ᠤᠯᠠᠩᠭᠢ ᠥᠯᠢᠭᠡᠷ ᠤᠳ ᠪᠥᠷ ︽ᠡᠷᠳᠡ ᠤᠷᠢᠳᠤ ᠶᠢᠨ ᠴᠠᠭ ᠲᠤ ᠁︾ ᠭᠡᠳ ᠡᠬᠢᠯᠡᠳᠡᠭ ᠪᠠᠶᠢᠬᠤ ᠳᠤ ᠡᠨᠡ ᠥᠯᠢᠭᠡᠷ ᠬᠠᠷᠢᠨ ᠬᠤᠷᠢᠳᠤᠭᠠᠷ ᠵᠠᠭᠤᠨ ᠤ | ᠰᠡᠭᠦᠯᠴᠢ ᠪᠠᠷ ᠭᠠᠷᠤᠭᠰᠠᠨ ᠪᠠᠶᠢᠨ᠎ᠠ᠃ ᠠᠮᠢᠳᠤᠷᠠᠯ ᠬᠠᠶᠢᠷ᠎ᠠ ᠲᠡᠭᠡᠷ᠎ᠡ ᠲᠤᠭᠳᠠᠳᠠᠭ ᠭᠡᠵᠥ ᠲᠠᠭᠤᠨ ᠳᠤ ᠭᠠᠷᠳᠠᠭ ᠢ ᠪᠢ ᠭᠥᠯᠢᠶᠡᠨ ᠵᠦᠪᠰᠢᠶᠡᠷᠡᠳᠡᠭ ᠮᠥᠷᠳᠡᠭᠡᠨ | ᠨᠡᠯᠢᠶᠡᠳ ᠬᠡᠪᠴᠢᠶᠡᠨ ᠳᠤ ᠬᠡᠷᠡᠭᠵᠢᠭᠦᠯᠥᠭᠳᠡᠵᠥ ᠪᠤᠢ ᠬᠡᠵᠥ ᠪᠤᠳᠤᠳᠠᠭ᠂ ᠴᠢᠨᠠᠭᠰᠢᠯᠠᠭᠠᠳ ᠠᠳᠤᠭᠤᠰᠤᠨ ᠳᠤ ᠴᠦ ᠠᠳᠠᠯᠢ ᠪᠠᠶᠢᠬᠤ ᠶᠤᠰᠤᠳᠡᠢ ᠭᠡᠵᠥ ᠰᠠᠨᠠᠭᠠᠳ | ᠥᠯᠢᠭᠡᠷ ᠢᠶᠠᠨ ᠡᠬᠢᠯᠡᠭᠦᠯᠥᠶᠡ᠃ | ᠡᠸᠥᠷᠥ᠋ᠫᠠ ᠮᠠᠶ᠋ᠢᠭ ᠤᠨ ᠪᠠᠷᠢᠯᠭ᠎ᠠ᠂ ᠤᠳᠤᠬᠢᠴᠢ ᠶᠠᠩᠵᠤ ᠶᠢᠨ ᠵᠠᠮ ᠵᠡᠭᠡᠯᠢ ᠲᠠᠢ ᠴᠤ ᠠᠭᠠᠷ ᠨᠢ ᠴᠡᠩᠭᠡᠷᠭᠡᠨ᠂ ᠠᠮᠢᠰᠬᠤᠯᠠᠬᠤ ᠳᠤ ᠠᠶᠠᠳᠠᠶᠢᠬᠠᠨ᠂ ᠠᠵᠤ | ᠥᠢᠯᠡᠳᠪᠥᠷᠢ ᠶᠢᠨ ᠬᠤᠯᠠᠩ ᠤᠳ ᠠᠷᠠᠢ ᠴᠥᠭᠡᠭᠡᠨ ᠬᠢᠵᠠᠭᠠᠷ ᠤᠨ ᠡᠨᠡ ᠪᠠᠯᠭᠠᠰᠤᠨ ᠳᠤ ᠲᠠᠭᠤᠨ ᠤ ᠪᠠᠭᠰᠢ ᠵᠠᠶᠠᠭ᠎ᠠ᠂ ᠭᠡᠷᠭᠡᠢ ᠤᠶᠤᠮᠠ ᠲᠠᠢ ᠪᠠᠨ ᠠᠵᠤ | ᠲᠥᠷᠥᠳᠡᠭ᠃ ᠲᠡᠳᠡᠨ ᠳᠤ ᠲᠤᠳᠠᠬᠤ ᠵᠥᠢᠯ ᠪᠠᠶᠢᠭᠰᠠᠨ ᠥᠬᠡᠢ᠂ ᠭᠠᠭᠴᠠ ᠥᠬᠢᠨ ᠨᠢ ᠵᠢᠷᠭᠠᠯ ᠡᠮᠴᠢ ᠶᠢᠨ ᠰᠤᠷᠭᠠᠭᠤᠯᠢ ᠲᠡᠭᠦᠰᠥᠭᠡᠳ ᠡᠳᠥᠭᠡ ᠠᠳᠡᠬᠢ ᠶᠢᠨ | ᠡᠮᠨᠡᠯᠬᠡ ᠳᠤ ᠲᠠᠳᠤᠯᠭ᠎ᠠ ᠬᠢᠵᠤ ᠪᠤᠢ᠃ ᠵᠠᠶᠠᠭ᠎ᠠ ᠭᠡᠵᠥ ᠥᠬᠡ ᠲᠠᠭᠤ ᠴᠥᠭᠡᠨᠳᠡᠢ ᠮᠥᠷᠳᠡᠭᠡᠨ ᠪᠠᠭ᠋ᠠᠨ ᠵᠥᠷᠢᠭᠦᠳ ᠪᠤᠷᠤ ᠭᠥᠮᠥᠨ ᠬᠡᠥᠬᠡᠳ ᠤᠳ ᠲᠤ ︽ᠵᠢ᠊ ᠪᠠᠭᠰᠢ︾ | ᠲᠠᠭᠤᠳᠠᠭᠤᠯᠤᠨ᠂ ᠥᠷᠯᠥᠭᠡ ᠠᠯᠪᠠᠯᠠᠬᠤ ᠪᠠᠷ ᠭᠠᠷᠤᠭᠠᠳ ᠤᠷᠤᠢ ᠨᠢ ᠰᠠᠶ᠋ᠢ ᠬᠠᠷᠢᠵᠤ ᠢᠷᠡᠨ᠎ᠡ᠂ ᠥᠳᠡ ᠳᠤ ᠰᠤᠷᠭᠠᠭᠤᠯᠢ ᠲᠡᠭᠡᠷ᠎ᠡ ᠪᠠᠨ ᠬᠤᠭᠤᠯᠠᠯᠠᠳᠠᠭ ᠠᠵᠠᠢ᠃ | ᠤᠶᠤᠮᠠ ᠭᠡᠷ ᠤᠨ ᠮᠤᠬᠤᠷ ᠰᠠᠬᠢᠵᠤ ᠡᠨᠡ ᠲᠡᠷᠡ ᠤᠶᠤᠵᠤ ᠰᠢᠳᠡᠨ᠎ᠡ᠂ ᠪᠠᠰᠠ ᠲᠡᠭᠡᠭᠡᠳ ᠨᠤᠮ ᠵᠤᠬᠢᠶᠠᠯ ᠳᠤ ᠪᠠᠭ᠋ᠠᠳᠡᠢ ᠤᠴᠢᠷ ᠠᠵᠢᠯ ᠥᠬᠡᠶᠢᠳᠡᠳᠡᠭ ᠥᠭᠡᠢ | ᠪᠤᠯᠤᠯᠳᠠᠢ᠃ | ᠭᠤᠷᠪᠠᠭ᠋ᠠᠨ ᠬᠥᠮᠥᠨ ᠲᠠᠢ ᠪᠥᠭᠡᠳᠡᠯᠡ ᠪᠠᠨ ᠲᠠᠩᠳᠠ ᠪᠠᠨ ᠬᠤᠶᠠᠭᠤᠯᠠᠬᠠᠨ ᠢᠶᠠᠨ ᠪᠠᠶᠢᠳᠠᠭ ᠡᠳᠡᠨ ᠤ ᠠᠮᠢᠳᠤᠷᠠᠯ ᠳᠤ ᠰᠢᠨ᠎ᠡ ᠭᠡᠰᠢᠭᠦᠨ ᠨᠡᠮᠡᠭᠳᠡᠵᠥ ᠪᠠᠶᠠᠷ | ᠬᠥᠭᠵᠢᠯ ᠲᠠᠷᠢᠵᠤ ᠡᠬᠢᠯᠡᠭᠰᠠᠨ ᠢ ᠲᠤᠭᠠᠴᠠᠪᠠᠯ 1997 ᠤᠨ ᠬᠠᠪᠤᠷ ᠠᠴᠠ ᠪᠤᠳᠤᠬᠤ ᠬᠡᠷᠡᠭᠳᠡᠢ ᠪᠠᠶᠢᠨ᠎ᠠ᠃ ᠨᠠᠮ ᠲᠥᠯᠭᠡᠭᠡᠨ ᠨᠠᠭᠤᠷ ᠤᠨ ᠤᠰᠤᠨ ᠮᠡᠳᠤ ᠡᠳᠡᠨ ᠤ | ᠠᠮᠢᠳᠤᠷᠠᠯ ᠳᠤ ᠴᠢᠯᠠᠭᠤ ᠮᠡᠳᠤ ᠤᠷᠤᠵᠤ ᠢᠷᠡᠨ ᠠᠷ ᠲᠠᠳᠠᠭᠤᠯᠤᠭᠰᠠᠨ ᠨᠢ ᠨᠢᠭᠡ ᠬᠥᠯᠥᠭᠡ ᠪᠡᠶᠢᠪᠠ᠃ ᠶᠠᠭ ᠲᠡᠶᠢᠮᠥ᠂ ᠰᠡᠷᠡᠶᠢᠭᠰᠡᠨ ᠭᠤᠷᠪᠠᠯᠵᠢᠨ ᠴᠢᠬᠢ ᠲᠠᠢ᠂ | ᠭᠥᠯᠬᠡᠨᠡᠭᠰᠡᠨ ᠪᠤᠷᠴᠠᠭ ᠬᠠᠷ᠎ᠠ ᠨᠢᠳᠤ ᠲᠠᠢ ᠫᠠᠭ᠋ᠤᠨᠴᠠᠭ ᠪᠤᠯᠤᠭᠰᠠᠨ ᠰᠢᠷ᠎ᠠ ᠭᠥᠯᠥᠬᠡ ᠰᠢᠷᠢᠨ ᠭᠥᠵᠥᠭᠦᠪᠴᠢ ᠲᠠᠢ ᠫᠠᠯᠳᠠᠭᠴᠢᠨ ᠡᠷᠭᠢᠴᠡᠵᠥ ᠭᠥᠰᠡᠷ ᠢᠶᠠᠷ ᠶᠠᠭᠤᠮ᠎ᠠ | ᠡᠷᠢᠭᠦ ᠮᠡᠳᠤ ᠪᠥᠭᠡᠳ ᠬᠠᠮᠠᠷ ᠢᠶᠠᠨ ᠪᠤᠯᠬᠤ ᠥᠭᠡᠢ ᠨᠢᠭᠡ ᠶᠠᠭᠤᠮ᠎ᠠ ᠳᠤ ᠮᠥᠷᠭᠦᠵᠥ ᠶᠠᠩᠬᠢᠨᠠᠨᠠ᠃ ᠤᠶᠤᠮᠠ ᠶᠢᠨ ᠡᠭᠦᠳᠡ ᠲᠥᠰᠢᠨ ᠠᠭᠤᠷᠳᠠᠢ ᠬᠠᠷᠠᠭᠰᠠᠨ ᠢ | ᠤᠶᠢᠯᠠᠭᠠᠭᠰᠠᠨ ᠵᠠᠶᠠᠭ᠎ᠠ ᠲᠠᠷᠤᠶᠢᠬᠠᠨ ᠲᠠᠶᠢᠯᠪᠤᠷᠢᠯᠠᠵᠤ ᠡᠬᠢᠯᠡᠪᠡ᠂ ᠲᠡᠷᠭᠡᠨ ᠥᠷᠳᠡᠭᠡᠨ ᠤ ᠭᠤᠳᠤᠮᠵᠢᠨ ᠳᠤ ᠤᠯᠤᠭᠰᠠᠨ᠂ ᠬᠤᠷᠢᠭᠰᠠᠨ ᠰᠢᠩᠬᠡᠯᠢᠭ ᠨᠢ ᠭᠠᠵᠠᠷ | ᠬᠡᠪᠳᠡᠨ ᠡᠪᠳᠡᠷᠡᠭᠰᠡᠨ ᠪᠠ ᠰᠢᠷ᠎ᠠ ᠭᠥᠯᠥᠬᠡ ᠭᠠᠶᠢᠬᠠᠰᠢ ᠠᠯᠳᠠᠨ ᠥᠪᠡᠷ ᠢ ᠨᠢ ᠬᠠᠷᠠᠵᠤ ᠪᠠᠶᠢᠭᠰᠠᠨ ᠢ ᠶᠠᠭ ᠮᠥᠨ ᠢᠶᠠᠷ ᠨᠢ ᠬᠡᠯᠡᠪᠡ᠃ ᠡᠭᠡᠨᠡᠷ ᠴᠢᠷᠠᠢ ᠥᠭᠭᠦᠭᠰᠡᠨ | ᠥᠭᠡᠢ᠂ ᠡᠷᠭᠢᠵᠥ ᠥᠷᠥᠭᠡᠨ ᠳᠡᠭᠡᠨ ᠤᠷᠤᠭᠠᠳ ᠵᠤᠷᠪᠤᠰ ᠴᠠᠭᠠᠰᠤ ᠠᠪᠴᠢᠷᠠᠨ ᠨᠢᠳᠥᠨ ᠡᠮᠥᠨ᠎ᠡ ᠨᠢ ᠲᠡᠯᠭᠡᠪᠡ᠃ ᠲᠥᠷᠪᠡᠳᠥᠭᠡᠷ ᠵᠤᠷᠪᠤᠰ ︽ᠭᠡᠷ ᠲᠤ ᠨᠤᠬᠠᠢ | ᠮᠤᠤᠷ ᠲᠡᠵᠢᠭᠡᠵᠥ ᠪᠤᠯᠬᠤ ᠥᠭᠡᠢ︕︾᠃ ᠵᠠᠶᠠᠭ᠎ᠠ ᠪᠠᠭ᠋ᠠᠨ ᠡᠷᠡᠭᠡᠯᠵᠡᠭᠰᠡᠨ ᠢᠶᠠᠨ ᠭᠥᠯᠥᠬᠡ ᠪᠠᠨ ᠠᠪᠠᠴᠢᠵᠤ ᠬᠠᠵᠠᠭᠤ ᠶᠢᠨ ᠲᠠᠰᠥᠯᠭᠠᠨ ᠳᠤ ᠬᠤᠷᠢᠪᠠ᠃ | ︽ᠭᠠᠭᠴᠠᠬᠠᠨ ᠰᠥᠨᠢ︕ ᠭᠠᠭᠴᠠᠬᠠᠨ ᠰᠥᠨᠢ︕︾ ᠭᠡᠵᠥ ᠡᠬᠡᠨᠡᠷ ᠢᠶᠠᠨ ᠱᠠᠯᠠᠭᠰᠠᠭᠠᠷ ᠤᠨᠳᠠᠯᠭ᠎ᠠ ᠶᠢᠨ ᠥᠷᠥᠭᠡᠨ ᠳᠡᠭᠡᠨ ᠤᠷᠤᠪᠠ᠃ | ᠭᠥᠯᠥᠬᠡ ᠡᠷᠭᠢᠨ ᠲᠤᠭᠤᠷᠢᠨ ᠢᠶᠠᠨ ᠬᠠᠷᠠᠪᠠ᠂ ᠪᠠᠭ᠋ᠠᠨ ᠥᠯᠥᠰᠭᠦ ᠰᠢᠭ᠂ ᠴᠠᠭᠠᠰᠤᠨ ᠬᠠᠶᠢᠷᠴᠠᠭ ᠢ ᠲᠡᠭᠡᠭᠰᠢ ᠬᠠᠷᠠᠭᠤᠯᠵᠤ ᠲᠠᠯᠪᠢᠭᠰᠠᠨ ᠲᠥᠷ ᠴᠠᠭ ᠤᠨ | ︽ᠭᠡᠷ︾ ᠲᠤ ᠬᠠᠭᠠᠭᠳᠠᠬᠤ ᠲᠤᠷ᠎ᠠ ᠥᠭᠡᠢ᠃ ᠭᠥᠯᠥᠭᠡ ᠴᠢᠷᠮᠠᠶᠢᠪᠠ᠂ ᠲᠡᠶᠢᠯᠥᠭᠰᠠᠨ ᠥᠭᠡᠢ᠂ ᠲᠠᠬᠢᠨ ᠴᠢᠷᠮᠠᠶᠢᠪᠠ᠂ ᠴᠠᠭᠠᠰᠤᠨ ᠬᠠᠶᠢᠷᠴᠠᠭ ᠬᠠᠵᠠᠭᠤᠯᠳᠠᠨ ᠤᠨᠠᠵᠤ | ᠭᠥᠯᠥᠬᠡ ᠴᠢᠯᠥᠭᠡᠯᠡᠭᠳᠡᠪᠡ᠃ ᠡᠭᠦᠨ ᠲᠡᠭᠦᠨ ᠢ ᠥᠨᠥᠷᠯᠡᠡ ᠡᠪ ᠮᠠᠭᠤᠳᠠᠢ ᠠᠯᠬᠤᠪᠠ᠃ ᠬᠠᠵᠠᠭᠤ ᠶᠢᠨ ᠥᠷᠥᠬᠡ ᠲᠥᠭᠵᠢᠭᠰᠡᠨ ᠥᠬᠡᠢ ᠪᠠᠶᠢᠭᠰᠠᠨ ᠢ ᠬᠠᠮᠠᠷ ᠢᠶᠠᠨ | ᠰᠢᠷᠭᠤᠭᠤᠯᠤᠨ ᠲᠥᠯᠬᠢᠭᠰᠡᠨ ᠳᠤ ᠠᠶᠠᠷᠬᠠᠨ ᠨᠡᠭᠡᠭᠡᠭᠳᠠᠪᠡ᠂ ᠬᠡᠪᠢᠰᠥᠨ ᠲᠡᠭᠡᠷᠡᠬᠢ ᠲᠥᠷᠪᠡᠯᠵᠢᠨ ᠤᠷᠤ ᠲᠤᠭᠤᠶᠢᠯᠠᠨ ᠡᠷᠭᠢᠴᠡᠭᠰᠡᠨ ᠢᠶᠠᠨ ᠤᠨᠵᠠᠶᠢᠭᠰᠠᠨ ᠬᠥᠯ | ᠤᠯᠵᠤ ᠥᠵᠡᠭᠡᠳ ᠤᠴᠢᠵᠤ ᠲᠤᠯᠢᠶᠠᠬᠤᠯᠠᠷ ︽ᠤᠯᠤᠭᠠᠢ︕︾ ᠬᠡᠵᠥ ᠤᠶᠤᠮᠠ ᠪᠤᠰᠴᠤ ᠰᠠᠭᠤᠭᠠᠳ᠂ ᠵᠠᠶᠠᠭ᠎ᠠ ᠰᠤᠴᠢᠵᠤ ᠰᠡᠷᠢᠭᠡᠳ ᠪᠥᠭᠡᠮ ᠴᠤᠤᠬᠢᠶᠠᠨ | ᠪᠤᠯᠪᠠ᠃ ︽ᠬᠠᠶᠢᠷᠠᠳᠤ ᠮᠢᠨᠢ ᠲᠠᠶᠢᠪᠤᠰᠢᠷᠠ︕︾ ᠵᠠᠶᠠᠭ᠎ᠠ ᠰᠠᠶᠢᠬᠠᠨ ᠵᠠᠩ ᠲᠠᠢ ᠬᠥᠮᠥᠨ ᠪᠠᠶᠢᠪᠠ᠃ ᠤᠶᠤᠮᠠ ᠰᠠᠨᠠᠭ᠎ᠠ ᠠᠯᠳᠠᠭᠰᠠᠨ ᠢᠶᠠᠨ ︽ᠬᠥᠯᠥᠬᠡ ᠪᠠᠨ | ᠲᠠᠷᠠ ᠭᠡᠷ ᠲᠤ ᠠᠪᠠᠴᠢ︕︾ ᠭᠡᠳ ᠡᠷᠭᠢᠵᠥ ᠤᠨᠳᠠᠪᠠ᠃ ᠮᠠᠷᠭᠠᠰᠢ ᠨᠢ ᠭᠠᠷᠠᠭ ᠤᠨ ᠠᠮᠠᠷᠠᠯᠳᠠ᠂ ᠲᠡᠷᠡ ᠰᠥᠨᠢ ᠵᠠᠶᠠᠭ᠎ᠠ ᠨᠤᠶᠢᠷ ᠪᠠᠶᠢᠳᠠᠭ ᠥᠭᠡᠢ᠃ | ᠭᠥᠯᠥᠭᠡ ᠲᠡᠪᠡᠷᠢᠭᠰᠡᠨ ᠵᠠᠶᠠᠭ᠎ᠠ ᠲᠡᠷᠭᠡᠨ ᠥᠷᠳᠡᠭᠡᠨ ᠤ ᠵᠢᠵᠢᠭᠦᠷ ᠤᠨ ᠭᠡᠷ ᠲᠤ ᠢᠷᠡᠨ ᠪᠠᠳᠤ ᠲᠠᠢ ᠵᠤᠯᠭᠠᠵᠤ ᠤᠴᠢᠷ ᠢᠶᠠᠨ ᠶᠠᠷᠢᠭᠠᠳ ︽ᠡᠨᠡ ᠭᠥᠯᠥᠭᠡ ᠶᠢ | ᠴᠤᠬᠤᠮ ᠶᠠᠮᠠᠷ ᠭᠥᠮᠥᠨ ᠭᠡᠭᠡᠭᠰᠠᠨ ᠪᠤᠯ᠂ ᠵᠠᠷ ᠲᠠᠯᠪᠢᠭᠠᠳ ᠥᠭᠭᠦ ᠤᠤ︖︾ ᠬᠡᠵᠥ ᠭᠤᠶᠤᠭᠠᠳ ᠭᠥᠯᠥᠭᠡ ᠪᠠᠨ ᠲᠡᠪᠡᠷᠢᠭᠰᠡᠨ ᠰᠡᠭᠦᠳᠡᠷ ᠢᠶᠠᠨ ᠭᠠᠷᠭᠠᠵᠤ ᠪᠠᠳᠤ | ᠳᠤ ᠭᠠᠷᠳᠠᠭᠤᠯᠪᠠ᠃ ᠪᠠᠳᠤ ᠬᠡᠵᠥ ᠲᠡᠷᠭᠡᠨ ᠥᠷᠳᠡᠭᠡᠨ ᠤ ᠮᠠᠨᠠᠭᠠᠴᠢ ᠶᠢᠨ ᠠᠵᠢᠯ ᠬᠢᠵᠥ ᠤᠯᠠᠨ ᠤᠨ ᠡᠯᠡᠭᠡᠭᠰᠠᠨ ᠭᠥᠮᠥᠨ᠃ ᠪᠠᠳᠤ ︽ᠪᠤᠤᠵᠠ ᠢᠳᠡᠭᠦ ᠤᠤ︖︾ | ᠭᠡᠳ ᠭᠠᠳᠠᠨ᠎ᠠ ᠭᠠᠷᠴᠤ ᠡᠪᠥᠭᠡᠨ ᠲᠤᠷᠵᠢ ᠶᠢᠨ ᠪᠤᠤᠵᠠ ᠶᠢᠨ ᠲᠡᠷᠭᠡᠨ ᠲᠡᠷᠭᠡᠳᠡ ᠤᠴᠢᠪᠡ᠃ ᠲᠤᠷᠵᠢ ᠡᠪᠥᠭᠡᠨ ᠥᠷᠳᠡᠭᠡᠨ ᠤ ᠡᠭᠦᠳᠡᠨ ᠳᠤ ᠭᠤᠷᠪᠠᠨ | ᠲᠤᠭᠤᠶᠢᠯᠠᠪᠤᠷᠢ ᠲᠠᠢ ᠬᠠᠰᠠᠭ ᠲᠡᠭᠡᠷ᠎ᠡ ᠤᠳᠠᠭᠠᠨ ᠵᠢᠯ ᠪᠤᠤᠵᠠ ᠬᠤᠳᠠᠯᠳᠤᠭᠰᠠᠨ ᠲᠡᠥᠬᠡ ᠲᠠᠢ᠂ ᠪᠤᠤᠵᠠ ᠨᠢ ᠠᠮᠳᠠᠳᠠᠢ᠂ ᠬᠥᠮᠥᠨ ᠨᠢ ᠱᠤᠭᠳᠠᠢ ᠪᠤᠯᠬᠤᠷ ᠡᠪᠥᠭᠡᠨ | ᠶᠠᠭᠠᠷᠠᠭᠠᠳ ᠯᠠ ᠪᠠᠶᠢᠳᠠᠭ᠃ ︽ᠪᠤᠤᠵᠠ ᠠᠪᠤᠶ᠎ᠠ︕︾ ᠵᠠᠶᠠᠭ᠎ᠠ ᠶᠢᠨ ᠭᠥᠯᠥᠭᠡ ᠡᠷᠡᠥ ᠠᠮᠠ ᠶᠢ ᠨᠢ ᠲᠤᠯᠢᠶᠠᠭᠠᠳ ᠰᠠᠯᠳᠠᠭ ᠥᠬᠡᠢ᠃ ︽ᠪᠤᠤᠵᠠ ᠶᠢᠨ ᠤᠷᠤᠨ | ᠳᠤ ᠨᠢ ᠬᠥᠯᠥᠬᠡ ᠥᠭᠬᠦᠶ᠎ᠡ︕︾ ᠬᠡᠵᠥ ᠵᠠᠶᠠᠭ᠎ᠠ ᠵᠠᠪᠳᠤᠭᠤᠯᠪᠠᠯ ᠲᠤᠷᠵᠢ ︽ᠥᠬᠡᠢ︕ ᠴᠢᠨᠤ ᠬᠥᠯᠥᠬᠡ ᠴᠢᠮ᠎ᠠ ᠳᠤ ᠰᠠᠶᠢᠨ ᠪᠠᠶᠢᠵᠤ ᠲᠤᠯᠢᠶᠠᠳᠠᠭ ᠤᠨ ᠠᠳᠠᠯᠢ᠂ | ᠪᠢ ᠵᠤᠭᠤᠰᠤᠨ ᠳᠤ ᠨᠡᠩ ᠲᠤᠷᠠᠳᠠᠢ︾ ᠭᠡᠳ ᠬᠡᠳᠥᠭᠦᠯᠡ ᠭᠥᠬᠡᠷᠥᠯᠳᠥᠪᠡ᠃ ᠡᠪᠥᠭᠡᠨ ᠭᠥᠯᠥᠬᠡ ᠶᠢᠨ ᠲᠤᠯᠤᠭᠠᠢ ᠶᠢ ᠢᠯᠪᠢᠭᠡᠳ ︽ᠰᠠᠶᠢᠬᠠᠨ ᠠᠮᠢᠳᠠᠨ ᠪᠠᠶᠢᠨ᠎ᠠ᠂ | ᠶᠠᠭᠠᠬᠢᠭᠠᠳ ᠭᠡᠭᠡᠭᠳᠡᠴᠢᠬᠡᠪᠡ ︖ ᠪᠢ ᠲᠥᠪᠡᠭᠰᠢᠶᠡᠵᠥ ᠪᠠᠶᠢᠬᠤ ᠪᠢᠰᠢ᠂ ᠶᠠᠭᠠᠷᠠᠭᠠᠳ ᠯᠠ ᠪᠠᠶᠢᠳᠠᠭ ᠭᠥᠮᠥᠨ ᠭᠡᠳᠡᠭ ᠢ ᠴᠢ ᠴᠤ ᠮᠡᠳᠡᠨ᠎ᠡ᠃ ᠨᠤᠮ ᠤᠨ ᠲᠡᠯᠭᠡᠭᠦᠷ | ᠲᠤ ᠠᠪᠠᠴᠢᠵᠤ ᠥᠭᠴᠥ ᠥᠵᠡᠭᠦ ᠥᠬᠡᠢ ᠤᠤ︖ ᠤᠶᠤᠨ ᠠᠪᠬᠤ ᠮᠠᠭᠠᠳ︕︾ ᠭᠡᠵᠥ ᠡᠷᠡᠥ ᠪᠠᠷ ᠢᠶᠠᠨ ᠪᠠᠷᠠᠭᠤᠨᠰᠢ ᠲᠤᠬᠢᠪᠡ᠃ ᠤᠶᠤᠨ ᠭᠡᠵᠥ ᠪᠡᠯᠪᠡᠰᠥᠨ | ᠠᠪᠠᠭᠠᠢ ᠨᠢᠭᠡ ᠮᠤᠤᠷ ᠲᠠᠢ ᠪᠠᠨ ᠠᠳᠡ ᠥᠷᠳᠡᠭᠡᠨ ᠤ ᠨᠤᠮ ᠤᠨ ᠲᠡᠯᠭᠡᠭᠦᠷ ᠮᠠᠨᠠᠵᠤ᠂ ᠵᠠᠶᠠᠭ᠎ᠠ ᠲᠠᠩᠳᠠ ᠪᠠᠨ ᠤᠴᠢᠵᠤ ᠨᠤᠮ ᠰᠡᠳᠭᠦᠯ ᠥᠵᠡᠳᠡᠭ ᠪᠤᠯᠬᠤᠷ ᠢᠶᠠᠨ | ᠲᠤᠷᠵᠢ᠂ ᠪᠠᠳᠤ ᠬᠤᠶᠠᠷ ᠲᠠᠢ ᠭᠠᠷ ᠠᠳᠬᠤᠭᠠᠳ ᠪᠠᠷᠠᠭᠤᠨᠰᠢ ᠠᠯᠬᠤᠪᠠ᠃ | ︽ᠤᠶᠤᠮᠠ︕ ᠥᠶ᠋ᠢ᠂ ᠤᠶᠤᠮᠠ︕ ᠬᠤᠷᠳᠤᠨ ᠰᠢᠷᠬᠠᠨ ᠡᠮ᠂ ᠪᠤᠭᠤᠯᠳᠠ ᠠᠪᠤᠭᠠᠳ ᠢᠷ᠎ᠡ︕︾ ᠭᠡᠵᠤ ᠵᠠᠶᠠᠭ᠎ᠠ ᠶᠢᠨ ᠬᠠᠰᠭᠢᠷᠤᠭᠰᠠᠨ ᠢ | ᠰᠤᠨᠤᠰᠤᠭᠰᠠᠨ ᠤᠶᠤᠮᠠ ᠬᠡᠯᠡᠭᠰᠡᠨ ᠢᠶᠠᠷ ᠨᠢ ᠲᠥᠷᠭᠡᠯᠡᠨ ᠰᠢᠷᠡᠭᠡᠨ ᠲᠡᠷᠭᠡᠳᠡ ᠢᠷᠡᠪᠡ᠃ ᠰᠢᠷ᠎ᠠ ᠭᠥᠯᠥᠭᠡ ᠬᠠᠮᠠᠷ ᠢᠶᠠᠨ ᠰᠡᠳᠡ ᠮᠠᠭᠠᠵᠢᠭᠤᠯᠴᠢᠬᠠᠭᠰᠠᠨ᠂ ᠨᠢᠳᠥᠨ | ᠳᠡᠭᠡᠨ ᠨᠢᠯᠪᠤᠰᠤ ᠲᠥᠭᠦᠷᠭᠡᠴᠢᠭᠡᠭᠰᠡᠨ ᠵᠤᠪᠠᠨᠢᠯᠳᠡᠢ ᠨᠢ ᠠᠷᠭ᠎ᠠ ᠥᠭᠡᠢ ᠬᠠᠷᠠᠴᠠ ᠪᠠᠷ ᠤᠶᠤᠮᠠ ᠶᠢ ᠤᠭᠳᠤᠪᠠ᠃ ᠵᠠᠶᠠᠭ᠎ᠠ ︽ᠤᠶᠤᠨ ᠤ ᠮᠤᠤᠷ ᠬᠡᠴᠡᠭᠦᠥ | ᠠᠮᠢᠳᠠᠨ ᠪᠠᠶᠢᠨ᠎ᠠ᠂ ᠮᠠᠭᠤ ᠨᠠᠢᠮᠠᠳᠡᠢ ᠶᠢ ᠮᠢᠨᠢ ᠠᠷᠡᠢ ᠬᠡᠳᠥᠷᠡᠭᠦᠯᠴᠢᠭᠡᠪᠡ ᠤᠤ︖︾ ᠭᠡᠭᠰᠡᠭᠡᠷ ᠰᠢᠷᠬᠠᠨ ᠳᠤ ᠨᠢ ᠡᠮ ᠲᠠᠯᠪᠢᠵᠥ᠂ ᠱᠠᠪᠤᠤ ᠪᠠᠷ ᠲᠠᠷᠤᠵᠥ ᠪᠤᠭᠤᠪᠠ᠃ | ︽ᠶᠠᠭᠠᠬᠢᠭᠰᠠᠨ ᠨᠢ ᠡᠨᠡ ᠪᠤᠢ︖︾ ᠭᠡᠪᠡᠯ ︽ᠤᠶᠤᠨ ᠡᠭᠦᠨ ᠢ ᠲᠡᠵᠢᠭᠡᠶ᠎ᠡ ᠭᠡᠰᠡᠨ ᠴᠢᠨᠢ ᠮᠤᠤᠷ ᠨᠢ ᠵᠦᠪᠰᠢᠶᠡᠷᠡᠵᠤ ᠥᠭᠳᠡᠭ ᠥᠭᠡᠢ᠂ ᠬᠥᠯᠥᠬᠡ ᠤᠶᠤᠨ ᠢ | ᠨᠢᠭᠡ ᠲᠤᠯᠢᠶᠠᠭᠰᠠᠨ ᠴᠢᠨᠢ ᠮᠤᠤᠷ ᠥᠰᠥᠷᠴᠥ ᠢᠷᠡᠭᠡᠳ ᠬᠥᠯᠥᠬᠡ ᠳᠤ ᠮᠤᠳᠤᠷ ᠤᠨ ᠠᠳᠢᠰ ᠬᠥᠷᠳᠡᠭᠡᠭᠰᠡᠨ ᠨᠢ ᠡᠨᠡ ᠪᠠᠶᠢᠬᠤ ᠥᠭᠡᠢ ᠤᠤ︕︾ ᠭᠡᠳ ᠵᠠᠶᠠᠭ᠎ᠠ | ᠰᠠᠨᠠᠭ᠎ᠠ ᠠᠯᠳᠠᠵᠤ᠂ ᠤᠶᠤᠮᠠ ᠥᠷᠥ ᠡᠪᠡᠳᠴᠥ ᠭᠥᠯᠥᠬᠡ ᠶᠢᠨ ᠲᠤᠯᠤᠭᠠᠢ ᠶᠢ ᠨᠢ ᠢᠯᠪᠢᠶᠡ ᠬᠡᠭᠦ ᠳᠤ ᠨᠠᠮ ᠭᠠᠩᠭᠢᠨᠠᠵᠤ ᠨᠠᠪᠳᠠᠶᠢᠪᠠ᠃ ︽ᠴᠢ ᠰᠠᠶ᠋ᠢᠬᠠᠨ | ᠶᠠᠭᠠᠬᠢᠭᠰᠠᠨ ᠲᠤᠯᠤᠭᠠᠳᠡᠢ᠂ ᠨᠠᠢᠮᠠᠳᠡᠢ ᠭᠡᠳᠡᠭ ᠨᠢ ᠶᠠᠭᠤ ᠪᠤᠢ︖︾ ᠭᠡᠵᠥ ᠤᠶᠤᠮᠠ ᠭᠡᠨᠡᠳᠳᠡ ᠰᠠᠨᠠᠭᠠᠨ ᠳᠤ ᠤᠷᠤᠭᠰᠠᠨ ᠢᠶᠠᠨ ᠠᠰᠠᠭᠤᠪᠠᠯ ᠵᠠᠶᠠᠭ᠎ᠠ | ︽ᠭᠥᠵᠥᠭᠦᠪᠴᠢᠨ ᠠᠴᠠ ᠨᠢ ᠲᠡᠭᠦᠵᠢᠯᠡᠭᠰᠠᠨ ᠮᠤᠳᠤᠨ ᠫᠠᠶᠢᠵᠠ ᠲᠡᠭᠡᠷ᠎ᠡ ᠨᠢ ︽⑧︾ ᠭᠡᠵᠥ ᠰᠡᠶᠢᠯᠥᠭᠰᠡᠨ ᠪᠠᠶᠢᠨ᠎ᠠ᠂ ᠴᠢ ᠥᠵᠡ︾ ᠭᠡᠳ ᠵᠠᠯᠭᠠᠵᠥ ︽ᠪᠤᠳᠤᠪᠠᠯ | ᠨᠢᠭᠡ ᠡᠭᠦᠷ ᠭᠥᠯᠥᠬᠡᠨ ᠤ ᠨᠠᠢᠮᠠᠳᠤᠭᠠᠷ ᠶᠤᠮ ᠤᠤ᠂ ᠡᠰᠡᠪᠡᠯ ᠨᠠᠢᠮᠠ ᠨᠡᠷᠡᠳᠡᠢ ᠴᠤ ᠶᠤᠮ ᠤᠤ᠂ ᠢᠩᠬᠢᠭᠡᠳ ᠪᠢ ᠨᠢᠭᠡᠮᠥᠰᠥᠨ ᠨᠠᠢᠮᠠᠳᠠᠢ ᠭᠡᠵᠤ ᠨᠡᠷᠡᠯᠡᠴᠢᠬᠡᠪᠡ︾ ᠭᠡᠪᠡ᠃ | ᠤᠶᠤᠮᠠ ᠲᠤᠯᠤᠭᠠᠢ ᠰᠠᠵᠢᠭᠠᠳ ᠬᠥᠯᠥᠭᠡ ᠶᠢ ᠥᠷᠥᠪᠳᠥᠩᠭᠦᠢ ᠬᠠᠷᠠᠪᠠ᠃ | ᠭᠥᠯᠥᠭᠡ ᠤᠪᠤᠭ᠎ᠠ ᠲᠠᠰᠴᠤ ᠬᠥᠷᠢᠶᠡᠨ ᠳᠤ ᠪᠠᠯᠳᠠᠭ ᠪᠠᠯᠳᠠᠭ ᠭᠡᠵᠥ ᠭᠥᠶᠥᠳᠡᠭ ᠪᠤᠯᠪᠠ᠃ ᠵᠠᠶᠠᠭ᠎ᠠ ᠠᠮᠢᠳᠡᠢ ᠶᠢᠨ ᠭᠡᠷ ᠤᠨ ᠬᠠᠵᠠᠭᠤ ᠳᠠᠬᠢ ᠮᠤᠳᠤᠨ ᠫᠧᠩ | ᠳᠤ ᠬᠡᠳᠥᠨ ᠰᠢᠷᠢᠳᠡᠭ ᠨᠤᠤᠰᠤᠨ ᠲᠠᠨᠽᠢ ᠲᠡᠪᠢᠰᠥᠭᠡᠳ᠂ ᠬᠡᠥᠬᠡᠨ ᠤ ᠪᠠᠨ ᠪᠠᠭ᠎ᠠ ᠳᠤ ᠲᠤᠭᠯᠠᠵᠤ ᠪᠠᠶᠢᠭᠰᠠᠨ ︽ᠪᠤᠷᠤ ᠪᠠᠭᠠᠪᠠᠭᠠᠢ︾ ᠶᠢ ᠤᠷᠤᠨ ᠲᠡᠭᠡᠷ᠎ᠡ ᠬᠠᠨᠢ | ᠪᠤᠯᠭᠠᠨ᠂ ᠰᠢᠷ᠎ᠠ ᠬᠥᠯᠥᠭᠡ ᠡᠵᠡᠨ ᠲᠠᠢ ᠪᠤᠯᠤᠭᠰᠠᠨ ᠮᠥᠷᠳᠡᠭᠡᠨ ᠤᠷᠤᠨ ᠰᠠᠭᠤᠴᠠ ᠲᠠᠢ ᠪᠤᠯᠵᠤ᠂ ᠪᠠᠰᠠ ᠬᠠᠷᠠᠩᠭᠤᠢ ᠳᠤ ᠪᠠᠷ᠎ᠠ ᠪᠤᠯᠳᠠᠭ ︽ᠬᠠᠨᠢ︾ ᠲᠠᠢ ᠪᠤᠯᠵᠠᠢ᠃ | ᠵᠢᠷᠭᠠᠯ ᠬᠠᠶᠠ ᠨᠢᠭᠡ ᠢᠷᠡᠨ᠎ᠡ᠂ ᠬᠥᠯᠥᠭᠡ ᠢ ᠭᠤᠤᠴᠢᠯᠠᠵᠤ ᠲᠤᠭᠯᠠᠨ᠎ᠠ᠃ ᠵᠢᠷᠭᠠᠯ ︽ᠠᠪᠤ ᠡᠨᠡ ᠬᠥᠯᠥᠬᠡ ᠶᠢ ᠨᠠᠳᠠ ᠥᠭᠴᠢᠭᠡ︾ ᠬᠡᠭᠦ ᠳᠤ ᠵᠠᠶᠠᠭ᠎ᠠ ᠭᠥᠯᠥᠭᠡ | ᠪᠠᠨ ᠥᠭᠦᠭᠡᠷᠳᠡᠨ᠂ ︽ᠮᠠᠭᠤ ᠨᠠᠢᠮᠠᠳᠠᠢ ᠪᠠᠨ ᠬᠡᠨ ᠳᠤ ᠴᠤ ᠥᠭᠭᠦ ᠥᠭᠡᠢ︕︾ ᠭᠡᠳ ᠲᠤᠯᠤᠭᠠᠢ ᠶᠢ ᠨᠢ ᠢᠯᠪᠢᠨ᠎ᠡ᠃ ᠭᠡᠰᠥᠭᠦᠯ ᠨᠤᠬᠠᠢ ᠴᠤᠭᠯᠠᠭᠤᠯᠳᠠᠭ ᠭᠠᠵᠠᠷ | ᠲᠤ ᠵᠤᠯᠪᠢᠩ ᠨᠤᠬᠠᠳ ᠢ ᠵᠤᠳᠤᠵᠤ ᠪᠠᠶᠢᠭᠰᠠᠨ ᠢ ᠵᠠᠶᠠᠭ᠎ᠠ ᠥᠵᠡᠭᠡᠳ ᠬᠥᠯᠥᠭᠡ ᠪᠠᠨ ᠨᠢᠭᠡᠮᠥᠰᠥᠨ ᠥᠪᠡᠷ ᠢᠶᠠᠨ ᠲᠡᠵᠢᠭᠡᠶ᠎ᠡ ᠬᠡᠵᠥ ᠵᠤᠷᠢᠭ ᠰᠢᠭᠤᠳᠤᠭᠰᠠᠨ ᠨᠢ ᠡᠨᠡ | ᠪᠠᠶᠢᠵᠠᠢ᠃ | ᠵᠠᠶᠠᠭ᠎ᠠ ᠬᠥᠯᠥᠭᠡ ᠳᠤ ᠤᠨᠴᠠ ᠬᠠᠶᠢᠷᠠᠳᠠᠢ᠂ ᠬᠡᠵᠢᠶᠡᠳᠡ ᠲᠠᠭᠠᠭᠤᠯᠵᠤ ᠶᠠᠪᠤᠨ᠎ᠠ᠃ ᠲᠠᠨᠢᠳᠠᠭ ᠨᠢᠭᠡᠨ ︽ᠡᠨᠡ ᠶᠠᠭᠠᠬᠢᠭᠰᠠᠨ ᠭᠥᠯᠥᠭᠡ ᠪᠤᠢ︖︾ ᠭᠡᠭᠦ ᠳᠤ | ᠵᠠᠶᠠᠭ᠎ᠠ ︽ᠮᠢᠨᠤ ᠬᠠᠴᠢᠭᠦᠥ᠂ ᠰᠠᠶᠢᠨ ᠡᠭᠦᠯᠳᠡᠷ ᠤᠨ ᠨᠤᠬᠠᠢ᠂ ᠶᠠᠫᠤᠨ ᠤ ᠨᠡᠷᠡᠳᠤ ᠡᠭᠦᠯᠳᠡᠷ︾ ᠬᠡᠨ᠎ᠡ᠃ ᠵᠠᠶᠠᠭ᠎ᠠ ᠶᠢᠨ ᠡᠨᠡ ᠥᠭᠡ ᠬᠤᠳᠠᠯ ᠪᠢᠰᠢ᠃ | ᠰᠥᠯᠵᠢᠶᠡᠨ ᠲᠡᠭᠡᠷ᠎ᠡ ᠠᠴᠠ ᠵᠢᠷᠭᠠᠯ ᠨᠢᠭᠡ ᠤᠳᠠᠭ᠎ᠠ ︽ᠨᠠᠢᠮᠠᠳᠠᠢ︾ ᠶᠢᠨ ᠤᠳᠤᠮ ᠡᠭᠦᠯᠳᠡᠷ ᠤᠨ ᠲᠤᠬᠠᠢ ᠪᠥᠭᠡᠮ ᠤᠯᠵᠠ ᠲᠠᠢ ᠢᠷᠡᠵᠥ᠂ ︽ᠡᠨᠡ ᠪᠤᠯ ᠶᠠᠫᠤᠨ ᠤ | ᠤᠯᠠᠮᠵᠢᠯᠳᠤ ᠠᠩ ᠤᠨ ᠨᠤᠬᠠᠢ ᠶᠢᠨ ᠲᠥᠷᠥᠯ᠂ ᠤᠳᠤᠬᠠᠨ ᠤ ᠲᠡᠯᠡᠭᠡᠢ ᠶᠢᠨ ᠰᠤᠳᠤᠨ ᠲᠠᠶᠢᠭ᠎ᠠ ᠶᠢᠨ ᠵᠠᠬ᠎ᠠ ᠲᠡᠭᠡᠷ᠎ᠡ ᠴᠤ ᠥᠨᠳᠥᠷ ᠥᠨ᠎ᠡ ᠪᠠᠷ ᠲᠥᠷᠥᠭᠦᠨ ᠳᠤ | ᠵᠢᠭᠰᠠᠭᠳᠠᠳᠠᠭ᠂ ᠬᠤᠷᠴᠠ ᠰᠡᠷᠭᠡᠭ᠂ ᠪᠡᠶ᠎ᠡ ᠪᠢᠯᠳᠡᠷ ᠭᠥᠳᠡᠷ᠂ ᠡᠵᠡᠨ ᠳᠡᠭᠡᠨ ᠥᠨᠡᠨᠴᠢ︾ ᠬᠡᠭᠦ ᠮᠡᠳᠤ ᠶᠢᠨ ᠤᠯᠠᠨ ᠶᠠᠭᠤᠮ᠎ᠠ ᠶᠠᠷᠢᠵᠤ᠂ ᠵᠢᠷᠤᠭ ᠭᠥᠷᠥᠭ ᠢ ᠨᠢ | ᠥᠵᠡᠭᠦᠯᠵᠥ ᠵᠠᠶᠠᠭ᠎ᠠ ᠶᠢ ᠪᠠᠶᠠᠰᠬᠠᠵᠠᠢ᠃ ᠡᠴᠢᠭᠡ ᠭᠡᠥᠭᠡᠨ ᠬᠤᠶᠠᠭᠤᠯᠠ ᠬᠠᠭᠠᠰ ᠡᠳᠥᠷ ᠶᠠᠷᠢᠯᠳᠤᠭᠠᠳ ᠬᠥᠯᠥᠭᠡ ᠶᠢᠨ ᠢᠶᠠᠨ ︽ᠨᠠᠢᠮᠠᠳᠠᠢ︾ ᠨᠡᠷ᠎ᠡ ᠶᠢ ᠨᠢ | ︽ᠬᠠᠴᠢᠭᠦᠥ︾ ᠨᠡᠷ᠎ᠡ ᠪᠠᠷ ᠰᠤᠯᠢᠬᠤ ᠪᠠᠷ ᠲᠤᠭᠳᠠᠵᠠᠢ᠃ ︽ᠬᠠᠴᠢ︾ ᠬᠡᠮᠡᠭᠴᠢ ᠶᠠᠫᠤᠨ ᠬᠡᠯᠡᠨ ᠤ ︽ᠨᠠᠢᠮᠠ︾ ᠪᠤᠯᠬᠤᠷ ᠲᠤᠤᠷ᠎ᠡ ᠨᠢ ︽ᠭᠥᠥ︾ ᠵᠠᠯᠭᠠᠵᠤ᠂ | ᠰᠢᠷ᠎ᠡ ᠭᠥᠯᠥᠭᠡ ︽ᠬᠠᠴᠢᠬᠦᠥ︾ ᠭᠡᠳᠡᠭ ᠮᠤᠩᠭᠤᠯᠵᠢᠭᠤ ᠶᠠᠫᠤᠨ ᠨᠡᠷ᠎ᠡ ᠲᠠᠢ ᠪᠤᠯᠤᠭᠰᠠᠨ ᠨᠢ ᠡᠨᠡ ᠪᠢᠯᠡ᠃ ᠲᠡᠭᠦᠨ ᠠᠴᠠ ᠬᠤᠶᠢᠰᠢ ᠵᠠᠶᠠᠭ᠎ᠠ ᠬᠥᠯᠥᠭᠡ ᠪᠠᠨ ᠨᠠᠩ | ᠭᠥᠴᠥ ᠲᠠᠯᠪᠢᠨ ᠠᠷᠠᠴᠢᠯᠠᠵᠤ᠂ ᠤᠶᠤᠮᠠ ᠭᠥᠮᠥᠨ ᠳᠤ ︽ᠮᠠᠨ ᠤ ᠡᠪᠥᠭᠡᠨ ᠨᠤᠬᠠᠢ ᠳᠤ ᠪᠠᠨ ᠨᠠᠳᠠ ᠠᠴᠠ ᠢᠯᠡᠭᠦᠥ ᠬᠠᠶᠢᠷᠠᠳᠡᠢ᠂ ᠰᠥᠨᠢ ᠲᠡᠪᠡᠷᠢᠭᠡᠳ ᠬᠤᠨᠤᠳᠠᠭ︾ | ᠬᠡᠵᠥ ᠱᠤᠭ ᠪᠤᠯᠭᠠᠳᠠᠭ ᠪᠠᠶᠢᠭᠰᠠᠨ ᠢᠶᠠᠨ ᠨᠢᠭᠡ ᠮᠡᠳᠡᠭᠦ ᠳᠤ ᠥᠪᠡᠷ ᠢᠶᠠᠨ ᠴᠤ ᠭᠥᠯᠥᠭᠡ ᠳᠤ ᠡᠭᠡᠯᠢᠳᠡᠢ ᠪᠤᠯᠤᠭᠰᠠᠨ ᠪᠠᠶᠢᠪᠡ᠃ ᠵᠠᠶᠠᠭ᠎ᠠ ᠵᠠᠷᠢᠮ ᠳᠤ ᠪᠠᠨ | ᠬᠥᠯᠥᠭᠡ ᠪᠠᠨ ᠲᠠᠭᠠᠭᠤᠯᠵᠤ ᠰᠤᠷᠭᠠᠭᠤᠯᠢ ᠳᠤ ᠤᠴᠢᠨ᠎ᠠ᠂ ᠬᠡᠥᠬᠡᠳ ᠤᠳ ᠬᠤᠮᠤᠷᠤᠯᠳᠤᠨ ᠰᠤᠨᠢᠭᠤᠴᠢᠯᠠᠵᠤ ᠪᠢᠩᠭᠠᠨ ᠤ ᠬᠡᠯᠳᠡᠷᠭᠡᠢ ᠰᠢᠬᠢᠷ ᠥᠭᠭᠦᠨ᠎ᠡ᠂ ᠭᠥᠯᠥᠭᠡ | ᠶᠡᠷᠥ ᠰᠢᠯᠢᠭᠦ ᠥᠭᠡᠢ ᠪᠥᠷ ᠢᠳᠡᠨ᠎ᠡ᠃ ᠭᠥᠮᠥᠨ ᠪᠥᠵᠢᠭ ᠪᠤᠯᠪᠠᠰᠤᠷᠠᠪᠠᠯ ᠲᠡᠷᠡ ᠲᠤᠮᠳᠠ ᠨᠢ ᠡᠷᠬᠢᠴᠡᠨᠡ᠃ ᠠᠶᠤᠬᠤ ᠶᠠᠭᠤᠮ᠎ᠠ ᠥᠭᠡᠢ᠂ ᠬᠥᠯᠥᠭᠡ ᠶᠢᠨ ᠬᠤᠪᠢ | ᠳᠤ ᠵᠠᠶᠠᠭ᠎ᠠ ᠪᠠᠶᠢᠭᠠᠳ ᠪᠠᠶᠢᠪᠠᠯ ᠲᠩᠷᠢ ᠨᠤᠷᠠᠭᠰᠠᠨ ᠴᠤ ᠠᠶᠤᠬᠤ ᠥᠭᠡᠢ ᠮᠡᠳᠤ ᠪᠡᠶᠢᠪᠡ᠃ ᠵᠢᠯ ᠥᠩᠭᠡᠷᠡᠪᠡ᠃ ᠭᠥᠯᠥᠭᠡ ᠨᠡᠯᠢᠶᠡᠳ ᠥᠰᠴᠥ ᠰᠢᠷ᠎ᠠ ᠥᠰᠥ ᠨᠢ | ᠴᠠᠶᠢᠪᠤᠷᠳᠤᠵᠤ ᠰᠠᠷᠠᠯ ᠰᠢᠭ᠋ ᠪᠤᠯᠵᠤ ᠮᠥᠴᠢ ᠨᠢ ᠤᠷᠳᠤᠰᠴᠤ ᠠᠯᠬᠤᠭ᠎ᠠ ᠨᠢ ᠲᠥᠷᠭᠡᠰᠥᠭᠰᠡᠨ ᠢ ᠭᠠᠷᠭᠠᠪᠠᠯ ᠮᠥᠨ ᠯᠨ ᠯᠠᠩᠳᠤᠭᠠᠷ ᠲᠤᠯᠤᠭᠠᠢ ᠲᠠᠢ ᠬᠡᠪ ᠢᠶᠠᠷ ᠢᠶᠠᠨ | ᠮᠥᠷᠳᠡᠭᠡᠨ ᠵᠠᠶᠠᠭ᠎ᠠ ᠠᠴᠠ ᠲᠥᠭᠡ ᠰᠠᠯᠬᠤ ᠲᠤᠷ᠎ᠡ ᠥᠭᠡᠢ᠃ ᠭᠥᠮᠥᠰ ᠵᠤᠯᠭᠠᠪᠠᠯ ᠵᠠᠷᠢᠮ ᠨᠢ ᠵᠠᠶᠠᠭ᠎ᠠ ᠲᠠᠢ ᠮᠡᠨᠳᠥᠯᠡᠭᠦ ᠠᠴᠠ ᠡᠮᠥᠨ᠎ᠡ ᠨᠤᠬᠠᠢ ᠲᠠᠢ ᠨᠢ ᠮᠡᠨᠳᠥᠯᠡᠨᠡ᠂ | ︽ᠬᠠᠴᠢᠭᠦᠥ ᠰᠠᠶᠢᠨ︕︾ ᠂ ᠵᠠᠶᠠᠭ᠎ᠠ ᠨᠤᠬᠠᠢ ᠶᠢᠨ ᠢᠶᠠᠨ ᠤᠷᠤᠨ ᠳᠤ ᠬᠠᠷᠢᠭᠤ ᠮᠡᠨᠳᠥᠴᠢᠯᠡᠨᠡ᠂ ᠲᠡᠭᠡᠭᠡᠳ ᠲᠤᠩ ᠪᠠᠶᠠᠷᠳᠡᠢ᠃ ᠬᠡᠥᠭᠡᠨ ᠨᠢ ᠠᠵᠢᠯ ᠤᠯᠵᠤ | ᠪᠠᠶᠢᠷᠢ ᠳᠤ ᠤᠷᠤᠭᠰᠠᠨ ᠠᠴᠠ ᠬᠤᠶᠢᠰᠢ ᠬᠠᠴᠢᠭᠦᠥ ᠤᠶᠤᠮᠠ ᠠᠴᠠ ᠴᠤ ᠢᠯᠡᠭᠦᠥ ᠵᠠᠶᠠᠭ᠎ᠠ ᠶᠢᠨ ᠰᠡᠳᠬᠢᠯ ᠢ ᠲᠠᠳᠠᠳᠠᠭ ᠪᠤᠯᠪᠠ᠂ ᠲᠡᠭᠡᠪᠡᠴᠥ ᠠᠯᠪᠠᠨ ᠤ ᠡᠳᠥᠷ | ᠨᠤᠬᠠᠢ ᠲᠠᠭᠠᠭᠤᠯᠵᠤ ᠪᠤᠯᠬᠤ ᠥᠭᠡᠢ᠃ ᠮᠤᠳᠤᠨ ᠫᠧᠩ ᠤᠨ ᠫᠠᠨᠰᠠᠨ ᠵᠠᠪᠰᠠᠷ ᠢᠶᠠᠷ ᠭᠥᠯᠥᠭᠡ ᠲᠡᠭᠷᠢ ᠶᠢᠨ ᠤᠳᠤᠳ ᠪᠠ ᠲᠡᠷᠳᠡᠭᠡ ᠬᠠᠷᠠᠭᠳᠠᠬᠤ ᠡᠵᠡᠨ ᠤ ᠪᠠᠨ | ᠤᠨᠳᠠᠯᠭ᠎ᠠ ᠶᠢᠨ ᠥᠷᠥᠭᠡ ᠶᠢ ᠬᠠᠷᠠᠭᠠᠤᠨ ᠬᠡᠪᠳᠡᠳᠡᠭ᠂ ᠥᠭᠡᠷ᠎ᠡ ᠲᠡᠶᠢᠰᠢ ᠶᠠᠭᠤᠮ᠎ᠠ ᠬᠠᠷᠠᠳᠠᠭ ᠥᠭᠡᠢ᠃ | ᠵᠠᠶᠠᠭ᠎ᠠ ᠲᠡᠷᠭᠡᠨ ᠥᠷᠳᠡᠭᠡᠨ ᠠᠴᠠ ᠤᠬᠤᠷ ᠵᠠᠢ ᠶᠢᠨ ᠠᠶᠠᠨᠴᠢᠳ ᠤᠨ ᠮᠠᠰᠢᠨ ᠢᠶᠠᠷ ᠰᠤᠷᠭᠠᠭᠤᠯᠢ ᠳᠤ ᠪᠠᠨ ᠶᠠᠪᠤᠳᠠᠭ ᠪᠤᠯᠬᠤᠷ ᠨᠤᠬᠠᠢ ᠲᠠᠭᠠᠭᠤᠯᠤᠭᠰᠠᠨ | ᠲᠡᠷᠡ ᠪᠠᠳᠤ᠂ ᠤᠶᠤᠨ᠂ ᠲᠤᠷᠵᠢ ᠲᠠᠢ ᠲᠠᠩᠳᠠ ᠪᠠᠨ ᠵᠤᠯᠭᠠᠨ᠎ᠠ᠃ ᠪᠠᠳᠤ ︽ᠴᠢ ᠴᠤ ᠨᠢᠭᠡ ᠰᠠᠶᠢᠨ ᠨᠤᠬᠠᠢ ᠲᠠᠢ ᠪᠤᠯᠵᠠᠢ᠂ ᠤᠶᠤᠮᠠ ᠪᠠᠨ ᠨᠠᠳᠠ ᠥᠭᠴᠢᠬᠡᠭᠦ | ᠥᠭᠡᠢ ᠤᠤ︖︾ ᠭᠡᠵᠥ ᠱᠤᠭᠯᠠᠨ᠎ᠠ᠃ ᠵᠠᠶᠠᠭ᠎ᠠ ᠶᠠᠭᠤᠮ᠎ᠠ ᠬᠡᠯᠡᠭᠦ ᠥᠭᠡᠢ ᠵᠥᠭᠡᠷ ᠬᠠᠴᠢᠭᠦᠥ ᠶᠢᠨ ᠢᠶᠠᠨ ᠲᠤᠯᠤᠭᠠᠢ ᠶᠢ ᠢᠯᠪᠢᠨ᠎ᠡ᠃ ᠲᠤᠷᠵᠢ ᠡᠪᠥᠭᠡᠨ ᠬᠡᠵᠢᠶᠡᠳᠡ | ︽ᠭᠥᠶ᠋ᠢ︕ ᠮᠢᠨᠤ ᠬᠠᠴᠢᠭᠦᠥ ᠪᠤᠤᠵᠠ ᠢᠳᠠ︾ ᠭᠡᠳ ᠬᠤᠶᠠᠷ ᠪᠤᠤᠵᠠ ᠥᠭᠭᠦᠨ᠎ᠡ᠃ ᠬᠥᠯᠥᠭᠡ ᠡᠷᠡᠭᠡᠯᠡᠭᠦ ᠶᠤᠰᠤ ᠪᠠᠶᠢᠳᠠᠭ ᠥᠬᠡᠢ᠃ ᠯᠠᠩᠳᠤᠭᠠᠷ ᠲᠤᠯᠤᠭᠠᠢ | ᠲᠠᠢ ᠬᠠᠴᠢᠭᠦᠥ ᠲᠡᠷᠭᠡᠨ ᠥᠷᠳᠡᠭᠡᠨ ᠬᠠᠪᠢ ᠳᠤ ᠲᠠᠨᠢᠯ ᠤᠯᠠᠨ ᠪᠤᠯᠵᠤ᠂ ᠵᠥᠭ ᠪᠤᠯᠭᠠᠨ ᠠᠴᠠ ︽ᠭᠥᠶ᠋ᠢ᠂ ᠬᠠᠴᠢᠭᠦᠥ︕︾ ᠭᠡᠰᠡᠨ ᠴᠢᠮᠡᠭᠡ ᠢᠷᠡᠨ᠎ᠡ᠃ ᠨᠢᠭᠡ | ᠡᠳᠥᠷ ᠵᠠᠶᠠᠭ᠎ᠠ ᠤᠶᠤᠨ ᠤ ᠨᠤᠮ ᠤᠨ ᠲᠡᠯᠭᠡᠭᠦᠷ ᠲᠤ ᠤᠷᠤᠵᠤ ᠰᠢᠨ᠎ᠡ ᠨᠤᠮ ᠥᠵᠡᠭᠦ ᠬᠡᠪᠡ᠃ ᠭᠥᠯᠥᠭᠡ ᠪᠤᠱᠤᠭᠠᠨ ᠴᠠᠭᠠᠳᠠᠢ ᠠᠴᠠ ᠡᠵᠡᠨ ᠢᠶᠠᠨ ᠭᠥᠯᠢᠶᠡᠵᠥ | ᠪᠠᠶᠢᠭᠰᠠᠨ ᠢᠶᠠᠨ ᠮᠤᠤᠷ ᠢ ᠥᠵᠡᠭᠰᠡᠨ ᠴᠤ ᠭᠥᠳᠡᠯᠥᠭᠰᠡᠨ ᠥᠭᠡᠢ᠂ ᠤᠶᠤᠨ᠄ ︽ᠵᠠᠶᠠᠭ᠎ᠠ᠂ ᠴᠢᠨᠤ ᠨᠤᠬᠠᠢ ᠡᠨᠡ ᠮᠤᠤᠷ ᠤᠨ ᠥᠰᠢᠶ᠎ᠡ ᠶᠢ ᠮᠠᠷᠳᠠᠴᠢᠬᠠᠭᠰᠠᠨ ᠴᠢᠷᠠᠢ᠂ | ᠬᠤᠷᠤᠰᠤᠭᠰᠠᠨ ᠮᠠᠶ᠋ᠢᠭ ᠥᠭᠡᠢ ᠪᠠᠶᠢᠨ᠎ᠠ᠂ ᠨᠤᠬᠠᠢ ᠴᠢᠨᠢ ᠠᠷᠠᠢ ᠲᠡᠨᠡᠭ ᠶᠠᠭᠤᠮ᠎ᠠ ᠪᠠᠶᠢᠬᠤ ᠪᠢᠰᠢ ᠪᠠ︖ ᠴᠢ ᠲᠡᠭᠦᠨ ᠳᠤ ᠤᠩᠭᠠᠰᠤᠨ ᠪᠥᠮᠪᠦᠭᠡ ᠭᠥᠭᠡᠭᠡᠬᠦ ᠶᠢ | ᠵᠢᠭᠠᠵᠤ ᠥᠭᠪᠡᠥ︖︾ ᠭᠡᠪᠡᠯ ᠵᠠᠶᠠᠭ᠎ᠠ ᠲᠤᠯᠤᠭᠠᠢ ᠰᠡᠭᠰᠥᠷᠡᠪᠡ᠃ | ᠲᠠᠷᠠᠭ᠎ᠠ ᠥᠷᠯᠥᠭᠡ ᠨᠢ ᠤᠶᠤᠮᠠ ᠴᠤᠩᠬᠤ ᠪᠠᠷ ᠭᠥᠭ ᠤᠨ ᠶᠠᠭᠤᠮ᠎ᠠ ᠥᠵᠡᠵᠥ ᠠᠭᠤᠷᠯᠠᠬᠤ ᠢᠨᠢᠶᠡᠭᠦ ᠶᠢᠨ ᠠᠯᠢᠨ ᠢ ᠤᠯᠬᠤ ᠪᠠᠨ ᠮᠠᠷᠳᠠᠨ ᠠᠩᠭᠠᠶᠢᠵᠤ | ᠪᠢᠯᠡ᠃ ᠵᠠᠶᠠᠭ᠎ᠠ ᠬᠥᠷᠢᠶᠡᠨ ᠲᠤᠮᠳᠠ ᠲᠤᠤᠷ ᠪᠥᠮᠪᠦᠭᠡ ᠪᠠᠷᠢᠭᠠᠳ ᠬᠡᠳᠤᠨ ᠠᠯᠬᠤᠮ ᠤᠨ ᠴᠠᠭᠠᠨ᠎ᠠ ᠴᠤᠬᠢᠯᠠᠵᠤ ︽ᠬᠥᠶ᠋ᠢ᠂ ᠬᠠᠴᠢᠭᠦᠥ ᠪᠥᠮᠪᠦᠭᠡ ᠲᠡᠭᠦᠭᠡᠳ ᠠᠯᠢ᠂ | ᠬᠤᠷᠳᠤᠨ︕ ᠤᠬᠠᠭᠠᠨᠳᠠᠢ︕︾᠂ ᠭᠥᠯᠥᠭᠡ ᠵᠥᠭᠡᠷ ᠯᠠ ᠵᠠᠶᠠᠭ᠎ᠠ ᠲᠠᠢ ᠨᠤᠤᠷᠠᠯᠳᠤᠨᠠ᠃ ᠵᠠᠶᠠᠭ᠎ᠠ ᠠᠷᠭ᠎ᠠ ᠶᠠᠳᠠᠭᠠᠳ ᠴᠤᠬᠢᠭᠰᠠᠨ ᠪᠥᠮᠪᠦᠭᠡ ᠪᠠᠨ ᠥᠪᠡᠷ ᠢᠶᠠᠨ | ᠮᠥᠯᠭᠦᠨ ᠬᠥᠭᠡᠭᠡᠵᠥ ᠬᠠᠵᠠᠭᠠᠳ ᠡᠷᠭᠢᠵᠥ ᠮᠥᠯᠭᠦᠨ ᠢᠷᠡᠪᠡ᠃ ᠭᠥᠯᠥᠭᠡ ᠲᠠᠭᠤᠷᠢᠶᠠᠵᠤ ᠬᠢᠭᠰᠡᠨ ᠥᠭᠡᠢ᠂ ᠪᠥᠮᠪᠦᠭᠡ ᠥᠩᠭᠦᠷᠢᠭᠡᠳ ᠶᠠᠪᠤᠵᠤ ᠪᠠᠶᠢᠪᠠᠯ ᠭᠥᠭᠡᠭᠡᠨᠡ᠂ | ᠵᠤᠭᠰᠤᠪᠠᠯ ᠤᠯᠬᠤ ᠪᠠᠨ ᠪᠠᠶᠢᠴᠢᠬᠠᠨ᠎ᠠ᠃ ᠵᠠᠶᠠᠭ᠎ᠠ ᠠᠭᠤᠷᠯᠠᠵᠤ ᠭᠥᠯᠥᠭᠡ ᠪᠠᠨ ᠬᠠᠷᠢᠶᠠᠪᠠ᠄ ︽ᠲᠡᠨᠡᠭ ᠨᠤᠬᠠᠢ︕ ᠮᠠᠭᠤ ᠨᠤᠬᠠᠢ︕ ᠰᠢᠷ᠎ᠡ ᠭᠠᠭ᠋ᠠᠢ︕︾ | ᠭᠥᠯᠥᠭᠡ ᠰᠡᠭᠦᠯ ᠢᠶᠠᠨ ᠰᠢᠷᠪᠠᠨ ᠡᠷᠭᠡᠯᠡᠪᠡ᠃ ᠵᠠᠶᠠᠭ᠎ᠠ ᠳᠤ ᠥᠭᠡᠷ᠎ᠡ ᠡᠷᠳᠡᠮ ᠪᠠᠶᠢᠭᠰᠠᠨ ᠥᠭᠡᠢ᠂ ︽ᠪᠥᠮᠪᠦᠭᠡ ᠲᠡᠭᠦᠭᠦ ᠲᠤᠰᠬᠠᠢ ᠮᠡᠷᠭᠡᠵᠢᠯ ᠤᠨ ᠪᠤᠯᠪᠠᠰᠤᠷᠠᠯ︾ | ᠠᠳᠡ ᠭᠥᠷᠥᠭᠡᠳ ᠲᠡᠭᠦᠰᠭᠦ ᠶᠤᠰᠤᠳᠠᠢ ᠪᠤᠯᠵᠠᠢ᠃ ᠰᠢᠷ᠎ᠡ ᠭᠥᠯᠥᠭᠡ ᠵᠢᠷᠭᠠᠯ ᠤᠨ ᠬᠡᠯᠡᠭᠰᠠᠨ ᠮᠡᠳᠤ ︽ᠰᠡᠴᠡᠨ ᠰᠡᠷᠭᠦᠯᠡᠩ᠂ ᠪᠡᠶ᠎ᠡ ᠪᠢᠯᠳᠡᠷ ᠢᠶᠠᠷ ᠭᠥᠳᠡᠷ᠂ ᠡᠵᠡᠨ | ᠳᠤ ᠪᠠᠨ ᠥᠨᠡᠨᠴᠢ︾ ᠶᠢᠨ ᠠᠯᠢ ᠨᠢᠭᠡᠨ ᠢ ᠴᠦ ᠪᠡᠶᠡᠯᠡᠭᠦᠯᠵᠥ ᠲᠡᠶᠢᠯᠭᠦ ᠮᠠᠶ᠋ᠢᠭ ᠥᠭᠡᠢ᠃ | ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠭᠰᠡᠨ ᠪᠤᠯᠬᠤᠷ ᠵᠠᠶᠠᠭ᠎ᠠ ᠡᠳᠥᠷᠵᠢᠨ ᠲᠤᠭᠯᠠᠳᠠᠭ ᠬᠠᠴᠢᠭᠦᠥ ᠪᠠᠨ ᠬᠥᠷᠢᠶᠡᠨ ᠳᠤ ᠪᠠᠨ ᠬᠠᠭᠠᠭᠠᠳ ᠬᠡᠷᠭᠡᠢ ᠳᠡᠭᠡᠨ | ᠵᠠᠬᠢᠭᠠᠳ ᠶᠠᠪᠤᠪᠠ᠃ ᠤᠶᠤᠮᠠ ᠨᠤᠬᠠᠢ ᠪᠠᠨ ᠤᠨᠤᠵᠤ ᠭᠥᠵᠥᠭᠦᠪᠴᠢᠨ ᠠᠴᠠ ᠨᠢ ᠪᠠᠷᠢᠭᠠᠳ ᠨᠡᠯᠢᠶᠡᠳ ᠵᠤᠭᠰᠤᠵᠤ᠂ ᠭᠥᠵᠥᠭᠦᠪᠴᠢ ᠶᠢ ᠨᠢ ᠲᠠᠯᠪᠢᠪᠠᠯ ᠰᠢᠷ᠎ᠡ | ᠭᠥᠯᠥᠭᠡ ᠰᠥᠷᠳ᠋ ᠬᠢᠨ ᠪᠤᠰᠴᠤ ᠪᠤᠯᠤᠩ ᠠᠪᠠᠷᠢᠨ ᠭᠤᠳ ᠥᠰᠥᠷᠥᠨ ᠠᠯᠠᠭ᠎ᠠ ᠪᠤᠯᠪᠠ᠃ ᠲᠡᠷᠭᠡᠨ ᠲᠡᠭᠡᠷ᠎ᠡ ᠭᠠᠷᠤᠭᠰᠠᠨ ᠵᠠᠶᠠᠭ᠎ᠠ ᠴᠠᠭ ᠢᠶᠠᠨ ᠱᠠᠭᠠᠶᠢᠭᠠᠳ | ᠲᠠᠬᠢᠭᠠᠳ ᠭᠠᠳᠠᠭᠰᠢ ᠨᠢᠭᠡ ᠬᠠᠷᠠᠬᠤ ᠳᠤ ᠬᠠᠴᠢᠭᠦᠥ ᠥᠷᠳᠡᠭᠡᠨ ᠤ ᠡᠮᠤᠨᠡᠬᠢ ᠴᠡᠴᠡᠭ ᠤᠨ ᠲᠠᠲᠠᠭᠠᠯ ᠤᠨ ᠲᠠᠷᠭᠡᠳᠡ ᠡᠰᠢ ᠲᠡᠰᠢ ᠤᠯᠠᠨ ᠬᠥᠮᠥᠨ ᠤ ᠲᠤᠮᠳᠠ ᠠᠴᠠ | ᠡᠵᠡᠨ ᠢᠶᠠᠨ ᠡᠷᠢᠵᠥ ᠡᠰᠢ ᠲᠡᠰᠢ ᠡᠷᠪᠡᠯᠵᠡᠨ ᠵᠤᠭᠰᠤᠵᠤ ᠪᠠᠶᠢᠬᠤ ᠶᠢ ᠤᠯᠵᠤ ᠬᠠᠷᠠᠪᠠ᠃ ᠵᠠᠶᠠᠭ᠎ᠠ ᠠᠷᠭ᠎ᠠ ᠪᠤᠰᠤ ᠪᠠᠭᠤᠵᠤ ᠢᠷᠡᠭᠡᠳ ᠨᠤᠬᠠᠢ ᠶᠢᠨ ᠭᠥᠵᠥᠭᠦᠪᠴᠢᠨ | ᠠᠴᠠ ᠨᠢ ᠠᠳᠬᠤᠵᠤ ︽ᠬᠠᠷᠢ᠂ ᠬᠠᠷᠢ︕︾ ᠭᠡᠳ ᠭᠡᠷ ᠥᠭᠡᠳᠡ ᠪᠠᠨ ᠪᠠᠭ᠋ᠠᠨ ᠭᠥᠳᠥᠯᠪᠠ᠃ ᠵᠠᠶᠠᠭ᠎ᠠ ᠶᠠᠪᠤᠪᠠᠯ ᠱᠤᠭᠰᠢᠭᠠᠳ ᠲᠠᠭᠠᠨ᠎ᠠ᠂ ᠵᠠᠶᠠᠭ᠎ᠠ ᠵᠤᠭᠰᠤᠪᠠᠯ | ᠲᠠᠭ ᠵᠤᠭᠰᠤᠨ᠎ᠠ᠃ ᠠᠷᠭ᠎ᠠ ᠥᠭᠡᠢ ᠶᠢᠨ ᠡᠷᠭᠡᠨ ᠳᠤ ᠪᠠᠨ ᠵᠠᠶᠠᠭ᠎ᠠ ᠨᠤᠬᠠᠢ ᠲᠠᠢ ᠪᠠᠨ ᠬᠠᠷᠢᠵᠤ ᠢᠷᠡᠪᠡ᠃ ᠡᠬᠡᠨᠡᠷ ᠨᠢ ᠬᠠᠷᠢᠶᠠᠯ ᠲᠠᠯᠪᠢᠭᠠᠳ ᠠᠷᠤᠨ ᠠᠴᠠ ᠨᠢ | ᠥᠪᠡᠷ ᠢᠶᠠᠨ ᠴᠤ ᠢᠨᠢᠶᠡᠪᠡ᠃ ᠨᠢᠭᠡᠨᠳᠡ ᠴᠢᠯᠥᠭᠡ ᠠᠪᠤᠭᠰᠠᠨ ᠵᠠᠶᠠᠭ᠎ᠠ ᠨᠢᠭᠡ ᠥᠳᠡ ᠶᠢᠨ ᠡᠮᠥᠨ᠎ᠡ ᠶᠢᠨ ᠴᠠᠭ ᠬᠡᠷᠡᠭᠯᠡᠵᠥ ᠨᠤᠬᠠᠢ ᠳᠠᠭᠠᠨ ᠪᠥᠮᠪᠦᠭᠡ ᠲᠡᠭᠦᠭᠦ ᠶᠢ | ᠵᠢᠭᠠᠭᠰᠠᠨ ᠴᠤ ᠪᠥᠮᠪᠦᠭᠡ ᠶᠢ ᠥᠪᠡᠷ ᠢᠶᠠᠨ ᠰᠢᠯᠥᠰᠥᠳᠥᠭᠰᠡᠨ ᠠᠴᠠ ᠥᠭᠡᠷ᠎ᠡ ᠶᠠᠮᠠᠷᠴᠤ ᠤᠯᠵᠠ ᠤᠯᠤᠭᠰᠠᠨ ᠥᠭᠡᠢ᠃ ᠪᠥᠮᠪᠥᠭᠡᠨ ᠳᠤᠨᠢ ᠨᠤᠬᠠᠶᠢᠨ ᠰᠢᠳᠥᠨ ᠮᠥᠷ | ᠨᠢᠭᠡ ᠴᠤ ᠥᠭᠡᠢ᠂ ᠬᠠᠷᠢᠨ ᠬᠠᠴᠢᠭᠦᠥ ᠡᠩ ᠤᠨ ᠡᠳᠥᠷ ᠲᠠᠢ ᠠᠳᠠᠯᠢᠬᠠᠨ ᠪᠠᠶᠠᠷᠯᠠᠵᠤ᠂ ᠥᠰᠥᠷᠴᠥ ᠲᠡᠭᠳᠡᠵᠥ ᠯᠠ ᠪᠠᠶᠢᠪᠠ᠃ ᠥᠳᠡ ᠪᠤᠯᠬᠤ ᠳᠤ ᠤᠶᠤᠮᠠ | ᠬᠤᠶᠠᠷ ᠬᠥᠯ ᠲᠠᠢ ᠪᠠ ᠲᠥᠷᠪᠡᠨ ᠭᠥᠯ ᠲᠠᠢ ᠬᠤᠶᠠᠷ ᠨᠤᠬᠠᠢ ᠳᠤ ᠪᠠᠨ ᠬᠤᠭᠤᠯᠠ ᠪᠤᠯᠭᠤᠭᠠᠵᠤ ᠲᠡᠵᠢᠭᠡᠭᠡᠳ ᠰᠢᠷ᠎ᠠ ᠶᠢ ᠪᠠᠨ ᠤᠶᠠᠬᠤ ᠪᠠᠷ ᠪᠤᠯᠪᠠ᠃ ᠮᠤᠳᠤᠨ | ᠫᠧᠩ ᠤᠨ ᠡᠭᠦᠳᠡᠨ ᠳᠤ ᠤᠶᠠᠭᠰᠠᠨ ᠭᠥᠯᠥᠭᠡ ᠥᠰᠥᠷᠤᠨ ᠴᠤᠪᠬᠤᠴᠢᠵᠤ ᠯᠠ ᠪᠠᠶᠢᠭᠰᠠᠨ ᠴᠤ ᠵᠠᠶᠠᠭ᠎ᠠ ᠶᠠᠪᠤᠬᠤ ᠪᠠᠷ ᠢᠶᠠᠨ ᠶᠠᠪᠤᠵᠠᠢ᠃ ᠲᠠᠷᠠᠭ᠎ᠠ ᠡᠳᠥᠷ ᠨᠢ | ᠵᠠᠶᠠᠭ᠎ᠠ ᠮᠥᠨ ᠤᠶᠠᠭ᠎ᠠ ᠲᠠᠢ ᠭᠥᠯᠥᠭᠡ ᠪᠠᠨ ᠲᠡᠪᠡᠷᠢᠵᠥ ᠄ ︽ᠰᠠᠶᠢᠨ ᠰᠠᠭᠤᠵᠤ ᠪᠠᠶᠢᠭᠠᠷᠠᠢ︕︾ ᠭᠡᠳ ᠬᠥᠷᠢᠶᠡᠨ ᠤ ᠪᠠᠨ ᠬᠠᠭᠠᠯᠭ᠎ᠠ ᠪᠠᠨ ᠬᠠᠭᠠᠪᠠ᠃ | ᠤᠶᠤᠮᠠ ᠵᠡᠭᠡᠯᠢ ᠳᠤ ᠭᠠᠷᠤᠭᠠᠳ ᠥᠳᠡ ᠶᠢᠨ ᠬᠤᠶᠢᠨ᠎ᠠ ᠢᠷᠡᠭᠰᠡᠨ ᠴᠢᠨᠢ ᠭᠥᠯᠥᠭᠡ ᠠᠯᠠᠭ᠎ᠠ᠂ ᠨᠢᠯᠤᠨ ᠲᠡᠭᠡᠰᠥᠨ ᠲᠠᠰᠤᠷᠬᠠᠢ ᠨᠢ ᠪᠠᠶᠢᠨ᠎ᠠ᠃ ᠰᠠᠨᠳᠤᠷᠴᠤ | ᠭᠡᠷ ᠤᠨ ᠭᠠᠳᠠᠨ᠎ᠠ ᠲᠤᠳᠤᠨ᠎ᠠ᠂ ᠠᠮᠢᠳᠠᠢ ᠶᠢᠨ ᠭᠡᠷ᠂ ᠮᠤᠳᠤᠨ ᠫᠧᠩ ᠢᠶᠠᠷ ᠪᠥᠷ ᠡᠷᠢᠪᠠ᠂ ᠤᠯᠳᠠᠭᠰᠠᠨ ᠥᠭᠡᠢ᠃ ᠤᠷᠤᠢ ᠨᠢ ᠵᠠᠶᠠᠭ᠎ᠠ ᠨᠢᠭᠡ ᠶᠡᠭᠡ ᠭᠥᠭᠵᠢᠯ ᠲᠠᠢ | ︽ᠬᠠᠴᠢᠭᠦᠥ ᠰᠠᠶᠢᠨ︕︾ ᠭᠡᠰᠠᠨ ᠶᠠᠭᠤᠮ᠎ᠠ ᠢᠷᠡᠵᠥ ᠤᠶᠤᠮᠠ ᠳᠠᠭᠠᠨ ᠪᠥᠭᠡᠮ ᠶᠠᠭᠤᠮ᠎ᠠ ᠭᠥᠭᠡᠷᠥᠪᠡ᠃ ᠤᠤᠯ ᠨᠢ ᠭᠥᠯᠥᠭᠡ ᠲᠡᠷᠭᠡᠨ ᠥᠷᠳᠡᠭᠡᠨ ᠤ ᠡᠭᠦᠳᠡᠨ | ᠲᠡᠷᠭᠡᠳᠡᠭᠢ ᠴᠡᠴᠡᠭ ᠤᠨ ᠲᠠᠳᠠᠭᠠᠯ ᠤᠨ ᠲᠡᠭᠡᠷ᠎ᠡ ᠤᠴᠤᠶᠢᠨ ᠪᠠᠶᠢᠵᠤ ᠬᠠᠶᠢᠷᠠᠳᠤ ᠡᠵᠡᠨ ᠢᠶᠠᠨ ᠤᠭᠳᠤᠭᠰᠠᠨ ᠪᠠᠶᠢᠵᠠᠢ᠃ ᠲᠠᠰᠤᠷᠬᠠᠢ ᠲᠡᠭᠡᠰᠥ ᠴᠢᠷᠴᠥ ᠭᠥᠵᠥᠭᠦᠥ | ᠡᠷᠡᠥ ᠨᠢ ᠪᠠᠭ᠎ᠠ ᠰᠢᠯᠪᠤᠷᠠᠭᠰᠠᠨ ᠰᠢᠷ᠎ᠠ ᠭᠥᠯᠥᠭᠡ ᠪᠠᠨ ᠥᠵᠡᠭᠡᠳ ᠵᠠᠶᠠᠭ᠎ᠠ ᠥᠷᠥ ᠡᠪᠡᠳᠴᠥ ᠪᠠᠰᠠ ᠨᠢᠭᠡ ᠲᠠᠯ᠎ᠠ ᠪᠠᠷ ᠭᠥᠬᠡᠷᠴᠥ ᠰᠥᠷᠡᠭᠡᠢ ᠶᠠᠷᠢᠶ᠎ᠠ ᠲᠠᠢ ᠢᠷᠡᠭᠰᠡᠨ | ᠨᠢ ᠡᠨᠡ ᠪᠠᠶᠢᠪᠠ᠃ ᠭᠥᠯᠥᠭᠡ ᠶᠢᠨ ᠢᠶᠠᠨ ᠰᠢᠷᠬ᠎ᠠ ᠶᠢ ᠰᠠᠶᠢᠬᠠᠨ ᠴᠡᠪᠡᠷᠯᠡᠵᠥ᠂ ᠬᠡᠪᠳᠡᠷᠢ ᠳᠤ ᠨᠢ ᠤᠷᠤᠭᠤᠯᠵᠤ ︽ᠤᠨᠳᠠᠭᠤᠯᠤᠭᠠᠳ︾ ᠵᠠᠶᠠᠭ᠎ᠠ ᠢᠷᠡᠵᠥ ᠡᠬᠡᠨᠡᠷ | ᠲᠠᠢ ᠪᠠᠨ ︽ᠡᠭᠦᠨ ᠢ ᠲᠡᠬᠢᠵᠥ ᠤᠶᠠᠬᠤ ᠪᠠᠨ ᠪᠤᠯᠢᠶ᠎ᠠ︾ ᠭᠡᠵᠤ ᠵᠥᠪᠳᠠᠭᠡᠳ᠂ ᠲᠡᠭᠡᠵᠥ ᠲᠤᠭᠳᠠᠵᠠᠢ᠃ ᠮᠠᠷᠭᠠᠰᠢ ᠨᠢ ᠭᠥᠯᠥᠭᠡ ᠪᠠᠨ ᠮᠥᠨ ᠭᠥᠷᠢᠶᠡᠨ ᠲᠤᠳᠤᠷ᠎ᠠ | ᠲᠥᠭᠵᠢᠵᠥ ᠤᠷᠬᠢᠭᠠᠳ ᠵᠠᠶᠠᠭ᠎ᠠ ᠲᠡᠷᠭᠡᠨ ᠥᠷᠳᠡᠭᠡᠨ ᠳᠤ ᠭᠥᠷᠭᠦ ᠳᠤ ᠭᠥᠯᠥᠭᠡ ᠮᠥᠨ ᠲᠠᠭᠠᠯᠳᠤᠨ ᠭᠥᠷᠥᠭᠰᠡᠨ ᠪᠠᠶᠢᠪᠠ᠃ ᠵᠠᠶᠠᠭ᠎ᠠ ᠭᠥᠯᠥᠭᠡ ᠪᠠᠨ ᠲᠡᠪᠡᠷᠢᠵᠥ | ᠲᠤᠯᠤᠭᠠᠢ ᠶᠢ ᠨᠢ ᠢᠯᠪᠢᠭᠡᠳ᠂ ᠭᠡᠷ ᠵᠥᠭ ᠢᠶᠠᠨ ᠵᠢᠭᠠᠵᠤ ︽ᠬᠠᠷᠢ︕ ᠬᠠᠷᠢ︕︾ ᠭᠡᠰᠡᠨ ᠳᠤ ᠶᠡᠷᠥᠨᠢ ᠲᠡᠨᠡᠭ ᠪᠠᠶᠢᠭᠠᠳ ᠪᠠᠶᠢᠳᠠᠭ ᠭᠥᠯᠥᠭᠡ ᠡᠨᠡ ᠤᠳᠠᠭ᠎ᠠ | ᠶᠠᠭᠤ ᠭᠡᠯᠡᠭᠰᠡᠨ ᠢ ᠨᠢ ᠪᠠᠷᠤᠭ ᠤᠨᠤᠵᠤ ᠭᠡᠷ ᠵᠥᠭ ᠢᠶᠠᠨ ᠡᠷᠭᠢᠨ ᠡᠷᠭᠢᠨ ᠬᠠᠷᠠᠭᠰᠠᠭᠠᠷ ᠲᠤᠷ᠎ᠠ ᠮᠠᠭᠤᠳᠠᠢ ᠶᠠᠪᠤᠵᠠᠢ᠃ ᠬᠠᠵᠠᠭᠤ ᠳᠤ ᠨᠢ ᠪᠠᠶᠢᠭᠰᠠ ᠡᠪᠥᠭᠡᠨ ᠲᠤᠷᠵᠢ | ᠡᠷᠡᠭᠡᠢ ᠭᠤᠵᠤᠶᠢᠯᠭᠠᠵᠤ᠄ ︽ᠬᠠᠴᠢᠭᠦᠥ ᠰᠠᠶᠢᠨ ᠨᠤᠬᠠᠢ ᠶᠢᠨ ᠤᠳᠤᠮ ᠭᠡᠰᠡᠨ ᠢᠶᠠᠨ ᠭᠤᠳᠤᠭᠠᠭᠰᠠᠨ ᠥᠭᠡᠢ᠂ ᠥᠨᠡᠭᠡᠷ ᠮᠡᠷᠭᠡᠨ ᠠᠮᠢᠳᠠᠨ ᠪᠠᠶᠢᠨ᠎ᠠ︕︾ ᠭᠡᠵᠥ | ᠮᠠᠭᠳᠠᠪᠠ᠃ ᠵᠠᠶᠠᠭ᠎ᠠ ᠭᠥᠯᠥᠭᠡ ᠶᠢᠨ ᠡᠷᠭᠢᠵᠥ ᠢᠷᠡᠭᠦ ᠠᠴᠠ ᠵᠤᠪᠠᠭᠰᠠᠭᠠᠷ ᠲᠡᠷᠭᠡᠨ ᠳᠤ ᠭᠠᠷᠪᠠ᠃ ᠭᠥᠯᠥᠭᠡ ᠬᠠᠷᠢᠨ ᠶᠠᠭ ᠢᠷᠡᠭᠰᠡᠨ ᠥᠭᠡᠢ᠃ | ᠤᠷᠤᠢ ᠨᠢ ᠵᠠᠶᠠᠭ᠎ᠠ ᠲᠡᠷᠭᠡᠨ ᠥᠷᠳᠡᠭᠡᠨ ᠤ ᠡᠭᠦᠳᠡ ᠪᠠᠷ ᠭᠠᠷᠤᠭᠠᠳ ᠭᠡᠷ ᠵᠥᠭ ᠢᠶᠠᠨ ᠡᠷᠭᠢᠳᠡᠯ᠎ᠡ ᠭᠡᠨᠡᠳᠳᠡ ︽ᠬᠥᠪ︕ ᠭᠥᠪ︕︾ ᠬᠡᠵᠥ ᠬᠠᠴᠢᠭᠦᠥ | ᠶᠢᠨ ᠲᠠᠭᠤ ᠭᠠᠷᠪᠠ᠃ ᠵᠠᠶᠠᠭ᠎ᠠ ᠡᠷᠭᠢᠵᠥ ᠬᠠᠷᠠᠪᠠᠯ ᠰᠢᠷ᠎ᠠ ᠭᠥᠯᠥᠭᠡ ᠴᠡᠴᠡᠭ ᠤᠨ ᠲᠠᠲᠠᠭᠠᠯ ᠲᠡᠭᠡᠷ᠎ᠡ ᠠᠴᠠ ᠥᠰᠥᠷᠥᠨ ᠪᠠᠭᠤᠵᠤ᠂ ᠤᠷᠴᠢᠯᠠᠩ ᠳᠤ ᠲᠡᠭᠦᠨ ᠠᠴᠠ | ᠢᠯᠡᠭᠦᠥ ᠪᠠᠶᠠᠷᠳᠡᠢ ᠠᠮᠢᠳᠠᠨ ᠪᠠᠶᠢᠬᠤ ᠥᠭᠡᠢ ᠮᠡᠳᠥ ᠶᠢᠨ ᠪᠠᠶᠢᠳᠠᠯ ᠲᠠᠢ ᠰᠡᠭᠦᠯ ᠬᠤᠷᠤᠶᠢᠯᠠᠨ ᠭᠥᠶᠥᠨ ᠢᠷᠡᠵᠥ ᠡᠷᠬᠢᠵᠤ ᠲᠤᠭᠯᠠᠵᠤ ᠰᠥᠢᠳ ᠪᠤᠯᠪᠠ᠃ ᠵᠠᠶᠠᠭ᠎ᠠ | ᠡᠨᠡ ᠠᠳᠤᠭᠤᠰᠤᠨ ᠤ ᠮᠡᠷᠭᠡᠨ ᠢ ᠭᠠᠶᠢᠬᠠᠵᠤ᠂ ᠲᠡᠪᠡᠷᠢᠨ ᠠᠪᠴᠤ ᠤᠳᠠᠳᠠᠯ᠎ᠠ ᠬᠠᠶᠢᠷᠠᠯᠠᠪᠠ᠃ ᠭᠡᠳᠡᠯ᠎ᠡ᠂ ᠵᠠᠶᠠᠭ᠎ᠠ ᠭᠤᠸᠠᠢ ᠬᠠᠴᠢᠭᠦᠥ ᠶᠢᠨ ᠢᠶᠠᠨ ᠬᠡᠳᠥᠢ ᠮᠡᠷᠭᠡᠨ | ᠬᠡᠳᠥᠢ ᠥᠨᠡᠨᠴᠢ ᠭᠡᠰᠡᠨ ᠢ ᠥᠪᠡᠷ ᠢᠶᠠᠨ ᠥᠵᠡᠵᠥ᠂ ᠪᠠᠶᠠᠰᠬᠤ ᠶᠢᠨ ᠲᠠᠪᠢᠯᠠᠩ ᠲᠠᠩᠴᠤ ᠪᠠᠶᠢᠭᠰᠠᠨ ᠥᠭᠡᠢ ᠭᠡᠳᠡᠭ ᠢ ᠤᠩᠰᠢᠭᠴᠢᠳ ᠲᠠ ᠪᠥᠭᠦᠳᠡ ᠮᠠᠨᠢ ᠤᠳᠠᠬᠤ | ᠥᠭᠡᠢ ᠮᠡᠳᠡᠴᠢᠭᠡᠭᠦ ᠶᠤᠮ᠃ | ᠰᠢᠷ᠎ᠠ ᠭᠥᠯᠥᠭᠡ ᠵᠠᠶᠠᠭ᠎ᠠ ᠶᠢ ᠲᠤᠭᠤᠷᠢᠨ ᠭᠥᠶᠥᠵᠥ ᠬᠤᠴᠠᠵᠤ᠂ ᠲᠠᠷᠠᠭ᠎ᠠ ᠨᠢ ᠰᠡᠭᠦᠯ ᠢᠶᠠᠨ ᠠᠯᠢ ᠴᠤ ᠥᠶ᠎ᠡ ᠠᠴᠠ ᠥᠨᠳᠥᠷ ᠡᠷᠭᠦᠵᠥ ᠡᠵᠡᠨ ᠤ ᠪᠠᠨ | ᠡᠮᠥᠨ᠎ᠡ ᠭᠠᠷᠤᠨ ᠱᠤᠭᠰᠢᠵᠥ᠂ ᠪᠠᠶᠢᠨ ᠪᠠᠶᠢᠨ ᠡᠵᠡᠨ ᠢᠶᠠᠨ ᠭᠥᠯᠢᠶᠡᠵᠥ᠂ ᠪᠠᠰᠠ ᠤᠴᠢᠵᠤ ᠪᠠᠭ᠋ᠠᠨ ᠡᠷᠭᠡᠯᠡᠵᠥ᠂ ᠨᠠᠭᠠᠯᠳᠤᠵᠤ᠂ ᠱᠥᠷᠭᠦᠭᠡᠵᠥ᠂ ᠭᠥᠭᠵᠢᠯ ᠲᠠᠢ | ᠬᠤᠴᠠᠨ᠂ ᠡᠵᠡᠨ ᠨᠤᠬᠠᠢ ᠬᠤᠶᠠᠭᠤᠯᠠ ᠪᠠᠨ ᠪᠠᠶᠠᠷᠳᠠᠢ ᠬᠠᠷᠢᠪᠠ᠃ ᠲᠡᠭᠦᠨ ᠠᠴᠠ ᠬᠤᠶᠢᠰᠢ ᠬᠠᠴᠢᠭᠦᠥ ᠡᠳᠥᠷ ᠪᠤᠯᠭᠠᠨ ᠲᠡᠷᠭᠡᠨ ᠥᠷᠳᠡᠭᠡᠨ ᠳᠤ ᠡᠵᠡᠨ ᠢᠶᠠᠨ | ᠭᠥᠷᠭᠡᠨ᠎ᠡ᠂ ᠵᠠᠶᠠᠭ᠎ᠠ ᠬᠠᠴᠢᠭᠦᠥ ᠪᠠᠨ ᠲᠠᠭᠠᠭᠤᠯᠤᠨ ᠶᠠᠪᠤᠬᠤ ᠳᠤ ᠪᠠᠨ ᠲᠤᠩ ᠪᠠᠶᠠᠷᠳᠠᠢ᠃ ᠡᠪᠥᠭᠡᠨ ᠲᠤᠷᠵᠢ᠂ ᠮᠠᠨᠠᠭᠠᠴᠢ ᠪᠠᠳᠤ ᠪᠥᠷ ᠬᠠᠴᠢᠬᠦᠥ ᠶᠢᠨ ᠬᠡᠳᠥᠢ | ᠲᠡᠭᠵᠢᠨ ᠰᠡᠷᠭᠦᠯᠡᠩ᠂ ᠡᠵᠡᠨ ᠢᠶᠠᠨ ᠭᠥᠷᠭᠡᠳᠡᠭ᠂ ᠲᠤᠰᠳᠠᠭ ᠢ ᠭᠥᠮᠥᠨ ᠥᠵᠡᠪᠡᠯ ᠬᠡᠯᠡᠵᠥ ᠮᠤᠳᠤ ᠥᠵᠡᠪᠡᠯ ᠪᠢᠴᠢᠨ᠎ᠡ᠃ ᠬᠠᠴᠢᠬᠦᠥ ᠶᠢᠨ ᠠᠯᠳᠠᠷ ᠡᠶᠢᠨ ᠭᠥ᠋ | ᠮᠠᠨᠳᠤᠵᠠᠢ᠃ ᠵᠠᠷᠢᠮ ᠰᠤᠷᠤᠭᠴᠢᠳ ᠲᠤᠰᠬᠠᠢ ︽ᠵᠢ᠊ ᠪᠠᠭᠰᠢ︾ ᠶᠢᠨ ᠰᠢᠷ᠎ᠠ ᠨᠤᠬᠠᠢ ᠶᠢ ᠥᠵᠡᠭᠦ ᠪᠠᠷ ᠢᠷᠡᠨ᠎ᠡ᠂ ᠵᠠᠷᠢᠮ ᠠᠶᠠᠨᠴᠢᠳ ᠴᠡᠴᠡᠭ ᠤᠨ ᠲᠠᠲᠠᠭᠠᠯ ᠤᠨ | ᠲᠡᠷᠭᠡᠳᠡ ᠬᠠᠴᠢᠭᠦᠥ ᠲᠠᠢ ᠲᠥᠷᠰᠥ ᠠᠪᠤᠭᠤᠯᠤᠨ᠎ᠠ᠃ ᠲᠤᠷᠵᠢ ᠠᠴᠠ ᠥᠭᠡᠷ᠎ᠡ ᠭᠥᠮᠥᠨ ᠴᠦ ᠬᠠᠴᠢᠭᠦᠥ ᠳᠤ ᠢᠳᠡᠬᠦ ᠶᠠᠭᠤᠮ᠎ᠠ ᠥᠭᠭᠦᠨ᠎ᠡ᠂ ᠪᠠᠳᠤ ᠬᠠᠭᠤᠴᠢᠨ | ᠲᠡᠮᠥᠷ ᠭᠠᠳᠤᠷ᠎ᠠ ᠶᠢ ᠲᠠᠲᠠᠭᠠᠯ ᠲᠤᠮᠳᠠ ᠲᠠᠯᠪᠢᠵᠤ ︽ᠠᠶᠠᠭ᠎ᠠ︾ ᠪᠤᠯᠭᠠᠪᠠ᠃ ᠢᠳᠡᠭᠦᠷ ᠲᠤᠨᠢ ᠲᠠᠩᠳᠠ ᠢᠳᠡᠰᠢ ᠲᠠᠢ᠂ ᠤᠰᠤ ᠲᠠᠢ᠂ ᠪᠠᠰᠠ ᠤᠯᠠᠨ ᠭᠥᠮᠥᠰ | ᠱᠠᠭᠰᠢᠷᠠᠨ ᠮᠠᠭᠳᠠᠭᠰᠠᠨ ᠪᠠᠶᠢᠳᠠᠯ ᠲᠤᠤᠷ᠎ᠠ ᠬᠠᠴᠢᠭᠦᠥ ᠡᠳᠥᠷ ᠪᠤᠯᠭᠠᠨ ᠡᠵᠡᠨ ᠢᠶᠠᠨ ᠭᠥᠯᠢᠶᠡᠨᠡ᠃ ᠲᠡᠷᠭᠡᠨ ᠥᠷᠳᠡᠭᠡᠨ ᠤ ᠡᠭᠦᠳᠡ ᠨᠡᠭᠡᠭᠡᠭᠳᠡᠨ ᠵᠠᠶᠠᠭ᠎ᠠ ᠶᠢ ᠭᠠᠷᠴᠤ | ᠢᠷᠡᠭᠦ ᠶᠢᠨ ᠲᠡᠷᠡ ᠭᠱᠠᠨ ᠳᠤ ᠬᠠᠴᠢᠭᠦᠥ ᠶᠢᠨ ᠨᠠᠷᠠ ᠭᠠᠷᠤᠨ᠎ᠠ᠃ ᠪᠠᠶᠠᠷ ᠪᠠᠶᠠᠰᠤᠯ᠂ ᠬᠠᠶᠢᠷ᠎ᠡ ᠰᠡᠳᠬᠢᠯᠬᠡ ᠪᠠᠨ ᠥᠭᠡ ᠬᠡᠯᠡ ᠪᠠᠷ ᠢᠯᠡᠳᠭᠡᠵᠥ ᠪᠤᠯᠳᠠᠭ ᠪᠠᠶᠢᠭᠰᠠᠨ | ᠪᠤᠯ ᠰᠢᠷ᠎ᠠ ᠭᠥᠯᠥᠭᠡ ᠬᠡᠨ ᠠᠴᠠ ᠴᠤ ᠲᠤᠳᠠᠬᠤ ᠥᠬᠡᠢ ᠰᠠᠶᠢᠬᠠᠨ ᠶᠠᠷᠢᠬᠤ ᠰᠢᠨᠵᠢᠳᠡᠢ᠂ ᠲᠡᠶᠢᠨ ᠭᠥ᠋ ᠲᠡᠷᠡ ᠮᠥᠴᠡ ᠳᠤ ᠲᠡᠷᠭᠡᠨ ᠥᠷᠳᠡᠭᠡᠨ ᠤ ᠡᠭᠦᠳᠡᠨ ᠲᠡᠭᠡᠷ᠎ᠡ | ᠬᠠᠴᠢᠭᠦᠥ ᠪᠤᠯᠤᠨ ᠵᠠᠶᠠᠭ᠎ᠠ ᠤᠷᠴᠢᠯᠠᠩ ᠳᠤ ᠬᠠᠮᠤᠭ ᠵᠢᠷᠭᠠᠯᠳᠠᠢ ᠬᠤᠶᠠᠷ ᠪᠤᠯᠵᠤ ᠵᠤᠯᠭᠠᠨ᠎ᠠ᠂ ᠲᠤᠭᠯᠠᠨ᠎ᠠ᠂ ᠲᠡᠭᠡᠭᠡᠳ ᠬᠠᠴᠢᠭᠦᠥ ᠬᠤᠶᠠᠷ ᠪᠤᠤᠵᠠ ᠤᠯᠵᠤ | ᠴᠤᠬᠢᠴᠢᠬᠠᠭᠠᠳ ᠬᠤᠶᠠᠭᠤᠯᠠ ᠪᠠᠨ ᠴᠤᠭ ᠬᠠᠷᠢᠨ᠎ᠠ᠃ ᠠᠮᠢᠳᠤᠷᠠᠯ ᠬᠠᠶᠢᠷ᠎ᠠ ᠲᠡᠭᠡᠷ᠎ᠡ ᠲᠤᠭᠳᠠᠳᠠᠭ ᠠᠵᠠᠢ᠂ ᠨᠤᠬᠠᠢ ᠳᠤ ᠴᠦ ᠭᠡᠰᠡᠨ ᠡᠶᠢᠮᠥ ᠪᠠᠶᠢᠬᠤ ᠶᠤᠰᠤᠳᠠᠢ᠃ | ᠭᠡᠳᠡᠯ᠎ᠡ ᠮᠥᠩᠭᠦ ᠴᠠᠭᠠᠨ ᠨᠢᠳᠤ ᠤᠯᠠᠭᠠᠨ ᠭᠡᠳᠡᠭ ᠢᠶᠠᠷ ᠤᠶᠤᠮᠠ ᠵᠤᠭᠤᠰ ᠲᠠᠢ ᠭᠥᠮᠥᠨ ᠲᠠᠭᠠᠵᠤ ᠵᠠᠶᠠᠭ᠎ᠠ ᠪᠠᠭᠰᠢ ᠶᠢ ᠵᠢᠷᠭᠠᠯ᠂ ᠬᠠᠴᠢᠭᠦᠥ ᠲᠠᠢ ᠨᠢ ᠬᠠᠮᠳᠤ | ᠤᠷᠭᠢᠭᠠᠳ ᠬᠤᠳᠠ ᠤᠷᠤᠭᠰᠠᠨ ᠠᠴᠠ ᠬᠤᠶᠢᠰᠢ ᠬᠠᠴᠢᠭᠦᠥ ᠵᠠᠶᠠᠭ᠎ᠠ ᠶᠢᠨ ᠠᠮᠢ ᠪᠤᠯᠪᠠ᠃ ᠭᠥᠮᠥᠨ ᠤ ᠪᠠᠶᠠᠷ ᠭᠤᠨᠢᠭ ᠰᠢᠩᠭᠡᠭᠰᠡᠨ ᠬᠤᠳᠠ ᠶᠢᠨ ᠪᠤᠷᠤ ᠭᠤᠳᠤᠮᠵᠢᠨ | ᠳᠤ ᠭᠥᠮᠥᠨ ᠨᠤᠬᠠᠢ ᠬᠤᠶᠠᠷ ᠤᠨ ᠨᠥᠭᠦᠷᠯᠡᠯ ᠡᠨᠡ ᠮᠡᠳᠥ ᠪᠠᠷ ᠥᠷᠭᠦᠯᠵᠢᠯᠡᠵᠥ ᠪᠠᠶᠢᠪᠠ᠃ ᠵᠢᠷᠭᠠᠯ ᠤᠨ ᠬᠤᠷᠢᠮ ᠲᠡᠭᠡᠷ᠎ᠡ ᠨᠡᠩ ᠤᠯᠠᠨ ᠭᠥᠮᠥᠨ ᠬᠠᠴᠢᠭᠦᠥ ᠶᠢ | ᠲᠠᠨᠢᠵᠤ᠂ ᠬᠠᠮᠳᠤ ᠶᠢᠨ ᠰᠡᠭᠦᠳᠡᠷ ᠲᠠᠲᠠᠬᠤ ᠳᠤ ᠪᠥᠷ ᠤᠷᠤᠯᠴᠪᠠ᠃ ᠰᠡᠭᠦᠯᠡᠷ ᠨᠢ ᠵᠢᠷᠭᠠᠯ ᠭᠡᠥᠭᠡᠳ ᠲᠠᠢ ᠪᠤᠯᠪᠠ᠂ ᠬᠡᠰᠡᠨ ᠴᠤ ᠰᠢᠷ᠎ᠠ ᠭᠥᠯᠥᠭᠡ ᠡᠵᠡᠨ ᠢᠶᠠᠨ | ᠲᠤᠰᠴᠤ ᠬᠥᠷᠭᠡᠳᠡᠭ ᠬᠡᠪ ᠢᠶᠠᠷ ᠢᠶᠠᠨ᠃ | ︽ᠡᠵᠢ ᠶᠢᠨ ᠴᠠᠶᠢᠯᠭᠠᠨ ᠴᠠᠭᠠᠨ ᠰᠡᠳᠬᠢᠯ᠂ ᠡᠩᠭᠦᠷᠡᠢ ᠤᠶᠠᠬᠠᠨ ᠪᠥᠥᠪᠡᠢ ᠶᠢᠨ ᠲᠠᠭᠤᠤ᠂ ᠡᠷᠳᠡᠮ ᠤᠨ ᠬᠠᠷᠭᠤᠢ ᠳᠤ ᠡᠷᠭᠦᠭᠰᠡᠨ ᠰᠠᠴᠤᠯᠢ᠂ ᠡᠮᠵᠡᠭᠬᠡᠨ | ᠬᠠᠶᠢᠷ᠎ᠠ ᠶᠢ ᠮᠡᠳᠡᠷᠡᠭᠰᠡᠨ ᠵᠢᠷᠥᠭᠡ ᠃ ᠠᠮᠢᠳᠤᠷᠠᠯ ᠬᠠᠶᠢᠷ᠎ᠠ ᠲᠡᠭᠡᠷ᠎ᠡ ᠲᠤᠭᠳᠠᠳᠠᠭ ᠬᠡᠵᠥ᠂ ᠠᠯᠠᠭᠬᠠᠨ ᠬᠤᠷᠸ᠎ᠠ ᠬᠡᠯᠡᠭᠡᠳ ᠪᠠᠶᠢᠬᠤ ᠶᠤᠮ ᠁︾ ᠲᠠᠭᠤᠨ ᠤ | ᠬᠢᠴᠢᠶᠡᠯ ᠲᠡᠭᠡᠷ᠎ᠡ ᠵᠠᠶᠠᠭ᠎ᠠ ᠪᠠᠭᠰᠢ ᠡᠨᠡ ᠠᠶ᠎ᠠ ᠶᠢ ᠭᠥᠭᠵᠢᠮᠳᠡᠪᠡ᠃ ︽ᠲᠠᠭᠤᠤ ᠭᠥᠭᠵᠢᠮ ᠢ ᠵᠥᠪᠬᠡᠨ ᠴᠢᠬᠢ ᠪᠠᠷ ᠢᠶᠠᠨ ᠪᠢᠰᠢ᠂ ᠬᠠᠷᠢᠨ ᠰᠡᠳᠬᠢᠯ ᠢᠶᠠᠷ ᠢᠶᠠᠨ᠂ | ᠪᠥᠷ ᠴᠤ ᠭᠥᠷᠡᠩ ᠵᠢᠷᠥᠬᠡ ᠪᠠᠷ ᠢᠶᠠᠨ ᠤᠴᠢᠵᠤ ᠤᠶᠢᠯᠠᠭᠠᠵᠤ ᠰᠤᠨᠤᠰᠬᠤ ᠬᠡᠷᠡᠭᠳᠡᠢ᠃ ᠡᠨᠡ ᠶᠡᠭᠡ ᠪᠥᠮᠪᠥᠷᠴᠡᠭ ᠲᠡᠭᠡᠷ᠎ᠡ ᠡᠴᠥᠨᠠᠨ ᠲᠥᠴᠢᠨᠡᠨ ᠠᠷᠠᠰᠤᠳᠠᠨ | ᠶᠠᠰᠤᠳᠠᠨ ᠪᠠᠶᠢᠵᠤ᠂ ᠲᠡᠳᠡᠨ ᠤ ᠡᠯᠳᠡᠪ ᠵᠥᠢᠯ ᠤᠨ ᠥᠭᠡ ᠭᠡᠯᠡ ᠶᠢ ᠪᠢᠳᠠ ᠤᠶᠢᠯᠠᠭᠠᠵᠤ ᠲᠡᠶᠢᠯᠳᠡᠭ ᠥᠭᠡᠢ ᠴᠤ ᠭᠡᠰᠡᠨ ᠲᠠᠭᠤᠨ ᠤ ᠬᠢᠨᠢ ᠭᠥᠭ ᠠᠶᠠᠯᠭᠤ ᠶᠢ | ᠮᠡᠳᠡᠷᠡᠨ ᠤᠶᠠᠷᠠᠵᠤ ᠴᠢᠳᠠᠳᠠᠭ ᠢᠶᠠᠷ ᠢᠶᠠᠨ ︿ᠭᠥᠷᠡᠩ ᠵᠢᠷᠥᠭᠡ ᠶᠢ ᠤᠶᠠᠷᠭᠠᠨ ᠴᠢᠳᠠᠬᠤ ᠬᠥᠭᠵᠢᠮ ᠲᠠᠭᠤᠨ ᠳᠤ ᠤᠷᠴᠢᠭᠤᠯᠭ᠎ᠠ ᠬᠡᠷᠡᠭ ᠥᠭᠡᠢ﹀ ᠭᠡᠰᠡᠨ ᠰᠡᠴᠡᠨ | ᠥᠭᠡ ᠪᠠᠶᠢᠳᠠᠭ ᠪᠠᠶᠢᠬᠤ ᠥᠭᠡᠢ ᠤᠤ︕︾ ᠭᠡᠵᠥ ᠶᠠᠷᠥ ᠠᠴᠠ ᠥᠭᠡ ᠲᠠᠭᠤ ᠴᠥᠭᠡᠨᠳᠡᠢ ᠪᠠᠶᠢᠳᠠᠭ ᠵᠠᠶᠠᠭ᠎ᠠ ᠪᠠᠭᠰᠢ ᠠᠶᠢᠬᠤᠪᠳᠤᠷ ᠲᠤᠭᠳᠤᠯᠤᠨ ᠶᠠᠷᠢᠵᠤ | ᠪᠠᠶᠢᠭᠰᠠᠨ ᠢᠶᠠᠨ ᠰᠠᠭᠤᠵᠤ ᠴᠡᠭᠡᠵᠢ ᠪᠠᠨ ᠲᠠᠷᠤᠨ ᠪᠠᠭ᠋ᠠᠨ ᠠᠮᠤᠰᠬᠢᠬᠤ ᠮᠠᠶ᠋ᠢᠭ ᠭᠠᠷᠤᠭᠰᠠᠨ ᠢᠶᠠᠨ ᠭᠡᠨᠡᠳᠳᠡ ᠰᠤᠯᠠᠷᠠᠨ ᠤᠨᠠᠪᠠ ᠁ | ᠴᠡᠴᠡᠭ ᠤᠨ ᠲᠠᠲᠠᠭᠠᠯ ᠲᠡᠭᠡᠷ᠎ᠡ ᠵᠤᠭᠰᠤᠭᠰᠠᠨ ᠬᠠᠴᠢᠭᠦᠥ ᠨᠢᠳᠤ ᠪᠠᠨ ᠴᠢᠯᠡᠳᠡᠯᠡ ᠬᠠᠷᠠᠵᠤ ᠲᠠᠪᠠᠭ ᠢᠶᠠᠨ ᠡᠪᠡᠳᠳᠡᠯᠡ ᠭᠥᠯᠢᠶᠡᠪᠡ᠂ ᠪᠥᠷᠥᠢ ᠪᠤᠯᠬᠤ ᠪᠠᠷ ᠪᠥᠷ | ᠬᠡᠪᠳᠡᠪᠡ᠂ ᠰᠥᠨᠢ ᠪᠤᠯᠪᠡ᠂ ᠡᠵᠡᠨ ᠨᠢ ᠢᠷᠡᠭᠰᠡᠨ ᠥᠭᠡᠢ᠃ ᠲᠠᠷᠠᠭ᠎ᠠ ᠥᠷᠯᠥᠭᠡ ᠨᠢ ᠵᠢᠷᠭᠠᠯ ᠤᠨ ᠨᠥᠬᠦᠷ ᠨᠢ ᠢᠷᠡᠵᠥ ᠬᠠᠴᠢᠭᠦᠥ ᠶᠢ ᠲᠡᠪᠡᠷᠢᠨ ᠲᠡᠷᠭᠡᠨ ᠲᠡᠭᠡᠷ᠎ᠡ | ᠪᠠᠨ ᠠᠪᠴᠤ ᠶᠠᠪᠤᠯ᠎ᠠ᠃ ᠭᠡᠷ ᠲᠤ ᠢᠷᠡᠪᠡᠯ ᠥᠭᠡᠷ᠎ᠡ ᠬᠥᠮᠥᠨ ᠥᠭᠡᠢ᠂ ᠭᠥᠯᠥᠭᠡ ᠬᠢᠵᠥ ᠥᠭᠭᠦᠭᠰᠡᠨ ᠬᠤᠭᠤᠯᠡ ᠶᠢ ᠢᠳᠡᠭᠦ ᠰᠠᠨᠠᠭ᠎ᠠ ᠥᠭᠡᠢ ᠵᠥᠭᠡᠷ ᠡᠵᠡᠨ ᠢᠶᠠᠨ | ᠡᠷᠢᠪᠡ᠂ ᠲᠡᠭᠡᠭᠡᠳ ᠭᠤᠨᠢᠭᠳᠡᠢ ᠪᠠᠷ ᠬᠤᠶᠠᠷ ᠬᠤᠴᠠᠵᠤ ᠨᠢᠭᠡ ᠤᠯᠢᠪᠡ᠃ ᠲᠡᠷᠡ ᠰᠥᠨᠢ ᠡᠵᠡᠨ ᠨᠢ ᠪᠠᠰᠠ ᠢᠷᠡᠭᠰᠡᠨ ᠥᠭᠡᠢ᠂ ᠥᠨᠡᠨ ᠳᠤ ᠪᠠᠨ ᠡᠵᠡᠨ ᠨᠢ ᠢᠷᠡᠭᠦ | ᠠᠴᠠ ᠥᠩᠭᠡᠷᠡᠭᠰᠡᠨ ᠢ ᠡᠨᠡ ᠭᠥᠭᠡᠷᠥᠬᠦᠢ ᠠᠳᠤᠭᠤᠰᠤ ᠭᠡᠷᠭᠢᠨ ᠮᠡᠳᠡᠭᠦ ᠠᠵᠠᠢ᠂ ᠬᠡᠨ ᠲᠡᠭᠦᠨ ᠳᠤ ᠬᠡᠯᠡᠭᠦ ᠪᠤᠢ᠂ ᠬᠡᠯᠡᠭᠰᠡᠨ ᠴᠤ ᠶᠠᠭᠠᠬᠢᠨ ᠮᠡᠳᠡᠭᠦ ᠪᠤᠢ︕ ᠵᠥᠭᠡᠷ | ᠯᠠ ︽ᠡᠵᠡᠨ ᠮᠢᠨᠢ ᠶᠠᠭᠠᠬᠢᠭᠠᠳ ᠨᠠᠳᠠ ᠲᠠᠢ ᠲᠤᠭᠯᠠᠬᠤ ᠪᠠᠷ ᠢᠷᠡᠭᠦ ᠥᠭᠡᠢ ᠪᠤᠢ︖︾ ᠭᠡᠰᠡᠨ ᠪᠤᠳᠤᠯ ᠳᠤ ᠪᠠᠨ ᠠᠪᠳᠠᠨ᠂ ᠨᠤᠬᠠᠢ ᠶᠢᠨ ᠶᠤᠰᠤᠭᠠᠷ ᠰᠡᠳᠬᠢᠵᠥ᠂ | ᠨᠤᠬᠠᠢ ᠶᠢᠨ ᠶᠤᠰᠤᠭᠠᠷ ᠭᠤᠮᠤᠳᠠᠵᠤ᠂ ᠨᠤᠬᠠᠢ ᠶᠢᠨ ᠶᠤᠰᠤᠭᠠᠷ ᠵᠤᠪᠠᠭᠰᠠᠭᠠᠷ ᠬᠡᠪᠳᠡᠪᠡ᠃ | ᠬᠥᠭᠡᠷᠥᠬᠦᠢ᠂ ᠵᠠᠶᠠᠭ᠎ᠠ ᠪᠠᠭᠰᠢ ᠲᠥᠴᠢᠨ ᠲᠤᠯᠤᠭᠠᠨ ᠬᠠᠪᠤᠷ ᠨᠠᠮᠤᠷ ᠢ ᠲᠤᠭᠤᠯᠵᠤ᠂ ᠠᠷᠠᠳ ᠤᠨ ᠬᠡᠥᠭᠡᠳ ᠤᠨ ᠲᠥᠯᠥᠭᠡ ᠬᠤᠷᠢᠨ ᠬᠡᠳᠥᠨ ᠵᠢᠯ | ᠵᠢᠳᠭᠦᠭᠡᠳ ᠵᠢᠭᠠᠬᠤ ᠲᠠᠪᠴᠠᠩ ᠲᠡᠭᠡᠷ᠎ᠡ ᠪᠠᠨ ᠤᠸᠠ ᠶᠢᠨ ᠪᠢᠷ ᠤᠨ ᠲᠤᠭᠤᠰᠤ ᠲᠡᠷᠡᠯᠡᠨ ᠶᠢᠷᠳᠢᠨᠴᠥ ᠶᠢᠨ ᠮᠥᠩᠭᠡ ᠪᠤᠰᠤ ᠶᠢ ᠥᠵᠡᠭᠦᠯᠥᠭᠰᠡᠨ ᠪᠠᠶᠢᠵᠠᠢ᠃ ᠠᠯᠠᠭ | ᠲᠤᠯᠤᠭᠠᠢ ᠶᠢᠨ ᠡᠩᠭᠡᠷ ᠲᠤ ᠵᠠᠶᠠᠭ᠎ᠠ ᠪᠠᠭᠰᠢ ᠶᠢ ᠤᠷᠤᠰᠢᠭᠤᠯᠬᠤ ᠳᠤ ᠲᠡᠷᠭᠡ ᠮᠠᠰᠢᠨ ᠤᠯᠠᠨ ᠴᠤᠭᠯᠠᠷᠠᠵᠤ᠂ ᠨᠥᠭᠦᠷ ᠰᠠᠯᠳᠠ᠂ ᠬᠠᠭᠤᠴᠢᠨ ᠰᠤᠷᠤᠭᠴᠢ ᠱᠠᠪᠢ᠂ | ᠠᠨᠳᠠ ᠨᠠᠶᠢᠵᠠ ᠤᠯᠠᠨ ᠭᠥᠮᠥᠨ ᠴᠤᠭᠯᠠᠷᠠᠨ ᠲᠠᠯᠢᠢᠭᠴᠢ ᠪᠠᠨ ᠭᠥᠳᠡᠭᠡᠯᠡᠭᠰᠡᠨ ᠪᠠᠶᠢᠨ᠎ᠠ᠃ ᠬᠡᠯᠡᠯᠭᠡᠨ ᠥᠭᠡᠢ ᠡᠨᠡ ᠪᠥᠭᠦᠳᠡ ᠶᠢ ᠬᠠᠴᠢᠭᠦᠥ ᠶᠠᠭᠠᠬᠢᠨ ᠮᠡᠳᠡᠭᠦ ᠪᠤᠢ᠂ | ᠮᠡᠳᠡᠪᠡᠴᠥ ᠶᠠᠭᠠᠬᠢᠨ ᠢᠳᠡᠭᠡᠭᠦ ᠪᠢᠯᠡ︕ ᠡᠵᠡᠨ ᠮᠢᠨᠢ ᠢᠷᠡᠳᠡᠭ ᠴᠠᠭ ᠲᠠᠭᠠᠨ ᠲᠡᠷᠭᠡᠨ ᠥᠷᠳᠡᠭᠡᠨ ᠤ ᠡᠭᠦᠳᠡ ᠪᠠᠷ᠄ ︽ᠭᠥᠶ᠋ᠢ ᠬᠠᠴᠢᠬᠦᠥ︕ ᠮᠢᠨᠤ ᠮᠠᠭᠤ | ᠬᠠᠴᠢᠭᠦᠥ︕︾ ᠭᠡᠭᠰᠡᠭᠡᠷ ᠭᠠᠷᠤᠭᠠᠳ ᠢᠷᠡᠨ᠎ᠡ ᠯᠠ ᠪᠠᠶᠢᠬ᠎ᠠ ᠭᠡᠵᠥ ᠪᠤᠳᠤᠭᠰᠠᠭᠠᠷ᠂ ᠴᠡᠴᠡᠭ ᠤᠨ ᠲᠠᠲᠠᠭᠠᠯ ᠤᠨ ᠲᠡᠭᠡᠷ᠎ᠡ ᠥᠨᠥ ᠯᠠ ᠤᠴᠤᠶᠢᠳᠠᠭ ᠭᠠᠵᠠᠷ ᠲᠠᠭᠠᠨ | ᠥᠷᠳᠡᠭᠡᠨ ᠤ ᠡᠭᠦᠳᠡᠨ ᠵᠥᠭ ᠴᠤᠩᠨᠤᠶᠢᠵᠤ ᠬᠡᠳᠥ ᠬᠤᠨᠤᠵᠠᠢ᠃ ᠪᠠᠳᠤ᠂ ᠲᠤᠷᠵᠢ ᠬᠤᠶᠠᠭᠤᠯᠡ ᠡᠨᠡ ᠠᠳᠤᠭᠤᠰᠤ ᠶᠢ ᠥᠵᠡᠭᠡᠳ ᠭᠡᠳᠥᠢ ᠥᠷᠥᠪᠳᠥᠵᠥ᠂ ᠢᠳᠡᠰᠢ | ᠬᠤᠭᠤᠯᠡ ᠶᠢ ᠨᠢ ᠤᠶᠢᠷᠠᠳᠤᠭᠤᠯᠪᠠᠴᠤ ᠲᠡᠭᠦᠨ ᠳᠤ ᠥᠨᠡᠨ ᠤᠴᠢᠷ ᠢ ᠨᠢ ᠮᠡᠳᠡᠭᠦᠯᠵᠥ ᠡᠰᠡ ᠴᠢᠳᠠᠨ᠎ᠠ᠃ ᠬᠡᠯᠡ ᠥᠬᠡᠢ ᠪᠤᠯᠪᠠᠴᠤ ᠬᠡᠬᠡᠨ ᠤᠬᠠᠭᠠᠨ ᠲᠠᠢ᠂ ᠡᠵᠡᠨ | ᠳᠤ ᠪᠠᠨ ᠬᠢᠵᠠᠭᠠᠷ ᠥᠭᠡᠢ ᠥᠨᠡᠨᠴᠢ ᠠᠳᠤᠭᠤᠰᠤ ᠡᠳᠥᠷ ᠠᠴᠠ ᠡᠳᠥᠷ ᠲᠤᠷᠠᠵᠤ ᠪᠠᠶᠢᠬᠤ ᠶᠢ ᠥᠵᠡᠭᠡᠳ ᠲᠥᠪᠳᠡᠭᠦ ᠥᠭᠡᠢ᠃ ᠭᠠᠷᠠᠭ ᠤᠨ ᠲᠠᠷᠠᠭ᠎ᠠ ᠵᠢᠷᠭᠠᠯ | ᠨᠥᠭᠦᠷ ᠲᠠᠢ ᠪᠠᠨ ᠠᠶᠢᠮᠠᠭ ᠤᠨ ᠲᠥᠪ ᠲᠤ ᠪᠠᠶᠢᠭ᠎ᠠ ᠬᠠᠳᠠᠮ ᠤᠨ ᠢᠶᠠᠨ ᠲᠡᠨᠳᠡ ᠬᠠᠴᠢᠭᠦᠥ ᠶᠢ ᠠᠪᠠᠴᠢᠬᠤ ᠬᠡᠵᠥ ᠲᠡᠷᠭᠡᠨ ᠳᠤ ᠲᠠᠲᠠᠵᠤ ᠶᠠᠪᠤᠵᠠᠢ᠃ ᠲᠡᠨᠳᠡ | ᠬᠠᠴᠢᠭᠦᠥ ᠬᠢᠨᠵᠢ ᠲᠠᠢ᠂ ᠬᠤᠭᠤᠯᠠ ᠲᠠᠢ᠂ ᠭᠤᠨᠢᠭ ᠲᠠᠢ ᠪᠠᠷ ᠡᠳᠥᠷ ᠬᠤᠨᠤᠭ ᠢ ᠥᠩᠭᠡᠷᠡᠭᠡᠵᠥ ᠡᠬᠢᠯᠡᠪᠡ᠃ | ᠬᠡᠳᠥᠨ ᠭᠠᠷᠠᠭ ᠪᠤᠯᠤᠭᠰᠠᠨ ᠤ ᠲᠠᠷᠠᠭ᠎ᠠ ᠬᠠᠴᠢᠭᠦᠥ ᠶᠢ ᠪᠠᠷᠤᠭ ᠲᠤᠭᠳᠠᠵᠤ ᠲᠠᠰᠤᠭᠰᠠᠨ ᠶᠤᠮ ᠪᠠᠶᠢᠯᠭᠦᠢ ᠬᠡᠵᠥ ᠪᠤᠳᠤᠭᠰᠠᠨ ᠡᠵᠡᠭᠳᠡᠢ ᠬᠢᠨᠵᠢ ᠶᠢ ᠨᠢ | ᠰᠤᠯᠠᠯᠠᠭᠠᠳ ᠬᠤᠭᠤᠯᠠ ᠤᠶᠢᠷᠠᠳᠤᠭᠤᠯᠳᠠᠯᠠ᠂ ᠨᠠᠭᠠᠳᠤ ᠵᠠᠬ᠎ᠠ ᠨᠢ ᠬᠤᠭᠤᠯᠠ ᠶᠢ ᠨᠢ ᠥᠨᠥᠷᠯᠡᠭᠰᠡᠨ ᠴᠤ ᠥᠭᠡᠢ ᠭᠠᠷ ᠠᠯᠳᠠᠭᠤᠯᠤᠨ ᠭᠤᠳ ᠥᠰᠥᠷᠪᠡ᠃ ᠲᠡᠨᠳᠡ | ᠠᠴᠠ ᠭᠠᠷᠤᠮᠠᠭᠴᠠ ᠪᠠᠨ ᠵᠢᠷᠥᠬᠡ ᠰᠡᠳᠬᠢᠯ ᠤᠨ ᠮᠥᠷᠥᠭᠡᠰᠥᠯ ᠪᠤᠯᠤᠭᠰᠠᠨ᠂ ᠠᠮᠢ ᠨᠠᠰᠤᠨ ᠤ ᠬᠢᠨᠢ ᠬᠠᠮᠤᠭ ᠤᠨ ᠴᠢᠬᠤᠯᠠ ᠬᠥᠮᠥᠨ ᠪᠤᠯᠤᠭᠰᠠᠨ ᠡᠵᠡᠨ ᠤ ᠪᠠᠨ | ᠪᠠᠶᠢᠳᠠᠭ ᠪᠠᠶᠢᠭᠰᠠᠨ ᠲᠡᠷᠡ ᠪᠠᠯᠭᠠᠰᠤ ᠶᠢ ᠴᠢᠭᠯᠡᠨ ᠰᠤᠩᠭᠠᠭᠠᠨ ᠬᠠᠷᠠᠶᠢᠯᠭᠠᠪᠠ᠃ ᠬᠡᠳᠤ ᠬᠤᠨᠤᠭ ᠤᠨ ᠠᠶᠠᠨ ᠢ ᠥᠯᠥᠰᠴᠥ ᠤᠮᠳᠠᠭᠠᠰᠴᠤ ᠲᠤᠭᠤᠯᠤᠨ᠂ ᠵᠢᠯᠤᠭᠤᠴᠢ | ᠪᠠᠷ ᠬᠠᠷᠢᠶᠠᠯᠭᠠᠵᠤ᠂ ᠲᠥᠷᠰᠥᠭᠦᠢ ᠭᠡᠥᠭᠡᠳ ᠢᠶᠠᠷ ᠴᠢᠯᠠᠭᠤᠳᠠᠭᠤᠯᠤᠨ᠂ ᠬᠠᠮᠤᠭ ᠰᠡᠭᠦᠯ ᠳᠤ ᠨᠢ ᠲᠠᠪᠠᠭ ᠲᠤ ᠪᠠᠨ ᠥᠷᠭᠡᠰᠥ ᠰᠢᠭᠠᠯᠭᠠᠭᠤᠯᠤᠭᠰᠠᠨ ᠴᠤ ᠵᠤᠷᠢᠭᠰᠠᠨ | ᠭᠠᠵᠠᠷ ᠲᠤ ᠪᠠᠨ ᠬᠥᠷᠴᠥ ᠢᠷᠡᠵᠠᠢ᠃ ᠡᠪᠥᠭᠡᠨ ᠲᠤᠷᠵᠢ ᠬᠠᠴᠢᠭᠦᠥ ᠶᠢ ᠥᠵᠡᠭᠡᠳ ᠭᠠᠶᠢᠬᠠᠰᠢ ᠲᠠᠰᠤᠷᠠᠵᠤ ᠪᠤᠤᠵᠠ ᠥᠭᠪᠡᠯ ᠪᠥᠷ ᠬᠤᠪᠳᠤᠭᠯᠠᠨ ᠡᠮᠭᠦᠵᠡᠢ᠃ | ᠥᠷᠭᠡᠰᠥ ᠪᠠᠨ ᠠᠪᠬᠠᠭᠤᠯᠤᠭᠰᠠᠨ ᠤ ᠲᠠᠷᠠᠭ᠎ᠠ ᠤᠭᠳᠤᠬᠠᠨ ᠴᠤ ᠲᠥᠳᠡᠭᠡᠯᠵᠡᠯ ᠥᠭᠡᠢ ᠪᠠᠷ ᠴᠡᠴᠡᠭ ᠤᠨ ᠲᠠᠳᠠᠭᠠᠯ ᠲᠡᠭᠡᠷ᠎ᠡ ᠪᠠᠨ ᠥᠰᠥᠷᠥᠨ ᠭᠠᠷᠴᠤ᠂ ᠵᠡᠭᠦᠳᠥ | ᠭᠥᠰᠡᠯ ᠪᠤᠯᠤᠭᠰᠠᠨ ᠬᠠᠶᠢᠷᠠᠳᠤ ᠡᠵᠡᠨ ᠤ ᠪᠠᠨ ᠭᠡᠨᠡᠳᠳᠡ ᠢᠯᠡᠷᠡᠭᠦ ᠶᠢ ᠭᠥᠯᠢᠶᠡᠵᠥ᠂ ᠥᠷᠳᠡᠭᠡᠨ ᠤ ᠡᠭᠦᠳᠡ ᠡᠰᠡᠷᠭᠦᠯᠡᠨ ᠤᠴᠤᠶᠢᠪᠠ᠃ ᠵᠢᠷᠭᠠᠯ ᠲᠠᠬᠢᠨᠳᠠ ᠴᠢᠮᠡᠭᠡ | ᠠᠪᠴᠤ ᠢᠷᠡᠭᠰᠡᠨ ᠪᠤᠯᠪᠠᠴᠤ ᠡᠨᠡ ᠤᠳᠠᠭ᠎ᠠ ᠠᠪᠴᠤ ᠶᠠᠪᠤᠵᠤ ᠴᠢᠳᠠᠭᠰᠠᠨ ᠥᠭᠡᠢ᠂ ᠭᠤᠨᠢᠭ ᠰᠢᠩᠭᠡᠭᠰᠡᠨ ᠨᠤᠮᠤᠬᠠᠨ ᠪᠤᠷᠤ ᠨᠢᠳᠤ ᠪᠠᠷ ᠢᠶᠠᠨ ᠥᠷᠳᠡᠭᠡᠨ ᠤ | ᠬᠠᠭᠠᠯᠭ᠎ᠠ ᠰᠠᠭᠢᠭᠰᠠᠨ ᠡᠨᠡ ᠠᠮᠢᠳᠠᠨ ᠢ ᠠᠷᠭ᠎ᠠ ᠥᠭᠡᠢ ᠪᠠᠳᠤ᠂ ᠲᠤᠷᠵᠢ ᠬᠤᠶᠠᠷ ᠲᠤ ᠨᠠᠶᠢᠳᠠᠭᠠᠳ᠂ ᠰᠠᠶᠢᠨ ᠰᠢᠭ ᠲᠡᠵᠢᠭᠡᠭᠡᠳ ᠥᠭᠭᠦᠨ᠎ᠡ ᠤᠤ ᠬᠡᠵᠥ ᠪᠠᠭ᠋ᠠᠨ | ᠮᠥᠩᠭᠦ ᠥᠭᠭᠦᠭᠰᠡᠨ ᠢ ᠨᠢ ᠲᠡᠳᠡ ᠠᠪᠤᠭᠰᠠᠨ ᠥᠭᠡᠢ᠂ ᠠᠯᠪᠠ ᠪᠠᠷ ᠴᠢᠬᠢᠭᠦᠯᠡᠷ ᠨᠢ ᠠᠪᠴᠤ᠄ ︽ᠵᠠᠶᠠᠭ᠎ᠠ ᠪᠠᠭᠰᠢ ᠶᠢᠨ ᠰᠠᠶᠢᠨ ᠨᠥᠭᠦᠷ᠂ ᠡᠨᠡᠭᠡᠨ ᠤᠴᠢᠷ ᠢ | ᠪᠡᠶᠡᠯᠡᠭᠦᠯᠭᠦ ᠳᠤ ᠬᠡᠮ ᠥᠭᠡᠢ᠂ ᠪᠢᠳᠠ ᠠᠳᠡ ᠨᠢᠭᠡ ᠭᠠᠵᠠᠷ ᠤᠯᠵᠤ ᠫᠧᠩ ᠰᠢᠭ ᠶᠠᠭᠤᠮ᠎ᠠ ᠪᠤᠰᠬᠠᠭᠠᠳ ᠬᠤᠨᠤᠭᠤᠯᠤᠶᠠ︕︾ ᠭᠡᠵᠥ ᠬᠡᠯᠡᠭᠡᠳ ᠰᠠᠭᠤᠵᠠᠢ᠃ | ᠬᠡᠯᠡᠬᠦ ᠶᠢᠨ ᠠᠷᠭ᠎ᠠ ᠥᠬᠡᠢ ᠶᠡᠭᠡ ᠮᠥᠷᠥᠭᠡᠳᠥᠯ ᠭᠤᠮᠤᠳᠠᠯ ᠳᠤ ᠠᠪᠳᠠᠭᠰᠠᠨ ᠭᠥᠭᠡᠷᠥᠭᠦᠢ ᠰᠢᠷ᠎ᠡ ᠨᠤᠬᠠᠢ ᠠᠳᠡ ᠲᠤᠭᠳᠠᠭᠰᠠᠨ ᠴᠠᠭ ᠲᠤ ᠪᠠᠨ ᠢᠷᠡᠵᠥ | ᠬᠥᠯᠢᠶᠡᠳᠡᠭ ᠢᠶᠠᠨ ᠶᠡᠷᠥ ᠥᠭᠡᠷᠡᠴᠢᠯᠡᠭᠡ ᠥᠬᠡᠢ᠂ ᠨᠠᠪᠴᠢᠰ ᠪᠤᠳᠠᠷᠠᠨ ᠰᠢᠷᠭᠠᠯᠳᠤᠵᠤ᠂ ᠲᠠᠬᠢᠭᠠᠳ ᠴᠠᠰᠤᠨ ᠴᠡᠴᠡᠭ ᠯᠠᠪᠰᠠᠯᠠᠨ ᠪᠥᠵᠢᠭᠯᠡᠵᠥ᠂ ᠠᠬᠢᠭᠠᠳ ᠰᠢᠷ᠎ᠠ | ᠰᠢᠷᠥᠢ ᠬᠤᠶᠢᠯᠠᠷᠠᠨ ᠲᠡᠭᠳᠡᠵᠥ᠂ ᠭᠠᠩ ᠤᠨ ᠨᠠᠷᠠᠨ ᠪᠠᠰᠠ ᠭᠠᠭ᠋ᠤᠨᠠᠭᠤᠯᠤᠨ ᠰᠢᠷᠠᠪᠠ᠃ ᠨᠠᠮᠤᠷ ᠤᠨ ᠰᠢᠪᠡᠷᠡᠭᠡ ᠪᠤᠷᠤᠭᠠᠨ ᠵᠥᠰᠡᠷᠡᠵᠥ᠂ ᠡᠪᠥᠯ ᠤᠨ ᠲᠡᠭᠵᠢᠨ | ᠤᠳᠤᠳ ᠠᠨᠢᠪᠴᠢᠵᠤ᠂ ᠬᠠᠪᠤᠷ ᠤᠨ ᠤᠷᠢᠬᠠᠨ ᠰᠠᠯᠬᠢᠨ ᠢᠯᠪᠢᠵᠥ᠂ ᠵᠤᠨ ᠤ ᠥᠳᠡᠰᠢ ᠶᠢᠨ ᠰᠠᠷᠠᠨ ᠲᠤᠶᠠᠭᠠᠷᠠᠪᠠ᠃ ᠠᠮᠢᠨ ᠬᠠᠶᠢᠷ᠎ᠠ ᠶᠢᠨ ᠲᠥᠯᠥᠭᠡᠰᠥ | ᠪᠤᠯᠤᠭᠰᠠᠨ ᠵᠤᠪᠠᠯᠠᠩᠳᠤ ᠰᠢᠷ᠎ᠡ ᠨᠤᠬᠠᠢ ᠶᠢᠨ ᠬᠠᠵᠠᠭᠤ ᠪᠠᠷ ᠠᠮᠢᠳᠤᠷᠠᠯ ᠤᠷᠤᠰᠳᠠᠭ ᠢᠶᠠᠷ ᠢᠶᠠᠨ ᠤᠷᠤᠰᠴᠤ᠂ ᠪᠠᠶᠠᠷᠳᠠᠶᠢᠬᠠᠨ ᠶᠢᠷᠳᠢᠨᠴᠥ ᠲᠠᠩᠴᠤ ᠲᠠᠭᠦᠨ ᠢ | ᠤᠪᠠᠶᠢᠯᠠᠭᠰᠠᠨ ᠥᠭᠡᠢ᠂ ᠡᠵᠡᠨ ᠳᠤ ᠪᠠᠨ ᠡᠷᠭᠡᠯᠡᠭᠰᠡᠨ ᠵᠢᠷᠭᠠᠯᠳᠤ ᠭᠥᠯᠥᠭᠡ ᠨᠦᠭᠦᠳ ᠤᠨ ᠵᠠᠯᠠᠭᠤᠬᠠᠨ ᠬᠤᠷᠸ᠎ᠠ ᠭᠥᠭᠰᠢᠨ ᠰᠢᠷ᠎ᠠ ᠨᠤᠬᠠᠢ ᠠᠴᠠ ᠪᠤᠯᠵᠤ | ᠤᠶᠢᠳᠬᠠᠷᠯᠠᠭᠠ ᠥᠭᠡᠢ᠃ ᠥᠩᠭᠡᠷᠡᠭᠦ ᠴᠠᠭ ᠤᠳ ᠤᠷᠤᠰᠬᠠᠯ ᠤᠰᠤᠨ ᠮᠡᠳᠤ ᠤᠨ ᠤᠨ ᠢᠶᠠᠷ ᠤᠳᠤᠵᠤ᠂ ᠵᠢᠷᠢᠯᠵᠢᠭᠦ ᠡᠳᠥᠷ ᠤᠳ ᠵᠡᠭᠡᠷ᠎ᠡ ᠶᠢᠨ ᠰᠢᠯᠪᠢ ᠮᠡᠳᠥ | ᠵᠢᠯ ᠵᠢᠯ ᠢᠶᠠᠷ ᠵᠢᠯᠢᠢᠪᠡ᠂ ᠁ | ᠭᠥᠭᠡᠷᠥᠭᠦᠢ ᠡᠨᠡ ᠠᠳᠤᠭᠤᠰᠤᠨ ᠤ ᠢᠳᠡᠭᠡᠮᠡᠷ ᠥᠭᠡᠢ ᠥᠯᠢᠭᠡᠷ ᠢ ᠲᠤᠷᠵᠢ ᠡᠪᠥᠬᠡᠨ ᠭᠥᠮᠥᠨ ᠳᠤ ᠶᠠᠷᠢᠭᠰᠠᠨ ᠢ ᠰᠤᠷᠪᠤᠯᠵᠢᠯᠠᠭᠴᠢ ᠨᠢᠭᠡᠨ ᠵᠠᠯᠠᠭᠤ ᠡᠨᠡ | ᠰᠠᠶᠢᠬᠠᠨ ᠠᠮᠢᠳᠠᠨ ᠤ ᠰᠥᠨ ᠴᠠᠭᠠᠨ ᠰᠡᠳᠭᠢᠯ᠂ ᠭᠤᠶᠢᠪᠢᠰᠢ ᠥᠭᠡᠢ ᠢᠳᠡᠭᠡᠯ ᠤᠨ ᠲᠤᠬᠠᠢ ᠮᠡᠳᠡᠭᠡᠨ ᠲᠡᠭᠡᠷ᠎ᠡ ᠨᠡᠶᠢᠳᠡᠯᠡᠵᠥ᠂ ᠰᠡᠭᠦᠯᠡᠷ ᠨᠡᠩ ᠴᠤ ᠲᠧᠯᠸᠢᠰ ᠲᠤ | ᠭᠠᠷᠭᠠᠭᠰᠠᠨ ᠢ ᠤᠯᠠᠨ ᠭᠥᠮᠥᠨ ᠥᠵᠡᠵᠥ᠂ ᠵᠠᠷᠢᠮ ᠨᠢ ᠲᠤᠰᠬᠠᠢ ᠰᠤᠷᠠᠭ ᠲᠠᠯᠪᠢᠵᠤ ᠢᠷᠡᠳᠡᠭ ᠪᠤᠯᠪᠠ᠃ | ᠰᠡᠷᠳᠡᠰ ᠭᠡᠭᠰᠡᠨ ᠴᠢᠨ᠋ᠸ᠎ᠠ ᠶᠢᠨ ᠬᠤᠶᠠᠷ ᠴᠢᠬᠢ ᠨᠢ ᠯᠠᠪᠳᠠᠶᠢᠵᠤ᠂ ᠬᠢᠯᠠᠭᠠᠨᠠᠭᠰᠠᠨ ᠰᠤᠷ ᠲᠠᠢ ᠰᠢᠷ᠎ᠠ ᠥᠰᠥ ᠨᠢ ᠰᠠᠷᠠᠯᠳᠤᠨ ᠪᠤᠭᠤᠷᠤᠯᠳᠤᠵᠤ ᠥᠩᠭᠡ ᠪᠠᠨ | ᠠᠯᠳᠠᠭᠠᠳ᠂ ᠯᠠᠩᠳᠤᠭᠠᠷ ᠲᠤᠯᠤᠭᠠᠢ ᠨᠢ ᠤᠯᠠᠮ ᠯᠠᠩᠳᠤᠶᠢᠭᠠᠳ᠂ ᠬᠡᠵᠢᠶᠡᠳᠡ ᠤᠮᠤᠭᠳᠡᠢ ᠡᠷᠭᠦᠵᠥ ᠶᠠᠪᠤᠳᠠᠭ ᠰᠡᠭᠦᠯ ᠨᠢ ᠲᠠᠭᠠᠬᠢᠷᠠᠨ ᠰᠡᠭᠯᠥᠶᠢᠵᠥ ᠤᠨᠵᠡᠶᠢᠨ | ᠯᠠᠪᠳᠠᠶᠢᠭᠰᠠᠨ ᠭᠥᠭᠰᠢᠨ ᠰᠠᠷᠠᠯ ᠨᠤᠬᠠᠢ ᠴᠡᠴᠡᠭ ᠤᠨ ᠲᠠᠳᠠᠭᠠᠯ ᠲᠡᠭᠡᠷ᠎ᠡ ᠲᠡᠷᠭᠡᠨ ᠥᠷᠳᠡᠭᠡᠨ ᠤ ᠡᠭᠦᠳᠡ ᠮᠠᠨᠠᠨ ᠤᠴᠤᠶᠢᠵᠤ ᠪᠠᠶᠢᠭᠰᠠᠨ ᠢ ᠤᠯᠠᠨ ᠵᠢᠯ ᠤᠨ ᠲᠠᠷᠠᠭ᠎ᠠ | ᠨᠤᠳᠤᠭ ᠢᠶᠠᠨ ᠡᠷᠭᠢᠭᠰᠡᠨ ᠤᠶᠤᠮᠠ ᠤᠯᠵᠤ ᠥᠵᠡᠪᠡ᠃ ᠲᠡᠷᠡ ᠪᠠᠷ ᠬᠥᠭᠡᠷᠥᠭᠦᠢ ᠡᠨᠡ ᠠᠳᠤᠭᠤᠰᠤ ᠶᠢ ᠤᠳᠠᠳᠠᠯ᠎ᠠ ᠠᠵᠢᠭᠰᠠᠨ ᠢᠶᠠᠨ ᠲᠡᠷᠭᠡᠳᠡ ᠨᠢ ᠭᠥᠷᠪᠡᠯ᠂ | ᠬᠠᠴᠢᠭᠦᠥ ᠲᠠᠨᠢᠵᠤ ᠰᠡᠭᠦᠯ ᠢᠶᠠᠨ ᠰᠠᠵᠢᠬᠤᠶᠢᠴᠠ ᠪᠤᠯᠤᠭᠠᠳ ᠰᠤᠷᠤᠭᠰᠠᠨ ᠵᠠᠩ ᠢᠶᠠᠷ ᠢᠶᠠᠨ ᠭᠠᠷ ᠢ ᠨᠢ ᠲᠤᠯᠢᠶᠠᠪᠠ᠃ ᠠᠩᠬᠠᠨ ᠤ ᠬᠠᠶᠢᠷ᠎ᠠ᠂ ᠪᠠᠶᠠᠷ ᠵᠢᠷᠭᠠᠯ ᠢᠶᠠᠨ | ᠬᠤᠪᠢᠶᠠᠯᠴᠠᠵᠤ ᠶᠠᠪᠤᠭᠰᠠᠨ ᠰᠠᠶᠢᠬᠠᠨ ᠬᠠᠨᠢ ᠶᠢᠨ ᠬᠢᠨᠢ ᠲᠡᠵᠢᠬᠡᠵᠥ ᠪᠠᠶᠢᠭᠰᠠᠨ ᠡᠨᠡ ᠨᠤᠬᠠᠢ ︽ᠡᠵᠡᠨ ᠮᠢᠨᠢ ᠡᠷᠭᠡᠪᠰᠢ ᠢᠷᠡᠨ᠎ᠡ︕︾ ᠬᠡᠰᠡᠨ ᠪᠠᠳᠤ ᠢᠳᠡᠭᠡᠯ ᠢᠶᠠᠷ | ᠡᠨᠡ ᠡᠭᠦᠳᠡᠨ ᠳᠤ ᠪᠠᠷᠤᠭ ᠠᠷᠪᠠᠨ ᠵᠢᠯ ᠮᠠᠨᠠᠭᠰᠠᠨ ᠢ ᠲᠡᠷᠡ ᠲᠠᠮᠵᠢᠨ ᠭᠤᠨᠢᠭ ᠢᠶᠠᠨ ᠤᠬᠢᠶᠠᠭᠰᠠᠨ ᠤᠶᠤᠮᠠ ᠵᠡᠭᠦᠳᠥᠯᠡᠭᠡ ᠴᠤ ᠥᠭᠡᠢ ᠪᠠᠶᠢᠵᠠᠢ᠃ ᠠᠮᠢᠳᠤᠷᠠᠯ ᠳᠤ | ᠬᠠᠳᠠᠭᠤ ᠲᠤᠭᠯᠠᠭᠤᠯᠤᠭᠰᠠᠨ ᠤᠶᠤᠮᠠ᠂ ᠠᠳᠠᠯᠢᠬᠠᠨ ᠵᠤᠪᠠᠯᠠᠩ ᠥᠵᠡᠭᠰᠡᠨ ᠨᠤᠬᠠᠢ ᠪᠠᠨ ᠲᠡᠪᠡᠷᠢᠨ ᠴᠤᠷᠬᠢᠷᠠᠨ ᠤᠬᠢᠯᠠᠪᠡ᠃ ᠤᠴᠢᠷ ᠢ ᠨᠢ ᠮᠡᠳᠡᠭᠦ ᠥᠬᠡᠢ ᠵᠠᠷᠢᠮ | ᠨᠢ ᠰᠢᠪᠡᠨᠡᠯᠳᠥᠨ ᠶᠠᠷᠢᠯᠳᠤᠨ᠎ᠠ᠂ ᠡᠪᠥᠭᠡᠨ ᠲᠤᠷᠵᠢ ᠭᠠᠯ ᠨᠢ ᠮᠠᠭᠤᠳᠠᠭᠰᠠᠨ ᠨᠢᠳᠤᠨ ᠠᠴᠠ ᠪᠠᠨ ᠴᠤᠪᠤᠭᠰᠠᠨ ᠨᠢᠯᠪᠤᠰᠤ ᠪᠠᠨ ᠠᠷᠴᠢᠭᠠᠳ ᠶᠠᠮᠠᠷ ᠥᠯᠢᠭᠡᠷ ᠪᠤᠯᠤᠭᠰᠠᠨ | ᠢ ᠲᠡᠨᠳᠡ ᠴᠤᠭᠯᠠᠷᠠᠭᠰᠠᠨ ᠭᠡᠳᠤᠨ ᠵᠠᠯᠠᠭᠤᠰ ᠲᠤ ᠶᠠᠷᠢᠯ᠎ᠠ᠃ ᠠᠮᠢᠳᠤᠷᠠᠯ ᠳᠤ ᠡᠵᠡᠨ ᠢᠶᠠᠷ ᠢᠶᠠᠨ ᠢᠯᠪᠢᠭᠦᠯᠵᠥ᠂ ᠬᠠᠵᠠᠭᠤ ᠪᠠᠷ ᠨᠢ ᠲᠡᠭᠳᠡᠨ ᠥᠰᠥᠷᠭᠦ ᠠᠴᠠ | ᠢᠯᠡᠭᠦᠥ ᠵᠢᠷᠭᠠᠯ ᠪᠠᠶᠢᠬᠤ ᠥᠬᠡᠢ ᠬᠡᠮᠡᠨ ᠪᠤᠳᠤᠵᠤ᠂ ᠰᠠᠶᠢᠨ ᠡᠵᠡᠨ ᠢᠶᠠᠨ ᠶᠠᠮᠠᠷ ᠨᠢᠭᠡᠨ ᠴᠠᠭ ᠲᠤ ᠢᠨᠢᠶᠡᠳᠥ ᠠᠯᠳᠠᠭᠰᠠᠭᠠᠷ ᠥᠷᠳᠡᠭᠡᠨ ᠤ ᠡᠭᠦᠳᠡ ᠪᠠᠷ ᠭᠠᠷᠴᠤ | ᠢᠷᠡᠨ᠎ᠡ ᠬᠡᠮᠡᠭᠰᠡᠨ ᠪᠤᠳᠤᠯ ᠳᠤ ᠪᠠᠨ ᠭᠥᠨ ᠢᠳᠡᠭᠡᠭᠰᠡᠨ ᠬᠠᠴᠢᠭᠦᠥ᠂ ᠤᠶᠤᠮᠠ ᠶᠢᠨ ᠶᠠᠭᠤᠨ ᠤ ᠲᠥᠯᠥᠭᠡ ᠤᠬᠢᠯᠠᠭᠰᠠᠨ ᠢ ᠮᠡᠳᠡᠭᠦ ᠥᠭᠡᠢ ᠴᠤ ᠠᠷᠭᠠᠳᠠᠬᠤ ᠮᠡᠳᠤ | ᠨᠢᠯᠪᠤᠰᠥ ᠶᠢ ᠨᠢ ᠲᠤᠯᠢᠶᠠᠵᠤ ᠥᠭᠪᠡ᠃ | ᠬᠠᠶᠢᠷᠠᠳᠡᠢ ᠡᠵᠡᠨ ᠢᠶᠠᠨ ᠯᠠᠪᠳᠡᠢ ᠢᠷᠡᠨ᠎ᠡ ᠬᠡᠵᠥ ᠢᠳᠡᠭᠡᠭᠰᠡᠨ ᠲᠡᠷᠡ ᠠᠳᠤᠭᠤᠰᠤ 2006 ᠤᠨ ᠤ ᠡᠪᠥᠯ ᠤᠨ ᠨᠢᠭᠡᠨ ᠪᠠᠭᠠᠬᠠᠨ ᠴᠠᠰᠤ ᠲᠠᠢ ᠰᠥᠨᠢ᠂ | ᠬᠥᠭᠰᠢᠷᠡᠵᠥ ᠮᠠᠭᠤᠳᠠᠭᠰᠠᠨ ᠨᠢᠳᠥ ᠪᠠᠨ ᠴᠠᠪᠴᠢᠯ ᠥᠭᠡᠢ ᠪᠠᠷ ᠥᠷᠳᠡᠭᠡᠨ ᠤ ᠬᠠᠭᠠᠯᠭ᠎ᠠ ᠬᠠᠷᠠᠭᠰᠠᠭᠠᠷ ᠪᠠᠶᠢᠵᠤ ᠭᠥᠢᠳᠡᠨ ᠴᠢᠯᠡᠭᠤᠨ ᠲᠡᠭᠡᠷ᠎ᠡ ᠬᠥᠰᠢᠵᠥ ᠤᠷᠬᠢᠵᠠᠢ᠃ | ᠮᠠᠷᠭᠠᠰᠢ ᠥᠷᠯᠥᠭᠡ ᠨᠢ ᠨᠢᠮᠭᠡᠭᠡᠨ ᠴᠠᠰᠤᠨ ᠳᠤ ᠲᠠᠷᠤᠭᠳᠠᠵᠤ᠂ ᠨᠢᠭᠡ ᠴᠠᠭᠠᠨ ᠤᠪᠤᠭ᠎ᠠ ᠪᠤᠯᠤᠭᠰᠠᠨ ᠭᠥᠭᠡᠷᠥᠬᠦᠢ ᠬᠥᠭᠰᠢᠨ ᠨᠤᠬᠠᠢ ᠶᠢ ᠡᠭᠦᠷ ᠲᠤ ᠪᠠᠨ ᠬᠠᠷᠢᠭᠰᠡᠨ | ᠥᠬᠡᠢ ᠶᠢ ᠨᠢ ᠮᠡᠳᠡᠵᠥ ᠭᠥᠯ ᠲᠠᠯᠪᠢᠭᠰᠠᠨ ᠲᠤᠷᠵᠢ ᠠᠴᠠ ᠥᠭᠡᠷ᠎ᠡ ᠬᠡᠨ ᠴᠣ᠋ ᠮᠡᠳᠡᠭᠰᠡᠨ ᠥᠭᠡᠢ᠂ ᠬᠠᠵᠠᠭᠤ ᠪᠠᠷ ᠵᠥᠷᠢᠯᠳᠥᠬᠦ ᠠᠶᠠᠨᠴᠢᠳ ᠴᠤ ᠤᠪᠠᠶᠢᠯᠠᠭᠰᠠᠨ | ᠥᠬᠡᠢ᠃ | ᠤᠷᠢᠳᠤ ᠰᠥᠨᠢ ᠨᠢ ᠰᠢᠷ᠎ᠠ ᠭᠥᠯᠥᠭᠡ ᠶᠠᠭᠤ ᠪᠤᠳᠤᠵᠤ᠂ ᠡᠰᠡᠪᠡᠯ ᠶᠠᠭᠤ ᠨᠢᠭᠡ ᠶᠢ ᠵᠡᠭᠦᠳᠥᠯᠡᠭᠰᠡᠨ ᠴᠤ ᠮᠠᠭᠠᠳ᠃ ᠶᠠᠳᠠᠬᠤ ᠥᠭᠡᠢ ᠪᠤᠯ ᠠᠨᠳᠧᠷᠰᠧᠨ ᠤ | ᠴᠥᠢᠳᠡᠩ ᠬᠤᠳᠠᠯᠳᠤᠭᠴᠢ ᠥᠬᠢᠨ ᠤ ᠮᠡᠳᠥ ᠥᠯᠡᠮᠵᠢ ᠶᠢᠨ ᠶᠡᠭᠡ ᠪᠠᠶᠠᠷ ᠵᠢᠷᠭᠠᠯ ᠤᠨ ᠲᠤᠮᠳᠠᠭᠤᠷ ᠬᠠᠶᠢᠷᠠᠳᠡᠢ ᠡᠵᠡᠨ ᠲᠠᠢ ᠪᠠᠨ ᠵᠤᠯᠭᠠᠵᠤ᠂ ᠡᠷᠭᠡᠯᠡᠨ ᠨᠠᠭᠠᠯᠳᠤᠵᠤ | ᠪᠠᠶᠠᠷ ᠲᠠᠢ ᠬᠤᠴᠠᠭᠰᠠᠨ ᠮᠥᠷᠳᠡᠭᠡᠨ ᠪᠥᠬᠦ ᠭᠤᠨᠢᠭ ᠵᠤᠪᠠᠯᠠᠩ ᠢᠶᠠᠨ ᠤᠮᠠᠷᠳᠠᠨ᠂ ᠬᠤᠶᠠᠭᠤᠯᠠ ᠨᠠᠷᠠ ᠲᠤᠶᠠᠭᠠᠷᠠᠭᠰᠠᠨ ᠵᠠᠮ ᠢᠶᠠᠷ ᠭᠡᠷ ᠵᠥᠭ ᠢᠶᠠᠨ ᠲᠤᠭᠯᠠᠨ | ᠭᠥᠶᠥᠭᠰᠠᠨ ᠴᠤ ᠮᠠᠭᠠᠳ᠂ ᠬᠡᠨ ᠮᠡᠳᠡᠭᠦᠪ᠃ ︽ᠨᠤᠬᠠᠢ ᠴᠤ ᠭᠡᠰᠡᠨ᠂ ᠭᠥᠮᠥᠨ ᠴᠤ ᠭᠡᠰᠡᠨ᠂ ᠨᠠᠷᠠᠳᠤ ᠶᠢᠷᠳᠢᠨᠴᠤ ᠶᠢᠨ ᠬᠡᠯᠡ ᠥᠬᠡᠢ ᠬᠠᠤᠯᠢ ᠳᠤ ᠵᠠᠬᠢᠷᠤᠭᠳᠠᠨ᠂ | ᠨᠠᠰᠢ ᠪᠠᠨ ᠬᠠᠨᠳᠤᠨ ᠢᠨᠢᠶᠡᠵᠥ᠂ ᠴᠠᠰᠢ ᠪᠠᠨ ᠬᠠᠷᠠᠨ ᠤᠬᠢᠯᠠᠳᠠᠭ︾ ᠬᠡᠵᠥ ᠴᠤᠶᠢᠨᠤᠮ ᠶᠠᠷᠢᠭᠰᠠᠨ ᠨᠢ ᠥᠨᠡᠨ ᠪᠠᠶᠢᠬ᠎ᠠ᠃ ᠬᠠᠴᠢᠭᠦᠥ ᠤᠬᠢᠯᠠᠵᠥ ᠴᠢᠳᠠᠬᠤ ᠥᠭᠡᠢ | ᠴᠤ ᠭᠡᠰᠡᠨ ᠨᠠᠷᠠᠳᠤ ᠳᠤ ᠬᠠᠶᠢᠷ᠎ᠠ ᠪᠠᠨ ᠥᠯᠡᠳᠡᠭᠡᠭᠰᠡᠨ ᠶᠤᠮ᠃ | ᠠᠮᠢᠳᠤᠷᠠᠯ ᠬᠠᠶᠢᠷ᠎ᠠ ᠲᠡᠭᠡᠷ᠎ᠡ ᠲᠤᠭᠳᠡᠳᠠᠭ ᠠᠵᠠᠢ︕ | ᠲᠡᠥᠭᠡᠨ ᠲᠡᠭᠡᠷᠡᠭᠢ ᠥᠨᠡᠨ ᠬᠠᠴᠢᠭᠦᠥ 1924 ᠤᠨ ᠳᠤ ᠲᠥᠷᠥᠭᠰᠡᠨ ᠪᠠᠶᠢᠨ᠎ᠠ᠃ ᠲᠡᠷᠡ ᠪᠠᠷ ᠶᠠᠫᠤᠨ ᠤ ᠨᠡᠷᠡᠳᠤ ᠠᠩ ᠤᠨ ᠲᠠᠶᠢᠭ᠎ᠠ ᠠᠺᠢᠲ᠋ᠠ ᠤᠳᠤᠮ ᠤᠨ | ᠨᠤᠬᠠᠢ ᠪᠠᠶᠢᠵᠠᠢ᠃ ᠡᠵᠡᠨ ᠨᠢ ᠲᠤᠤᠺᠢᠤ᠋ ᠶᠡᠭᠡ ᠰᠤᠷᠭᠠᠭᠤᠯᠢ ᠶᠢᠨ ᠲᠠᠷᠢᠶᠠᠯᠠᠩ ᠤᠨ ᠤᠬᠠᠭᠠᠨ ᠤ ᠰᠠᠯᠪᠤᠷᠢ ᠶᠢᠨ ᠫᠷᠥᠹᠧᠰᠰᠤᠷ᠃ 1925 ᠤᠨ ᠳᠤ ᠫᠷᠥᠹᠧᠰᠰᠤᠷ | ᠭᠡᠨᠡᠳᠳᠡ ᠶᠢᠨ ᠡᠪᠡᠳᠴᠢᠨ ᠢᠶᠠᠷ ᠨᠠᠰᠤ ᠪᠠᠷᠠᠭᠰᠠᠨ ᠤ ᠲᠠᠷᠠᠭ᠎ᠠ᠂ ᠬᠠᠴᠢᠭᠦᠥ ᠲᠡᠷᠭᠡᠨ ᠥᠷᠳᠡᠭᠡᠨ ᠤ ᠡᠭᠦᠳᠡ ᠶᠢ 1935 ᠤᠨ ᠤ 3 ᠰᠠᠷ᠎ᠠ ᠭᠥᠷᠳᠡᠯ᠎ᠡ ᠮᠠᠨᠠᠵᠤ | ᠪᠠᠶᠢᠵᠤ ᠠᠮᠢᠰᠬᠤᠭ᠎ᠠ ᠬᠤᠷᠢᠶᠠᠭᠰᠠᠨ ᠪᠠᠶᠢᠨ᠎ᠠ᠃ ᠲᠡᠭᠦᠨ ᠢ ᠲᠤᠷᠠᠰᠬᠠᠬᠤ ᠡᠭᠦᠳᠡᠨ ᠠᠴᠠ ᠬᠤᠳᠠ ᠶᠢᠨ ᠠᠷᠠᠳ 1947 ᠤᠨ ᠳᠤ ᠡᠵᠡᠨ ᠢᠶᠠᠨ ᠭᠥᠯᠢᠶᠡᠭᠰᠡᠨ | ᠭᠠᠵᠠᠷ ᠲᠤ ᠨᠢ ᠵᠠᠰ ᠱᠤᠭᠤᠮᠠᠯ ᠪᠤᠰᠬᠠᠵᠤ ᠮᠥᠷᠥᠭᠡᠳᠥᠨ ᠬᠠᠶᠢᠷᠠᠯᠠᠬᠤ ᠰᠡᠳᠬᠢᠯᠭᠡ ᠪᠠᠨ ᠢᠯᠡᠳᠭᠡᠪᠡ᠃ ᠡᠵᠡᠨ ᠢᠶᠠᠨ ᠬᠥᠯᠢᠶᠡᠭᠰᠡᠨ ᠥᠨᠡᠨᠴᠢ ᠨᠤᠬᠠᠢ ᠬᠠᠴᠢᠭᠦᠥ | ᠡᠳᠥᠺᠡ ᠪᠤᠯᠳᠠᠯ᠎ᠠ ᠲᠡᠨᠳᠡ ᠨᠢᠭᠡ ᠯᠠ ᠰᠡᠳᠬᠢᠯ ᠢᠶᠠᠷ ᠴᠤᠩᠨᠤᠶᠢᠭᠰᠠᠭᠠᠷ ᠪᠤᠢ᠃ |