ᠳᠦᠷᠪᠡᠳᠣᠭᠡᠷ ᠪᠦᠯᠦᠭ ᠨᠠᠢᠮᠠᠳᠣᠭᠠᠷ ᠵᠠᠮ ᠤᠨ ᠴᠡᠷᠢᠭ ᠰᠡᠷᠬᠡᠶᠢᠯᠡᠨ ᠰᠠᠭᠤᠭᠰᠠᠨ ᠨᠢ | ᠨᠢᠭᠡ᠂ ᠨᠠᠢᠮᠠᠳᠤᠭᠠᠷ ᠵᠠᠮ ᠤᠨ ᠴᠡᠷᠢᠭ ᠰᠡᠷᠬᠡᠶᠢᠯᠡᠨ ᠰᠠᠭᠤᠭᠰᠡᠨ ᠪᠠ ᠦᠢᠯᠡᠳᠪᠣᠷᠢᠯᠡᠯ ᠡᠷᠬᠢᠯᠡᠭᠰᠡᠨ ᠨᠢ | 1942 ᠣᠨ ᠤ ᠬᠠᠪᠣᠷ᠂ ᠱᠠᠨ— ᠭᠠᠨ— ᠨᠢᠩ ᠬᠢᠵᠠᠭᠠᠷ ᠤᠷᠤᠨ ᠤ ᠪᠣᠷᠣ ᠬᠤᠳᠠ ᠳᠤ ᠰᠠᠭᠤᠭ᠎ᠠ ᠠᠮᠣᠷ ᠢ ᠬᠠᠮᠠᠭᠠᠯᠠᠬᠤ ᠬᠤᠶᠠᠳᠣᠭᠠᠷ ᠬᠤᠷᠢᠶ᠎ᠠ᠂ | ᠶᠡᠭᠡ ᠮᠠᠰᠢᠩ ᠤᠨ ᠳᠣᠯᠣᠳᠣᠭᠠᠷ ᠪᠠᠲᠯᠢᠶᠤᠨ᠂ ᠶᠠᠨᠴᠤᠸᠠᠨ ᠤ ᠠᠮᠣᠷ ᠢ ᠬᠠᠮᠠᠭᠠᠯᠠᠬᠤ ᠠᠩᠬᠢ ᠶᠢ ᠬᠠᠮᠳᠣᠷᠠᠭᠤᠯᠣᠨ ᠰᠡᠷᠬᠡᠶᠢᠯᠡᠨ ᠬᠠᠮᠠᠭᠠᠯᠠᠬᠤ ᠭᠤᠷᠪᠠᠳᠣᠭᠠᠷ | ᠪᠠᠷᠢᠭᠠᠳᠠ ᠶᠢᠨ ᠶᠢᠰᠣᠳᠦᠭᠡᠷ ᠬᠤᠷᠢᠶ᠎ᠠ ᠪᠤᠯᠭᠠᠨ ᠪᠠᠶᠢᠭᠤᠯᠵᠤ᠂ ᠭᠥᠸᠧ ᠪᠢᠩ ᠺᠦᠨ ᠬᠤᠷᠢᠶᠡᠨ ᠳᠠᠷᠤᠭ᠎ᠠ ᠪᠤᠯᠪᠠ᠃ ᠳᠤᠰ ᠵᠢᠯ ᠤᠨ ᠵᠣᠨ ᠪᠣᠯᠬᠤ ᠳᠤ᠂ | ᠭᠤᠮᠢᠨᠳᠠᠩ ᠤᠨ ᠾᠧ ᠸᠧᠨ ᠳ᠋ᠢᠩ ᠤᠨ ᠴᠡᠷᠢᠭ ᠠᠩᠬᠢ ᠶᠢᠨ ᠬᠢᠨ ᠤ ᠰᠢᠬᠠᠮᠳᠠᠭᠤᠯᠭ᠎ᠠ ᠬᠡᠴᠡᠬᠦᠳᠦᠭᠰᠡᠨ ᠪᠣᠯᠣᠯᠳᠡᠢ᠂ ᠰᠡᠷᠬᠡᠶᠢᠯᠡᠨ ᠬᠠᠮᠠᠭᠠᠯᠠᠬᠤ ᠭᠤᠷᠪᠠᠳᠣᠭᠠᠷ | ᠪᠠᠷᠢᠭᠠᠳᠠ ᠶᠢᠨ ᠶᠢᠰᠦᠳᠦᠭᠡᠷ ᠬᠤᠷᠢᠶ᠎ᠠ ᠶᠢᠨ ᠭᠤᠷᠪᠠᠳᠣᠭᠠᠷ ᠪᠠᠲᠯᠢᠶᠤᠨ ︵ᠣᠣᠯ ᠤᠨ ᠪᠣᠷᠣ ᠬᠤᠳᠠ ᠶᠢᠨ ᠠᠮᠣᠷ ᠢ ᠬᠠᠮᠠᠭᠠᠯᠠᠬᠤ ᠬᠤᠶᠠᠳᠣᠭᠠᠷ ᠬᠤᠷᠢᠶᠡᠨ ᠤ | ᠭᠤᠷᠪᠠᠳᠣᠭᠠᠷ ᠪᠠᠲᠯᠢᠶᠤᠨ︶ ᠳᠡᠬᠢᠨ ᠪᠣᠷᠣᠪᠠᠯᠭᠠᠰᠣᠨ ᠳᠤ ᠬᠦᠷᠴᠤ ᠰᠠᠬᠢᠨ ᠰᠠᠭᠤᠵᠠᠢ᠃ ᠡᠬᠦᠨ ᠤ ᠳᠤᠬᠠᠢ 1942 ᠣᠨ ᠤ 9 ᠰᠠᠷ᠎ᠠ ᠶᠢᠨ 1 ᠤ ᠡᠳᠣᠷ | ᠬᠤᠷᠠᠯᠳᠤᠭᠰᠡᠨ ᠪᠠᠷᠠᠭᠤᠨ ᠬᠤᠶᠢᠳᠣ ᠶᠢᠨ ᠳᠣᠪᠴᠢᠶ᠎ᠠ ᠶᠢᠨ ᠬᠤᠷᠢᠨ ᠨᠢᠬᠡᠳᠣᠭᠡᠷ ᠣᠳᠠᠭ᠎ᠠ ᠶᠢᠨ ᠬᠤᠷᠠᠯᠳᠣᠭᠠᠨ ᠤ ᠳᠡᠮᠳᠡᠭᠯᠡᠯ ᠢ ᠦᠨᠳᠣᠰᠣᠯᠡᠨ ᠮᠠᠭᠠᠤᠨᠯᠠᠨ | ᠳᠠᠭᠠᠮᠠᠭᠯᠠᠵᠣ ᠪᠣᠯᠬᠤ ᠶᠣᠮ᠃ ᠳᠣᠰ ᠬᠤᠷᠠᠯᠳᠣᠭᠠᠨ ᠤ ᠳᠡᠮᠳᠡᠭᠯᠡᠯ ᠳᠠᠬᠢ ᠾᠧ ᠸᠧᠨ ᠳ᠋ᠢᠩ ᠮᠣᠩᠭᠤᠯᠴᠣᠳ ᠠᠴᠠ ᠮᠣᠷᠢ ᠳᠡᠮᠡᠭᠡ ᠳᠡᠳᠡᠪᠣᠷᠢᠯᠡᠨ᠂ ᠳᠠᠷᠢᠶᠠᠨ | ᠭᠠᠵᠠᠷ ᠬᠢᠬᠠᠨ ᠠᠪᠤᠭᠰᠡᠨ ᠪᠠ ᠮᠣᠩᠭᠤᠯᠴᠣᠳ ︽ᠮᠣᠷᠢ ᠪᠠᠨ ᠦᠭᠴᠤ ᠫᠣᠣ ᠵᠠᠪᠰᠡᠭ ᠬᠤᠳᠠᠯᠳᠣᠨ ᠠᠪᠴᠣ᠂ ᠵᠠᠪᠰᠡᠭᠳᠣ ᠬᠦᠴᠤ ᠪᠠᠨ ᠦᠷᠭᠡᠳᠭᠡᠨ | ᠭᠦᠴᠦᠷᠭᠡᠭᠵᠢᠭᠦᠯᠵᠣ᠂ ᠮᠠᠨ ᠤ ᠲᠠᠯ᠎ᠠ ᠶᠢᠨ ᠬᠢᠨ ᠠᠴᠠ ᠳᠡᠮᠵᠢᠯᠬᠡ ᠭᠦᠰᠡᠭᠦ︾ ᠪᠠᠷ ᠳᠣᠭᠳᠠᠭᠰᠠᠨ ᠢ ᠳᠣᠷᠠᠳᠣᠭᠰᠠᠨ ᠶᠠᠪᠣᠳᠡᠯ ᠠᠴᠠ ᠵᠠᠮᠶᠠᠩᠰᠢᠷᠡᠪ ᠬᠦᠨᠳᠤ | ᠳᠠᠷᠤᠯᠳᠠ ᠳᠤ ᠤᠴᠠᠷᠠᠭᠰᠡᠨ ᠢ ᠮᠡᠳᠡᠵᠣ ᠪᠣᠯᠬᠤ ᠶᠣᠮ᠃ ᠵᠢᠶᠠ ᠲᠦᠸᠧ ᠹᠦ᠋᠄ ︽ᠶᠡᠭᠡ ᠵᠣᠣ ᠶᠢᠨ ᠴᠢᠭᠤᠯᠭᠠᠨ ᠪᠣᠯ ᠬᠢᠵᠠᠭᠠᠷ ᠣᠷᠣᠨ ᠤ ᠬᠤᠶᠢᠳᠣ ᠬᠠᠯᠬᠠᠪᠴᠢ | ᠪᠣᠯᠬᠤᠷ ᠪᠢᠳᠠ ᠮᠣᠩᠭᠤᠯᠴᠣᠳ ᠢ ᠬᠠᠪᠰᠣᠷᠣᠨ ᠾᠧ ᠸᠧᠨ ᠳ᠋ᠢᠩ ᠢ ᠡᠰᠡᠷᠭᠦᠴᠡᠪᠡᠯ ᠵᠣᠬᠢᠨ᠎ᠠ︾ ᠬᠡᠵᠣ ᠦᠵᠡᠵᠡᠢ᠃ ᠳᠠᠷᠠᠭᠠᠪᠠᠷ ᠭᠤᠮᠢᠨᠳᠠᠩ ᠤᠨ ᠾᠧ ᠸᠧᠨ | ᠳ᠋ᠢᠩ᠂ ᠴᠧᠨ ᠴᠠᠩ ᠵᠢᠶᠧ ᠶᠢᠨ ᠴᠡᠷᠢᠭ ᠠᠩᠬᠢ ᠶᠢᠨ ᠶᠡᠭᠡ ᠵᠣᠣ ᠶᠢᠨ ᠴᠢᠭᠤᠯᠭᠠᠨ ᠳᠤ ᠤᠶᠢᠯᠡᠳᠦᠭᠰᠡᠨ ᠬᠡᠷᠡᠭ ᠤᠴᠢᠷ ᠤᠳ ᠨᠢ ᠴᠢᠪ ᠬᠡᠮᠡᠨ ᠡᠨᠡ ᠬᠦ ᠳᠠᠭᠠᠮᠠᠭᠯᠠᠯ | ᠤᠨ ᠳᠡᠶᠢᠯᠪᠣᠷᠢ ᠪᠣᠯᠣᠭᠰᠠᠨ ᠪᠠᠶᠢᠨ᠎ᠠ᠃ | 1944 ᠣᠨ ᠤ 5 ᠰᠠᠷ᠎ᠠ ᠳᠤ᠂ ᠪᠣᠷᠣᠪᠠᠯᠭᠠᠰᠣᠨ ᠳᠤ ᠰᠠᠬᠢᠨ ᠰᠠᠭᠤᠵᠤ ᠪᠠᠶᠢᠭᠰᠠᠨ ᠨᠠᠢᠮᠠᠳᠣᠭᠠᠷ ᠵᠠᠮ ᠤᠨ ᠴᠡᠷᠢᠭ᠂ ᠷᠠᠤᠨᠨᠠᠪᠠᠨᠽᠠᠷ ᠤᠨ ᠶᠡᠭᠡ ᠭᠦᠷᠢᠶ᠎ᠡ | ᠶᠢᠨ ᠰᠠᠭᠤᠷᠢᠨ ᠢ ᠤᠰᠠᠤᠨᠬᠠᠬᠤ ᠪᠠᠷ ᠳᠤᠭᠳᠠᠵᠠᠢ᠃ ᠵᠡᠭᠦᠨ ᠦᠣᠰᠢᠨ ᠤ ᠷᠠᠤᠨᠨᠠᠪᠠᠨᠽᠠᠷ ᠭᠤᠮᠢᠨᠳᠠᠩ ᠤᠨ ᠮᠣᠷᠢᠳᠣ ᠴᠡᠷᠢᠭ ᠤᠨ 5 ᠳ᠋ᠤᠭᠠᠷ ᠳ᠋ᠢᠸᠢᠽᠢ ᠪᠣᠯᠣᠨ | ᠾᠧ ᠸᠧᠨ ᠳ᠋ᠢᠩ ᠤᠨ 26 ᠳ᠋ᠤᠭᠠᠷ ᠳ᠋ᠢᠸᠢᠽᠢ ᠪᠠᠷ ᠳᠦᠰᠢᠭ ᠪᠤᠯᠭᠠᠨ ᠶᠡᠭᠡ ᠭᠦᠷᠢᠶ᠎ᠠ ᠶᠢ ᠪᠣᠯᠢᠶᠡᠨ ᠠᠪᠴᠣ᠂ ᠴᠡᠶᠢᠵᠠ ᠪᠣᠰᠬᠠᠨ ᠭᠠᠵᠠᠷ ᠪᠣᠯᠭᠠᠨ ᠢ ᠳᠦᠢᠪᠡᠭᠡᠵᠣ᠂ | ᠠᠷᠠᠳ ᠣᠯᠠᠨ ᠳᠤ ᠶᠡᠭᠡ ᠪᠠᠷ ᠬᠤᠣᠷ ᠭᠦᠨᠦᠭᠡᠯ ᠤᠴᠠᠷᠠᠭᠤᠯᠤᠭᠰᠡᠨ ᠪᠢᠯᠡ᠃ | 5 ᠰᠠᠷ᠎ᠠ ᠶᠢᠨ ᠨᠢᠭᠡᠨ ᠡᠳᠣᠷ ᠪᠠᠶᠢᠵᠤ ᠪᠢᠯᠡ᠃ ᠨᠠᠢᠮᠠᠳᠣᠭᠠᠷ ᠵᠠᠮ ᠤᠨ ᠴᠡᠷᠢᠭ ᠶᠡᠭᠡ ᠭᠦᠷᠢᠶ᠎ᠠ ᠶᠢᠨ ᠬᠤᠶᠢᠳᠣ ᠲᠠᠯ᠎ᠠ ᠶᠢᠨ ᠮᠠᠩᠬᠠᠨ ᠠᠴᠠ ᠳᠠᠭᠠᠷᠢᠯᠳᠠ | ᠶᠠᠪᠣᠭᠤᠯᠵᠣ᠂ ᠬᠤᠶᠡᠷ ᠲᠠᠯ᠎ᠠ ᠪᠠᠷ ᠢᠶᠠᠨ ᠨᠢᠭᠡᠨ ᠦᠶ᠎ᠡ ᠭᠦᠴᠦᠨ ᠳᠡᠩᠴᠡᠯᠳᠦᠭᠰᠡᠨ ᠠᠴᠠ ᠪᠠᠶᠢᠯᠳᠣᠭᠠᠨ ᠮᠠᠰᠢ ᠬᠤᠷᠴᠠ ᠰᠢᠷᠦᠭᠦᠨ ᠶᠠᠪᠤᠭᠳᠠᠵᠤ ᠪᠠᠶᠢᠯ᠎ᠠ᠃ | ᠨᠠᠢᠮᠠᠳᠣᠭᠠᠷ ᠵᠠᠮ ᠤᠨ ᠴᠡᠷᠢᠭ ᠠᠩᠬᠢ ᠪᠡᠶᠢᠳᠡᠯ ᠠᠰᠢᠭ ᠦᠬᠡᠢ ᠪᠣᠯᠣᠭᠰᠠᠨ ᠢ ᠦᠵᠡᠵᠣ ᠭᠠᠷᠣᠭᠠᠳ ᠣᠬᠤᠷᠢᠨ ᠭᠠᠷᠴᠣ᠂ ᠱᠠᠷᠯᠢᠭ ᠤᠨ ᠰᠦᠮ᠎ᠡ ᠳᠤ ᠬᠦᠷᠴᠤ᠂ | ᠳᠣᠷᠰᠢᠯᠭ᠎ᠠ ᠪᠠᠨ ᠳ᠋ᠦᠩᠨᠡᠨ ᠳᠡᠬᠢᠨ ᠳᠣᠪᠳᠣᠯᠬᠤ ᠪᠠᠷ ᠪᠡᠯᠡᠤᠨᠬᠡᠪᠡ᠃ ᠨᠠᠢᠮᠠᠳᠣᠭᠠᠷ ᠵᠠᠮ ᠤᠨ ᠴᠡᠷᠢᠭ ᠲᠤ ᠬᠠᠯᠳᠠᠵᠣ ᠪᠣᠯᠬᠤ ᠦᠬᠡᠢ ᠬᠡᠳᠡᠭ ᠢ ᠳᠡᠶᠢᠰᠣᠨ ᠭᠦᠨ | ᠣᠶᠢᠯᠠᠭᠠᠳᠠᠭ ᠪᠣᠯᠬᠤᠷ ᠳᠡᠬᠢᠨ ᠳᠣᠪᠳᠣᠯᠬᠤ ᠠᠴᠠ ᠤᠷᠢᠤᠨ ᠰᠡᠮᠡᠭᠡᠷ ᠳᠣᠳᠠᠭᠠᠵᠡᠢ᠃ ᠡᠨᠡ ᠣᠳᠠᠭ᠎ᠠ ᠶᠢᠨ ᠳᠣᠪᠳᠣᠯᠣᠯᠳᠠ ᠨᠢ ᠳᠡᠶᠢᠰᠣᠨ ᠢ ᠠᠶᠣᠯᠭᠠᠨ | ᠰᠦᠷᠳᠡᠭᠦᠯᠵᠣ᠂ ᠠᠷᠠᠳ ᠤᠯᠠᠨ ᠤ ᠠᠶᠤᠯ ᠵᠣᠪᠠᠯᠠᠩ ᠢ ᠠᠷᠢᠯᠭᠠᠵᠤ ᠴᠢᠳᠠᠭᠰᠠᠨ ᠶᠤᠮ᠃ | 1945 ᠣᠨ ᠤ 8 ᠰᠠᠷ᠎ᠠ ᠶᠢᠨ 15 ᠤ ᠡᠳᠣᠷ᠂ ᠶᠠᠫᠣᠨ ᠡᠵᠡᠷᠭᠡᠭ ᠳᠦᠷᠢᠮᠡᠬᠡᠶᠢᠳᠡᠨ ᠨᠦᠭᠦᠴᠡᠯ ᠦᠬᠡᠢ ᠪᠠᠷ ᠪᠠᠭᠤᠨ ᠦᠭᠪᠡ᠃ 9 ᠰᠠᠷ᠎ᠠ ᠶᠢᠨ 20 ᠤ | ᠡᠳᠣᠷ ᠰᠣᠬᠠᠢ ᠶᠢᠨ ᠪᠠᠶᠢᠰᠢᠩ ᠢ ᠰᠠᠬᠢᠨ ᠰᠠᠭᠤᠵᠣ ᠪᠠᠶᠢᠭᠰᠠᠨ ᠭᠤᠮᠢᠨᠳᠠᠩ ᠤᠨ ᠠᠷᠪᠠᠨ ᠨᠢᠬᠡᠳᠤᠬᠡᠷ ᠪᠠᠷᠢᠭᠠᠳᠠ ᠶᠢᠨ ᠵᠠᠬᠢᠷᠭ᠎ᠠ ᠪᠣᠯᠣᠨ ᠨᠢᠭᠡᠳᠦᠭᠡᠷ ᠪᠠᠲᠯᠢᠶᠤᠨ | ᠪᠣᠰᠣᠯᠭ᠎ᠠ ᠭᠠᠷᠭᠠᠭᠰᠠᠨ ᠪᠣᠯᠪᠠᠴᠣ ᠬᠤᠶᠠᠳᠣᠭᠠᠷ ᠪᠠᠲᠯᠢᠶᠤᠨ ᠤ ᠱᠢ ᠹᠠᠩ ᠴᠧᠩ ᠤᠨ ᠴᠡᠷᠢᠭ ᠮᠣᠵᠢᠭᠤᠳᠠᠯᠠᠨ ᠪᠣᠰᠣᠯᠭ᠎ᠠ ᠭᠠᠷᠭᠠᠬᠤ ᠶᠢ ᠡᠰᠡᠷᠭᠦᠴᠡᠵᠣ ᠬᠢᠵᠠᠭᠠᠷ | ᠣᠷᠣᠨ ᠯᠤᠭ᠎ᠠ ᠳᠠᠰᠣᠷᠠᠯᠳᠠ ᠦᠬᠡᠢ ᠮᠦᠷᠬᠦᠯᠳᠤᠬᠡᠨ ᠡᠬᠦᠰᠬᠡᠪᠡ᠃ 10 ᠰᠠᠷ᠎ᠠ ᠳᠤ᠂ ᠰᠡᠷᠬᠡᠶᠢᠯᠡᠨ ᠬᠠᠮᠠᠭᠠᠯᠠᠬᠤ ᠭᠤᠷᠪᠠᠳᠣᠭᠠᠷ ᠪᠠᠷᠢᠭᠠᠳᠠ ᠶᠢᠨ ᠶᠢᠰᠣᠳᠦᠭᠡᠷ | ᠪᠠᠲᠯᠢᠶᠤᠨ ᠢ ᠰᠣᠬᠠᠢ ᠶᠢᠨ ᠪᠠᠶᠢᠰᠢᠩ ᠳᠤ ᠰᠢᠯᠵᠢᠭᠦᠯᠵᠣ᠂ ᠳᠣᠯᠣᠳᠣᠭᠠᠷ ᠪᠠᠲᠯᠢᠶᠤᠨ ᠪᠣᠯᠣᠨ ᠨᠠᠢᠮᠠᠳᠣᠭᠠᠷ ᠪᠠᠲᠯᠢᠶᠤᠨ ᠲᠠᠢ ᠬᠠᠮᠵᠢᠯᠴᠠᠵᠤ᠂ ᠱᠢ ᠹᠠᠩ ᠴᠧᠩ ᠤᠨ | ᠴᠡᠷᠢᠭ ᠢ ᠣᠰᠠᠳᠬᠠᠬᠤ ᠪᠠᠶᠢᠯᠳᠣᠭᠠᠨ ᠳᠤ ᠤᠷᠤᠯᠴᠠᠭᠤᠯᠵᠠᠢ᠃ | 1945 ᠣᠨ ᠤ ᠡᠴᠣᠰ ᠲᠤ᠂ ᠪᠣᠷᠣᠪᠠᠯᠭᠠᠰᠣᠨ ᠳᠤ ᠰᠠᠬᠢᠨ ᠰᠠᠭᠤᠭ᠎ᠠ ᠨᠠᠢᠮᠠᠳᠣᠭᠠᠷ ᠵᠠᠮ ᠤᠨ ᠴᠡᠷᠢᠭ ᠤᠨ ᠵᠠᠷᠢᠮ ᠢ ᠨᠢ ᠭᠠᠨᠰᠤ ᠶᠢᠨ ᠵᠡᠬᠦᠨ ᠬᠡᠰᠡᠭ ᠤᠨ ᠬᠤᠸᠠ | ᡂᠢ ᠰᠢᠶᠡᠨ ᠳᠤ᠂ ᠵᠠᠷᠢᠮ ᠢ ᠨᠢ ᠶᠡᠭᠡ ᠮᠠᠰᠢᠩ ᠳᠤ ᠰᠢᠯᠵᠢᠬᠦᠯᠤᠨ᠂ ᠪᠣᠷᠣᠪᠠᠯᠭᠠᠰᠣᠨ ᠳᠤ ᠵᠦᠪᠬᠡᠨ ᠭᠡᠷᠡᠭ ᠡᠷᠬᠢᠯᠡᠭᠦ ᠭᠠᠵᠠᠷ ᠤᠨ ᠬᠤᠯᠪᠤᠭᠠᠴᠢᠨ ᠤ ᠰᠠᠯᠠᠭ᠎ᠠ | ᠪᠣᠯᠣᠨ ᠠᠮᠣᠷ ᠢ ᠬᠠᠮᠠᠭᠠᠯᠠᠬᠤ ᠰᠢᠨ᠎ᠡ ᠳᠦᠷᠪᠡᠳᠦᠭᠡᠷ ᠪᠠᠲᠯᠢᠶᠤᠨ ᠯᠠ ᠦᠯᠡᠳᠡᠨ ᠰᠠᠬᠢᠵᠠᠢ᠃ | ᠡᠪᠣᠯ ᠪᠣᠯᠬᠤ ᠳᠤ ᠶᠢᠰᠣᠳᠦᠭᠡᠷ ᠬᠤᠷᠢᠶᠡᠨ ᠤ ᠭᠤᠷᠪᠠᠳᠣᠭᠠᠷ ᠪᠠᠲᠯᠢᠶᠤᠨ ᠤ ᠭᠤᠷᠪᠡᠨ ᠰᠣᠮᠣ ᠶᠢᠨ ᠬᠢᠨ ᠳᠠᠬᠢᠨ ᠪᠤᠴᠠᠵᠤ ᠢᠷᠡᠨ᠂ ᠨᠢᠭᠡᠳᠣᠭᠡᠷ ᠰᠣᠮᠣ ᠨᠢ | ᠪᠣᠷᠣᠪᠠᠯᠭᠠᠰᠣᠨ ᠤ ᠴᠠᠶᠢᠵᠠ ᠳᠤ ᠰᠠᠬᠢᠨ ᠰᠠᠭᠤᠵᠣ᠂ ᠬᠤᠶᠠᠳᠣᠭᠠᠷ ᠰᠣᠮᠣ ᠨᠢ ᠬᠠᠷ᠎ᠠ ᠰᠢᠯᠢ᠂ ᠰᠢᠯᠢ ᠶᠢᠨ ᠴᠡᠶᠢᠵᠠ ᠳᠤ ᠰᠠᠬᠢᠨ ᠰᠠᠭᠤᠵᠣ᠂ ᠭᠤᠷᠪᠠᠳᠣᠭᠠᠷ ᠰᠣᠮᠣ | ᠨᠢ ᠪᠠᠳᠣ ᠶᠢᠨ ᠳᠣᠬᠤᠢ ᠳᠤ ᠰᠠᠬᠢᠨ ᠰᠠᠭᠤᠭᠰᠠᠨ ᠪᠠᠶᠢᠨ᠎ᠠ᠃ | |