ᠰᠣᠪᠠᠭ ᠤᠨ ᠵᠠᠳᠠᠭᠠᠢ ᠲᠣᠰᠬᠤᠨ ᠪᠣᠷᠣᠪᠠᠯᠭᠠᠰᠣ ᠪᠠᠯᠭᠠᠰᠣᠨ ᠤ ᠵᠡᠬᠦᠨ ᠬᠡᠰᠡᠭ ᠲᠤ ᠪᠠᠶᠢᠷᠢᠯᠠᠵᠣ᠂ ᠪᠠᠯᠭᠠᠰᠣᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ | ᠠᠴᠠ 10 ᠺᠢᠯᠣᠮᠧᠲᠷ ᠵᠠᠶᠢᠲᠠᠢ᠂ ᠬᠢᠵᠠᠭᠠᠷ ᠲᠠᠬᠢ ᠪᠣᠷᠣᠲᠣᠯᠣᠭᠠᠢ ᠳᠤ ᠬᠠᠨ ᠣᠯᠣᠰ ᠤᠨ ᠦᠶ᠎ᠡ ᠶᠢᠨ ᠡᠷᠲᠡᠨ ᠤ ᠣᠩᠭᠤᠨ ᠣᠯᠠᠨᠲᠠᠢ᠂ S216 ᠮᠣᠵᠢ ᠶᠢᠨ | ᠵᠠᠮ ᠬᠢᠵᠠᠭᠠᠷ ᠢᠶᠠᠷ ᠨᠢ ᠦᠩᠬᠡᠷᠡᠨ᠂ ᠬᠦᠷᠣᠰᠣ ᠰᠢᠷᠣᠢ ᠦᠩ ᠰᠢᠮᠡᠯᠢᠭ᠂ ᠣᠰᠣᠨ ᠡᠬᠢ ᠰᠣᠷᠪᠣᠯᠵᠢ ᠡᠯᠪᠡᠭ᠂ ᠣᠯᠣᠰ ᠤᠨ ᠵᠢᠵᠢᠭ ᠰᠠᠪᠠ ᠭᠠᠵᠠᠷ ᠤᠨ | ᠣᠰᠣᠯᠠᠯᠲᠠ ᠶᠢᠨ ᠬᠡᠪᠴᠢᠶᠡᠨ ᠳᠤ ᠬᠠᠷᠢᠶᠠᠯᠠᠭᠳᠠᠨ᠎ᠠ᠃ ᠶᠡᠷᠣᠩᠬᠡᠢ ᠲᠠᠯᠠᠪᠠᠢ 6.8 ᠲᠦᠮᠡᠨ ᠮᠣ᠋᠂ ᠠᠰᠢᠭᠯᠠᠵᠣ ᠪᠣᠯᠬᠤ ᠨᠣᠲᠤᠭ ᠪᠡᠯᠴᠢᠬᠡᠷ 6 ᠲᠦᠮᠡᠨ ᠮᠣ᠋᠂ | ᠣᠰᠣᠨ ᠭᠠᠵᠠᠷ 1.3 ᠲᠦᠮᠡᠨ ᠮᠣ᠋᠂ ᠮᠠᠯ ᠤᠨ ᠶᠡᠷᠣᠩᠬᠡᠢ ᠲᠤᠭ᠎ᠠ 3229 ᠲᠣᠯᠣᠭᠠᠢ᠃ 6 ᠮᠠᠯ ᠲᠠᠷᠢᠶᠠᠯᠠᠩ ᠤᠨ ᠬᠤᠷᠰᠢᠶ᠎ᠠ᠂ 403 ᠡᠷᠣᠬᠡ 1288 ᠬᠦᠮᠦᠨ | ᠠᠮᠠ ᠲᠠᠢ᠂ ᠪᠠᠶᠢᠩᠭᠤ ᠰᠠᠭᠤᠭ᠎ᠠ 278 ᠡᠷᠣᠬᠡ 934 ᠬᠦᠮᠦᠨ᠂ ᠣᠨᠴᠠᠯᠢᠭᠲᠣ ᠠᠵᠣ ᠠᠬᠤᠢ ᠶᠢᠨ ᠲᠠᠷᠢᠮᠠᠯ ᠲᠠᠷᠢᠬᠤ ᠪᠠᠷ ᠭᠤᠣᠯ ᠠᠵᠣ ᠦᠢᠯᠡᠰ ᠢᠶᠠᠨ | ᠪᠣᠯᠭᠠᠵᠣ᠂ 2017 ᠣᠨ ᠳᠤ ᠮᠠᠯᠴᠢᠨ ᠲᠠᠷᠢᠶᠠᠴᠢᠨ ᠤ ᠬᠦᠮᠦᠨ ᠲᠣᠮᠳᠠᠴᠢ ᠶᠢᠨ ᠴᠡᠪᠡᠷ ᠣᠷᠣᠯᠭ᠎ᠠ 13200 ᠲᠦᠬᠦᠷᠢᠭ ᠲᠤ ᠬᠦᠷᠪᠡ᠃ 32 ᠨᠠᠮ ᠤᠨ | ᠬᠡᠰᠢᠬᠦᠨ ᠲᠠᠢ᠂ ᠡᠬᠦᠨ ᠳᠤ ᠴᠦᠬᠡᠨ ᠲᠣᠭᠠᠲᠣ ᠦᠨᠳᠣᠰᠣᠲᠡᠨ ᠤ ᠨᠠᠮ ᠤᠨ ᠬᠡᠰᠢᠬᠦᠨ 2᠂ 60 ᠨᠠᠰᠣ ᠶᠢ ᠲᠠᠪᠠᠭᠰᠠᠨ ᠠᠬᠠᠮᠠᠳ ᠨᠠᠮ ᠤᠨ ᠬᠡᠰᠢᠬᠦᠨ 11᠂ | ᠡᠮᠡᠭᠲᠡᠢ ᠨᠠᠮ ᠤᠨ ᠬᠡᠰᠢᠬᠦᠨ 9 ᠪᠣᠢ᠃ ᠰᠣᠪᠠᠭ ᠤᠨ ᠵᠠᠳᠠᠭᠠᠢ ᠶᠢᠨ ᠠᠷᠪᠠᠨ ᠭᠠᠵᠠᠷ ᠤᠨ ᠣᠷᠳᠣ ᠭᠤᠳᠣᠮ ᠪᠣᠯ ᠣᠲᠤᠭ ᠤᠨ ᠡᠮᠤᠨᠡᠲᠣ ᠬᠤᠰᠢᠭᠤᠨ ᠤ ᠮᠣᠳᠣᠳ | ᠢᠭᠴᠣᠷᠠᠨ ᠠᠮᠢᠯᠠᠯ ᠪᠢᠯᠬᠠᠭᠰᠠᠨ ᠡᠲᠡᠬᠡᠳ ᠭᠤᠴᠤ ᠦᠵᠡᠮᠵᠢ ᠪᠣᠯᠬᠤ ᠶᠣᠮ᠃ ᠪᠦᠬᠦ ᠲᠣᠰᠬᠤᠨ ᠢ ᠲᠣᠭᠤᠷᠢᠭᠰᠠᠨ ᠣᠳᠠ ᠮᠣᠳᠣ ᠬᠤᠶᠠᠷ ᠭᠠᠷᠯᠠᠨ ᠰᠡᠬᠦᠳᠡᠷᠯᠡᠭᠰᠡᠨ | ᠲᠣᠰᠣᠨ ᠵᠠᠮ ᠲᠠᠢ ᠦᠵᠡᠰᠬᠦᠯᠡᠩᠲᠣ ᠰᠠᠶᠢᠬᠠᠨ ᠰᠣᠪᠠᠭ ᠤᠨ ᠵᠠᠳᠠᠭᠠᠢ ᠲᠣᠰᠬᠤᠨ ᠡᠳᠣᠬᠡ ᠶᠠᠭ ᠵᠣᠯ ᠵᠢᠷᠭᠠᠯᠲᠣ ᠴᠢᠨᠡᠬᠡᠯᠢᠭᠵᠢᠯ ᠤᠨ ᠵᠠᠮ ᠢᠶᠠᠷ ᠭᠠᠪᠰᠢᠭᠠᠶᠢᠯᠠᠨ | ᠵᠠᠮᠨᠠᠵᠣ ᠪᠣᠢ᠃ |