ᠲᠠᠯ᠎ᠠ ᠨᠤᠲᠤᠭ ᠤᠨ ᠠᠯᠠᠭᠠᠳᠠᠬᠤ ᠪᠥᠮᠪᠦᠭᠡ ᠪᠠᠨ ᠲᠤᠭᠯᠠᠵᠤ ᠬᠥᠭᠵᠢᠯ ᠬᠤᠷᠤᠶᠢᠯᠠᠭᠰᠠᠨ ᠪᠠᠶᠠᠰᠤᠯᠲᠤ ᠨᠠᠭᠠᠳᠤᠮ ᠢᠶᠠᠨ ᠤᠭᠲᠤᠯ᠎ᠠ
ᠨᠡᠶᠢᠲᠡᠯᠡᠭᠰᠡᠨ ᠴᠠᠭ᠄
2024/8/11
     8 ᠰᠠᠷ᠎ᠠ ᠶᠢᠨ10 ᠤ ᠡᠳᠤᠷ᠂ ᠤᠷᠳᠤᠰ ᠤᠨ ᠲᠠᠯ᠎ᠠ ᠨᠤᠲᠤᠭ ᠤᠨ ᠠᠯᠠᠭᠠᠳᠠᠬᠤ ᠪᠦᠮᠪᠦᠭᠡ ᠶᠢᠨ ︽ᠤᠨᠴᠠᠯᠢᠭᠳᠤ ᠭᠠᠷᠠᠭ ᠤᠨ ᠵᠢᠷᠭᠤᠭᠠᠨ︾ ᠤ ᠤᠷᠣᠯᠳᠤᠭᠠᠨ ᠪᠤᠯᠵᠤᠭ᠎ᠠ ᠶᠤᠰᠤᠭᠠᠷ ᠶᠠᠪᠤᠭᠳᠠᠬᠤ ᠳᠤ ︽ᠭᠠᠷᠮᠠᠭᠠᠶᠢᠯᠠᠨ ᠲᠠᠪᠰᠢᠭᠰᠠᠨ ᠡᠮᠤᠨᠡᠲᠤ ᠤᠲᠤᠭ᠂ ᠬᠦᠭᠵᠢᠯ ᠬᠤᠷᠤᠶᠢᠯᠠᠭᠰᠠᠨ ᠪᠠᠶᠠᠰᠤᠯᠲᠤ ᠨᠠᠭᠠᠳᠤᠮ︾  ᠤᠨ ᠰᠢᠷᠢᠰ ᠠᠵᠢᠯᠯᠠᠭ᠎ᠠ ᠴᠤ ᠴᠠᠬᠢᠷᠮ᠎ᠠ ᠴᠡᠴᠡᠭ ᠠᠭᠤᠳᠠᠮ ᠲᠠᠯᠠᠪᠠᠢ ᠳᠤ ᠡᠬᠢᠯᠡᠪᠡ᠃ ᠡᠨᠡ ᠬᠦ ᠤᠷᠭᠢᠯᠤᠮ᠎ᠠ ᠰᠡᠳᠭᠢᠯᠭᠡ ᠪᠠ ᠬᠦᠰᠡᠯ ᠵᠡᠭᠦᠳᠤ ᠪᠠᠷ ᠪᠢᠯᠬᠠᠭᠰᠠᠨ ᠨᠠᠢᠮᠠᠨ ᠰᠠᠷ᠎ᠠ ᠳᠤ᠂ ᠤᠯᠠᠨ ᠢᠶᠠᠷ ᠢᠶᠠᠨ ︽ᠤᠷᠳᠤᠰ ᠤᠨ ᠲᠠᠯ᠎ᠠ ᠨᠤᠲᠤᠭ ᠤᠨ ᠠᠯᠠᠭᠠᠳᠠᠬᠤ ᠪᠥᠮᠪᠦᠭᠡ ᠶᠢᠨ ᠡᠭᠦᠰᠤᠯᠳᠡ ᠶᠢᠨ ᠭᠠᠵᠠᠷ ᠪᠤᠯᠤᠭᠰᠠᠨ ᠭᠠᠷᠮᠠᠭᠠᠶᠢᠯᠠᠨ ᠲᠠᠪᠰᠢᠭᠰᠠᠨ ᠡᠮᠤᠨᠡᠳᠤ ᠤᠳᠤᠭ︾ ᠲᠤ ᠴᠤᠭᠯᠠᠷᠠᠵᠤ᠂ ᠥᠪᠡᠷᠮᠢᠴᠡ ᠥᠨᠳᠦᠰᠤᠲᠡᠨ ᠤ ᠵᠠᠩ ᠤᠶᠢᠯᠡ᠂ ᠬᠤᠷᠴᠠ ᠰᠢᠷᠦᠭᠦᠨ ᠤᠷ᠎ᠠ ᠮᠡᠷᠭᠡᠵᠢᠯ ᠤᠨ ᠮᠥᠷᠤᠶᠢᠴᠡᠭᠡᠨ᠂ ᠭᠤᠶᠢᠳᠠ ᠰᠠᠶᠢᠬᠠᠨ ᠬᠠᠷᠠᠭ᠎ᠠ ᠰᠤᠨᠤᠷ ᠤᠨ ᠥᠪᠡᠳᠡᠭᠰᠢ ᠨᠠᠶᠢᠷ ᠢ ᠬᠠᠮᠲᠤ ᠪᠠᠷ ᠰᠤᠨᠢᠷᠬᠠᠭᠰᠠᠨ ᠪᠠᠶᠢᠨ᠎ᠠ᠃
1.png
2.png
     ᠦᠳᠡᠰᠢ ᠶᠢᠨ ᠲᠤᠯᠤᠩ ᠢᠶᠠᠷ ᠴᠠᠬᠢᠮ᠎ᠠ ᠴᠡᠴᠡᠭ ᠠᠭᠤᠳᠠᠮ ᠲᠠᠯᠠᠪᠠᠢ ᠳᠤ ᠦᠩᠭᠡ ᠶᠢᠨ ᠳ᠋ᠧᠩ ᠰᠤᠯᠤᠩᠭᠠᠷᠠᠨ ᠪᠠᠶᠠᠷ ᠬᠦᠷ ᠢᠶᠠᠷ ᠪᠢᠯᠬᠠᠵᠤ᠂ ︽ᠤᠨᠴᠠᠯᠢᠭᠳᠤ ᠭᠠᠷᠠᠭ ᠤᠨ ᠵᠢᠷᠭᠤᠭᠠᠨ︾ ᠤ ᠤᠷᠢᠯᠭ᠎ᠠ ᠶᠢᠨ ᠤᠷᠤᠯᠳᠤᠭᠠᠨ ᠶᠠᠨ ᠠᠨ ᠤ ︽ᠠᠨᠰᠠᠢ ᠬᠡᠩᠭᠡᠷᠭᠡ︾ ᠶᠢᠨ ᠲᠤᠭᠯᠠᠯᠲᠠ ᠪᠠᠷ ᠬᠦᠰᠢᠭᠡ ᠪᠠᠨ ᠰᠡᠬᠦᠪᠡ᠃ ᠲᠢᠶᠠᠨᠵᠢᠨ ᠤ ᠢᠳᠡᠭᠡᠨ ᠤ ᠪᠦᠯᠦᠭᠯᠡᠯ ᠤᠨ ᠡᠷᠡᠭᠳᠠᠢ ᠶᠢᠨ ᠠᠯᠠᠭᠠᠳᠠᠬᠤ ᠪᠥᠮᠪᠦᠭᠡ ᠶᠢᠨ ᠲᠥᠯᠤᠭᠡᠯᠡᠭᠴᠢᠳ ᠤᠨ ᠠᠩᠬᠢ ᠪᠤᠯᠤᠨ ᠱᠠᠩᠬᠠᠢ ᠶᠢᠨ ᠭᠤᠸᠠᠩ ᠮᠢᠩ ᠡᠷᠡᠭᠳᠠᠢ ᠶᠢᠨ ᠠᠯᠠᠭᠠᠳᠠᠬᠤ ᠪᠥᠮᠪᠦᠭᠡ ᠶᠢᠨ ᠲᠥᠯᠤᠭᠡᠯᠡᠭᠴᠢᠳ ᠤᠨ ᠠᠩᠬᠢ ᠨᠦᠬᠦᠷᠯᠡᠯ ᠤᠨ ᠤᠷᠤᠯᠳᠤᠭᠠᠨ ᠢ ᠶᠠᠪᠤᠭᠳᠠᠭᠤᠯᠵᠤ᠂ ᠤᠷᠭᠢᠯᠤᠮ᠎ᠠ ᠰᠡᠳᠭᠢᠯᠭᠡ᠂ ᠰᠢᠨᠳᠠᠷᠠᠰᠢ ᠦᠭᠡᠢ ᠵᠤᠷᠢᠭ᠂ ᠲᠡᠭᠡᠳᠤ ᠮᠡᠷᠭᠡᠵᠢᠯ᠂ ᠰᠢᠷᠤᠭᠦᠨ ᠲᠡᠮᠡᠴᠡᠯ ᠨᠢ ᠦᠵᠡᠭᠴᠢᠳ ᠤᠨ ᠪᠠᠭ᠋ᠠᠷᠬᠠᠯ ᠢ ᠲᠠᠲᠠᠭᠰᠠᠨ ᠪᠠᠶᠢᠨ᠎ᠠ᠃
3.jpg
4.jpg
6.png
8.png
9.png
10.jpg
     ᠨᠦᠬᠦᠷᠯᠡᠯ ᠤᠨ ᠤᠷᠤᠯᠳᠤᠭᠠᠨ ᠤ ᠲᠠᠷᠠᠭ᠎ᠠ᠂ ᠤᠲᠤᠭ ᠤᠨ ᠡᠮᠤᠨᠡᠳᠤ ᠬᠤᠰᠢᠭᠤᠨ ᠤ  ᠤᠯᠠᠭᠠᠨᠮᠦ᠋ᠴᠢᠷ ᠤᠨ ᠲᠤᠭᠯᠠᠭᠴᠢ ᠠᠴᠠ ︽ᠮᠠᠯᠴᠢᠳ ᠤᠨ ᠳᠠᠭᠤᠤ︾ ᠭᠡᠬᠦ ᠳᠠᠭᠤᠤ ᠪᠦᠵᠢᠭ ᠢᠶᠠᠷ ︽ᠭᠠᠷᠮᠠᠭᠠᠶᠢᠯᠠᠨ ᠲᠠᠪᠰᠢᠭᠰᠠᠨ ᠡᠮᠤᠨᠡᠳᠤ ᠤᠳᠤᠭ᠂ ᠬᠥᠭᠵᠢᠯ ᠬᠤᠷᠤᠶᠢᠯᠠᠭᠰᠠᠨ ᠪᠠᠶᠠᠰᠤᠯᠲᠤ ᠨᠠᠭᠠᠳᠤᠮ︾ ᠤᠨ ᠬᠦᠰᠢᠭᠡ ᠶᠢ ᠰᠡᠭᠦᠵᠤ᠂ ᠱᠠᠨᠪᠧᠢ ᠠᠷᠠᠳ ᠤᠨ ᠲᠠᠭᠤᠴᠢᠨ ᠡᠯ ᠴᠢᠶᠠᠩ᠂ ᠤᠶᠠᠨ ᠵᠢᠷᠭᠡᠭᠡ ᠬᠠᠮᠲᠤᠯᠢᠭ᠂ ᠠᠶᠢᠵᠠᠮ ᠨᠠᠶᠢᠷᠠᠯ ᠲᠠᠭᠤᠤ ᠶᠢᠨ ᠬᠠᠮᠳᠤᠯᠢᠭ ᠵᠡᠷᠭᠡ ᠲᠤᠭᠯᠠᠭᠴᠢᠳ ᠠᠴᠠ ︽ᠪᠠᠶᠠᠷ ᠪᠠᠶᠠᠰᠬᠤᠯᠠᠩᠳᠤ ᠨᠠᠭᠠᠳᠤᠮ︾᠂ ︽ᠤᠮᠠᠷᠠᠳᠤ ᠬᠢᠵᠠᠭᠠᠷ ᠤᠨ ᠬᠦᠭ ᠠᠶᠠᠰ︾᠃ ︽ᠡᠮᠤᠨᠡᠳᠤ ᠤᠳᠤᠭ ᠢᠶᠠᠨ ᠮᠠᠭᠲᠠᠨ ᠳᠠᠭᠤᠯᠠᠶ᠎ᠠ︾ ᠵᠡᠷᠭᠡ ᠲᠤᠭᠯᠠᠯᠲᠠ ᠶᠢ ᠰᠤᠨᠢᠷᠬᠠᠭᠤᠯᠵᠤ᠂ 300 ᠭᠠᠷᠤᠢ ᠲᠤᠭᠯᠠᠭᠴᠢᠳ ᠪᠠᠶᠠᠰᠤᠯᠳᠤ ᠳᠠᠭᠤᠤ ᠪᠦᠵᠢᠭ ᠢᠶᠠᠷ ᠢᠶᠠᠨ  ᠳᠦᠷᠪᠡᠨ ᠵᠦᠭ ᠨᠠᠢᠮᠠᠨ ᠵᠤᠪᠬᠢᠰ ᠤᠨ ᠵᠤᠴᠢᠳ ᠢᠶᠠᠨ ᠪᠠᠶᠠᠷᠯᠠᠨ ᠤᠭᠳᠤᠵᠤ᠂ ᠡᠬᠡ ᠤᠷᠤᠨ ᠨᠡᠩ ᠬᠥᠭᠵᠢᠨ ᠪᠠᠳᠠᠷᠠᠵᠤ᠂ ᠬᠤᠷ᠎ᠠ ᠪᠤᠷᠤᠭᠠᠨ ᠡᠯᠪᠡᠭᠰᠢᠵᠤ᠂ ᠮᠠᠯᠴᠢᠨ ᠲᠦᠮᠡᠨ ᠴᠢᠨᠡᠭᠡᠯᠢᠭᠵᠢᠵᠤ᠂ ᠲᠥᠷᠤ ᠲᠥᠪᠰᠢᠨ ᠲᠦᠮᠡᠨ ᠠᠮᠤᠭᠤᠯᠠᠩ ᠪᠠᠶᠢᠬᠤ ᠰᠠᠶᠢᠨ ᠰᠠᠶᠢᠬᠠᠨ ᠢᠷᠤᠭᠡᠯ ᠢᠶᠠᠨ ᠲᠡᠪᠰᠢᠭᠦᠯᠦᠭᠰᠡᠨ ᠪᠠᠶᠢᠨ᠎ᠠ᠃
12.jpg
13.jpg
14.jpg
15.jpg
16.jpg
     ᠠᠯᠳᠠᠷᠳᠤ ᠲᠠᠭᠤᠴᠢᠨ ᠬᠦᠰᠡᠯᠡᠩ ᠠᠴᠠ ︽ᠲᠠᠯ᠎ᠠ ᠨᠤᠲᠤᠭ ᠲᠤ ᠢᠷᠡᠭᠡᠰᠠᠢ︾᠂ ︽ᠮᠤᠨᠢ ᠠᠭᠤᠯᠠ︾᠂ ︽ᠬᠤᠨ ᠭᠠᠯᠠᠭᠤ︾᠂ ︽ᠨᠡᠭᠦᠳᠡᠯ ᠤᠨ ᠰᠢᠪᠠᠭᠤ︾ ᠵᠡᠷᠭᠡ ᠲᠠᠭᠤᠤ ᠶᠢ ᠤᠶᠠᠩᠭᠠᠯᠢᠭ ᠰᠠᠶᠢᠬᠠᠨ ᠬᠤᠭᠤᠯᠠᠢ ᠪᠠᠷ ᠬᠦᠮᠤᠨ ᠠᠷᠠᠳ ᠤᠨ ᠰᠡᠳᠭᠢᠯ ᠳᠤ ᠠᠮᠢᠯᠠᠭᠤᠯᠵᠤ᠂ ᠡᠯ᠎ᠡ ᠥᠨᠳᠤᠰᠤᠲᠡᠨ ᠨᠦᠭᠦᠳ ᠨᠢᠭᠡ ᠭᠡᠷ ᠤᠨ ᠬᠥᠮᠤᠨ ᠮᠡᠲᠤ ᠲᠤᠳᠤᠨᠤ ᠪᠠᠶᠢᠬᠤ ᠰᠡᠳᠭᠢᠯᠭᠡ ᠶᠢ ᠢᠯᠡᠳᠭᠡᠨ᠂ ᠥᠪᠡᠳᠡᠭᠰᠢ ᠨᠠᠶᠢᠷ ᠢ ᠤᠷᠭᠢᠯ ᠳᠤ ᠨᠢ ᠬᠦᠷᠭᠡᠭᠰᠡᠨ ᠪᠠᠶᠢᠨ᠎ᠠ᠃
17.png
19.png
20.png
24.jpg  
   ᠰᠥᠨᠢ ᠶᠢᠨ ᠬᠦᠰᠢᠭᠡ ᠪᠠᠭᠤᠬᠤ ᠳᠤ᠂ ᠵᠠᠭᠤ ᠭᠠᠷᠤᠢ ᠨᠢᠰᠬᠦ ᠮᠠᠰᠢᠨ ᠤᠭᠳᠠᠷᠭᠤᠢ ᠳᠤ ︽ᠲᠠᠯ᠎ᠠ ᠨᠤᠳᠤᠭ ᠤᠨ ᠠᠯᠠᠭᠠᠳᠠᠬᠤ ᠪᠥᠮᠪᠦᠭᠡ︾᠂ ︽ᠭᠠᠷᠮᠠᠭᠠᠶᠢᠯᠠᠨ ᠲᠠᠪᠰᠢᠭᠰᠠᠨ ᠡᠮᠤᠨᠡᠳᠤ ᠤᠳᠤᠭ᠂ ᠬᠥᠭᠵᠢᠯ ᠬᠤᠷᠤᠶᠢᠯᠠᠭᠰᠠᠨ ᠪᠠᠶᠠᠰᠤᠯᠳᠤ ᠨᠠᠭᠠᠳᠤᠮ︾ ᠵᠡᠷᠭᠡ ᠦᠰᠦᠭ ᠪᠢᠴᠢᠭ ᠪᠠ ᠡᠷ᠎ᠡ ᠶᠢᠨ ᠭᠤᠷᠪᠠᠨ ᠨᠠᠭᠠᠳᠤᠮ ᠢ ᠲᠦᠷᠰᠦᠯᠢᠭ ᠢᠯᠡᠷᠡᠭᠦᠯᠵᠤ᠂ ᠰᠢᠨᠵᠢᠯᠡᠭᠡ ᠮᠡᠷᠭᠡᠵᠢᠯ ᠪᠠ ᠤᠷᠠᠯᠢᠭ ᠢ ᠪᠦᠷᠢᠨ ᠲᠡᠭᠦᠯᠳᠡᠷ ᠤᠶᠠᠯᠳᠠᠭᠤᠯᠤᠨ ᠬᠠᠷᠠᠭᠠᠨ ᠰᠡᠷᠡᠯ ᠤᠨ ᠦᠪᠡᠳᠡᠭᠰᠢ ᠨᠠᠶᠢᠷ ᠢ ᠰᠤᠨᠢᠷᠬᠠᠭᠤᠯᠤᠯ᠎ᠠ᠃     ᠤᠶᠢᠯᠠᠭᠠᠭᠰᠠᠨ ᠢᠶᠠᠷ᠂ 8 ᠰᠠᠷ᠎ᠠ ᠶᠢᠨ 8 ᠤ ᠡᠳᠤᠷ ᠠᠴᠠ 8 ᠰᠠᠷ᠎ᠠ ᠶᠢᠨ 18 ᠪᠤᠯᠲᠠᠯ᠎ᠠ ᠶᠠᠪᠤᠭᠳᠠᠬᠤ 10 ᠡᠳᠤᠷ ᠤᠨ ᠬᠤᠭᠤᠴᠠᠭ᠎ᠠ ᠲᠠᠢ ᠨᠠᠭᠠᠳᠤᠮ ᠤᠨ ᠬᠤᠭᠤᠴᠠᠭᠠᠨ ᠳᠤ ᠮᠤᠷᠢ ᠤᠷᠤᠯᠳᠤᠬᠤ᠂ ᠰᠤᠷ ᠬᠠᠷᠪᠤᠬᠤ᠂ ᠪᠦᠬᠡ ᠪᠠᠷᠢᠯᠳᠤᠬᠤ᠂ ᠮᠤᠩᠭᠤᠯ ᠰᠢᠲᠠᠷ᠎ᠠ᠂ ᠪᠤᠭᠤ ᠰᠢᠲᠠᠷ᠎ᠠ ᠵᠡᠷᠭᠡ ᠤᠯᠠᠮᠵᠢᠯᠠᠯᠲᠤ ᠪᠡᠶ᠎ᠡ ᠶᠢᠨ ᠲᠠᠮᠢᠷ  ᠤᠨ ᠤᠷᠤᠯᠳᠤᠭᠠᠨ ᠢ ᠶᠠᠪᠤᠭᠳᠠᠭᠤᠯᠬᠤ ᠪᠠᠷ ᠪᠠᠷᠠᠬᠤ ᠦᠭᠡᠢ ᠬᠠᠮᠲᠤ ᠶᠢᠨ ᠤᠷᠤᠯᠳᠤᠭᠠᠨ᠂ ᠬᠤᠪᠢ ᠬᠥᠮᠤᠨ ᠤ ᠤᠷᠤᠯᠳᠤᠭᠠᠨ ᠵᠢᠴᠢ ᠠᠬᠠᠮᠠᠳ ᠬᠡᠥᠬᠡᠳ ᠤᠨ ᠤᠷᠤᠯᠳᠤᠭᠠᠨ ᠵᠡᠷᠭᠡ 20 ᠭᠠᠷᠦᠢ ᠲᠦᠷᠤᠯ ᠤᠨ ᠮᠠᠯᠴᠢᠨ ᠲᠠᠷᠢᠶᠠᠴᠢᠨ ᠤ ᠰᠤᠨᠢᠷᠬᠠᠯᠲᠤ ᠤᠷᠤᠯᠳᠤᠭᠠᠨ ᠢ ᠡᠷᠬᠢᠯᠡᠵᠤ᠂ ︽ᠭᠠᠷᠮᠠᠭᠠᠶᠢᠯᠠᠨ ᠲᠠᠪᠰᠢᠭᠰᠠᠨ ᠡᠮᠤᠨᠡᠳᠤ ᠤᠲᠤᠭ᠂ ᠬᠦᠭᠵᠢᠯ ᠬᠤᠷᠤᠶᠢᠯᠠᠭᠰᠠᠨ ᠪᠠᠶᠠᠰᠤᠯᠲᠤ ᠨᠠᠭᠠᠳᠤᠮ︾ ᠤᠨ ᠪᠤᠳᠠᠰ ᠤᠨ ᠠᠷᠠᠯᠵᠢᠶᠠᠨ ᠤ ᠴᠤᠭᠯᠠᠭᠠᠨ᠂ ᠠᠷᠠᠳ ᠲᠤ ᠠᠰᠢᠭ ᠬᠦᠷᠲᠡᠭᠡᠬᠦ ᠲᠤᠰᠬᠠᠢ ᠲᠤᠭᠯᠠᠯᠲᠠ ᠵᠡᠷᠭᠡ ᠰᠢᠷᠢᠰ ᠠᠵᠢᠯᠯᠠᠭ᠎ᠠ ᠶᠢ ᠥᠷᠨᠢᠭᠦᠯᠬᠦ ᠪᠤᠯᠤᠨ᠎ᠠ᠃
ᠢᠷᠡᠯᠲᠡ᠄ ᠤᠲᠤᠭ ᠤᠨ ᠡᠮᠤᠨᠡᠳᠤ ᠬᠤᠰᠢᠭᠤᠨ ᠤ ᠬᠠᠮ ᠵᠠᠭᠤᠴᠢᠯᠠᠭᠤᠷ ᠤᠨ ᠲᠦᠪ