ᠮᠠᠷᠲᠠᠴᠢᠬᠠᠨ᠎ᠠ ᠭᠡᠭᠴᠢ  ᠨᠢ  ᠪᠠᠰᠠ ᠴᠦ  ᠰᠠᠶᠢᠬᠠᠨ
ᠨᠡᠶᠢᠲᠡᠯᠡᠭᠰᠡᠨ ᠴᠠᠭ᠄
2024/8/1
                                                                                                                              ᠴᠢ᠊ · ᠭᠠᠩᠵᠣᠷᠢᠭᠲᠤ      ᠥᠷᠯᠥᠭᠡ ᠶᠢᠨ ᠴᠠᠢ ᠪᠠᠨ ᠤᠤᠭᠤᠵᠤ ᠪᠠᠶᠢᠭᠰᠠᠨ ᠮᠢᠳᠤᠭᠮ᠎ᠠ ᠭᠡᠨᠡᠳᠲᠡ ︽ᠬᠦᠢ︾ ᠭᠡᠵᠦ ᠳᠠᠭᠤ ᠠᠯᠲᠠᠨ ᠰᠠᠠᠳᠤᠷᠤᠨ ᠪᠣᠰᠴᠤ᠄ ︽ᠮᠡᠷᠭᠡᠨᠪᠠᠳᠤ ᠡ᠂ ᠬᠤᠶᠠᠭᠤᠯᠠ ᠥᠨᠥᠳᠥᠷ  ᠶᠠᠪᠤᠭᠳᠠᠬᠤ ᠵᠢᠭᠡ ᠬᠦᠦ ᠶᠢᠨ ᠢᠶᠠᠨ ᠬᠤᠷᠢᠮ  ᠢ ᠮᠠᠷᠲᠠᠴᠢᠬᠠᠭᠰᠠᠨ ᠪᠠᠶᠢᠨ᠎ᠠ ᠰᠢᠦ᠃ ᠠᠷᠪᠠᠨ ᠴᠠᠭ ᠲᠤ ᠡᠬᠢᠯᠡᠬᠦ ᠭᠡᠰᠡᠨ ᠰᠢᠦ︾ ᠭᠡᠪᠡᠯ᠂ ᠮᠡᠷᠬᠡᠨᠪᠠᠲᠤ᠄ ︽ᠮᠠᠷᠲᠠᠴᠢᠬᠠᠨ᠎ᠠ ᠭᠡᠭᠴᠢ ᠨᠢ  ᠪᠠᠰᠠ ᠴᠦ ᠰᠠᠶᠢᠬᠠᠨ︾ ᠭᠡᠵᠦ ᠠᠵᠢᠭ ᠴᠦ ᠦᠭᠡᠢ  ᠭᠡᠯᠡᠵᠤ ᠰᠠᠭᠤᠪᠠ᠃     ᠮᠢᠳᠤᠭᠮ᠎ᠠ ᠰᠠᠠᠳᠤᠷᠤᠨ᠄ ︽ᠦᠢ᠂ ︿ᠮᠠᠷᠲᠠᠴᠢᠬᠠᠨ᠎ᠠ ᠭᠡᠭᠴᠢ  ᠨᠢ  ᠪᠠᠰᠠ  ᠴᠦ ᠰᠠᠶᠢᠬᠠᠨ﹀ ᠭᠡᠳᠡᠭ  ᠴᠢᠨᠢ  ᠶᠠᠭᠤ ᠭᠡᠰᠡᠨ ᠦᠭᠡ ᠪᠤᠢ︖ ᠮᠠᠷᠲᠠᠵᠤ ᠪᠣᠯᠬᠤ ᠦᠭᠡᠢ᠂ ᠬᠠᠶᠠᠵᠤ ᠪᠣᠯᠬᠤ ᠦᠭᠡᠢ᠂ ᠵᠠᠪᠠᠯ ᠣᠴᠢᠬᠤ ᠴᠢᠬᠤᠯᠠ ᠬᠤᠷᠢᠮ ᠰᠢᠦ᠃ ᠴᠢᠮ᠎ᠠ ᠳᠤ  ᠵᠣᠭᠤᠰ ᠪᠠᠶᠢᠨ᠎ᠠ ᠦᠦ︖︾ ᠭᠡᠪᠡᠯ᠂ ᠮᠡᠷᠬᠡᠨᠪᠠᠲᠤ᠄ ︽ᠵᠠᠭᠤᠨ ᠵᠣᠭᠤᠰ ᠪᠠᠶᠢᠨ᠎ᠠ ᠃  ᠪᠢ ᠲᠡᠷᠭᠡᠨ ᠤ ᠪᠠᠨ ᠲᠥᠷᠪᠡᠨ ᠭᠥᠷᠳᠦ᠂ ᠲᠥᠷᠪᠡᠨ ᠰᠢᠯ᠂ ᠬᠤᠶᠠᠷ  ᠳ᠋ᠧᠩ᠂ ᠬᠤᠶᠢᠨᠠᠬᠢ  ᠳ᠋ᠧᠩ ᠂ ᠬᠤᠶᠠᠷ ᠲᠠᠯ᠎ᠠ  ᠶᠢᠨ ᠲᠣᠰᠬᠠᠯ ᠰᠢᠯ᠂ ᠳᠣᠲᠣᠷ᠎ᠠ ᠶᠢᠨ ᠳ᠋ᠧᠩ ᠂ ᠳᠣᠣᠭᠠᠷᠳᠠᠭ ᠯᠠᠪᠠ᠂ ᠳᠡᠪᠢᠰᠭᠡᠷ ᠣᠯᠪᠣᠭ  ᠤᠳ ᠢ ᠪᠥᠭᠦᠳᠡ ᠶᠢ ᠨᠢ ᠰᠢᠨᠡᠳᠭᠡᠨ ᠰᠣᠯᠢᠭᠠᠳ ᠵᠣᠭᠤᠰ ᠢᠶᠠᠨ  ᠪᠦᠷ ᠰᠠᠵᠢᠴᠢᠬᠠᠭᠰᠠᠨ᠃  ᠴᠢᠮ᠎ᠠ ᠳᠤ ᠵᠣᠭᠤᠰ ᠪᠠᠶᠢᠬᠤ ᠦᠭᠡᠢ ᠦᠦ︖︾ ᠭᠡᠪᠡᠯ᠂ ᠮᠢᠳᠤᠭᠮ᠎ᠠ ᠄ ︽ᠲᠠᠪᠢᠨ ᠵᠣᠭᠤᠰ ᠪᠠᠶᠢᠨ᠎ᠠ᠃  ᠪᠢ  ᠲᠣᠯᠣᠭᠠᠢ ᠪᠠᠨ ᠣᠬᠢᠶᠠᠯᠭᠠᠨ᠂ ᠭᠡᠵᠢᠭᠡ ᠪᠠᠨ ᠪᠣᠳᠣᠭᠤᠯᠵᠣ᠂ ᠭᠥᠮᠥᠰᠭᠡ ᠪᠠᠨ ᠵᠠᠰᠠᠭᠤᠯᠵᠤ᠂ ᠰᠣᠷᠮᠤᠤᠰᠤ  ᠪᠠᠨ ᠳᠡᠭᠰᠢᠯᠡᠬᠦᠯᠵᠦ᠂ ᠬᠢᠮᠤᠰᠤ  ᠪᠠᠨ ᠪᠣᠳᠣᠭᠤᠯᠵᠣ᠂ ᠲᠣᠭᠤᠵᠣ ᠳᠣᠷᠠᠭᠰᠠᠨ ᠠᠯᠲᠠᠨ ᠰᠤᠡᠳᠤᠷ᠂ ᠲᠣᠩᠭᠠᠯᠠᠭ ᠨᠣᠭᠤᠭᠠᠨ ᠬᠠᠰ ᠪᠠᠭᠤᠪᠴᠢ ᠠᠪᠤᠭᠠᠳ ᠵᠣᠭᠤᠰ ᠢᠶᠠᠨ  ᠪᠦᠷ ᠰᠠᠴᠤᠴᠢᠬᠠᠭᠰᠠᠨ︾ ᠭᠡᠪᠡ ᠃     ᠮᠡᠷᠭᠡᠨᠪᠠᠲᠤ  ᠰᠠᠠᠳᠤᠷᠴᠤ᠄ ︽ᠠᠶ᠎ᠡ ᠂  ᠵᠢᠭᠡ  ᠬᠥᠥ  ᠶᠢᠨ ᠢᠶᠠᠨ ᠬᠤᠷᠢᠮ  ᠳᠤ  ᠣᠴᠢᠪᠠᠯ ᠬᠤᠶᠠᠭᠤᠯᠠ ᠨᠠᠭᠠᠲᠤ ᠵᠠᠬ᠎ᠠ  ᠳᠠᠭᠠᠨ  ᠬᠤᠶᠠᠷ  ᠮᠢᠩᠭᠠᠨ ᠲᠥᠭᠦᠷᠢᠭ ᠲᠠᠯᠪᠢᠬᠤ ᠦᠭᠡᠢ ᠪᠣᠯᠬᠤ ᠦᠭᠡᠢ᠃  ᠴᠢᠨᠠᠭᠰᠢᠯᠠᠪᠠᠯ ᠂  ᠲᠡᠷᠭᠡᠨ  ᠲᠤᠰᠤ᠂ ᠵᠠᠮ ᠥᠩᠭᠡᠷᠡᠬᠦ  ᠰᠦᠢᠳᠭᠡᠯ᠂ ᠭᠡᠷ ᠤᠨ ᠳᠡᠭᠡᠵᠢ ᠪᠡᠯᠡᠭ ᠂ ᠤᠳᠠᠭᠠᠨ ᠵᠢᠯ ᠣᠴᠢᠭᠰᠠᠨ ᠦᠭᠡᠢ ᠨᠠᠰᠤᠲᠠᠢ ᠡᠭᠡᠴᠢ ᠭᠥᠷᠭᠡᠨ ᠠᠬ᠎ᠠ   ᠳᠤ ᠪᠠᠨ ᠪᠠᠰᠠ ᠭᠥᠡᠳᠥ ᠪᠡᠯᠡᠭ ᠲᠠᠢ ᠤᠴᠢᠬᠤ ᠦᠭᠡᠢ ᠪᠣᠯᠬᠤ ᠦᠭᠡᠢ᠃  ᠶᠠᠭᠠᠬᠢᠵᠤ ᠪᠣᠳᠣᠭᠰᠠᠨ ᠴᠦ  ᠲᠥᠷᠪᠡᠨ  ᠮᠢᠩᠭᠠᠨ ᠵᠤᠭᠤᠰ ᠪᠠᠶᠢᠬᠤ ᠦᠭᠡᠢ  ᠪᠣᠯ ᠬᠤᠷᠢᠮ ᠳᠤ ᠶᠠᠪᠤᠬᠤ  ᠶᠢᠨ ᠠᠷᠭ᠎ᠠ ᠦᠭᠡᠢ ᠪᠣᠯᠴᠢᠬᠠᠯ᠎ᠠ ᠰᠢᠤ ︾  ᠭᠡᠪᠡ ᠃     ᠮᠢᠳᠤᠭᠮ᠎ᠠ᠄ ︽ᠳᠡᠭᠡᠵᠢ ᠪᠡᠯᠡᠭ ᠢ  ᠬᠤᠶᠠᠭᠤᠯᠠ ︿ᠥᠡᠴᠥᠭ ᠤᠨ  ᠳᠡᠯᠭᠡᠬᠦᠷ﹀ ᠠᠴᠠ ︿ᠲᠡᠮᠲᠡᠭᠯᠡᠵᠦ ﹀ ᠠᠪᠤᠭᠰᠠᠨ ᠴᠦ ᠪᠣᠯᠣᠨ᠎ᠠ᠃ ᠲᠠᠨᠢᠯᠴᠠᠳᠠᠭ ᠭᠥᠮᠥᠰ ᠶᠤᠮ ᠴᠢᠨᠢ᠃  ᠭᠡᠪᠡᠴᠦ ᠵᠣᠭᠤᠰ ᠢ ᠶᠠᠭᠠᠬᠢᠵᠤ ᠵᠢᠭᠡᠯᠡᠨ᠎ᠡ ᠦᠦ︖ ᠪᠢ   ᠬᠥᠮᠥᠨ ᠠᠴᠠ ᠵᠣᠭᠤᠰ ᠵᠢᠭᠡᠯᠡᠶ᠎ᠡ  ᠭᠡᠵᠦ  ᠬᠡᠯᠡᠵᠤ  ᠶᠠᠭ  ᠴᠢᠳᠠᠬᠤ ᠦᠭᠡᠢ ᠂ ᠨᠢᠭᠤᠷ ᠮᠢᠨᠢ ᠤᠯᠠᠶᠢᠨ᠎ᠠ ︾ ᠭᠡᠪᠡᠯ᠂ ᠮᠡᠷᠭᠡᠨᠪᠠᠲᠤ᠄ ︽ᠪᠢ  ᠪᠠᠰᠠ ᠬᠥᠮᠥᠨ ᠠᠴᠠ ᠵᠣᠭᠤᠰ ᠵᠢᠭᠡᠯᠡᠶ᠎ᠡ  ᠭᠡᠵᠦ ᠬᠡᠯᠡᠵᠦ  ᠶᠠᠭ  ᠴᠢᠳᠠᠬᠤ ᠦᠭᠡᠢ᠂ ᠮᠢᠨᠥ ᠨᠢᠭᠤᠷ ᠴᠦ ᠤᠯᠠᠶᠢᠨ᠎ᠠ︾ ᠭᠡᠪᠡ᠃ ᠮᠢᠳᠣᠭᠮ᠎ᠠ ᠤᠳᠠᠵᠤ ᠤᠳᠠᠭᠠᠳ᠄ ︽ᠬᠤᠶᠠᠭᠤᠯᠠ ᠭᠠᠭᠴᠠ ᠭᠠᠭᠴᠠ ᠪᠠᠷ ᠢᠶᠠᠨ ᠬᠡᠯᠡᠵᠦ ᠴᠢᠳᠠᠬᠤ ᠦᠭᠡᠢ ᠪᠣᠯ ᠨᠡᠶᠢᠯᠡᠵᠤ ᠪᠠᠶᠢᠭᠠᠳ ᠬᠡᠯᠡᠴᠢᠭᠡᠶ᠎ᠡ᠃ ᠨᠢᠭᠤᠷ ᠮᠢᠨᠢ ᠤᠯᠠᠶᠢᠬᠤ ᠠᠴᠠ ᠠᠶᠤᠭᠰᠠᠨ ᠪᠣᠯ ᠬᠤᠶᠠᠭᠤᠯᠠ ᠪᠠᠨ ᠠᠮᠠᠪᠴᠢ ᠪᠠᠨ ᠵᠡᠭᠦᠵᠦ ᠪᠠᠶᠢᠭᠠᠳ  ᠬᠡᠯᠡᠴᠢᠭᠡᠶ᠎ᠡ᠃  ᠳᠡᠭᠡᠪᠡᠯ ᠬᠤᠶᠠᠭᠤᠯᠠ ᠶᠢᠨ ᠣᠯᠠᠶᠢᠭᠰᠠᠨ ᠨᠢᠭᠤᠷ ᠭᠥᠮᠥᠨ  ᠳᠤ ᠥᠵᠡᠭᠳᠡᠬᠦ ᠪᠠᠨ ᠪᠠᠶᠢᠴᠢᠬᠠᠨ᠎ᠠ  ᠰᠢᠦ︾ ᠭᠡᠪᠡ᠃ ᠮᠡᠷᠭᠡᠨᠪᠠᠲᠤ᠄ ︽ᠡᠨᠡ ᠠᠷᠭ᠎ᠠ ᠬᠠᠷᠢᠨ ᠪᠣᠯᠬᠤ ᠠᠷᠭ᠎ᠠ ᠪᠠᠶᠢᠨ᠎ᠠ︾ ᠭᠡᠵᠦ  ᠵᠥᠪᠰᠢᠶᠡᠷᠡᠭᠰᠡᠨ ᠲᠤᠯᠠ ᠲᠡᠳᠡ ᠬᠤᠶᠠᠭᠤᠯᠠ ︽ᠥᠡᠴᠥᠭ ᠤᠨ ᠬᠤᠷᠰᠢᠶᠡᠨ︾  ᠳᠤ ᠣᠴᠢᠵᠤ ᠵᠣᠭᠤᠰ ᠵᠢᠭᠡᠯᠡᠬᠦ  ᠪᠠᠷ ᠪᠣᠯᠣᠭᠰᠠᠨ ᠲᠤᠯᠠ ︽ᠠᠮᠠᠪᠴᠢ ᠪᠠᠨ ᠵᠡᠭᠦᠵᠦ ︾ ᠂ ︽ᠲᠤᠯᠢᠨ ᠤ ᠡᠮᠥᠨ᠎ᠡ ︾  ᠲᠥᠪ ᠵᠣᠭᠰᠣᠭᠠᠳ᠄ ︽ᠪᠢ ᠲᠠᠨ ᠠᠴᠠ ᠲᠥᠷᠪᠡᠨ ᠮᠢᠩᠭᠠᠨ ᠵᠣᠭᠤᠰ ᠵᠢᠭᠡᠯᠡᠶ᠎ᠡ︕ ︾ ᠭᠡᠵᠦ  ᠬᠡᠳᠥᠡᠳᠡ ᠪᠣᠯᠪᠠᠰᠤᠷᠠᠵᠤ ᠬᠡᠯᠡᠬᠦ ᠦᠭᠡ ᠪᠠᠨ ᠨᠢᠭᠡᠳᠭᠡᠵᠤ  ᠠᠪᠤᠭᠠᠳ ᠶᠠᠭ ᠭᠡᠷ ᠠᠴᠠ ᠪᠠᠨ ᠭᠠᠷᠬᠤ ᠭᠡᠵᠦ ᠪᠠᠶᠢᠳᠠᠯ᠎ᠠ᠂ ᠭᠡᠨᠡᠳᠲᠡ  ᠡᠮᠥᠨ᠎ᠡ ᠲᠤᠭᠤᠷᠢᠭ ᠤᠨ ᠥᠵᠥᠮᠪᠠᠯ  ᠪᠥᠰᠡᠬᠦᠢ  ᠴᠠᠬᠢᠯᠭᠠᠨ ᠮᠤᠲ᠋ᠤᠷ  ᠢᠶᠠᠷ ᠢᠶᠠᠨ  ᠶᠠᠭᠠᠷᠠᠯᠲᠠᠶᠢᠬᠠᠨ ᠢᠷᠡᠭᠡᠳ ᠄ ︽ᠠᠬ᠎ᠠ᠂ ᠪᠡᠷᠭᠡᠨ ᠲᠠᠨᠤᠰ ᠭᠠᠳᠠᠭᠰᠢ ᠪᠠᠨ ᠶᠠᠪᠤᠬᠤ ᠭᠡᠵᠦ ᠪᠠᠶᠢᠬᠤ ᠶᠤᠮ ᠦᠦ︖ ᠵᠠ᠂  ᠴᠣᠬᠤᠮ  ᠤᠳᠠᠭᠠᠯ᠎ᠠ᠂ ᠴᠣᠬᠤᠮ ᠮᠠᠭᠤᠬᠠᠢ ᠪᠣᠯᠣᠯ᠎ᠠ᠃  ᠲᠡᠷᠡ ᠵᠢᠯ  ᠤᠨ ᠡᠪᠥᠯ  ᠲᠠᠨ ᠤ ᠬᠢ ᠨᠢᠭᠡ ᠦᠬᠡᠷ ᠤᠨᠠᠭᠠᠳᠠᠭ ᠪᠢᠯᠡ᠃  ᠪᠢ ᠨᠢᠭᠡ ᠪᠥᠯᠥᠭ ᠦᠬᠡᠷ ᠤᠨ ᠮᠢᠬ᠎ᠠ ᠪᠣᠯᠣᠨ ᠲᠤᠯᠤᠭᠠᠢ᠂ ᠰᠢᠬᠢᠷ᠎ᠠ᠂ ᠲᠤᠲᠤᠷ ᠵᠢᠮᠰᠡ ᠶᠢ ᠨᠢ  ᠪᠥᠷᠢ ᠠᠪᠤᠭᠠᠳ  ᠨᠢᠭᠡ ᠮᠢᠩᠭᠠᠨ ᠵᠣᠭᠤᠰ ᠢ  ᠴᠢᠨᠢ ᠬᠡᠳᠦᠨ ᠡᠳᠥᠷ ᠠᠴᠠ ᠠᠪᠴᠢᠷᠠᠵᠤ ᠥᠭᠭᠦᠨ᠎ᠡ ᠭᠡᠵᠦ  ᠬᠡᠯᠡᠴᠢᠭᠡᠳ  ᠰᠡᠭᠦᠯᠡᠷ ᠨᠢ ᠨᠢᠭᠡᠮᠥᠰᠦᠨ ᠮᠠᠷᠲᠠᠴᠢᠬᠠᠵᠠᠢ ᠃  ᠥᠨᠥᠳᠥᠷ ᠭᠡᠨᠡᠳᠲᠡ ᠰᠠᠨᠠᠭᠠᠨ ᠳᠤ ᠤᠷᠤᠭᠰᠠᠨ ᠲᠤᠯᠠ ᠭᠥᠷᠭᠡᠵᠦ ᠢᠷᠡᠯ᠎ᠡ ᠰᠢᠦ︾ ᠭᠡᠳ ᠮᠢᠩᠭᠠᠨ ᠵᠣᠭᠤᠰ ᠢᠶᠠᠨ ᠭᠠᠷᠭᠠᠵᠤ  ᠥᠭᠭᠦᠭᠰᠡᠨ ᠳᠤ  ᠮᠡᠷᠭᠡᠨᠪᠠᠲᠤ  ᠬᠠᠷᠢᠭᠤ ᠳᠤ  ᠨᠢ᠄ ︽ᠮᠠᠷᠲᠠᠴᠢᠬᠠᠨ᠎ᠠ ᠭᠡᠭᠴᠢ ᠨᠢ  ᠪᠠᠰᠠ ᠴᠦ  ᠰᠠᠶᠢᠬᠠᠨ︾  ᠭᠡᠵᠦ  ᠢᠨᠢᠶᠡᠮᠰᠥᠭᠯᠡᠨ ᠬᠡᠯᠡᠪᠡ ᠃     ᠲᠡᠳᠡ ᠬᠤᠶᠠᠷ ᠶᠠᠭ ᠭᠥᠳᠡᠯᠭᠦ ᠬᠡᠵᠦ ᠪᠠᠶᠢᠲᠠᠯ᠎ᠠ ᠠᠷᠣ ᠳᠤ ᠨᠢ ︽ᠳ᠋ᠢᠳ︕︾ ᠭᠡᠵᠦ ᠲᠡᠷᠭᠡᠨ ᠯᠠᠪᠠ ᠲᠤᠤᠭᠠᠷᠪᠠ᠃ ᠭᠡᠨᠡᠳᠲᠡ ᠡᠯᠡᠰᠦᠲᠦ ᠭᠠᠴᠠᠭᠠᠨ ᠤ ᠬᠠᠷᠠᠪᠠᠷᠰ ᠲᠡᠷᠭᠡᠨ ᠠᠴᠠ ᠪᠠᠨ ᠪᠠᠭᠤᠵᠤ ᠢᠷᠡᠭᠡᠳ᠄ ︽ᠦᠢ᠂  ᠮᠡᠷᠭᠡᠨᠪᠠᠲᠤ  ᠠᠬ᠎ᠠ  ᠡ ᠂ ᠲᠡᠷᠡ ᠵᠢᠯ ᠤᠨ ᠬᠠᠪᠤᠷ ᠪᠢ ︿ᠲᠡᠷᠢᠶᠡᠨ ᠤ ᠥᠷ᠎ᠡ﹀᠂ ︿ᠬᠢᠮᠢ ᠶᠢᠨ ᠪᠤᠷᠳᠤᠭᠤᠷ﹀ ᠠᠪᠤᠨ᠎ᠠ ᠭᠡᠳ ᠵᠣᠭᠤᠰ ᠭᠥᠷᠭᠦ ᠦᠭᠡᠢ ᠰᠥᠷᠡᠬᠡᠢ ᠮᠣᠬᠤᠷᠳᠠᠵᠤ ᠬᠤᠰᠢᠭᠤᠨ ᠳᠤ ᠣᠴᠢᠪᠠᠯ ᠤᠬᠠᠭᠠᠨ ᠪᠠᠶᠢᠳᠠᠭ ᠴᠦ ᠪᠢᠯᠢᠦ︖  ᠭᠡᠮᠡᠨ ︿ᠭᠤᠷᠪᠠᠨ ᠭᠥᠷᠳᠥᠳᠥ ᠲᠷᠠᠺᠲ᠋ᠤᠷ﹀  ᠢᠶᠠᠨ ᠴᠢᠨᠡᠭᠡ  ᠮᠡᠳᠡᠨ ᠪᠠᠭᠠᠬᠢᠭᠤᠯᠵᠤ ᠪᠠᠶᠢᠲᠠᠯ᠎ᠠ  ︿ᠵᠠᠰᠠᠮᠠᠯ ᠵᠠᠮ ᠤᠨ ᠭᠤᠴᠢᠨ ᠲᠠᠪᠤᠳᠤᠭᠠᠷ ᠺᠢᠯᠥᠮᠧᠲᠷ﹀ ᠲᠤ ᠲᠠᠨ ᠤ ᠪᠠᠶᠢᠭᠤᠯᠤᠯᠭ᠎ᠠ ᠶᠢᠨ ᠬᠢᠨ ᠶᠠᠭ  ᠰᠠᠶᠢᠬᠠᠨ ᠴᠡᠪᠡᠷᠯᠡᠭᠡ ᠬᠢᠵᠦ ᠪᠠᠶᠢᠬᠤ ᠲᠠᠢ ᠲᠠᠭᠠᠷᠠᠯᠲᠤᠵᠤ  ᠲᠠᠨ ᠳᠤ ︿ᠵᠣᠪᠠᠯᠠᠩ ᠢᠶᠠᠨ ᠲᠣᠭᠠᠴᠠᠭᠰᠠᠨ ﹀ ᠳᠤ ᠲᠠ ᠨᠠᠳᠠ ᠨᠢᠭᠡ ᠮᠢᠩᠭᠠᠨ ᠲᠥᠭᠦᠷᠢᠭ  ᠵᠢᠭᠡᠯᠡᠵᠦ ᠥᠭᠭᠦᠭᠰᠡᠨ ᠶᠤᠮ᠃  ᠲᠡᠷᠡ ᠬᠡᠮ ᠳᠡᠭᠡᠨ ᠪᠢ ᠨᠢᠭᠡᠮᠥᠰᠦᠨ ᠮᠠᠷᠲᠠᠴᠢᠬᠠᠵᠠᠢ᠃  ᠪᠢ ᠲᠠᠨ ᠤ ᠨᠢᠭᠡ  ᠮᠢᠩᠭᠠᠨ ᠵᠣᠭᠤᠰ ᠢ ᠣᠳᠤ  ᠭᠥᠷᠭᠡᠵᠦ ᠢᠷᠡᠯ᠎ᠡ ︾  ᠭᠡᠳ ᠨᠢᠭᠡ  ᠮᠢᠩᠭᠠᠨ ᠵᠤᠭᠤᠰ ᠢᠶᠠᠨ ᠭᠠᠷᠳᠠᠭᠤᠯᠤᠭᠤᠰᠠᠨ ᠳᠤ ᠮᠡᠷᠬᠡᠨᠪᠠᠳᠤ  ᠬᠠᠷᠢᠭᠤ ᠳᠤ  ᠨᠢ᠄ ︽ᠮᠠᠷᠲᠠᠴᠢᠬᠠᠨ᠎ᠠ ᠭᠡᠭᠴᠢ ᠨᠢ  ᠪᠠᠰᠠ ᠴᠦ  ᠰᠠᠶᠢᠬᠠᠨ︾  ᠭᠡᠵᠦ ᠢᠨᠢᠶᠡᠮᠰᠥᠭᠯᠡᠨ ᠬᠡᠯᠡᠪᠡ ᠃      ᠲᠡᠳᠡ ᠬᠤᠶᠠᠷ ᠶᠠᠭ ᠭᠥᠳᠡᠯᠭᠦ ᠬᠡᠵᠦ ᠪᠠᠶᠢᠲᠠᠯ᠎ᠠ ᠭᠡᠨᠡᠳᠲᠡ ᠰᠢᠷᠠᠲᠤᠯᠤᠭᠠᠢ ᠭᠠᠴᠠᠭᠠᠨ  ᠤ ᠪᠠᠲᠤᠬᠦᠥ ᠄ ︽ᠮᠡᠷᠭᠡᠨᠪᠠᠲᠤ ᠠᠬ᠎ᠠ ᠡ᠂ ᠲᠡᠷᠡ ᠵᠢᠯ ᠤᠨ ᠡᠪᠥᠯ  ᠤᠨ ᠬᠢᠷᠠᠮᠠᠭ ᠴᠠᠰᠤ ᠲᠠᠢ ᠰᠥᠨᠢ ᠮᠢᠨᠥ ᠲᠡᠷᠬᠡ ᠨᠠᠷᠢᠨ ᠲᠣᠬᠤᠢ ᠶᠢᠨ ᠵᠠᠮ ᠳᠤ ᠡᠪᠳᠡᠷᠡᠴᠢᠭᠡᠭᠡᠳ ᠨᠠᠭᠠᠰᠢ ᠴᠦ ᠦᠭᠡᠢ᠂ ᠴᠠᠭᠠᠰᠢ ᠴᠦ ᠦᠭᠡᠢ ᠪᠣᠯᠴᠢᠬᠠᠪᠠ᠃ ᠪᠢ ᠶᠡᠭᠡ ᠲᠡᠷᠭᠡ ᠭᠥᠯᠥᠰᠥᠯᠡᠨ ᠬᠤᠰᠢᠭᠤᠨ ᠳᠤ ᠬᠥᠷᠭᠡᠭᠦᠯᠥᠶ᠎ᠡ ᠬᠡᠭᠦᠯᠡᠷ ᠲᠡᠷᠭᠡᠨ  ᠵᠢᠯᠣᠭᠤᠴᠢ ᠨᠢ ᠨᠠᠳᠠ ᠠᠴᠠ ︿ᠬᠤᠶᠠᠷ ᠮᠢᠩᠭᠠᠨ ᠵᠣᠭᠤᠰ ᠠᠪᠤᠨ᠎ᠠ﹀ ᠭᠡᠰᠡᠨ ᠳᠤ  ᠪᠢ ᠵᠣᠭᠤᠰ ᠦᠭᠡᠢ ᠰᠠᠠᠲᠤᠷᠴᠦ ᠪᠠᠶᠢᠲᠠᠯ᠎ᠠ  ᠬᠠᠷᠢᠨ ᠮᠡᠷᠬᠡᠨᠪᠠᠳᠤ ᠠᠬ᠎ᠠ ᠲᠠ ᠲᠡᠷᠡ ᠰᠦᠨᠢ  ᠨᠠᠷᠢᠨ ᠲᠣᠬᠤᠢ ᠪᠠᠷ  ᠥᠩᠭᠡᠷᠡᠭᠦ ᠲᠠᠢ ᠲᠠᠭᠠᠷᠠᠯᠲᠤᠭᠠᠳ ᠲᠠᠨ ᠠᠴᠠ ᠪᠢ  ᠨᠢᠭᠡ  ᠮᠢᠩᠭᠠᠨ ᠲᠠᠪᠤᠨ ᠵᠠᠭᠤᠨ  ᠵᠣᠭᠤᠰ  ᠵᠢᠭᠡᠯᠡᠳᠡᠭ  ᠪᠢᠯᠡ ᠃ ᠲᠡᠷᠡ ᠬᠡᠮ ᠳᠡᠭᠡᠨ ᠪᠢ ᠨᠢᠭᠡᠮᠥᠰᠦᠨ ᠮᠠᠷᠲᠠᠴᠢᠬᠠᠵᠠᠢ︾  ᠭᠡᠳ  ᠨᠢᠭᠡ  ᠮᠢᠩᠭᠠᠨ ᠲᠠᠪᠤᠨ ᠵᠤᠭᠤᠰ ᠢᠶᠠᠨ ᠭᠠᠷᠳᠠᠭᠤᠯᠤᠭᠰᠠᠨ  ᠳᠤ  ᠮᠡᠷᠭᠡᠨᠪᠠᠲᠤ  ᠬᠠᠷᠢᠭᠤ ᠳᠤ ᠨᠢ ᠄ ︽ᠮᠠᠷᠲᠠᠴᠢᠬᠠᠨ᠎ᠠ ᠭᠡᠭᠴᠢ ᠨᠢ  ᠪᠠᠰᠠ ᠴᠦ  ᠰᠠᠶᠢᠬᠠᠨ︾ ᠭᠡᠵᠦ ᠢᠨᠢᠶᠡᠮᠰᠥᠭᠯᠡᠪᠡ᠃     ᠮᠢᠳᠤᠭᠮ᠎ᠠ᠂ ᠮᠡᠷᠭᠡᠨᠪᠠᠲᠤ ᠬᠤᠶᠠᠷ ᠰᠠᠨᠠᠭᠠᠨ ᠳᠤ ᠦᠭᠡᠢ ᠶᠡᠭᠡ ᠵᠣᠭᠤᠰ ᠲᠠᠢ ᠪᠣᠯᠴᠢᠬᠠᠭᠰᠠᠨ ᠲᠤᠯᠠ  ᠮᠠᠰᠢ  ᠪᠠᠶᠠᠷᠲᠠᠢ  ᠪᠠᠷ  ᠬᠤᠷᠢᠮ ᠳᠤ ᠶᠠᠪᠤᠬᠤ  ᠪᠠᠷ ᠪᠣᠯᠪᠠ᠃  ᠮᠢᠳᠤᠭᠮ᠎ᠠ᠄ ︽ᠴᠢ ᠴᠠᠬᠢᠯᠭᠠᠨ ᠳᠡᠪᠢᠰᠭᠡᠷ ᠤᠨ ᠢᠶᠠᠨ ᠤᠲᠠᠰᠤ ᠶᠢ ᠨᠢ ᠰᠠᠯᠭᠠᠭᠰᠠᠨ  ᠦᠦ︖ ᠦᠭᠡᠢ ᠦᠦ︖ ᠬᠡᠳᠦᠨ ᠡᠳᠥᠷ ᠶᠠᠪᠤᠭᠠᠳ ᠢᠷᠡᠭᠦ ᠳᠤ ᠭᠡᠷ  ᠮᠢᠨᠢ ᠰᠢᠲᠠᠴᠢᠬᠠᠭᠰᠠᠨ ᠪᠠᠶᠢᠪᠠᠯ ᠴᠣᠬᠤᠮ ᠲᠥᠭᠦᠷᠥᠭᠰᠡᠨ ᠬᠡᠷᠡᠭ ᠪᠣᠯᠬᠤ᠃ ᠡᠶᠢᠮᠦ ᠤᠴᠢᠷ ᠭᠠᠷᠴᠣ  ᠪᠠᠶᠢᠨ᠎ᠠ ᠭᠡᠵᠦ ᠲᠧᠯᠸᠢᠰ ᠳᠡᠭᠡᠷ᠎ᠡ ᠥᠵᠡᠬᠦᠯᠵᠦ ᠪᠠᠶᠢᠭᠰᠠᠨ  ᠰᠢᠳᠡ᠃ ᠴᠢᠨᠥ ᠴᠠᠬᠢᠯᠭᠠᠨ ᠳᠡᠪᠢᠰᠭᠡᠷ ᠤᠨ ᠤᠲᠠᠰᠣᠨ ᠤ ︿ᠵᠠᠯᠭᠠᠭᠤᠷ﹀ ᠨᠢ ᠬᠠᠮᠢᠭᠠᠭᠤᠷ ᠨᠢ ᠪᠠᠶᠢᠳᠠᠭ ᠪᠢᠯᠡ︾ ᠭᠡᠳ ᠡᠷ᠎ᠡ ᠶᠢᠨ ᠢᠶᠠᠨ ᠳᠡᠪᠢᠰᠬᠡᠷ ᠲᠤᠤᠭᠤᠷ ᠭᠠᠷ ᠢᠶᠠᠨ ᠰᠢᠷᠭᠤᠯᠠᠵᠤ ᠲᠡᠮᠲᠡᠷᠢᠵᠦ ᠪᠠᠶᠢᠭᠰᠠᠨ ᠢᠶᠠᠨ ᠭᠡᠨᠡᠳᠲᠠ ᠭᠠᠶᠢᠬᠠᠨ ᠰᠣᠴᠢᠵᠤ᠄ ︽ᠮᠡᠷᠭᠡᠨᠪᠠᠲᠤ  ᠡ᠂  ᠡᠨᠡ ᠶᠠᠭᠠᠬᠢᠭᠰᠠᠨ ᠵᠤᠭᠤᠰ ᠪᠤᠢ︖  ᠡᠨᠡ᠂  ᠡᠨᠡ ᠂  ᠡᠨᠡ︾ ᠭᠡᠳ  ᠭᠤᠷᠪᠠᠨ ᠠᠳᠬᠤ ᠵᠤᠭᠤᠰ  ᠭᠠᠷᠭᠠᠨ ᠠᠪᠴᠦ ᠲᠤᠭᠠᠯᠠᠭᠠᠳ᠄ ︽ᠵᠠ᠂  ᠲᠠᠪᠤᠨ ᠮᠢᠩᠭᠠᠨ ᠵᠣᠭᠤᠰ ᠪᠠᠶᠢᠨ᠎ᠠ᠃ ᠡᠨᠡ ᠶᠠᠭᠠᠬᠢᠭᠰᠠᠨ ᠵᠣᠭᠤᠰ ᠪᠣᠯᠴᠢᠬᠠᠪᠠ︖︾ ᠭᠡᠪᠡᠯ᠂  ᠮᠡᠷᠭᠡᠨᠪᠠᠲᠤ᠄ ︽ᠥ᠂  ᠤᠷᠵᠢᠨᠣᠨ ᠡᠪᠥᠯ ᠬᠤᠶᠠᠭᠤᠯᠠ ᠵᠡᠬᠡᠯᠢ ᠠᠴᠠ ᠥᠭᠦᠴᠡ ᠲᠥᠭᠦᠭᠡᠷᠭᠦ ᠬᠡᠵᠦ  ᠪᠠᠶᠢᠳᠠᠯ᠎ᠠ ᠮᠢᠨᠥ ᠠᠴᠢ ᠬᠥᠥ ᠂  ᠮᠢᠨᠥ ᠵᠢᠭᠡ  ᠢᠷᠡᠭᠡᠳ  ᠬᠤᠶᠠᠭᠤᠯᠠ ᠳᠤ ᠬᠤᠶᠠᠷ ᠬᠤᠶᠠᠷ ᠬᠤᠨᠢ ᠭᠥᠷᠭᠡᠵᠦ ᠥᠭᠭᠦᠭᠰᠡᠨ  ᠪᠣᠯᠬᠤᠷ ᠲᠡᠷᠡ ᠵᠣᠭᠤᠰ ᠢ ᠵᠠᠷᠤᠭᠰᠠᠨ ᠦᠭᠡᠢ ᠬᠡᠪ ᠢᠶᠠᠷ ᠨᠢ  ᠲᠡᠡᠳᠡ  ᠳᠠᠷᠤᠴᠢᠬᠠᠭᠰᠠᠨ ᠪᠠᠶᠢᠵᠠᠢ ᠰᠢᠦ ᠃ ᠮᠠᠷᠲᠠᠴᠢᠬᠠᠨ᠎ᠠ ᠭᠡᠭᠴᠢ ᠨᠢ  ᠪᠠᠰᠠ ᠴᠦ  ᠰᠠᠶᠢᠬᠠᠨ︾ ᠭᠡᠪᠡᠯ᠂ ᠮᠢᠳᠤᠭᠮ᠎ᠠ  ᠬᠢᠵᠠᠭᠠᠷ ᠦᠭᠡᠢ ᠪᠠᠶᠠᠰᠤᠨ ᠭᠥᠭᠰᠡᠵᠦ᠄ ︽  ᠵᠠ᠂ ᠣᠳᠤ ᠴᠦ ᠴᠣᠬᠤᠮ ᠭᠥᠯᠬᠦᠶᠢᠲᠡᠯ᠎ᠡ ᠰᠠᠭᠤᠵᠤ ᠬᠤᠷᠢᠮ ᠢᠳᠡᠬᠦ ᠳᠡᠭᠡᠷ᠎ᠡ ᠲᠤᠯᠴᠢᠬᠠᠯ᠎ᠠ︾ ᠭᠡᠳ ᠡᠮᠥᠰᠥᠭᠡᠳᠦᠢ ᠤᠳᠠᠭᠰᠠᠨ ᠨᠤᠭᠤᠭᠠᠨ ᠨᠢᠽᠠᠨ ᠳ᠋ᠠᠴᠠᠩ ᠢᠶᠠᠨ  ᠭᠠᠷᠭᠠᠵᠤ  ᠡᠮᠤᠰᠴᠢᠬᠡᠬᠡᠤᠨ ᠲᠣᠯᠢᠨ ᠳᠤ ᠵᠢᠰᠦ ᠪᠠᠨ  ᠦᠵᠡᠨ ᠵᠣᠭᠰᠤᠵᠤ ᠪᠠᠶᠢᠭᠰᠠᠨ ᠢᠶᠠᠨ ᠭᠡᠨᠡᠳᠲᠡ ᠳᠠᠭᠤ  ᠲᠠᠯᠪᠢᠨ᠄ ︽ᠦᠢ᠂  ᠡᠨᠡ ᠶᠠᠭᠠᠬᠢᠭᠰᠠᠨ ᠵᠣᠭᠤᠰ ᠪᠣᠯᠴᠢᠬᠠᠪᠠ︖︾ ᠭᠡᠵᠦ ᠳ᠋ᠠᠴᠠᠩ ᠤᠨ ᠬᠠᠷᠮᠠᠨ ᠠᠴᠠ  ᠪᠠᠨ  ᠨᠢᠭᠡ ᠮᠢᠩᠭᠠᠨ ᠵᠤᠭᠤᠰ  ᠮᠠᠯᠲᠠᠨ  ᠭᠠᠷᠭᠠᠴᠢᠬᠠᠪᠠ᠃ ᠮᠢᠳᠤᠭᠮ᠎ᠠ ᠤᠳᠠᠲᠠᠯ᠎ᠠ ᠪᠣᠳᠣᠭᠰᠠᠨ ᠢᠶᠠᠨ᠄ ︽ᠦᠢ᠂  ᠨᠢᠳᠤᠨᠤᠨ  ᠴᠠᠭᠠᠨ ᠰᠠᠷ᠎ᠠ  ᠮᠠᠨ ᠤ  ᠳᠤ ᠢᠷᠡᠭᠰᠡᠨ ᠠᠪᠠᠭ᠎ᠠ ᠨᠠᠷ ᠨᠢ ᠂ ᠨᠠᠭᠠᠴᠤ ᠨᠠᠷ  ᠨᠢ  ᠮᠢᠨᠥ ᠣᠮᠪᠣᠯ ᠳᠤ ᠥᠭᠭᠦᠭᠰᠡᠨ ᠭᠠᠷ ᠤᠨ ᠪᠡᠯᠡᠭ ᠪᠠᠶᠢᠨ᠎ᠠ ᠰᠢᠦ᠃ ᠪᠢ ᠣᠮᠪᠣᠯ ᠤᠨ ᠢᠶᠠᠨ ᠭᠠᠷ ᠠᠴᠠ ᠠᠪᠴᠤ  ︿ᠡᠵᠢ ᠨᠢ ᠴᠢᠮ᠎ᠠ ᠳᠤ ᠬᠤᠷᠢᠶᠠᠵᠤ  ᠪᠠᠶᠢᠶ᠎ᠡ﹀ ᠭᠡᠳ ᠨᠢᠭᠡᠮᠥᠰᠥᠨ ᠬᠤᠷᠢᠶᠠᠴᠢᠬᠠᠭᠰᠠᠨ ᠨᠢ ᠡᠨᠡ ᠪᠠᠶᠢᠨ᠎ᠠ ᠰᠢᠦ︾ ᠭᠡᠪᠡᠯ᠂ ᠮᠡᠷᠭᠡᠨᠪᠠᠲᠤ ᠬᠠᠷᠢᠭᠤ  ᠳᠤ  ᠨᠢ ᠄ ︽︿ᠠᠶᠢᠯ ᠠᠴᠠ ᠡᠷᠢᠬᠦ ᠠᠴᠠ ᠠᠪᠳᠠᠷ᠎ᠠ ᠠᠴᠠ ᠪᠠᠨ ᠡᠷᠢ﹀  ᠭᠡᠳᠡᠭ ᠶᠤᠮ᠃  ᠮᠠᠷᠲᠠᠴᠢᠬᠠᠨ᠎ᠠ ᠭᠡᠭᠴᠢ  ᠨᠢ  ᠪᠠᠰᠠ ᠴᠦ  ᠰᠠᠶᠢᠬᠠᠨ︾ ᠭᠡᠪᠡ᠃       ᠮᠡᠷᠭᠡᠨᠪᠠᠲᠤ ᠂ ᠮᠢᠳᠤᠭᠮ᠎ᠠ ᠬᠤᠶᠠᠭᠤᠯᠠ ︽ᠶᠣᠸᠠᠨ ᠹᠧᠩ ᠲᠣᠮᠣ ᠬᠤᠳᠠᠯᠳᠤᠭ᠎ᠠ︾  ᠳᠤ ᠣᠴᠢᠭᠠᠳ ᠡᠯᠪᠡᠭ ᠲᠡᠯᠪᠡᠭ  ︽ᠲᠡᠭᠡᠵᠢ ᠪᠡᠯᠡᠭ︾  ᠢᠶᠠᠨ ᠪᠠᠵᠠᠭᠠᠵᠤ  ᠠᠪᠤᠭᠠᠳ ᠬᠤᠷᠢᠮ ᠳᠤ ᠮᠣᠷᠳᠠᠯ᠎ᠠ᠃  ᠲᠡᠳᠡ ᠬᠤᠶᠠᠭᠤᠯᠠ ᠵᠣᠭᠤᠰ ᠲᠠᠢ ᠪᠣᠯᠴᠢᠬᠠᠭᠰᠠᠨ  ᠳᠤ  ᠪᠠᠨ  ᠥᠩᠭᠡ ᠵᠢᠯᠭ᠎ᠠ ᠨᠢ  ᠤᠯᠠᠮ ᠨᠡᠮᠡᠭᠳᠡᠨ ᠂ ᠴᠤᠭ ᠵᠢᠪᠬᠤᠭ᠎ᠠ ᠨᠢ ᠤᠯᠠᠮ  ᠪᠠᠳᠠᠷᠠᠵᠤ᠂ ᠪᠠᠶᠠᠷ ᠬᠦᠷ ᠲᠠᠢ  ᠲᠠᠪᠬᠢᠭᠤᠯᠵᠤ ︽ᠮᠠᠷᠲᠠᠴᠢᠬᠠᠨ᠎ᠠ ᠭᠡᠭᠴᠢ ᠨᠢ ᠪᠠᠰᠠ ᠴᠦ  ᠰᠠᠶᠢᠬᠠᠨ︾  ᠪᠠᠶᠢᠳᠠᠭ ᠤᠨ ᠲᠤᠬᠠᠢ ᠠᠯᠢ ᠣᠯᠠᠨ ᠭᠠᠶᠢᠬᠠᠮᠰᠢᠭᠲᠤ ᠲᠣᠬᠢᠶᠠᠯᠲᠤᠯ  ᠪᠥᠬᠦᠨ ᠢᠶᠠᠨ ᠰᠣᠨᠢᠷᠬᠠᠯ ᠲᠠᠢ ᠵᠣᠭᠤᠭᠳᠠᠨ ᠶᠠᠪᠤᠬᠤ ᠵᠠᠭᠤᠷ᠎ᠠ   ᠮᠡᠷᠬᠡᠨᠪᠠᠲᠤ ᠄  ︽ᠠᠶ᠎ᠡ ᠂  ᠮᠠᠷᠲᠠᠴᠢᠬᠠᠨ᠎ᠠ ᠭᠡᠭᠴᠢ ᠨᠢ ᠪᠠᠰᠠ ᠴᠦ  ᠰᠠᠶᠢᠬᠠᠨ︾  ᠭᠡᠵᠦ ᠲᠠᠪᠲᠠᠵᠤ ᠶᠠᠷᠢᠪᠠᠯ ᠂ ᠮᠢᠳᠤᠭᠮ᠎ᠠ ᠢᠨᠢᠶᠡᠮᠰᠥᠭᠯᠡᠨ ᠄ ︽ᠲᠡᠶᠢᠮᠦ ᠡ ᠂ ᠮᠠᠷᠲᠠᠴᠢᠬᠠᠨ᠎ᠠ ᠭᠡᠭᠴᠢ ᠨᠢ  ᠥᠨᠡᠭᠡᠷ  ᠴᠦ ᠰᠠᠶᠢᠬᠠᠨ︾ ᠭᠡᠵᠦ  ᠨᠡᠮᠡᠵᠦ  ᠬᠡᠯᠡᠬᠡᠳ ᠵᠢᠭᠡ  ᠬᠥᠥ  ᠶᠢᠨ ᠢᠶᠠᠨ ᠬᠤᠷᠢᠮ  ᠢ ᠢᠳᠡᠬᠦ ᠪᠠᠷ ᠪᠠᠶᠠᠷ ᠲᠠᠢ ᠲᠤᠪᠲᠤᠯᠭᠠᠨ᠎ᠠ ᠂᠂᠂᠂
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ ᠎ᠡ