ ᠴᠤ ᠨᠦᠯᠤᠬᠡᠯᠡᠬᠦ ᠪᠤᠯᠤᠨ᠎ᠠ᠃
2.jpg
     ᠡᠨᠡ ᠵᠢᠯ ᠤᠨ ᠪᠦᠷᠢᠤᠨᠬᠡᠯ ᠢᠶᠠᠷ᠂ ᠤᠳᠤᠭ ᠤᠨ ᠡᠮᠤᠨᠡᠳᠤ ᠬᠤᠰᠢᠭᠤᠨ ᠤ ᠪᠤᠷᠤᠪᠠᠯᠭᠠᠰᠤ ᠪᠠᠯᠭᠠᠰᠤ ᠤᠳᠤᠬᠠᠨ ᠳᠤ ᠬᠤᠰᠢᠶᠠᠩᠭᠤᠷ᠂ ᠨᠤᠬᠠᠢ ᠶᠢᠨ ᠬᠤᠰᠢᠭᠤ ᠵᠡᠷᠬᠡ ᠴᠢᠨᠠᠷ ᠰᠠᠶᠢᠳᠠᠢ ᠡᠪᠡᠰᠤ ᠪᠤᠷᠳᠤᠭ᠎ᠠ ᠶᠢ 10 ᠲᠦᠮᠡᠨ ᠮᠤ᠋ ᠳᠠᠷᠢᠵᠤ᠂ ᠵᠢᠯ ᠳᠤ 10 ᠲᠦᠮᠡᠨ ᠲᠤᠨ ᠬᠤᠷᠢᠶᠠᠵᠤ᠂ ᠵᠢᠱᠢᠭᠰᠡᠨ ᠤᠶᠢᠯᠡᠤᠨᠬᠦᠨ ᠤ ᠦᠷᠳᠡᠭ ᠨᠢ 2 ᠳ᠋ᠦᠩᠰᠢᠭᠤᠷ ᠲᠦᠬᠦᠷᠢᠭ ᠢ ᠳᠠᠪᠠᠭ᠋ᠤ ᠪᠤᠯᠤᠨ᠎ᠠ᠃
3.jpg
ᠢᠷᠡᠯᠲᠡ᠄ ᠣᠲᠤᠭ ᠤᠨ ᠡᠮᠦᠨᠡᠲᠦ ᠬᠤᠰᠢᠭᠤᠨ ᠤ ᠬᠠᠮ ᠵᠠᠭᠤᠴᠢᠯᠠᠭᠤᠷ ᠤᠨ ᠲᠥᠪ