ᠳᠦᠷᠪᠡ᠂ ᠪᠣᠷᠣᠪᠠᠯᠭᠠᠰᠣᠨ ᠤ ᠮᠠᠯ ᠳᠠᠷᠢᠶᠠᠯᠠᠩ ᠤᠨ ᠳᠡᠯᠡᠪᠡᠢ | 1942 ᠣᠨ ᠠᠴᠠ ᠡᠬᠢᠯᠠᠨ ᠨᠠᠢᠮᠠᠳᠣᠭᠠᠷ ᠵᠠᠮ ᠤᠨ ᠴᠡᠷᠢᠭ ᠤᠨ ᠶᠢᠰᠣᠳᠦᠭᠡᠷ ᠬᠤᠷᠢᠶᠠᠨ ᠤ ᠬᠢᠨ ᠦᠢᠯᠡᠳᠪᠣᠷᠢᠯᠡᠯ ᠤᠨ ᠶᠡᠭᠡ ᠠᠩᠬᠢ ᠪᠠᠶᠢᠭᠤᠯᠵᠣ᠂ | ᠪᠣᠷᠣᠪᠠᠯᠭᠠᠰᠣᠨ ᠤ ᠦᠢᠷ᠎ᠡ ᠬᠠᠪᠢ ᠳᠤ ᠠᠳᠡᠷ ᠬᠠᠭᠠᠯᠪᠣᠷᠢᠯᠠᠨ ᠳᠠᠷᠢᠶ᠎ᠠ ᠳᠠᠷᠢᠵᠣ᠂ ᠬᠤᠶᠡᠷ ᠭᠦᠮᠦᠨ ᠳᠤ ᠨᠢᠭᠡ ᠵᠡᠬᠡᠳᠤᠤ᠂ ᠶᠢᠰᠣᠨ ᠪᠠᠶᠢᠯᠳᠣᠭᠴᠢ ᠳᠤ ᠨᠢᠭᠡ | ᠦᠷᠡᠯᠡᠭᠴᠢ ᠠᠨᠵᠢᠰᠤ ᠲᠠᠢ ᠪᠡᠶᠢᠵᠡᠢ᠃ ᠳᠠᠳᠠ ᠪᠣᠷᠣᠳᠣᠯᠣᠭᠠᠢ᠂ ᠬᠤᠶᠢᠳᠣ ᠮᠠᠩᠬᠠᠨ ᠭᠦᠪᠡᠭᠡ᠂ ᠬᠠᠷ᠎ᠠ ᠰᠢᠯᠢ᠂ ᠰᠢᠷ᠎ᠠ ᠵᠠᠳᠠᠭᠠᠢ ᠶᠢᠨ ᠰᠢᠯᠢ᠂ ᠣᠳᠣᠷ ᠤᠨ | ᠬᠤᠭᠤᠯᠠᠢ ᠵᠡᠷᠭᠡ ᠭᠠᠵᠠᠷ ᠲᠤ ᠮᠢᠩᠭᠠᠭᠠᠳ ᠮᠣ᠋ ᠭᠠᠵᠠᠷ ᠨᠡᠬᠡᠬᠡᠵᠤ ᠪᠣᠷᠣᠪᠠᠯᠭᠠᠰᠣ ᠶᠢᠨ ᠨᠣᠳᠤᠭ ᠤᠨ ᠭᠦᠮᠦᠰ ᠲᠠᠢ ᠬᠤᠷᠰᠢᠨ ᠳᠣᠰᠣ ᠰᠢᠬᠠᠬᠤ᠂ ᠠᠷᠢᠬᠢ ᠨᠡᠷᠡᠭᠦ | ᠭᠠᠷ ᠤᠶᠢᠯᠡᠤᠨᠪᠤᠷᠢᠯᠡᠯ ᠪᠠ ᠮᠠᠯᠵᠢᠯ ᠤᠨ ᠳᠡᠯᠡᠪᠡᠢ ᠡᠷᠬᠢᠯᠡᠵᠡᠢ᠃ 1945 ᠣᠨ ᠤ ᠬᠠᠪᠣᠷ᠂ ᠱᠠᠨ— ᠭᠠᠨ— ᠨᠢᠩ ᠬᠢᠵᠠᠭᠠᠷ ᠤᠷᠤᠨ ᠤ ᠦᠨᠳᠣᠰᠣᠳᠡᠨ ᠤ | ᠭᠡᠷᠡᠭ ᠡᠷᠬᠢᠯᠡᠭᠦ ᠵᠦᠪᠯᠡᠯ ᠤᠨ ᠪᠣᠷᠣᠪᠠᠯᠭᠠᠰᠣᠨ ᠳᠤ ᠰᠠᠭᠤᠭ᠎ᠠ ᠭᠡᠷᠡᠭ ᠡᠷᠬᠢᠯᠡᠭᠦ ᠭᠠᠵᠠᠷ ᠤᠨ ᠬᠢᠨ ᠶᠢᠰᠣᠳᠦᠭᠡᠷ ᠬᠤᠷᠢᠶ᠎ᠠ ᠠᠴᠠ ᠪᠣᠯᠪᠠᠰᠣᠷᠠᠭᠰᠠᠨ ᠳᠠᠷᠢᠶᠠᠨ ᠭᠠᠵᠠᠷ | ᠢ ᠭᠠᠷᠳᠡᠨ ᠠᠪᠴᠣ᠂ ᠣᠳᠣᠷ ᠤᠨ ᠬᠤᠭᠤᠯᠠᠢ ᠳᠤ ᠪᠣᠷᠣᠪᠠᠯᠭᠠᠰᠣᠨ ᠤ ᠮᠠᠯ ᠳᠠᠷᠢᠶᠠᠯᠠᠩ ᠤᠨ ᠳᠡᠯᠡᠪᠡᠢ ᠶᠢ ᠡᠷᠬᠢᠯᠡᠨ ᠪᠠᠶᠢᠭᠤᠯᠵᠡᠢ᠃ | |