ᠴᠠᠬᠠᠷ ᠪᠠᠳᠤ | | | ᠰᠡᠷᠢᠭᠦᠯᠭᠡ ᠶᠢᠨ ᠬᠤᠩᠬᠤ ᠥᠩᠬᠢᠨᠡᠨ ᠲᠤᠤᠭᠠᠷᠬᠤ ᠪᠠᠷ ᠪᠢ ᠨᠢᠭᠡᠨᠳᠡ ᠰᠡᠷᠢᠭᠰᠡᠨ ᠪᠤᠯᠪᠠᠴᠤ ᠥᠭᠦᠰᠢᠷᠡᠳᠡᠯᠡ ᠤᠨᠳᠠᠭᠰᠠᠨ ᠤ ᠤᠴᠢᠷ ᠥᠷᠯᠥᠭᠡ ᠥᠳᠡ ᠶᠢ | ᠨᠢᠭᠡᠨᠳᠡ ᠢᠯᠭᠠᠵᠤ ᠲᠡᠶᠢᠯᠭᠦ ᠪᠠᠨ ᠪᠠᠶᠢᠭᠰᠠᠨ ᠪᠠᠶᠢᠯ᠎ᠠ᠃ ᠭᠠᠷ ᠤᠨ ᠠᠶ᠎ᠠ ᠪᠠᠷ ᠭᠠᠷ ᠤᠳᠠᠰᠤ ᠪᠠᠨ ᠲᠡᠮᠳᠡᠷᠢᠨ ᠲᠠᠷᠤᠭᠠᠳ ᠵᠠᠯᠬᠠᠭᠤ ᠲᠠᠢ ᠪᠠᠷ ᠵᠤᠪᠬᠢ ᠪᠠᠨ ᠡᠷᠭᠦᠭᠦ | ᠳᠤ᠂ ᠰᠢᠷ᠎ᠡ ᠥᠩᠭᠡ ᠶᠢᠨ ᠲᠡᠷᠡᠨ ᠠᠯᠴᠢᠭᠤᠷ ᠪᠤᠯᠤᠨ ᠰᠤᠨᠤᠭᠠᠵᠤ ᠲᠡᠷᠡᠯᠡᠭᠰᠡᠨ ᠵᠡᠭᠦᠨ ᠭᠠᠷ ᠤᠨ ᠮᠢᠨᠢ ᠠᠯᠠᠭ᠎ᠠ ᠴᠠᠷᠪᠠᠭᠤ ᠥᠵᠡᠭᠳᠡᠭᠦ ᠪᠠᠷ ᠨᠢ᠂ ᠬᠤᠶᠢᠳᠤ | ᠥᠷᠥᠭᠡᠨ ᠭᠡᠷ ᠲᠤ ᠤᠨᠳᠠᠭᠰᠠᠨ ᠪᠠᠶᠢᠨ᠎ᠠ᠂ ᠤᠳᠤ ᠥᠳᠡ ᠶᠢᠨ ᠬᠤᠶᠢᠨ᠎ᠠ ᠶᠢᠨ 14 ᠴᠠᠭ 12 ᠮᠢᠨᠥ᠋ᠲ ᠭᠥᠷᠴᠤ ᠰᠡᠷᠢᠭᠦᠯᠭᠡ ᠴᠡᠴᠡᠷᠡᠭᠰᠡᠨ ᠶᠤᠮ ᠪᠠᠶᠢᠨ᠎ᠠ ᠭᠡᠵᠥ | ᠪᠢ ᠤᠬᠠᠪᠠ᠃ ᠥᠳᠡ ᠶᠢᠨ ᠠᠮᠠᠷᠠᠯᠳᠠ ᠪᠠᠷ ᠭᠡᠥᠭᠡᠨ ᠲᠡᠭᠦᠤ ᠮᠠᠨ ᠤ ᠳᠤ ᠢᠷᠡᠵᠥ ᠬᠤᠭᠤᠯᠠ ᠢᠳᠡᠳᠡᠭ ᠪᠤᠯᠬᠤᠷ ᠡᠭᠡᠨᠡᠷ ᠭᠥᠤ ᠲᠠᠢ ᠴᠤᠭ ᠤᠷᠢᠳᠤ ᠲᠠᠯ᠎ᠠ ᠶᠢᠨ | ᠶᠡᠭᠡ ᠥᠷᠥᠭᠡᠨ ᠳᠤ ᠠᠮᠠᠷᠠᠵᠤ᠂ ᠪᠢ ᠬᠤᠶᠢᠳᠤ ᠲᠠᠯ᠎ᠠ ᠶᠢᠨ ᠥᠷᠥᠭᠡᠨ ᠳᠤ ᠠᠮᠠᠷᠠᠳᠠᠭ ᠶᠤᠮ᠃ | ᠬᠠᠪᠤᠷ ᠤᠨ ᠨᠤᠶᠢᠷ ᠭᠡᠭᠴᠢ᠂ ᠪᠢ ᠵᠤᠪᠬᠢ ᠪᠠᠨ ᠲᠠᠭᠠᠭᠠᠵᠤ ᠶᠠᠳᠠᠨ ᠲᠠᠬᠢᠨᠳᠠ ᠠᠨᠢᠪᠠ᠃ ᠭᠡᠰᠡᠨ ᠴᠤ᠂ ᠪᠠᠶᠢᠭᠤᠯᠭ᠎ᠠ ᠳᠤ ᠡᠷᠭᠡᠪᠰᠢ 14 ᠴᠠᠭ ᠬᠠᠭᠠᠰ ᠠᠴᠠ | ᠡᠮᠥᠨ᠎ᠡ ᠭᠥᠷᠴᠤ ᠭᠠᠷ ᠤᠨ ᠥᠰᠥᠭ ᠵᠢᠷᠤᠬᠤ ᠴᠢᠬᠤᠯᠠ ᠲᠠᠢ ᠪᠥᠭᠡᠳ ᠥᠪᠡᠷᠳᠡᠭᠡᠨ ᠵᠠᠰᠠᠬᠤ ᠤᠷᠤᠨ ᠤ ᠪᠠᠶᠢᠴᠠᠭᠠᠯᠳᠠ ᠶᠢᠨ ᠲᠤᠭᠤᠶᠢᠯᠠᠩ ᠤᠷᠳᠤᠰ ᠲᠤ ᠢᠷᠡᠵᠥ | ᠤᠳᠤ ᠶᠠᠭ ᠬᠤᠶᠠᠷ ᠤᠳᠤᠭ ᠤᠨ ᠠᠯᠪᠠᠨ ᠠᠵᠢᠯᠳᠠᠳ ᠤᠨ ᠭᠡᠮ ᠭᠤᠮ ᠢ ᠠᠩᠴᠢᠯᠠᠵᠤ ᠪᠠᠶᠢᠭ᠎ᠠ ᠶᠢ ᠪᠤᠳᠤᠭᠠᠳ ᠵᠤᠷᠢᠭᠯᠠᠨ ᠪᠤᠰᠬᠤ ᠪᠠᠷ ᠵᠤᠪᠬᠢ ᠪᠠᠨ ᠠᠯᠭᠤᠷᠬᠠᠨ | ᠰᠡᠭᠦᠯ᠎ᠡ︕ | ᠶᠠᠮᠠᠷ ᠤᠴᠢᠷ ᠪᠤᠯᠤᠭᠰᠠᠨ ᠢ ᠮᠡᠳᠡᠭᠰᠡᠨ ᠥᠭᠡᠢ᠂ ᠮᠢᠨᠥ ᠨᠢᠳᠤᠨ ᠳᠤ ᠵᠥᠪᠭᠡᠨ ᠰᠠᠶ᠋ᠢᠬᠠᠨ ᠤ ᠬᠠᠷᠠᠭᠰᠠᠨ ᠵᠡᠭᠦᠨ ᠭᠠᠷ ᠤᠨ ᠮᠢᠨᠢ ᠠᠯᠠᠭ᠎ᠠ ᠴᠠᠷᠪᠠᠭᠤ ᠬᠤᠶᠠᠷ | ᠠᠴᠠ ᠥᠭᠡᠷ᠎ᠡ ᠶᠠᠭᠤᠮ᠎ᠠ ᠬᠠᠷᠠᠭᠳᠠᠬᠤ ᠥᠭᠡᠢ ᠨᠢ︕ ᠥᠭᠡᠢ᠂ ᠡᠨᠡ ᠶᠡᠷᠥ ᠶᠠᠭᠤ ᠪᠤᠯᠵᠤ ᠪᠠᠶᠢᠨ᠎ᠠ ᠭᠡᠳ ᠠᠬᠢᠨ ᠲᠠᠬᠢᠨ ᠠᠨᠢᠪᠴᠠᠨ ᠬᠠᠷᠠᠪᠠᠴᠤ ᠮᠥᠨ ᠶᠠᠩᠵᠤ | ᠪᠠᠷ ᠢᠶᠠᠨ᠂ ᠬᠠᠷᠠᠭ᠎ᠠ ᠮᠡᠳᠡᠷᠡᠯ ᠳᠤ ᠶᠠᠭᠠᠬᠢᠬᠤ ᠶᠢᠨ ᠠᠷᠭ᠎ᠠ ᠥᠭᠡᠢ ᠵᠥᠪᠭᠡᠨ ᠵᠡᠭᠦᠨ ᠭᠠᠷ ᠤᠨ ᠠᠯᠠᠭ᠎ᠠ ᠴᠠᠷᠪᠠᠭᠤ ᠬᠤᠶᠠᠷ ᠤᠨ ᠲᠥᠷᠰᠤ ᠠᠴᠠ ᠥᠭᠡᠷ᠎ᠡ ᠶᠠᠭᠤ | ᠴᠤ ᠥᠵᠡᠭᠳᠡᠭᠦ ᠪᠠᠨ ᠪᠤᠯᠢᠭᠰᠠᠨ ᠪᠠᠶᠢᠪᠠ᠃ ᠠᠨᠢᠪᠠᠯ ᠲᠠᠭ ᠬᠠᠷᠠᠩᠭᠤᠢ᠂ ᠲᠠᠭᠠᠷᠠᠵᠤ ᠪᠠᠶᠢᠨ᠎ᠠ᠃ ᠨᠢᠳᠤ ᠪᠠᠨ ᠨᠡᠭᠡᠭᠡᠪᠡᠯ ᠯᠠ ᠠᠯᠠᠭ᠎ᠠ ᠴᠠᠷᠪᠠᠭᠤ ᠶᠢᠨ ᠲᠤᠭᠳᠠᠮᠠᠯ | ᠲᠥᠷᠰᠤ︕ | ᠪᠢ ᠰᠤᠴᠢᠨ ᠥᠨᠳᠡᠶᠢᠵᠤ ᠡᠶᠢᠰᠢ ᠲᠡᠶᠢᠰᠢ ᠴᠤᠩᠬᠤ ᠡᠭᠦᠳᠡ ᠴᠢᠭᠯᠡᠭᠦᠯᠥᠨ ᠬᠠᠷᠠᠭᠰᠠᠨ ᠴᠤ ᠶᠡᠷᠥ ᠢᠯᠭᠠᠭ᠎ᠠ ᠥᠭᠡᠢ᠂ ᠨᠢᠳᠥᠨ ᠡᠮᠥᠨ᠎ᠡ ᠵᠥᠭᠡᠷ ᠯᠠ ᠠᠯᠠᠭ᠎ᠠ | ᠴᠠᠷᠪᠠᠭᠤ ᠬᠤᠶᠠᠷ ᠠᠴᠠ ᠥᠭᠡᠷ᠎ᠡ ᠥᠵᠡᠭᠳᠡᠭᠦ ᠶᠠᠭᠤᠮ᠎ᠠ ᠥᠭᠡᠢ︕ ᠪᠢ ᠤᠷᠤ ᠲᠡᠭᠡᠷ᠎ᠡ ᠪᠠᠨ ᠰᠠᠨᠳᠤᠷᠤᠨ ᠲᠡᠮᠳᠡᠴᠢᠭᠦᠯᠡᠷ ᠬᠤᠪᠴᠠᠰᠤ ᠬᠤᠨᠠᠷ ᠭᠠᠷ ᠲᠤ ᠥᠭᠳᠡᠵᠥ | ᠪᠠᠶᠢᠪᠠᠴᠤ ᠥᠵᠡᠭᠳᠡᠭᠦ ᠶᠠᠭᠤᠮ᠎ᠠ ᠭᠡᠭᠴᠢ ᠠᠯᠠᠭ᠎ᠠ ᠴᠠᠷᠪᠠᠭᠤ ᠬᠤᠶᠠᠷᠬᠠᠨ᠃ ᠭᠠᠷ ᠤᠳᠠᠰᠤᠨ ᠮᠠᠰᠢᠨ ᠵᠠᠷᠢᠮ ᠳᠤ ᠪᠠᠨ ᠭᠡᠨᠡᠳᠳᠡ ︽ᠭᠥᠰᠢᠴᠢᠭᠡᠭᠦᠯᠡᠷ︾ ᠶᠠᠮᠠᠷ | ᠨᠢᠭᠡᠨ ᠲᠡᠯᠭᠡᠴᠡ ᠥᠵᠡᠭᠳᠡᠯ ᠳᠤ ᠲᠤᠭᠳᠠᠭᠠᠳ᠂ ᠲᠤᠶ᠋ᠢᠵᠤ ᠲᠠᠷᠤᠪᠠᠴᠤ ᠭᠡᠷᠡᠭ ᠥᠭᠡᠢ ᠪᠤᠯᠴᠢᠬᠠᠳᠠᠭ ᠰᠢᠭ᠋ ᠮᠢᠨᠥ ᠨᠢᠳᠥᠨ ᠳᠤ ᠰᠠᠷᠪᠠᠶᠢᠭᠰᠠᠨ ᠠᠯᠠᠭ᠎ᠠ ᠰᠤᠨᠤᠭᠰᠠᠨ | ᠴᠠᠷᠪᠠᠭᠤ ᠬᠤᠶᠠᠷ ᠯᠠ ᠵᠢᠷᠤᠭ ᠲᠤᠭᠳᠠᠨ ᠬᠠᠷᠠᠭᠳᠠᠬᠤ ᠪᠤᠯᠤᠭᠰᠠᠨ ᠪᠠᠶᠢᠯ᠎ᠠ᠃ | ︽ᠮᠡᠴᠢᠳ︕︾ ᠪᠢ ᠡᠭᠡᠨᠡᠷ ᠢᠶᠠᠨ ᠲᠠᠭᠤᠳᠠᠪᠠ᠃ ᠨᠢᠳᠤ ᠨᠢᠭᠤᠷ ᠢᠶᠠᠨ ᠲᠡᠮᠳᠡᠷᠢᠪᠡ᠃ ᠶᠠᠮᠠᠷ ᠴᠤ ᠪᠤᠷᠤᠭᠤ ᠮᠡᠳᠡᠭᠳᠡᠭᠦ ᠶᠠᠭᠤᠮ᠎ᠠ ᠥᠭᠡᠢ᠃ ᠵᠡᠭᠦᠳᠥᠯᠡᠵᠥ | ᠪᠠᠶᠢᠭ᠎ᠠ ᠪᠢᠰᠢ ᠪᠢᠵᠡ ᠭᠡᠳ ᠭᠠᠷ ᠢᠶᠠᠨ ᠭᠥᠴᠥᠯᠡᠨ ᠴᠢᠮᠬᠢᠵᠥ ᠥᠵᠡᠭᠦᠯᠡᠷ ᠡᠪᠡᠳᠴᠤ ᠪᠠᠶᠢᠨ᠎ᠠ᠃ ᠰᠤᠨᠤᠰᠤᠭᠰᠠᠨ ᠥᠭᠡᠢ ᠪᠤᠯᠤᠯᠳᠠᠢ᠂ ᠲᠠᠬᠢᠭᠠᠳ ᠲᠠᠭᠤᠳᠠᠪᠠ᠂ | ᠬᠤᠭᠤᠯᠠᠢ ᠡᠷᠢᠶᠠᠨᠳᠤᠬᠦᠯᠤᠨ ᠬᠠᠰᠬᠢᠷᠤᠪᠠ᠃ ᠡᠭᠡᠨᠡᠷ ᠴᠢᠷᠥᠭᠦᠯ ᠱᠠᠬᠠᠢ ᠲᠤᠤᠭᠠᠷᠭᠠᠨ᠄ ︽ᠶᠠᠭᠠᠬᠢᠪᠠ︖ ᠡᠷᠢᠶᠡᠨ ᠰᠠᠷᠠᠯ ᠢᠶᠠᠷ ᠬᠠᠰᠬᠢᠷᠤᠭᠠᠳ᠂᠂᠂᠂᠂᠂ ᠭᠥᠥ | ᠶᠢ ᠴᠤ ᠰᠡᠷᠢᠭᠡᠴᠢᠭᠡᠯᠡ︕︾ ᠭᠡᠵᠤ ᠢᠷᠡᠭᠦ ᠳᠤ᠂ ᠪᠢ ᠪᠤᠯᠤᠭᠰᠠᠨ ᠤᠴᠢᠷ ᠢᠶᠠᠨ ᠠᠶᠤᠭᠰᠠᠨ ᠭᠥᠮᠥᠨ ᠡᠬᠢ ᠠᠳᠠᠭ ᠥᠭᠡᠢ ᠶᠠᠷᠢᠵᠤ ᠡᠮᠨᠡᠯᠭᠡ ᠳᠤ ᠶᠠᠪᠤᠬᠤ ᠪᠠᠷ | ᠪᠤᠯᠪᠠ᠃ ᠪᠢ ᠬᠤᠪᠴᠠᠰᠤ ᠪᠠᠨ ᠲᠡᠮᠳᠤᠴᠢᠨ ᠡᠮᠤᠰᠭᠦ ᠳᠤ ᠡᠭᠡᠨᠡᠷ ᠠᠳᠡ ᠲᠡᠨᠳᠡ ᠨᠢ ᠭᠠᠷᠴᠤ ᠬᠠᠮ ᠲᠡᠮ ᠪᠤᠯᠵᠤ ᠪᠠᠶᠢᠯ᠎ᠠ᠃ ᠲᠡᠭᠡᠵᠥ ᠪᠠᠶᠢᠳᠠᠯ᠎ᠠ ᠭᠥᠥ ᠢᠷᠡᠭᠰᠡᠨ | ᠪᠤᠯᠤᠯᠳᠠᠢ ︽ᠱᠤᠷ᠂ ᠴᠤᠷ︾ ᠭᠡᠭᠦ ᠴᠢᠮᠡᠭᠡ ᠭᠠᠷᠴᠤ᠂ ᠠᠬᠢᠭᠠᠳ᠄ ︽ᠠᠪᠠᠢ ᠶᠠᠭᠠᠬᠢᠭᠰᠠᠨ ᠪᠤᠢ︖︾ ᠭᠡᠵᠥ ᠨᠢᠯᠬ᠎ᠠ ᠲᠠᠭᠤᠨ ᠢᠶᠠᠷ ᠠᠰᠠᠭᠤᠬᠤ ᠨᠢ᠃ ᠭᠤᠷᠪᠠᠨ | ᠨᠠᠰᠤ ᠲᠠᠢ ᠮᠠᠭᠤ ᠭᠥᠥ ᠪᠠᠨ ᠴᠤ ᠠᠬᠢᠭᠠᠳ ᠤᠯᠵᠤ ᠬᠠᠷᠠᠬᠤ ᠶᠢᠨ ᠵᠠᠶᠠᠭ᠎ᠠ ᠪᠠᠶᠢᠬᠤ ᠡᠰᠡᠭᠦ ᠪᠠᠨ ᠪᠤᠳᠤᠭᠠᠳ ᠨᠢᠯᠪᠤᠰᠤ ᠭᠡᠭᠴᠢ ᠥᠪᠡᠷ ᠤᠨ ᠡᠷᠭᠡ ᠥᠭᠡᠢ | ᠪᠥᠮᠪᠥᠷᠢᠪᠡ᠃ ᠪᠢ ᠭᠥᠥ ᠪᠠᠨ ᠲᠡᠪᠡᠷᠢᠨ ᠠᠪᠴᠤ ᠡᠯᠢᠭᠡᠨ ᠳᠤ ᠪᠠᠨ ᠨᠠᠭᠠᠭᠠᠵᠤ ᠰᠠᠮ ᠮᠡᠭᠰᠢᠪᠡ᠃ ᠪᠠᠶᠢᠰᠬᠢᠭᠡᠳ ᠴᠢᠩᠨᠠᠬᠤᠯᠠᠷ᠂ ᠡᠭᠡᠨᠡᠷ ᠮᠢᠨᠢ ᠲᠡᠷᠡ ᠭᠡᠷ ᠲᠤ | ᠬᠤᠪᠴᠠᠰᠤ ᠬᠤᠨᠠᠷ ᠢᠶᠠᠨ ᠡᠮᠥᠰᠭᠦ ᠪᠠᠷ ᠶᠠᠪᠤᠭᠰᠠᠨ ᠪᠢᠵᠡ᠂ ᠠᠨᠢᠷ ᠥᠭᠡᠢ ᠪᠠᠶᠢᠨ᠎ᠠ᠃ ᠭᠥᠥ ᠪᠠᠨ ᠪᠢ ᠡᠪᠥᠷ ᠲᠡᠭᠡᠷ᠎ᠡ ᠪᠠᠨ ᠠᠪᠴᠤ ᠵᠠᠪᠢᠯᠠᠨ ᠰᠠᠭᠤᠭᠠᠳ ᠨᠢᠯᠬ᠎ᠠ | ᠶᠢᠨ ᠭᠥᠯᠥᠰᠤ ᠲᠠᠢ ᠲᠤᠯᠤᠭᠠᠢ ᠶᠢ ᠨᠢ ᠤᠳᠠᠭᠠᠨ ᠭᠡᠭᠴᠢ ᠥᠨᠥᠷᠯᠡᠵᠥ᠂ ᠡᠨᠡ ᠵᠠᠪᠰᠠᠷ ᠪᠤᠯᠵᠤ ᠥᠩᠭᠡᠷᠡᠭᠰᠡᠨ ᠤᠴᠢᠷ ᠢᠶᠠᠨ ᠨᠠᠷᠢᠨ ᠡᠷᠬᠢᠴᠡᠭᠦᠯᠪᠡ᠃ | ᠥᠨᠥᠳᠥᠷ ᠪᠤᠯ 2015 ᠤᠨ ᠤ 4 ᠰᠠᠷ᠎ᠠ ᠶᠢᠨ 24᠂ ᠥᠴᠥᠭᠡᠳᠤᠷ ᠤᠷᠤᠢ ᠭᠡᠥᠭᠡᠨ ᠲᠡᠭᠦᠥ ᠪᠠᠶᠢᠭᠤᠯᠭ᠎ᠠ ᠶᠢᠨ ᠬᠢᠨ ᠲᠠᠢ ᠪᠠᠨ ᠮᠤᠭᠠᠶᠢᠳᠤ ᠳᠤ ᠮᠤᠳᠤ | ᠲᠠᠷᠢᠬᠤ ᠪᠠᠷ ᠶᠠᠪᠤᠵᠤ᠂ ᠪᠤᠴᠠᠯᠭᠠᠨ ᠳᠤ ᠪᠠᠨ ᠬᠠᠪᠤᠷ ᠤᠨ ᠠᠩᠬᠠᠨ ᠤ ᠲᠠᠭᠠᠨ᠎ᠠ ᠶᠢ ᠭᠡᠳᠥᠨ ᠠᠳᠬᠤ ᠲᠡᠭᠦᠵᠥ ᠠᠪᠴᠢᠷᠠᠭᠰᠠᠨ ᠢ ᠥᠳᠡ ᠳᠤ ᠬᠠᠳᠠᠭᠰᠠᠨ ᠮᠢᠬ᠎ᠠ | ᠲᠠᠢ ᠬᠠᠭᠤᠷᠭᠠᠰᠢ ᠬᠠᠭᠤᠷᠴᠤ ᠢᠳᠡᠭᠰᠡᠨ︔ ᠥᠨᠥ ᠡᠳᠥᠷ 2014 — 2015 ᠤᠨ ᠤ NBA ᠶᠢᠨ ᠰᠡᠭᠦᠯᠴᠢ ᠱᠠᠳᠤ ᠶᠢᠨ ᠮᠡᠳᠭᠡᠭᠡᠨ ᠤ ᠠᠩᠬᠠᠨ ᠡᠭᠡᠯᠵᠢ | ᠳᠤ ᠠᠮᠧᠷᠢᠺᠠ ᠶᠢᠨ ᠪᠠᠷᠠᠭᠤᠨ ᠤᠷᠤᠨ ᠤ ᠪᠥᠯᠥᠭ ᠲᠤ ᠺᠠᠯᠢᠹᠤᠷᠨᠢᠶ᠎ᠠ ᠶᠢᠨ ᠤᠺᠠᠯᠠᠨ ᠬᠤᠳᠠ ᠶᠢᠨ ᠵᠤᠷᠢᠭᠳᠤ ᠡᠷᠡᠰ ᠤᠨ ᠠᠩᠬᠢ ᠰᠢᠨ᠎ᠡ ᠤᠷᠯᠧᠨ᠋ᠰ ᠬᠤᠳᠠ ᠶᠢᠨ | ᠬᠤᠳᠠᠨ ᠰᠢᠪᠠᠭᠤᠨ ᠤ ᠠᠩᠬᠢ ᠶᠢ ᠨᠡᠮᠡᠯᠳᠡ ᠲᠠᠯᠠᠪᠤᠷ ᠤᠨ ᠤᠷᠤᠯᠳᠤᠭᠠᠨ ᠢᠶᠠᠷ ᠢᠯᠠᠵᠤ᠂ ᠶᠡᠷᠥᠩᠭᠡᠢ ᠬᠤᠪᠢ ᠨᠢ 3᠄ 0 ᠪᠠᠷ ᠰᠠᠨᠠᠭᠠᠴᠢᠯᠠᠭᠠᠳᠤ ᠪᠠᠶᠢᠷᠢ ᠡᠵᠡᠯᠡᠭᠰᠡᠨ | ᠢ ᠺᠤᠮᠫᠢᠥ᠋ᠲ᠋ᠧᠷ ᠱᠠᠭᠠᠶᠢᠨ ᠥᠵᠡᠵᠥ ᠲᠠᠭᠤᠰᠬᠠᠭᠰᠠᠨ ᠢ ᠰᠠᠨᠠᠪᠠ᠃ ᠤᠨᠳᠠᠬᠤ ᠠᠴᠠ ᠡᠮᠥᠨ᠎ᠡ ᠭᠠᠷ ᠤᠳᠠᠰᠤᠨ ᠰᠤᠨᠢᠨ ᠳᠤ ᠢᠯᠵᠡᠷᠡᠮᠡᠯ ᠨᠤᠶᠠᠳ ᠢ ᠲᠤᠩᠬᠠᠭᠯᠠᠨ | ᠵᠠᠷᠯᠠᠵᠤ ᠪᠠᠶᠢᠭᠰᠠᠨ ᠵᠡᠷᠭᠡ ᠶᠠᠮᠠᠷ ᠴᠤ ᠰᠠᠪᠠᠭ᠎ᠠ ᠥᠭᠡᠢ ᠨᠤᠪᠰᠢ ᠶᠢᠨ ᠵᠥᠢᠯ ᠤᠳ ᠢ ᠲᠠᠭᠤᠰᠳᠠᠯ᠎ᠠ ᠥᠵᠡᠭᠰᠡᠨ ᠢᠶᠠᠨ ᠭᠥᠷᠳᠡᠯ᠎ᠡ ᠪᠤᠳᠤᠪᠠ᠃ ᠭᠥᠥ ᠡᠭᠡ ᠶᠢᠨ ᠢᠶᠠᠨ | ᠬᠤᠶᠢᠨ᠎ᠠ ᠠᠴᠠ ᠲᠠᠷᠡ ᠭᠡᠷ ᠲᠤ ᠶᠠᠪᠤᠭᠰᠠᠨ ᠲᠤᠯᠠ ᠭᠠᠭᠴᠠᠭᠠᠷ ᠢᠶᠠᠨ ᠴᠢᠭᠯᠡᠯ ᠥᠭᠡᠢ ᠲᠡᠨᠡᠭᠯᠡᠨ ᠰᠢᠷᠳᠡᠵᠥ᠂ ᠨᠢᠳᠥᠨ ᠡᠮᠥᠨ᠎ᠡ ᠲᠤᠭᠳᠠᠭᠰᠠᠨ ᠵᠡᠭᠦᠨ ᠭᠠᠷ ᠤᠨ | ᠠᠯᠠᠭ᠎ᠠ ᠴᠠᠷᠪᠠᠭᠤ ᠢ ᠪᠠᠨ ᠬᠠᠷᠠᠨ ᠭᠥᠯᠢᠷᠡᠵᠥ ᠰᠠᠭᠤᠯ᠎ᠠ᠃ | ᠪᠢ ᠰᠠᠶᠢᠨ ᠤ ᠵᠠᠶᠠᠭ᠎ᠠ ᠪᠠᠷ ᠤᠳᠤᠭ ᠤᠨ ᠪᠠᠷᠠᠭᠤᠨ ᠵᠠᠬ᠎ᠠ ᠶᠢᠨ ᠬᠠᠯᠵᠠᠨ ᠪᠤᠯᠠᠭ ᠭᠡᠭᠴᠢ ᠰᠠᠶᠢᠬᠠᠨ ᠨᠤᠳᠤᠭ ᠲᠤ ᠤᠷᠴᠢᠯᠠᠩ ᠤᠨ ᠨᠠᠷᠠ ᠶᠢ ᠠᠩᠬ᠎ᠠ | ᠬᠠᠷᠠᠭᠰᠠᠨ᠃ ᠲᠥᠷᠥᠭᠰᠡᠨ ᠨᠤᠳᠤᠭ ᠤᠨ ᠢᠶᠠᠨ ᠲᠤᠷᠭᠠᠨ ᠭᠥᠷᠥᠰᠥᠨ ᠲᠡᠭᠡᠷ᠎ᠡ ᠪᠠᠭ᠎ᠠ ᠶᠢᠨ ᠨᠥᠭᠦᠳ ᠲᠠᠢ ᠪᠠᠨ ᠴᠤᠭ ᠲᠡᠷᠪᠡᠵᠥ᠂ ᠡᠴᠢᠭᠡ ᠡᠭᠡ ᠶᠢᠨ ᠢᠶᠠᠨ ᠭᠠᠷ | ᠲᠤ ᠡᠷᠭᠡᠯᠡᠨ ᠥᠨᠡᠷᠭᠡᠵᠥ ᠥᠰᠥᠭᠰᠡᠨ ᠶᠤᠮ᠃ ᠭᠥᠭᠰᠢᠨ ᠪᠤᠭᠤᠷᠤᠯ ᠠᠪᠤ ᠡᠵᠢ ᠮᠢᠨᠢ ᠡᠳᠥᠭᠡ ᠭᠥᠳᠡᠭᠡ ᠭᠡᠷ ᠲᠤ ᠪᠠᠨ ᠰᠠᠭᠤᠵᠤ᠄ ︽ᠠᠱ᠂ ᠮᠠᠭᠤ ᠰᠢᠷ᠎ᠠ | ᠲᠤᠯᠤᠭᠠᠶᠢᠳᠤ ᠶᠢ ᠮᠢᠨᠢ ᠠᠪᠤᠭᠠᠳ ᠢᠷᠡᠳᠡᠭ ᠴᠤ ᠶᠤᠮ ᠪᠤᠯ ᠤᠤ︕ ᠮᠠᠭᠤ ᠲᠡᠭᠳᠡᠭᠡ ᠮᠢᠨᠢ ᠶᠠᠭᠤ ᠬᠢᠭᠡᠳ ᠤᠴᠤᠷ ᠤᠴᠤᠷ ᠭᠡᠵᠥ ᠪᠠᠶᠢᠬᠤ ᠪᠤᠯ ᠳ᠋ᠠ︖︾ | ᠭᠡᠵᠥ ᠭᠥᠥ ᠶᠢ ᠮᠢᠨᠢ ᠥᠭᠡᠶᠢᠯᠡᠵᠥ ᠰᠠᠭᠤᠵᠤ ᠪᠤᠢ ᠶᠢ ᠪᠤᠳᠤᠬᠤ ᠳᠤ ᠲᠤᠳᠤᠷ᠎ᠠ ᠰᠢᠨᠠᠯᠤᠨ ᠵᠢᠷᠥᠭᠡ ᠡᠮᠵᠡᠭᠯᠡᠪᠡ᠃ ᠭᠠᠯᠠᠭᠤ ᠨᠤᠭᠤᠰᠤ ᠭᠠᠩᠭᠠᠨᠠᠯᠳᠤᠭᠰᠠᠨ ᠬᠠᠯᠵᠠᠨ | ᠪᠤᠯᠠᠭ ᠤᠨ ᠢᠶᠠᠨ ᠬᠠᠯᠢᠭᠤᠷᠠᠭᠰᠠᠨ ᠰᠠᠶᠢᠬᠠᠨ ᠲᠡᠷᠡᠰᠤ ᠶᠢ ᠰᠠᠨᠠᠪᠠ᠂ ᠪᠠᠭ᠎ᠠ ᠵᠢᠭᠠᠬᠠᠨ ᠴᠠᠭ ᠲᠤ ᠲᠤᠭᠯᠠᠵᠤ ᠨᠠᠭᠠᠳᠴᠤ ᠶᠠᠪᠤᠭᠰᠠᠨ ᠪᠠᠯᠠᠷ ᠴᠠᠶᠢᠳᠠᠮ᠂ ᠰᠢᠯᠢ | ᠭᠥᠨᠳᠡᠢ ᠪᠠᠨ ᠰᠠᠨᠠᠪᠠ᠃ ᠭᠥᠳᠡᠭᠡ ᠪᠡᠯᠴᠢᠭᠡᠷ ᠲᠤ ᠬᠠᠶᠠᠭᠳᠠᠭᠰᠠᠨ ᠬᠤᠷᠠᠭ᠎ᠠ ᠢᠰᠢᠭᠡ ᠶᠢ ᠪᠤᠰᠤᠳ ᠠᠴᠠ ᠤᠷᠢᠳ ᠤᠯᠵᠤ ᠬᠠᠷᠠᠭᠠᠳ ᠭᠥᠶᠥᠵᠥ ᠲᠡᠪᠡᠷᠢᠵᠥ | ᠢᠷᠡᠳᠡᠭ ᠢᠶᠠᠨ ᠴᠤ ᠪᠤᠳᠤᠪᠠ᠃ ᠤᠳᠤ ᠪᠤᠯᠬᠤ ᠳᠤ ᠡᠶᠢᠰᠢ ᠲᠡᠶᠢᠰᠢ ᠬᠠᠷᠠᠵᠤ ᠪᠥᠯᠳᠡᠶᠢᠪᠡᠴᠤ ᠵᠥᠭᠡᠷ ᠯᠠ ᠠᠯᠠᠭ᠎ᠠ ᠴᠠᠷᠪᠠᠭᠤ ᠬᠤᠶᠠᠷ᠃ | ᠠᠯᠠᠭ ᠨᠢᠳᠥᠨ ᠤ ᠬᠠᠷᠠᠭ᠎ᠠ ᠪᠠᠨ ᠠᠯᠳᠠᠪᠠᠯ ᠤᠳᠤ ᠶᠠᠭᠠᠬᠢᠨ᠎ᠠ ᠪᠤᠢ ᠭᠡᠵᠥ ᠪᠢ ᠶᠡᠭᠡ ᠪᠤᠳᠤᠯᠬᠢᠯᠡᠪᠡ᠂ ᠥᠨᠡᠨ ᠳᠤ ᠪᠠᠨ ᠴᠤ ᠲᠤᠩ ᠲᠥᠪᠯᠡᠭᠦᠨ ᠴᠢᠬᠢᠮᠢ | ᠪᠠᠷ ᠪᠤᠳᠤᠯᠬᠢᠯᠠᠪᠠ᠃ ᠪᠠᠭ᠎ᠠ ᠳᠤ ᠪᠠᠨ ᠥᠯᠢᠭᠡᠷ ᠲᠤ ᠲᠤᠷᠠᠯᠠᠵᠤ ᠡᠷᠡᠤ ᠲᠤᠯᠤᠨ ᠶᠡᠭᠡ ᠭᠥᠮᠥᠨ ᠤᠳ ᠤᠨ ᠥᠭᠡ ᠴᠢᠩᠨᠠᠳᠠᠭ ᠪᠠᠶᠢᠭᠰᠠᠨ᠂ ᠰᠠᠭᠦᠯᠡᠷ ᠪᠢᠴᠢᠭ | ᠨᠢᠳᠥᠯᠡᠭᠦ ᠲᠠᠢ ᠵᠡᠷᠭᠡ ᠤᠷᠤᠨ ᠭᠠᠷᠤᠨ ᠨᠤᠮ ᠰᠤᠭᠤᠪᠴᠢᠯᠡᠵᠥ᠂ ᠮᠠᠯ ᠬᠤᠢ ᠪᠠᠨ ᠠᠯᠳᠠᠭᠠᠳ ᠡᠮᠡᠭᠡ ᠪᠠᠷ ᠵᠠᠩᠨᠠᠭᠤᠯᠵᠤ ᠪᠠᠶᠢᠭᠰᠠᠨ᠂ ᠶᠡᠭᠡ ᠪᠤᠯᠤᠭᠠᠳ ᠲᠠᠩᠳᠠ | ᠲᠧᠯᠸᠢᠰ ᠱᠠᠭᠠᠶᠢᠵᠤ ᠠᠪᠤ ᠡᠵᠢ ᠪᠠᠷ ᠭᠡᠯᠡᠭᠦᠯᠵᠥ ᠪᠠᠶᠢᠭᠰᠠᠨ᠃ ᠠᠵᠢᠯ ᠳᠤ ᠤᠷᠤᠭᠰᠠᠨ ᠤ ᠲᠠᠷᠠᠭ᠎ᠠ ᠠᠯᠪᠠᠨ ᠭᠡᠷᠡᠭᠴᠡᠭᠡ ᠠᠴᠠ ᠪᠤᠯᠤᠯ᠎ᠠ ᠭᠡᠮᠡᠨ ᠰᠢᠯᠳᠠᠭᠯᠠᠵᠤ | ᠺᠤᠮᠫᠢᠥ᠋ᠲ᠋ᠧᠷ ᠤᠨ ᠲᠡᠯᠭᠡᠴᠡ ᠳᠤ ᠪᠠᠷᠤᠭ ᠤᠷᠤᠮᠠᠷ ᠤᠷᠤᠮᠠᠷ ᠪᠤᠯᠵᠤ ᠨᠢᠳᠤ ᠤᠯᠠᠮ ᠮᠠᠭᠤᠳᠠᠭᠰᠠᠨ᠂ ᠡᠨᠡ ᠬᠤᠶᠠᠷ ᠵᠢᠯ ᠠᠴᠠ ᠤᠶᠤᠨᠳᠤ ᠭᠠᠷ ᠤᠳᠠᠰᠤ ᠭᠡᠭᠴᠢ | ᠶᠠᠭᠤᠮ᠎ᠠ ᠰᠢᠨ᠎ᠠ ᠭᠠᠷᠴᠤ ᠢᠷᠡᠭᠦᠯᠡᠷ ᠭᠠᠷ ᠤᠳᠠᠰᠤ᠂ ᠬᠠᠪᠳᠠᠰᠤᠨ ᠺᠤᠮᠫᠢᠥ᠋ᠲ᠋ᠧᠷ ᠵᠡᠷᠭᠡ ᠶᠢ ᠶᠡᠭᠡ ᠶᠠᠭᠤᠮ᠎ᠠ ᠪᠤᠯᠭᠠᠵᠤ ᠡᠳᠥᠷᠵᠢᠨ ᠰᠥᠨᠢᠵᠢᠨ ᠱᠠᠭᠠᠶᠢᠵᠤ᠂ | ᠬᠠᠷᠠᠭ᠎ᠠ ᠪᠥᠷ ᠪᠤᠯᠬᠤ ᠪᠠᠨ ᠪᠤᠯᠢᠭᠰᠠᠨ ᠠᠴᠠ ᠨᠢᠳᠥᠨᠥᠨ ᠠᠴᠠ ᠭᠡᠳᠥ ᠤᠳᠠᠭ᠎ᠠ ᠰᠢᠯ ᠤᠨ ᠢᠶᠠᠨ ᠭᠷᠠᠳᠥ᠋ᠰ ᠨᠡᠮᠡᠭᠰᠡᠨ ᠢ ᠬᠠᠷᠠᠮᠰᠠᠨ ᠡᠷᠬᠢᠴᠡᠭᠦᠯᠪᠡ᠃ ᠡᠴᠢᠭᠡ ᠡᠭᠡ | ᠠᠴᠠ ᠵᠠᠶᠠᠭᠠᠰᠠᠨ ᠡᠷᠳᠡᠨᠢᠳᠤ ᠰᠠᠶᠢᠬᠠᠨ ᠪᠡᠶ᠎ᠡ ᠴᠤᠭᠴᠠ ᠶᠢ ᠡᠨᠡ ᠮᠡᠳᠤ ᠡᠰᠡᠨ ᠪᠤᠰᠠᠨ ᠥᠷᠡᠨ ᠲᠠᠷᠠᠨ ᠬᠢᠵᠥ ᠪᠠᠶᠢᠭᠠᠳ ᠯᠠ ᠬᠤᠶᠠᠷ ᠨᠢᠳᠤ ᠪᠠᠨ ᠰᠤᠬᠤᠯᠵᠤ | ᠠᠮᠠᠷᠠᠭᠰᠠᠨ ᠪᠠᠶᠢᠬᠤ ᠳ᠋ᠠ ᠭᠡᠵᠥ ᠥᠪᠡᠷ ᠢ ᠪᠠᠨ ᠵᠢᠮᠠᠯᠠᠨ ᠵᠢᠮᠠᠯᠠᠨ ᠰᠠᠭᠤᠯ᠎ᠠ᠃ | ᠡᠭᠡᠨᠡᠷ ᠢᠷᠡᠵᠥ ᠭᠠᠷ ᠠᠴᠠ ᠭᠥᠳᠥᠯᠥᠨ ᠨᠠᠮ᠎ᠠ ᠶᠢ ᠪᠤᠰᠬᠠᠪᠠ᠃ ᠬᠠᠴᠠᠷ ᠲᠠᠭᠠᠭᠰᠠᠨ ᠬᠠᠷᠠᠮᠰᠠᠯ ᠤᠨ ᠬᠠᠷ᠎ᠠ ᠨᠢᠯᠪᠤᠰᠤ ᠠᠮᠠᠠ ᠳᠤ ᠤᠷᠤᠵᠤ ᠱᠤᠷᠪᠤᠭ | ᠠᠮᠳᠠᠭᠳᠠᠵᠤ ᠪᠠᠶᠢᠯ᠎ᠠ᠃ ᠲᠤᠯᠤᠭᠠᠢ ᠲᠥᠩᠭᠦᠯᠵᠡᠭᠦ ᠰᠢᠭ ᠪᠤᠯᠬᠤ ᠳᠤ ᠪᠢ ᠲᠤᠬᠢᠶ᠎ᠠ ᠥᠭᠴᠤ ᠵᠢᠭᠠᠬᠠᠨᠠᠨᠢᠵᠤ᠂ ᠪᠡᠶ᠎ᠡ ᠪᠠᠨ ᠲᠤᠭᠳᠠᠭᠠᠬᠤ ᠶᠢ ᠪᠤᠳᠤᠪᠠ᠃ ᠨᠡᠯᠢᠶᠡᠳ | ᠤᠳᠠᠭᠠᠳ ᠨᠢᠳᠤ ᠪᠠᠨ ᠠᠯᠭᠤᠷᠬᠠᠨ ᠨᠡᠭᠡᠭᠡᠭᠦ ᠶᠢᠨ ᠲᠡᠷᠡ ᠭᠱᠠᠨ ᠳᠤ᠂᠂᠂᠂᠂᠂᠂ ᠡᠪᠡᠥ ᠬᠠᠶᠢᠷᠠᠬᠠᠨ᠂ ᠶᠠᠭᠤᠮ᠎ᠠ ᠶᠠᠭᠤᠮ᠎ᠠ ᠪᠠᠷ ᠢᠶᠠᠨ ᠥᠵᠡᠭᠳᠡᠵᠥ ᠡᠬᠢᠯᠡᠪᠡ︕ | ᠮᠠᠭᠤ ᠡᠭᠡᠨᠡᠷ ᠮᠢᠨᠢ ᠰᠤᠴᠢᠵᠤ ᠭᠠᠶᠢᠬᠠᠭᠰᠠᠨ ᠬᠠᠷᠠᠴᠠ ᠪᠠᠷ ᠰᠢᠷᠳᠡᠵᠥ ᠪᠠᠶᠢᠨ᠎ᠠ᠂ ᠭᠥᠥ ᠮᠠᠯᠠᠭᠠᠢ ᠪᠠᠨ ᠵᠡᠭᠦᠴᠢᠭᠡᠭᠰᠡᠨ ᠭᠠᠷ ᠠᠴᠠ ᠭᠥᠳᠥᠯᠵᠥ ᠵᠤᠭᠰᠤᠨᠠᠮ ᠪᠥᠭᠡᠳ᠄ | ︽ᠠᠪᠠᠢ᠂ ᠠᠪᠠᠢ︕︾ ᠭᠡᠵᠥ ᠪᠠᠶᠢᠨ᠎ᠠ᠃ ᠪᠤᠴᠠᠭᠠᠳ ᠤᠷᠤᠨ ᠲᠡᠭᠡᠷ᠎ᠡ ᠪᠠᠨ ᠬᠢᠴᠢᠶᠡᠮᠵᠢᠳᠡᠶᠢᠭᠡᠨ ᠰᠠᠭᠤᠭᠰᠠᠨ ᠴᠤ ᠨᠢᠳᠤ ᠪᠠᠨ ᠲᠠᠬᠢᠨ ᠠᠨᠢᠵᠤ ᠴᠢᠳᠠᠭᠰᠠᠨ | ᠥᠭᠡᠢ᠃ ᠡᠭᠡᠨᠡᠷ ᠤᠷᠤᠭᠰᠢ ᠪᠥᠭᠦᠶᠢᠵᠥ ᠨᠢᠳᠤ ᠶᠢ ᠮᠢᠨᠢ ᠨᠠᠷᠢᠨ ᠠᠵᠢᠭᠯᠠᠭᠠᠳ᠄ ︽ᠨᠢᠳᠤᠨ ᠲᠤᠳᠤᠷ᠎ᠠ ᠴᠢᠨᠢ ᠨᠢᠭᠡ ᠬᠠᠷ᠎ᠠ ᠶᠠᠭᠤᠮ᠎ᠠ ᠪᠠᠶᠢᠬᠤ ᠰᠢᠭ᠋᠃ ᠪᠠᠶᠢᠵᠠ | ᠪᠠᠶᠢᠵᠠ᠂ ᠨᠢᠭᠡ ᠲᠥᠷᠪᠡᠯᠵᠢᠪᠳᠥᠷ ᠬᠠᠷ᠎ᠠ ᠶᠠᠭᠤᠮ᠎ᠠ ᠪᠠᠶᠢᠨ᠎ᠠ︕︾ ᠭᠡᠵᠥ ᠭᠠᠶᠢᠬᠠᠨ ᠭᠡᠯᠡᠪᠡ᠃ ᠥᠨᠡᠭᠡᠷ ᠨᠢᠭᠡ ᠬᠠᠷ᠎ᠠ ᠶᠠᠭᠤᠮ᠎ᠠ ᠨᠢᠳᠥᠨ ᠳᠤ ᠪᠥᠷᠥᠯᠵᠡᠭᠦ ᠮᠡᠳᠤ | ᠰᠠᠨᠠᠭᠳᠠᠬᠤᠯᠠᠷ ᠪᠢ ᠤᠬᠤᠰᠬᠢᠨ ᠪᠤᠰᠴᠤ ᠤᠬᠢᠶᠠᠯᠭ᠎ᠠ ᠶᠢᠨ ᠥᠷᠥᠭᠡᠨ ᠤ ᠲᠤᠯᠢᠨ ᠳᠤ ᠤᠴᠢᠨ ᠵᠤᠪᠬᠢ ᠪᠠᠨ ᠤᠷᠪᠠᠭᠤᠯᠤᠨ ᠨᠢᠭᠳᠠᠯᠠᠨ ᠠᠵᠢᠪᠠ᠃ ᠨᠡᠭᠡᠷᠡᠨ︕ | ᠵᠢᠵᠢᠭ ᠬᠠᠷ᠎ᠠ ᠲᠤᠯᠪᠤ ᠵᠡᠭᠦᠨ ᠨᠢᠳᠥᠨ ᠴᠡᠴᠡᠭᠡᠢ ᠶᠢᠨ ᠬᠠᠵᠠᠭᠤᠳᠠ ᠲᠤᠳᠤ ᠥᠵᠡᠭᠳᠡᠪᠡ᠃ ᠰᠠᠶᠢᠨ ᠠᠵᠢᠬᠤᠯᠠᠷ᠂ ᠪᠤᠷᠬᠠᠨ ᠮᠢᠨᠢ︕ ᠲᠡᠪᠡᠨᠡ ᠶᠢᠨ ᠰᠥᠪᠡ ᠶᠢᠨ | ᠬᠢᠷᠢ ᠨᠢᠭᠡ ᠬᠠᠷ᠎ᠠ ᠥᠩᠭᠡ ᠶᠢᠨ ᠭᠠᠷ ᠤᠳᠠᠰᠤᠨ ᠮᠠᠰᠢᠨ ᠨᠢᠳᠥᠨ ᠲᠤᠳᠤᠷ᠎ᠠ ᠮᠢᠨᠢ ᠪᠠᠳᠤᠳᠠᠢ ᠬᠠᠷᠠᠭᠳᠠᠪᠠ᠃ | ᠂᠂᠂᠂᠂᠂᠂ ᠭᠠᠷ ᠤᠳᠠᠰᠤ ᠥᠩᠬᠢᠨᠡᠨ ᠲᠤᠤᠭᠠᠷᠬᠤ ᠪᠠᠷ ᠪᠢ ᠰᠤᠴᠢᠨ ᠰᠡᠷᠢᠪᠡ᠃ 14 ᠴᠠᠭ 12 ᠮᠢᠨᠥ᠋ᠲ ᠪᠤᠯᠵᠤ ᠰᠡᠷᠢᠭᠦᠯᠭᠡ ᠴᠡᠴᠡᠷᠡᠭᠰᠡᠨ ᠪᠠᠶᠢᠬᠤ ᠨᠢ᠂ | ᠨᠢᠳᠤ ᠪᠠᠨ ᠲᠡᠮᠳᠡᠷᠢᠭᠦᠯᠡᠷ ᠨᠢᠯᠪᠤᠰᠤ ᠤᠷᠤᠰᠤᠭᠰᠠᠨ ᠨᠢ ᠶᠠᠭᠠᠬᠢᠬᠤ ᠶᠢᠨ ᠠᠷᠭ᠎ᠠ ᠥᠭᠡᠢ ᠥᠨᠡᠨ ᠪᠠᠶᠢᠪᠠ᠃ ᠪᠢ ᠶᠠᠭᠠᠷᠠᠪᠴᠢᠯᠠᠨ ᠪᠤᠰᠴᠤ ᠨᠢᠭᠤᠷ ᠭᠠᠷ ᠢᠶᠠᠨ | ᠬᠠᠯᠳᠤ ᠮᠥᠯᠳᠤ ᠤᠬᠢᠶᠠᠭᠠᠳ ᠭᠠᠷ ᠤᠳᠠᠰᠤ ᠪᠠᠨ ᠬᠠᠷᠮᠠᠯᠠᠭᠠᠳ ᠠᠵᠢᠯ ᠳᠤ ᠪᠠᠨ ᠭᠠᠷᠤᠯ᠎ᠠ᠃ |