︽ᠱᠠᠩᠬᠠᠢ ᠶᠢᠨ ᠰᠦᠮ᠎ᠡ ᠶᠢᠨ ᠠᠭᠤᠷᠬᠠᠢ ᠶᠢᠨ ᠣᠷᠣᠨ ᠤ ᠣᠷᠴᠢᠨ ᠲᠤᠭᠤᠷᠢᠨ ᠤ ᠶᠡᠷᠦᠩᠬᠡᠶᠢᠯᠡᠭᠰᠡᠨ | ᠵᠠᠰᠠᠯᠲᠠ ᠶᠢᠨ ᠠᠵᠢᠯ ᠤᠨ ᠲᠦᠰᠦᠯ︾ ᠢ ᠳᠠᠷᠤᠮᠠᠯᠯᠠᠨ ᠲᠠᠷᠬᠠᠭᠠᠬᠤ ᠲᠤᠬᠠᠢ ᠣᠲᠤᠭ ᠤᠨ ᠡᠮᠦᠨᠡᠲᠦ | ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠮᠡᠳᠡᠭᠳᠡᠯ | | ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ᠂ ᠱᠠᠩᠬᠠᠢ ᠶᠢᠨ ᠰᠦᠮ᠎ᠡ ᠪᠠᠯᠭᠠᠰᠣ᠂ ᠬᠤᠰᠢᠭᠤ ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ | ᠮᠦᠴᠢᠷ᠂ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠪᠠᠶᠢᠭᠤᠯᠭ᠎ᠠ ᠨᠢᠬᠡᠴᠡ᠄ | ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠠᠮᠢ ᠠᠬᠤᠢ ᠣᠷᠴᠢᠨ ᠲᠤᠭᠤᠷᠢᠨ ᠤ ᠶᠠᠰᠣ ᠴᠢᠨᠠᠷ ᠢ ᠪᠦᠬᠦ ᠲᠠᠯ᠎ᠠ ᠪᠠᠷ | ᠳᠡᠭᠡᠭᠰᠢᠯᠡᠬᠦᠯᠵᠦ᠂ ᠬᠦᠷᠢᠶᠡᠯᠡᠩ ᠲᠤᠭᠤᠷᠢᠭ ᠤᠨ ᠠᠵᠤ ᠦᠢᠯᠡᠰ᠂ ᠪᠤᠬᠢᠷᠳᠣᠯ ᠦᠬᠡᠢ ᠠᠮᠢ ᠠᠬᠤᠶᠢᠴᠢ᠂ ᠴᠢᠳᠠᠮᠵᠢ ᠶᠢᠨ ᠪᠠᠶᠢᠷᠢᠯᠠᠭᠤᠯᠤᠯᠲᠠ ᠶᠢ ᠰᠢᠨᠵᠢᠯᠡᠬᠦ | ᠤᠬᠠᠭᠠᠨᠴᠢ ᠪᠠᠷ ᠲᠦᠯᠦᠪᠵᠢᠬᠦᠯᠦᠨ᠂ ᠠᠭᠤᠷᠬᠠᠢ ᠶᠢᠨ ᠣᠷᠣᠨ ᠤ ᠦᠢᠯᠡᠳᠪᠦᠷᠢᠯᠡᠯ ᠠᠮᠢᠳᠣᠷᠠᠯ᠂ ᠠᠮᠢ ᠠᠬᠤᠢ ᠶᠢᠨ ᠬᠦᠨᠵᠡᠬᠡᠢ ᠠᠭᠤᠰᠤᠯᠴᠠᠯ ᠢ ᠠᠬᠢᠭᠤᠯᠵᠤ᠂ | ᠠᠮᠢ ᠠᠬᠤᠢ ᠶᠢᠨ ᠪᠤᠯᠪᠠᠰᠣᠨ ᠤ ᠪᠠᠶᠢᠭᠤᠯᠤᠯᠲᠠ ᠶᠢᠨ ᠠᠯᠬᠤᠮ ᠢ ᠲᠦᠷᠬᠡᠳᠬᠡᠬᠦ ᠶᠢᠨ ᠲᠤᠰᠠᠳᠠ ᠲᠤᠰ ᠲᠦᠰᠦᠯ ᠢ ᠲᠤᠭᠲᠠᠭᠠᠪᠠ᠃ | ᠨᠢᠭᠡ᠂ ᠦᠨᠳᠦᠰᠦᠨ ᠪᠠᠶᠢᠳᠠᠯ | ︵ᠨᠢᠬᠡ︶ ᠵᠠᠮ ᠬᠠᠷᠢᠯᠴᠠᠭᠠᠨ ᠤ ᠲᠠᠯ᠎ᠠ ᠪᠠᠷ | ᠣᠳᠣᠬᠠᠨ ᠳᠤ᠂ ᠠᠭᠤᠷᠬᠠᠢ ᠶᠢᠨ ᠣᠷᠣᠨ ᠤ ᠨᠡᠬᠦᠷᠡᠰᠦ ᠮᠠᠯᠲᠠᠵᠤ ᠬᠦᠨᠳᠡᠶᠢᠷᠡᠬᠦᠯᠦᠭᠰᠡᠨ ᠣᠷᠣᠨ ᠠᠴᠠ ᠪᠤᠯᠵᠤ ᠭᠠᠵᠠᠷ ᠤᠨ ᠭᠠᠳᠠᠷᠭᠤ ᠦᠷᠬᠦᠯᠵᠢᠯᠡᠨ ᠰᠠᠭᠤᠭᠳᠠᠵᠤ᠂ | ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠪᠤᠯᠤᠨ ᠱᠠᠩ ᠪᠢᠨ ᠵᠠᠮ ᠤᠨ ᠨᠡᠶᠢᠲᠡ 9.22 ᠺᠢᠯᠣᠮᠧᠲᠷ ᠵᠠᠮ ᠨᠢ ᠠᠳᠠᠯᠢ ᠪᠤᠰᠣ ᠬᠡᠮᠵᠢᠶ᠎ᠡ ᠪᠠᠷ | ᠴᠦᠮᠦᠷᠡᠵᠦ ︵ᠡᠬᠦᠨ ᠳᠤ᠂ ᠱᠠᠩ ᠪᠢᠨ ᠵᠠᠮ 3.4 ᠺᠢᠯᠣᠮᠧᠲᠷ᠂ ᠱᠦᠢ ᠽᠧ ᠵᠠᠮ 2.5 ᠺᠢᠯᠤᠮᠧᠲᠷ᠂ ᠹᠦ᠋ ᠴᠧᠩ ᠨᠡᠬᠦᠷᠡᠰᠦᠨ ᠠᠭᠤᠷᠬᠠᠢ ᠠᠴᠠ ᠰᠢᠨ ᠸᠧᠨ | ᠠᠭᠤᠷᠬᠠᠢ ᠶᠢᠨ ᠺᠣᠮᠫᠠᠨᠢ ᠶᠢᠨ ᠨᠡᠬᠦᠷᠡᠰᠦ ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ ᠦᠢᠯᠡᠳᠪᠦᠷᠢ ᠶᠢᠨ ᠪᠦᠰᠡ ᠪᠠᠷ ᠳᠡᠭᠡᠭᠡᠪᠦᠷᠢᠯᠡᠬᠦ ᠵᠠᠮ | 1.96 ᠺᠢᠯᠤᠮᠧᠲᠷ᠂ ᠡᠾᠧᠩ ᠺᠦᠨ ᠵᠠᠮ 1.36 ᠺᠢᠯᠤᠮᠧᠲᠷ︶᠂ ᠵᠠᠮ ᠬᠠᠷᠢᠯᠴᠠᠭᠠᠨ ᠤ ᠠᠮᠣᠷ ᠳᠦᠪᠰᠢᠨ ᠪᠠ ᠬᠦᠷᠢᠶᠡᠯᠡᠩ ᠲᠤᠭᠤᠷᠢᠭ ᠤᠨ ᠪᠦᠬᠦᠯᠢ ᠴᠤᠭᠴᠠ | ᠶᠢᠨ ᠬᠡᠪ ᠳᠦᠷᠬᠦ ᠶᠢ ᠨᠣᠴᠢᠲᠠᠢ ᠨᠦᠯᠦᠬᠡᠯᠡᠪᠡ︔ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠤᠨ ᠱᠠᠩ ᠴᠠᠩ ᠱᠣᠭᠤᠮ ᠤᠨ ᠵᠠᠮ | ᠪᠠᠶᠢᠭᠤᠯᠤᠭᠳᠠᠭᠠᠳ ᠢ 20 ᠵᠢᠯ ᠰᠢᠬᠠᠮ ᠪᠤᠯᠵᠤ᠂ ᠨᠡᠬᠦᠷᠡᠰᠦ ᠲᠡᠭᠡᠭᠡᠪᠦᠷᠢᠯᠡᠬᠦ ᠡᠬᠦᠷᠭᠡ ᠶᠢ ᠣᠷᠲᠣ ᠬᠤᠭᠤᠴᠠᠭ᠎ᠠ ᠪᠠᠷ ᠡᠬᠦᠷᠭᠡᠯᠡᠭᠰᠡᠨ ᠢᠶᠠᠷ ᠪᠠᠷᠠᠬᠤ ᠦᠬᠡᠢ ᠰᠡᠯᠪᠢᠨ | ᠠᠷᠠᠴᠢᠯᠠᠯᠲᠠ ᠲᠤᠲᠠᠭᠤᠳᠠᠭᠰᠠᠨ ᠠᠴᠠ ᠪᠤᠯᠵᠤ ᠵᠠᠮ ᠤᠨ ᠭᠠᠳᠠᠷᠭᠤ ᠠᠩ ᠴᠠᠪᠠ ᠭᠠᠷᠤᠨ ᠡᠩᠬᠦᠯ ᠲᠤᠩᠬᠤᠯ ᠪᠤᠯᠵᠤ᠂ ᠲᠡᠷᠬᠡ ᠮᠠᠰᠢᠨ ᠨᠡᠪᠲᠡᠷᠡᠬᠦ ᠶᠢ ᠨᠣᠴᠢᠲᠠᠢ | ᠨᠦᠯᠦᠬᠡᠯᠡᠪᠡ᠃ | ︵ᠬᠤᠶᠠᠷ︶ ᠨᠡᠬᠦᠷᠡᠰᠦ ᠲᠡᠭᠡᠭᠡᠪᠦᠷᠢᠯᠡᠬᠦ ᠲᠡᠷᠬᠡ ᠵᠠᠮ ᠡᠵᠡᠯᠡᠨ ᠵᠤᠭᠰᠣᠬᠤ ᠲᠠᠯ᠎ᠠ ᠪᠠᠷ | ᠣᠳᠣᠬᠠᠨ ᠳᠤ᠂ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠨᠢ ᠬᠦᠨᠳᠦ ᠬᠡᠯᠪᠡᠷᠢ ᠶᠢᠨ ᠠᠴᠢᠶᠠᠨ ᠤ ᠮᠠᠰᠢᠨ ᠤ ᠲᠡᠷᠬᠡᠨ ᠵᠤᠭᠰᠤᠭᠠᠯ ᠢ ᠢᠵᠢ | ᠪᠦᠷᠢᠳᠦᠬᠦᠯᠦᠨ ᠪᠠᠶᠢᠭᠤᠯᠤᠭᠰᠠᠨ ᠦᠬᠡᠢ ᠠᠴᠠ ᠪᠤᠯᠵᠤ᠂ ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ ᠺᠤᠮᠫᠠᠨᠢ ᠪᠠ ᠰᠢᠨ ᠸᠧᠨ ᠺᠣᠮᠫᠠᠨᠢ ᠶᠢᠨ ᠨᠡᠬᠦᠷᠡᠰᠦ | ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ ᠦᠢᠯᠡᠳᠪᠦᠷᠢ ᠶᠢᠨ ᠡᠷᠬᠢᠨ ᠲᠤᠭᠤᠷᠢᠨ ᠤ ᠵᠠᠮ ᠳᠤ ᠲᠡᠭᠡᠭᠡᠪᠦᠷᠢ ᠶᠢᠨ ᠲᠡᠷᠬᠡ ᠮᠠᠰᠢᠨ ᠵᠠᠮ | ᠡᠵᠡᠯᠡᠨ ᠵᠤᠭᠰᠣᠬᠤ ᠦᠵᠡᠭᠳᠡᠯ ᠦᠷᠬᠦᠯᠵᠢ ᠭᠠᠷᠴᠤ᠂ ᠵᠠᠮ ᠬᠠᠷᠢᠯᠴᠠᠭᠠᠨ ᠤ ᠨᠡᠪᠲᠡᠷᠡᠯᠴᠡᠭᠡ ᠶᠢ ᠨᠣᠴᠢᠲᠠᠢ ᠨᠦᠯᠦᠬᠡᠯᠡᠨ᠂ ᠵᠠᠮ ᠬᠠᠷᠢᠯᠴᠠᠭᠠᠨ ᠤ ᠠᠳᠡᠯ ᠪᠠ | ᠣᠷᠴᠢᠨ ᠲᠤᠭᠤᠷᠢᠨ ᠤ ᠪᠤᠬᠢᠷᠳᠣᠯ ᠲᠤᠶᠢᠯ ᠤᠨ ᠠᠮᠠᠷᠬᠠᠨ ᠡᠬᠦᠰᠬᠦ ᠬᠡᠮ ᠰᠣᠭᠤᠭ ᠲᠠᠢ ᠪᠤᠢ᠃ | ︵ᠭᠤᠷᠪᠠ︶ ᠣᠷᠴᠢᠨ ᠲᠤᠭᠤᠷᠢᠨ ᠤ ᠡᠷᠡᠭᠦᠯ ᠬᠠᠮᠠᠭᠠᠯᠠᠯ ᠤᠨ ᠲᠠᠯ᠎ᠠ ᠪᠠᠷ | ᠣᠳᠣᠬᠠᠨ ᠳᠤ᠂ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠤᠨ ᠨᠡᠬᠦᠷᠡᠰᠦ ᠲᠡᠭᠡᠭᠡᠪᠦᠷᠢᠯᠡᠬᠦ ᠮᠠᠰᠢᠨ ᠨᠡᠯᠢᠶᠡᠳ ᠣᠯᠠᠨ᠂ ᠲᠡᠬᠡᠬᠡᠪᠦᠷᠢᠯᠡᠬᠦ | ᠶᠠᠪᠣᠴᠠ ᠳᠤ ᠱᠠᠩ ᠴᠠᠩ ᠱᠣᠭᠤᠮ᠂ ᠱᠦᠢ ᠽᠧ ᠵᠠᠮ ᠵᠢᠴᠢ ᠹᠦ᠋ ᠴᠧᠩ ᠨᠡᠬᠦᠷᠡᠰᠦᠨ ᠠᠭᠤᠷᠬᠠᠢ ᠠᠴᠠ ᠰᠢᠨ ᠸᠧᠨ ᠠᠭᠤᠷᠬᠠᠢ ᠶᠢᠨ ᠺᠣᠮᠫᠠᠨᠢ ᠶᠢᠨ ᠨᠡᠬᠦᠷᠡᠰᠦ | ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ ᠦᠢᠯᠡᠳᠪᠦᠷᠢ ᠶᠢᠨ ᠪᠦᠰᠡ ᠪᠠᠷ ᠳᠡᠭᠡᠭᠡᠪᠦᠷᠢᠯᠡᠬᠦ ᠵᠠᠮ ᠳᠤ ᠬᠦᠯᠦᠷ᠎ᠡ ᠪᠠ ᠨᠡᠬᠦᠷᠡᠰᠦᠨ ᠴᠢᠯᠠᠭᠤ | ᠪᠤᠲᠠᠷᠠᠵᠤ ᠪᠠᠶᠢᠬᠤ ᠦᠵᠡᠭᠳᠡᠯ ᠬᠦᠨᠳᠦ ᠨᠣᠴᠢᠲᠠᠢ ᠪᠠᠶᠢᠵᠦ᠂ ᠵᠠᠮ ᠵᠢᠴᠢ ᠬᠤᠶᠠᠷ ᠬᠠᠵᠠᠭᠤ ᠶᠢᠨ ᠣᠷᠭᠤᠮᠠᠯ ᠤᠨ ᠪᠦᠷᠬᠦᠪᠴᠢ ᠶᠢ ᠪᠤᠬᠢᠷᠳᠣᠭᠤᠯᠣᠨ᠂ ᠬᠦᠷᠢᠶᠡᠯᠡᠩ | ᠲᠤᠭᠤᠷᠢᠭ ᠤᠨ ᠣᠷᠴᠢᠨ ᠲᠤᠭᠤᠷᠢᠨ᠂ ᠣᠶᠢᠷ᠎ᠠ ᠬᠠᠪᠢ ᠶᠢᠨ ᠰᠠᠭᠤᠭᠠᠯᠢ ᠠᠷᠠᠳ ᠤᠨ ᠠᠮᠢᠳᠣᠷᠠᠯ ᠢ ᠨᠦᠯᠦᠬᠡᠯᠡᠵᠦ ᠪᠤᠢ᠃ | ︵ᠳᠦᠷᠪᠡ︶ ᠨᠣᠭᠤᠭᠠᠷᠠᠭᠤᠯᠤᠯᠲᠠ ᠶᠢᠨ ᠲᠠᠯ᠎ᠠ ᠪᠠᠷ | ᠣᠳᠣᠬᠠᠨ ᠳᠤ᠂ ᠨᠡᠬᠦᠷᠡᠰᠦᠨ ᠠᠭᠤᠷᠬᠠᠢ ᠶᠢ ᠨᠡᠭᠡᠭᠡᠨ ᠮᠠᠯᠲᠠᠭᠰᠠᠨ ᠠᠴᠠ ᠪᠤᠯᠵᠤ ᠭᠠᠵᠠᠷ ᠤᠨ ᠭᠠᠳᠠᠷᠭᠤ ᠴᠦᠮᠦᠷᠡᠵᠦ᠂ ᠨᠠᠷᠢᠯᠢᠭ ᠬᠢᠮᠢ ᠶᠢᠨ ᠠᠵᠤ | ᠦᠢᠯᠡᠳᠪᠦᠷᠢ ᠶᠢᠨ ᠬᠦᠷᠢᠶᠡᠯᠡᠩ ᠤᠨ ᠨᠣᠭᠤᠭᠠᠷᠠᠭᠤᠯᠤᠯᠲᠠ ᠶᠢᠨ ᠣᠰᠣ ᠬᠠᠩᠭᠠᠬᠤ ᠲᠤᠤᠷ ᠬᠤᠭᠤᠯᠠᠢ ᠲᠠᠰᠣᠷᠠᠨ᠂ ᠣᠷᠭᠤᠮᠠᠯ ᠤᠨ ᠪᠦᠷᠬᠦᠪᠴᠢ ᠬᠤᠪᠠᠭ᠋ᠠᠶᠢᠷᠠᠭᠰᠠᠨ | ᠮᠦᠷᠲᠡᠭᠡᠨ ᠭᠠᠯ ᠤᠨ ᠭᠠᠮᠰᠢᠭ ᠡᠬᠦᠰᠬᠦ ᠳᠠᠯᠳᠠ ᠬᠡᠮ ᠣᠷᠣᠰᠢᠵᠦ ᠪᠤᠢ᠃ | ᠬᠤᠶᠠᠷ᠂ ᠠᠵᠢᠯ ᠤᠨ ᠱᠠᠭᠠᠷᠳᠠᠯᠭ᠎ᠠ | ︽ᠬᠡᠨ ᠡᠪᠳᠡᠪᠡᠯ ᠬᠡᠨ ᠰᠡᠷᠬᠦᠬᠡᠬᠦ᠂ ᠬᠡᠨ ᠪᠤᠬᠢᠷᠳᠣᠭᠤᠯᠪᠠᠯ ᠬᠡᠨ ᠴᠡᠭᠴᠡᠯᠡᠨ ᠵᠠᠰᠠᠬᠤ︾ ᠵᠠᠷᠴᠢᠮ ᠶᠤᠰᠤᠭᠠᠷ᠂ ᠬᠠᠮᠢᠶ᠎ᠠ ᠪᠦᠬᠦᠢ ᠬᠠᠷᠢᠭᠤᠴᠠᠯᠭᠠᠲᠤ | ᠨᠡᠬᠦᠷᠡᠰᠦᠨ ᠠᠭᠤᠷᠬᠠᠢ ᠠᠴᠠ ᠲᠤᠰ ᠲᠤᠰ ᠴᠦᠮᠦᠷᠡᠭᠰᠡᠨ ᠵᠠᠮ ᠤᠨ ᠭᠠᠳᠠᠷᠭᠤ ᠶᠢᠨ ᠰᠡᠯᠪᠢᠯᠲᠡ ᠰᠡᠷᠬᠦᠬᠡᠯᠲᠡ᠂ ᠲᠡᠷᠬᠡᠨ ᠵᠤᠭᠰᠣᠭᠠᠯ ᠤᠨ ᠪᠠᠶᠢᠭᠤᠯᠤᠯᠲᠠ᠂ | ᠣᠷᠴᠢᠨ ᠲᠤᠭᠤᠷᠢᠨ ᠤ ᠡᠷᠡᠬᠦᠯ ᠬᠠᠮᠠᠭᠠᠯᠠᠯ ᠤᠨ ᠵᠠᠰᠠᠯᠲᠠ ᠵᠢᠴᠢ ᠨᠤᠭᠤᠭᠠᠷᠠᠭᠤᠯᠤᠯᠲᠠ ᠶᠢ ᠨᠦᠬᠦᠵᠦ ᠲᠠᠷᠢᠬᠤ ᠠᠵᠢᠯ ᠢ ᠬᠠᠷᠢᠭᠤᠴᠠᠵᠤ᠂ ᠡᠯ᠎ᠡ ᠬᠠᠷᠢᠭᠤᠴᠠᠯᠭᠠᠲᠤ | ᠠᠭᠤᠷᠬᠠᠢ ᠶᠢᠨ ᠣᠷᠣᠨ ᠤ ᠬᠢᠨ ᠴᠦᠮᠦᠷᠡᠭᠰᠡᠨ ᠵᠠᠮ᠂ ᠡᠪᠳᠡᠭᠳᠡᠭᠰᠡᠨ ᠬᠡᠮᠵᠢᠶ᠎ᠡ ᠵᠢᠴᠢ ᠨᠡᠪᠲᠡᠷᠡᠯᠴᠡᠭᠡᠨ ᠤ ᠬᠡᠮᠵᠢᠶ᠎ᠡ ᠵᠡᠷᠭᠡ ᠪᠠᠶᠢᠳᠠᠯ ᠢ ᠦᠨᠳᠦᠰᠦᠯᠡᠨ᠂ | ᠬᠡᠷᠡᠭᠵᠢᠬᠦᠯᠵᠦ ᠪᠤᠯᠬᠤ ᠰᠡᠯᠪᠢᠯᠲᠡ ᠶᠢᠨ ᠲᠦᠯᠦᠪᠯᠡᠭᠡ ᠪᠠ ᠬᠡᠷᠡᠭᠵᠢᠬᠦᠯᠬᠦ ᠲᠦᠰᠦᠯ ᠢ ᠲᠤᠭᠲᠠᠭᠠᠵᠤ᠂ ᠬᠤᠰᠢᠭᠤ ᠠᠷᠠᠳ ᠤᠨ ᠵᠠᠰᠠᠭ ᠤᠨ ᠣᠷᠳᠣᠨ ᠢᠶᠠᠷ ᠬᠢᠨᠠᠨ | ᠵᠦᠪᠰᠢᠶᠡᠷᠡᠬᠦᠯᠦᠭᠰᠡᠨ ᠤ ᠳᠠᠷᠠᠭ᠎ᠠ᠂ ᠬᠤᠭᠤᠴᠠᠭ᠎ᠠ ᠬᠡᠰᠡᠭ ᠬᠤᠪᠢᠶᠠᠵᠤ ᠬᠡᠷᠡᠭᠵᠢᠬᠦᠯᠦᠨ᠂ ᠪᠡᠯᠡ ᠮᠦᠩᠭᠦᠨ ᠤ ᠢᠷᠡᠯᠲᠡ ᠨᠢ ᠭᠤᠤᠯᠳᠠᠭᠤ ᠠᠭᠤᠷᠬᠠᠢ ᠶᠢᠨ ᠭᠠᠵᠠᠷ | ᠰᠢᠨᠵᠢᠯᠡᠬᠡᠨ ᠤ ᠣᠷᠴᠢᠨ ᠲᠤᠭᠤᠷᠢᠨ ᠤ ᠵᠠᠰᠠᠯᠲᠠ ᠶᠢᠨ ᠰᠠᠭᠤᠷᠢ ᠮᠦᠩᠭᠦ ᠪᠠᠷ ᠭᠤᠤᠯ ᠪᠤᠯᠭᠠᠨ᠎ᠠ᠃ ᠪᠤᠲᠠᠲᠠᠢ ᠱᠠᠭᠠᠷᠳᠠᠯᠭ᠎ᠠ ᠲᠤᠤᠷᠠᠬᠢ ᠮᠡᠳᠦ᠄ | ︵ᠨᠢᠬᠡ︶ ᠵᠠᠮ ᠬᠠᠷᠢᠯᠴᠠᠭᠠᠨ ᠤ ᠲᠠᠯ᠎ᠠ ᠪᠠᠷ | 1. ᠴᠠᠩᠴᠧᠩ ᠭᠤᠷᠪᠠᠳᠣᠭᠠᠷ ᠨᠣᠮᠧᠷᠲᠦ ᠨᠡᠬᠦᠷᠡᠰᠦᠨ ᠠᠭᠤᠷᠬᠠᠢ ᠠᠴᠠ ᠱᠠᠩ ᠪᠢᠨ ᠵᠠᠮ ᠶᠢᠨ ᠵᠡᠬᠦᠨ ᠬᠡᠰᠡᠭ ᠤᠨ ᠴᠦᠮᠦᠷᠡᠭᠰᠡᠨ ᠵᠠᠮ ᠤᠨ ᠭᠠᠳᠠᠷᠭᠤ ᠶᠢᠨ | ᠰᠡᠯᠪᠢᠯᠲᠡ ᠶᠢ ᠪᠤᠲᠠᠲᠠᠢ ᠬᠠᠷᠢᠭᠤᠴᠠᠵᠤ᠂ ᠴᠦᠮᠦᠷᠡᠭᠰᠡᠨ ᠵᠠᠮ ᠤᠨ ᠪᠦᠬᠦ ᠣᠷᠲᠣ ᠨᠢ 2.1 ᠺᠢᠯᠣᠮᠧᠲᠷ ᠪᠤᠢ᠃ ᠵᠠᠮ ᠤᠨ ᠭᠠᠳᠠᠷᠭᠤ ᠶᠢ ᠰᠡᠯᠪᠢᠨ ᠵᠠᠰᠠᠬᠤ ᠠᠷᠭ᠎ᠠ᠄ | ᠣᠣᠯ ᠤᠨ ᠰᠠᠭᠤᠷᠢ ᠳᠠᠪᠬᠤᠷᠭ᠎ᠠ ᠪᠠ ᠭᠠᠳᠠᠷᠭᠤ ᠳᠠᠪᠬᠤᠷᠭ᠎ᠠ ᠶᠢ ᠠᠷᠢᠯᠭᠠᠨ᠂ 70cm ᠵᠤᠵᠠᠭᠠᠨ ᠰᠠᠭᠤᠷᠢ ᠳᠠᠪᠬᠤᠷᠭ᠎ᠠ ᠪᠠ ᠭᠠᠳᠠᠷᠭᠤ ᠳᠠᠪᠬᠤᠷᠭ᠎ᠠ ︵10cm | ᠪᠠᠷᠤᠭᠰᠢᠨ ᠪᠧᠲ᠋ᠤᠨ + 40cm ᠣᠰᠣᠨ ᠤ ᠲᠤᠭᠲᠠᠪᠤᠷᠢᠲᠤ ᠳᠠᠪᠬᠤᠷᠭ᠎ᠠ + 20cm ᠬᠠᠶᠢᠷ ᠴᠢᠯᠠᠭᠤᠨ ᠳᠠᠪᠬᠤᠷᠭ᠎ᠠ︶ ᠶᠢ ᠰᠢᠨ᠎ᠡ ᠪᠠᠷ ᠳᠡᠪᠢᠰᠦᠨ᠎ᠡ᠃ | ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ | ᠮᠦᠴᠢᠷ᠄ ᠡᠨᠧᠷᠬᠢ ᠶᠢᠨ ᠳᠣᠪᠴᠢᠶ᠎ᠠ︶ | 2. ᠴᠠᠩᠴᠧᠩ ᠲᠠᠪᠤᠳᠣᠭᠠᠷ ᠨᠣᠮᠧᠷᠲᠦ ᠨᠡᠬᠦᠷᠡᠰᠦᠨ ᠠᠭᠤᠷᠬᠠᠢ ᠠᠴᠠ ᠱᠠᠩ ᠪᠢᠨ ᠵᠠᠮ ᠶᠢᠨ ᠪᠠᠷᠠᠭᠤᠨ ᠬᠡᠰᠡᠭ ᠤᠨ ᠴᠦᠮᠦᠷᠡᠭᠰᠡᠨ ᠵᠠᠮ ᠤᠨ ᠭᠠᠳᠠᠷᠭᠤ ᠶᠢᠨ | ᠰᠡᠯᠪᠢᠯᠲᠡ ᠶᠢ ᠪᠤᠲᠠᠲᠠᠢ ᠬᠠᠷᠢᠭᠤᠴᠠᠵᠤ᠂ ᠴᠦᠮᠦᠷᠡᠭᠰᠡᠨ ᠵᠠᠮ ᠤᠨ ᠪᠦᠬᠦ ᠣᠷᠲᠣ ᠨᠢ 1.3 ᠺᠢᠯᠣᠮᠧᠲᠷ ᠪᠤᠢ᠃ ᠵᠠᠮ ᠤᠨ ᠭᠠᠳᠠᠷᠭᠤ ᠶᠢ ᠰᠡᠯᠪᠢᠨ ᠵᠠᠰᠠᠬᠤ ᠠᠷᠭ᠎ᠠ᠄ | ᠣᠣᠯ ᠤᠨ ᠰᠠᠭᠤᠷᠢ ᠳᠠᠪᠬᠤᠷᠭ᠎ᠠ ᠪᠠ ᠭᠠᠳᠠᠷᠭᠤ ᠳᠠᠪᠬᠤᠷᠭ᠎ᠠ ᠶᠢ ᠠᠷᠢᠯᠭᠠᠨ᠂ 70cm ᠵᠤᠵᠠᠭᠠᠨ ᠰᠠᠭᠤᠷᠢ ᠳᠠᠪᠬᠤᠷᠭ᠎ᠠ ᠪᠠ ᠭᠠᠳᠠᠷᠭᠤ ᠳᠠᠪᠬᠤᠷᠭ᠎ᠠ ︵10cm | ᠪᠠᠷᠤᠭᠰᠢᠨ ᠪᠧᠲ᠋ᠤᠨ + 40cm ᠣᠰᠣᠨ ᠤ ᠲᠤᠭᠲᠠᠪᠤᠷᠢᠲᠤ ᠳᠠᠪᠬᠤᠷᠭ᠎ᠠ + 20cm ᠬᠠᠶᠢᠷ ᠴᠢᠯᠠᠭᠤᠨ ᠳᠠᠪᠬᠤᠷᠭ᠎ᠠ︶ ᠶᠢ ᠰᠢᠨ᠎ᠡ ᠪᠠᠷ ᠳᠡᠪᠢᠰᠦᠨ᠎ᠡ᠃ | ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ | ᠮᠦᠴᠢᠷ᠄ ᠡᠨᠧᠷᠬᠢ ᠶᠢᠨ ᠳᠣᠪᠴᠢᠶ᠎ᠠ︶ | 3. ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ ᠺᠣᠮᠫᠠᠨᠢ ᠠᠴᠠ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠱᠦᠢ ᠽᠧ ᠵᠠᠮ ᠶᠢᠨ ᠵᠠᠮ ᠤᠨ | ᠭᠠᠳᠠᠷᠭᠤ ᠶᠢᠨ ᠰᠡᠯᠪᠢᠯᠲᠡ ᠶᠢ ᠪᠤᠲᠠᠲᠠᠢ ᠬᠠᠷᠢᠭᠤᠴᠠᠵᠤ᠂ ᠴᠦᠮᠦᠷᠡᠭᠰᠡᠨ ᠵᠠᠮ ᠤᠨ ᠪᠦᠬᠦ ᠣᠷᠲᠣ ᠨᠢ 2.1 ᠺᠢᠯᠣᠮᠧᠲᠷ ᠪᠤᠢ᠃ ᠵᠠᠮ ᠤᠨ ᠭᠠᠳᠠᠷᠭᠤ ᠶᠢ ᠰᠡᠯᠪᠢᠨ | ᠵᠠᠰᠠᠬᠤ ᠠᠷᠭ᠎ᠠ᠄ ᠵᠠᠮ ᠤᠨ ᠭᠠᠳᠠᠷᠭᠤ ᠳᠠᠪᠬᠤᠷᠭ᠎ᠠ ᠶᠢ ᠮᠠᠯᠲᠠᠵᠤ᠂ ᠮᠠᠯᠲᠠᠭᠰᠠᠨ ᠬᠡᠰᠡᠭ ᠢ ᠳᠠᠬᠢᠵᠦ ᠳᠡᠪᠢᠰᠦᠨ᠂ 4cm ᠵᠣᠵᠠᠭᠠᠨ ᠪᠠᠷᠤᠭᠰᠢᠨ ᠪᠧᠲ᠋ᠤᠨ | ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ | ᠬᠠᠮᠵᠢᠯᠴᠠᠬᠤ ᠰᠠᠯᠠᠭ᠎ᠠ ᠮᠦᠴᠢᠷ᠄ ᠱᠠᠩᠬᠠᠢ ᠶᠢᠨ ᠰᠦᠮ᠎ᠡ ᠪᠠᠯᠭᠠᠰᠣ︶ | 4.. ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ ᠺᠣᠮᠫᠠᠨᠢ ᠠᠴᠠ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠡᠾᠧᠩ ᠺᠦᠨ ᠵᠠᠮ ᠤᠨ ᠰᠡᠯᠪᠢᠯᠲᠡ | ᠶᠢ ᠪᠤᠲᠠᠲᠠᠢ ᠬᠠᠷᠢᠭᠤᠴᠠᠵᠤ᠂ ᠴᠦᠮᠦᠷᠡᠭᠰᠡᠨ ᠵᠠᠮ ᠤᠨ ᠪᠦᠬᠦ ᠣᠷᠲᠣ ᠨᠢ 1.36 ᠺᠢᠯᠣᠮᠧᠲᠷ ᠪᠤᠢ᠃ ᠵᠠᠮ ᠤᠨ ᠭᠠᠳᠠᠷᠭᠤ ᠶᠢ ᠰᠡᠯᠪᠢᠨ ᠵᠠᠰᠠᠬᠤ ᠠᠷᠭ᠎ᠠ᠄ ᠵᠠᠮ ᠤᠨ | ᠭᠠᠳᠠᠷᠭᠤ ᠳᠠᠪᠬᠤᠷᠭ᠎ᠠ ᠶᠢ ᠮᠠᠯᠲᠠᠵᠤ᠂ ᠮᠠᠯᠲᠠᠭᠰᠠᠨ ᠬᠡᠰᠡᠭ ᠢ ᠳᠠᠬᠢᠵᠦ ᠳᠡᠪᠢᠰᠦᠨ᠂ 4cm ᠵᠣᠵᠠᠭᠠᠨ ᠪᠠᠷᠤᠭᠰᠢᠨ ᠪᠧᠲ᠋ᠤᠨ ᠳᠡᠪᠢᠰᠦᠨ᠎ᠡ᠃ ︵ᠲᠤᠯᠤᠭᠠᠶᠢᠯᠠᠭᠴᠢ | ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠱᠠᠩᠬᠠᠢ | ᠶᠢᠨ ᠰᠦᠮ᠎ᠡ ᠪᠠᠯᠭᠠᠰᠣ︶ | 5. ᠴᠠᠩᠴᠧᠩ ᠲᠠᠪᠤᠳᠣᠭᠠᠷ ᠨᠣᠮᠧᠷᠲᠦ ᠨᠡᠬᠦᠷᠡᠰᠦᠨ ᠠᠭᠤᠷᠬᠠᠢ ᠶᠢᠨ ᠬᠢᠨ ᠹᠦ᠋ ᠴᠧᠩ ᠨᠡᠬᠦᠷᠡᠰᠦᠨ ᠠᠭᠤᠷᠬᠠᠢ ᠠᠴᠠ ᠰᠢᠨ ᠸᠧᠨ ᠠᠭᠤᠷᠬᠠᠢ ᠶᠢᠨ ᠺᠣᠮᠫᠠᠨᠢ | ᠶᠢᠨ ᠨᠡᠬᠦᠷᠡᠰᠦ ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠤᠬᠢᠶᠠᠬᠤ ᠦᠢᠯᠡᠳᠪᠦᠷᠢ ᠶᠢᠨ ᠪᠦᠰᠡ ᠪᠠᠷ ᠳᠡᠭᠡᠭᠡᠪᠦᠷᠢᠯᠡᠬᠦ ᠬᠡᠰᠡᠭ ᠤᠨ ᠵᠠᠮ ᠤᠨ ᠭᠠᠳᠠᠷᠭᠤ | ᠶᠢᠨ ᠰᠡᠯᠪᠢᠯᠲᠡ ᠶᠢ ᠪᠤᠲᠠᠲᠠᠢ ᠬᠠᠷᠢᠭᠤᠴᠠᠵᠤ᠂ ᠴᠦᠮᠦᠷᠡᠭᠰᠡᠨ ᠵᠠᠮ ᠤᠨ ᠪᠦᠬᠦ ᠣᠷᠲᠣ ᠨᠢ 1.96 ᠺᠢᠯᠣᠮᠧᠲᠷ ᠪᠤᠢ᠂ ᠮᠠᠯᠲᠠᠭᠰᠠᠨ ᠬᠡᠰᠡᠭ ᠢ ᠳᠠᠬᠢᠵᠦ ᠳᠡᠪᠢᠰᠦᠨ᠂ | 4cm ᠵᠣᠵᠠᠭᠠᠨ ᠪᠠᠷᠤᠭᠰᠢᠨ ᠪᠧᠲ᠋ᠤᠨ ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ | ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ︶ | 6. ᠴᠠᠩᠴᠧᠩ ᠨᠢᠭᠡᠳᠦᠬᠡᠷ᠂ ᠬᠤᠶᠠᠳᠣᠭᠠᠷ᠂ ᠲᠠᠪᠤᠳᠣᠭᠠᠷ᠂ ᠵᠢᠷᠭᠤᠳᠣᠭᠠᠷ ᠨᠣᠮᠧᠷᠲᠦ ᠨᠡᠬᠦᠷᠡᠰᠦᠨ ᠠᠭᠤᠷᠬᠠᠢ ᠠᠴᠠ ᠨᠠᠷᠢᠯᠢᠭ ᠬᠢᠮᠢ ᠶᠢᠨ ᠠᠵᠤ | ᠦᠢᠯᠡᠳᠪᠦᠷᠢ ᠶᠢᠨ ᠬᠦᠷᠢᠶᠡᠯᠡᠩ ᠤᠨ ᠱᠠᠩ ᠴᠠᠩ ᠱᠣᠭᠤᠮ ᠤᠨ ᠵᠠᠮ ᠤᠨ ᠭᠠᠳᠠᠷᠭᠤ ᠶᠢᠨ ᠰᠡᠯᠪᠢᠯᠲᠡ ᠶᠢ ᠪᠤᠲᠠᠲᠠᠢ ᠬᠠᠷᠢᠭᠤᠴᠠᠵᠤ᠂ ᠰᠡᠯᠪᠢᠨ ᠵᠠᠰᠠᠬᠤ ᠵᠠᠮ ᠤᠨ | ᠣᠷᠲᠣ ᠨᠢ 8.9 ᠺᠢᠯᠤᠮᠧᠲᠷ ᠪᠤᠢ᠃ ᠵᠠᠮ ᠤᠨ ᠭᠠᠳᠠᠷᠭᠤ ᠶᠢ ᠰᠡᠯᠪᠢᠨ ᠵᠠᠰᠠᠬᠤ ᠠᠷᠭ᠎ᠠ᠄ ᠵᠠᠮ ᠤᠨ ᠭᠠᠳᠠᠷᠭᠤ ᠳᠠᠪᠬᠤᠷᠭ᠎ᠠ ᠶᠢ ᠮᠠᠯᠲᠠᠵᠤ᠂ ᠮᠠᠯᠲᠠᠭᠰᠠᠨ ᠬᠡᠰᠡᠭ ᠢ | ᠳᠠᠬᠢᠵᠦ ᠳᠡᠪᠢᠰᠦᠨ᠂ 4cm ᠵᠣᠵᠠᠭᠠᠨ ᠪᠠᠷᠤᠭᠰᠢᠨ ᠪᠧᠲ᠋ᠤᠨ ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ | ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ︶ | ︵ᠬᠤᠶᠠᠷ︶ ᠲᠡᠷᠬᠡᠨ ᠵᠤᠭᠰᠤᠭᠠᠯ ᠤᠨ ᠪᠠᠶᠢᠭᠤᠯᠤᠯᠲᠠ ᠶᠢᠨ ᠲᠠᠯ᠎ᠠ ᠪᠠᠷ | ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ ᠺᠤᠮᠫᠠᠨᠢ ᠪᠠ ᠰᠢᠨ ᠸᠧᠨ ᠠᠭᠤᠷᠬᠠᠢ ᠶᠢᠨ ᠺᠤᠮᠫᠠᠨᠢ ᠶᠢᠨ ᠨᠡᠬᠦᠷᠡᠰᠦ ᠣᠬᠢᠶᠠᠬᠤ ᠬᠤᠪᠢᠶᠠᠷᠢ ᠺᠤᠮᠫᠠᠨᠢ ᠶᠢᠨ | ᠭᠤᠤᠯ ᠨᠡᠬᠦᠷᠡᠰᠦ ᠣᠬᠢᠶᠠᠬᠤ ᠦᠢᠯᠡᠳᠪᠦᠷᠢ ᠠᠴᠠ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠤᠨ ᠲᠡᠷᠬᠡᠨ ᠵᠤᠭᠰᠣᠭᠠᠯ ᠤᠨ ᠪᠠᠶᠢᠭᠤᠯᠤᠯᠲᠠ ᠶᠢ | ᠪᠤᠲᠠᠲᠠᠢ ᠬᠠᠷᠢᠭᠤᠴᠠᠵᠤ᠂ ᠲᠡᠷᠬᠡ ᠮᠠᠰᠢᠨ ᠵᠠᠮ ᠡᠵᠡᠯᠡᠨ ᠵᠤᠭᠰᠣᠬᠤ ᠠᠰᠠᠭᠤᠳᠠᠯ ᠢ ᠰᠢᠢᠳᠪᠦᠷᠢᠯᠡᠨ᠎ᠡ᠃ ᠰᠠᠨᠠᠭᠤᠯᠭ᠎ᠠ᠄ ᠡᠮᠦᠨ᠎ᠡ ᠬᠤᠭᠤᠴᠠᠭᠠᠨ ᠳᠤ 100 | ᠨᠡᠬᠦᠷᠡᠰᠦ ᠲᠡᠭᠡᠭᠡᠪᠦᠷᠢᠯᠡᠬᠦ ᠲᠡᠷᠬᠡ ᠶᠢᠨ ᠪᠠᠭᠲᠠᠭᠠᠮᠵᠢ ᠲᠠᠢ ᠲᠡᠷᠬᠡ ᠵᠤᠭᠰᠣᠭᠠᠬᠤ ᠲᠠᠯᠠᠪᠤᠷ ᠪᠠᠶᠢᠭᠤᠯᠵᠤ᠂ ᠲᠡᠷᠬᠡᠨ ᠵᠤᠭᠰᠣᠭᠠᠯ ᠳᠤ ᠪᠠᠷᠤᠭ 50 ᠮᠣ᠋ ᠲᠠᠯᠠᠪᠠᠢ | ᠡᠵᠡᠯᠡᠭᠰᠡᠨ ᠬᠤᠭᠤᠯᠠᠯᠠᠬᠤ᠂ ᠠᠮᠠᠷᠠᠬᠤ᠂ ᠵᠣᠷᠯᠣᠩ᠂ ᠦᠢᠯᠡᠴᠢᠯᠡᠬᠡᠨ ᠤ ᠦᠷᠲᠡᠭᠡ ᠵᠡᠷᠭᠡ ᠴᠢᠳᠠᠮᠵᠢᠲᠤ ᠲᠠᠰᠤᠭ ᠢ ᠲᠦᠬᠦᠷᠴᠢᠯᠡᠵᠦ ᠪᠠᠶᠢᠭᠤᠯᠤᠨ᠎ᠠ᠃ | ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ | ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠠᠵᠤ ᠠᠬᠤᠶᠢᠯᠠᠯ ᠤᠨ ᠬᠦᠭᠵᠢᠯᠲᠡ ᠶᠢᠨ ᠦᠢᠯᠡᠴᠢᠯᠡᠬᠡᠨ ᠤ ᠲᠦᠪ︶ | ︵ᠭᠤᠷᠪᠠ︶ ᠣᠷᠴᠢᠨ ᠲᠤᠭᠤᠷᠢᠨ ᠤ ᠠᠷᠢᠭᠤᠨ ᠴᠡᠪᠡᠷ ᠤᠨ ᠵᠠᠰᠠᠯᠲᠠ ᠶᠢᠨ ᠲᠠᠯ᠎ᠠ ᠪᠠᠷ | 1. ᠴᠠᠩᠴᠧᠩ ᠭᠤᠷᠪᠠᠳᠣᠭᠠᠷ ᠨᠣᠮᠧᠷᠲᠦ ᠨᠡᠬᠦᠷᠡᠰᠦᠨ ᠠᠭᠤᠷᠬᠠᠢ ᠠᠴᠠ ᠱᠠᠩ ᠪᠢᠨ ᠵᠠᠮ ᠶᠢᠨ ᠵᠡᠬᠦᠨ ᠬᠡᠰᠡᠭ ᠤᠨ ᠵᠠᠮ ᠤᠨ ᠣᠷᠴᠢᠨ ᠲᠤᠭᠤᠷᠢᠨ ᠤ | ᠠᠷᠢᠭᠤᠨ ᠴᠡᠪᠡᠷ ᠢ ᠪᠤᠲᠠᠲᠠᠢ ᠬᠠᠷᠢᠭᠤᠴᠠᠵᠤ᠂ ᠵᠡᠬᠦᠨ ᠬᠡᠰᠡᠭ ᠤᠨ ᠵᠠᠮ ᠤᠨ ᠪᠦᠬᠦ ᠣᠷᠲᠣ ᠨᠢ 6 ᠺᠢᠯᠤᠮᠧᠲᠷ ᠪᠤᠢ᠃ ᠱᠠᠩ ᠪᠢᠨ ᠵᠠᠮ ᠢ ᠴᠡᠪᠡᠷᠯᠡᠬᠦ ᠱᠠᠭᠠᠷᠳᠠᠯᠭ᠎ᠠ᠄ | ᠦᠷᠯᠦᠬᠡ 2 ᠴᠠᠭ ᠨᠠᠶᠢᠲᠠᠮ ᠱᠦᠬᠦᠷᠳᠡᠵᠦ᠂ ᠦᠳᠡ ᠶᠢᠨ ᠡᠮᠦᠨ᠎ᠡ 6.5 ᠴᠠᠭ ᠪᠠᠶᠢᠩᠭᠤ ᠶᠢᠨ ᠴᠢᠨᠠᠷᠲᠠᠢ ᠪᠠᠷ ᠴᠡᠪᠡᠷᠯᠡᠨ᠂ ᠦᠳᠡ ᠶᠢᠨ ᠬᠤᠶᠢᠨ᠎ᠠ 5.5 ᠴᠠᠭ | ᠪᠠᠶᠢᠩᠭᠤ ᠶᠢᠨ ᠴᠢᠨᠠᠷᠲᠠᠢ ᠴᠡᠪᠡᠷᠯᠡᠨ᠎ᠡ︔ ᠣᠬᠢᠶᠠᠬᠤ + ᠱᠦᠬᠦᠷᠳᠡᠬᠦ + ᠲᠤᠭᠤᠰᠤ ᠶᠢ ᠪᠠᠭᠠᠰᠬᠠᠬᠤ ᠶᠢ ᠦᠳᠡ ᠶᠢᠨ ᠡᠮᠦᠨ᠎ᠡ ᠬᠤᠶᠢᠨ᠎ᠠ ᠲᠤᠰ ᠪᠦᠷᠢ 1 ᠣᠳᠠᠭ᠎ᠠ | ᠶᠠᠪᠤᠭᠳᠠᠭᠤᠯᠤᠨ᠎ᠠ︔ ᠵᠠᠮ ᠤᠨ ᠬᠤᠶᠠᠷ ᠬᠠᠵᠠᠭᠤ ᠶᠢᠨ ᠨᠠᠶᠢᠲᠠ 3.6 ᠲᠦᠮᠡᠨ ᠳᠡᠭᠰᠢ ᠳᠦᠷᠪᠡᠯᠵᠢᠨ ᠮᠧᠲᠷ ᠤᠨ ᠬᠡᠪᠴᠢᠶᠡᠨ ᠳᠠᠬᠢ ᠨᠡᠬᠦᠷᠡᠰᠦᠨ ᠰᠢᠭᠠᠷᠣ ᠶᠢ | ᠴᠡᠪᠡᠷᠯᠡᠨ᠂ ᠣᠷᠴᠢᠨ ᠲᠤᠭᠤᠷᠢᠨ ᠢ ᠳᠠᠷᠤᠢ ᠳᠤᠨᠢ ᠴᠡᠪᠡᠷᠯᠡᠬᠦ ᠶᠢ ᠪᠡᠶᠡᠯᠡᠬᠦᠯᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ᠂ | ᠬᠠᠮᠵᠢᠯᠴᠠᠬᠤ ᠰᠠᠯᠠᠭ᠎ᠠ ᠮᠦᠴᠢᠷ᠄ ᠱᠠᠩᠬᠠᠢ ᠶᠢᠨ ᠰᠦᠮ᠎ᠡ ᠪᠠᠯᠭᠠᠰᠣ᠂ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ | ᠳᠣᠪᠴᠢᠶ᠎ᠠ︶ | 2. ᠴᠠᠩᠴᠧᠩ ᠲᠠᠪᠤᠳᠣᠭᠠᠷ ᠨᠣᠮᠧᠷᠲᠦ ᠨᠡᠬᠦᠷᠡᠰᠦᠨ ᠠᠭᠤᠷᠬᠠᠢ ᠠᠴᠠ ᠱᠠᠩ ᠪᠢᠨ ᠵᠠᠮ ᠶᠢᠨ ᠪᠠᠷᠠᠭᠤᠨ ᠬᠡᠰᠡᠭ ᠤᠨ ᠣᠷᠴᠢᠨ ᠲᠤᠭᠤᠷᠢᠨ ᠤ ᠠᠷᠢᠭᠤᠨ ᠴᠡᠪᠡᠷ | ᠢ ᠪᠤᠲᠠᠲᠠᠢ ᠬᠠᠷᠢᠭᠤᠴᠠᠵᠤ᠂ ᠪᠠᠷᠠᠭᠤᠨ ᠬᠡᠰᠡᠭ ᠤᠨ ᠵᠠᠮ ᠤᠨ ᠪᠦᠬᠦ ᠣᠷᠲᠣ ᠨᠢ 3.7 ᠺᠢᠯᠤᠮᠧᠲᠷ ᠪᠤᠢ᠃ ᠱᠠᠩ ᠪᠢᠨ ᠵᠠᠮ ᠢ ᠴᠡᠪᠡᠷᠯᠡᠬᠦ ᠱᠠᠭᠠᠷᠳᠠᠯᠭ᠎ᠠ᠄ | ᠦᠷᠯᠦᠬᠡ 2 ᠴᠠᠭ ᠨᠠᠶᠢᠲᠠᠮ ᠱᠦᠬᠦᠷᠳᠡᠵᠦ᠂ ᠦᠳᠡ ᠶᠢᠨ ᠡᠮᠦᠨ᠎ᠡ 6.5 ᠴᠠᠭ ᠪᠠᠶᠢᠩᠭᠤ ᠶᠢᠨ ᠴᠢᠨᠠᠷᠲᠠᠢ ᠪᠠᠷ ᠴᠡᠪᠡᠷᠯᠡᠨ᠂ ᠦᠳᠡ ᠶᠢᠨ ᠬᠤᠶᠢᠨ᠎ᠠ 5.5 ᠴᠠᠭ | ᠪᠠᠶᠢᠩᠭᠤ ᠶᠢᠨ ᠴᠢᠨᠠᠷᠲᠠᠢ ᠴᠡᠪᠡᠷᠯᠡᠨ᠎ᠡ︔ ᠣᠬᠢᠶᠠᠬᠤ + ᠱᠦᠬᠦᠷᠳᠡᠬᠦ + ᠲᠤᠭᠤᠰᠤ ᠶᠢ ᠪᠠᠭᠠᠰᠬᠠᠬᠤ ᠶᠢ ᠦᠳᠡ ᠶᠢᠨ ᠡᠮᠦᠨ᠎ᠡ ᠬᠤᠶᠢᠨ᠎ᠠ ᠲᠤᠰ ᠪᠦᠷᠢ 1 ᠣᠳᠠᠭ᠎ᠠ | ᠶᠠᠪᠤᠭᠳᠠᠭᠤᠯᠤᠨ᠎ᠠ︔ ᠵᠠᠮ ᠤᠨ ᠬᠤᠶᠠᠷ ᠬᠠᠵᠠᠭᠤ ᠶᠢᠨ ᠨᠠᠶᠢᠲᠠ 2.2 ᠲᠦᠮᠡᠨ ᠳᠡᠭᠰᠢ ᠳᠦᠷᠪᠡᠯᠵᠢᠨ ᠮᠧᠲᠷ ᠤᠨ ᠬᠡᠪᠴᠢᠶᠡᠨ ᠳᠠᠬᠢ ᠨᠡᠬᠦᠷᠡᠰᠦᠨ ᠰᠢᠭᠠᠷᠣ ᠶᠢ | ᠴᠡᠪᠡᠷᠯᠡᠨ᠂ ᠣᠷᠴᠢᠨ ᠲᠤᠭᠤᠷᠢᠨ ᠢ ᠳᠠᠷᠤᠢ ᠳᠤᠨᠢ ᠴᠡᠪᠡᠷᠯᠡᠬᠦ ᠶᠢ ᠪᠡᠶᠡᠯᠡᠬᠦᠯᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ᠂ | ᠬᠠᠮᠵᠢᠯᠴᠠᠬᠤ ᠰᠠᠯᠠᠭ᠎ᠠ ᠮᠦᠴᠢᠷ᠄ ᠱᠠᠩᠬᠠᠢ ᠶᠢᠨ ᠰᠦᠮ᠎ᠡ ᠪᠠᠯᠭᠠᠰᠣ᠂ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ | ᠳᠣᠪᠴᠢᠶ᠎ᠠ︶ | 3. ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ ᠺᠣᠮᠫᠠᠨᠢ ᠠᠴᠠ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠱᠦᠢ ᠽᠧ ᠵᠠᠮ ᠶᠢᠨ ᠣᠷᠴᠢᠨ | ᠲᠤᠭᠤᠷᠢᠨ ᠤ ᠠᠷᠢᠭᠤᠨ ᠴᠡᠪᠡᠷ ᠢ ᠪᠤᠲᠠᠲᠠᠢ ᠬᠠᠷᠢᠭᠤᠴᠠᠵᠤ᠂ ᠵᠠᠮ ᠤᠨ ᠪᠦᠬᠦ ᠣᠷᠲᠣ ᠨᠢ 4.2 ᠺᠢᠯᠤᠮᠧᠲᠷ ᠪᠤᠢ᠃ ᠱᠦᠢ ᠽᠧ ᠵᠠᠮ ᠢ ᠴᠡᠪᠡᠷᠯᠡᠬᠦ ᠱᠠᠭᠠᠷᠳᠠᠯᠭ᠎ᠠ᠄ | ᠦᠷᠯᠦᠬᠡ 2 ᠴᠠᠭ ᠨᠠᠶᠢᠲᠠᠮ ᠱᠦᠬᠦᠷᠳᠡᠵᠦ᠂ ᠪᠦᠬᠦᠯᠢ ᠡᠳᠦᠷ 14 ᠴᠠᠭ ᠪᠠᠶᠢᠩᠭᠤ ᠶᠢᠨ ᠴᠢᠨᠠᠷᠲᠠᠢ ᠴᠡᠪᠡᠷᠯᠡᠨ᠎ᠡ︔ ᠣᠬᠢᠶᠠᠬᠤ + ᠱᠦᠬᠦᠷᠳᠡᠬᠦ + ᠲᠤᠭᠤᠰᠤ ᠶᠢ | ᠪᠠᠭᠠᠰᠬᠠᠬᠤ ᠶᠢ ᠦᠳᠡ ᠶᠢᠨ ᠡᠮᠦᠨ᠎ᠡ ᠬᠤᠶᠢᠨ᠎ᠠ ᠲᠤᠰ ᠪᠦᠷᠢ 1 ᠣᠳᠠᠭ᠎ᠠ ᠶᠠᠪᠤᠭᠳᠠᠭᠤᠯᠤᠨ᠎ᠠ︔ ᠵᠠᠮ ᠤᠨ ᠬᠤᠶᠠᠷ ᠬᠠᠵᠠᠭᠤ ᠶᠢᠨ ᠨᠠᠶᠢᠲᠠ 2.5 ᠲᠦᠮᠡᠨ ᠳᠡᠭᠰᠢ | ᠳᠦᠷᠪᠡᠯᠵᠢᠨ ᠮᠧᠲᠷ ᠤᠨ ᠬᠡᠪᠴᠢᠶᠡᠨ ᠳᠠᠬᠢ ᠨᠡᠬᠦᠷᠡᠰᠦᠨ ᠰᠢᠭᠠᠷᠣ ᠶᠢ ᠴᠡᠪᠡᠷᠯᠡᠨ᠂ ᠣᠷᠴᠢᠨ ᠲᠤᠭᠤᠷᠢᠨ ᠢ ᠳᠠᠷᠤᠢ ᠳᠤᠨᠢ ᠴᠡᠪᠡᠷᠯᠡᠬᠦ ᠶᠢ ᠪᠡᠶᠡᠯᠡᠬᠦᠯᠦᠨ᠎ᠡ᠃ | ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ | ᠮᠦᠴᠢᠷ᠄ ᠱᠠᠩᠬᠠᠢ ᠶᠢᠨ ᠰᠦᠮ᠎ᠡ ᠪᠠᠯᠭᠠᠰᠣ︶ | 4. ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ ᠺᠣᠮᠫᠠᠨᠢ ᠠᠴᠠ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠤᠨ ᠡᠾᠧᠩ ᠺᠦᠨ ᠵᠠᠮ | ᠤᠨ ᠣᠷᠴᠢᠨ ᠲᠤᠭᠤᠷᠢᠨ ᠤ ᠠᠷᠢᠭᠤᠨ ᠴᠡᠪᠡᠷ ᠢ ᠪᠤᠲᠠᠲᠠᠢ ᠬᠠᠷᠢᠭᠤᠴᠠᠵᠤ᠂ ᠵᠠᠮ ᠤᠨ ᠪᠦᠬᠦ ᠣᠷᠲᠣ ᠨᠢ 2.5 ᠺᠢᠯᠤᠮᠧᠲᠷ ᠪᠤᠢ᠃ ᠡᠾᠧᠩ ᠺᠦᠨ ᠵᠠᠮ ᠢ | ᠴᠡᠪᠡᠷᠯᠡᠬᠦ ᠱᠠᠭᠠᠷᠳᠠᠯᠭ᠎ᠠ᠄ ᠦᠷᠯᠦᠬᠡ 2 ᠴᠠᠭ ᠨᠠᠶᠢᠲᠠᠮ ᠱᠦᠬᠦᠷᠳᠡᠵᠦ᠂ ᠦᠳᠡ ᠶᠢᠨ ᠡᠮᠦᠨ᠎ᠡ 6.5 ᠴᠠᠭ ᠪᠠᠶᠢᠩᠭᠤ ᠶᠢᠨ ᠴᠢᠨᠠᠷᠲᠠᠢ ᠪᠠᠷ ᠴᠡᠪᠡᠷᠯᠡᠨ᠂ ᠦᠳᠡ ᠶᠢᠨ | ᠬᠤᠶᠢᠨ᠎ᠠ 5.5 ᠴᠠᠭ ᠪᠠᠶᠢᠩᠭᠤ ᠶᠢᠨ ᠴᠢᠨᠠᠷᠲᠠᠢ ᠴᠡᠪᠡᠷᠯᠡᠨ᠎ᠡ︔ ᠣᠬᠢᠶᠠᠬᠤ + ᠱᠦᠬᠦᠷᠳᠡᠬᠦ + ᠲᠤᠭᠤᠰᠤ ᠶᠢ ᠪᠠᠭᠠᠰᠬᠠᠬᠤ ᠶᠢ ᠦᠳᠡ ᠶᠢᠨ ᠡᠮᠦᠨ᠎ᠡ ᠬᠤᠶᠢᠨ᠎ᠠ | ᠲᠤᠰ ᠪᠦᠷᠢ 1 ᠣᠳᠠᠭ᠎ᠠ ᠶᠠᠪᠤᠭᠳᠠᠭᠤᠯᠤᠨ᠎ᠠ︔ ᠣᠷᠴᠢᠨ ᠲᠤᠭᠤᠷᠢᠨ ᠢ ᠳᠠᠷᠤᠢ ᠳᠤᠨᠢ ᠴᠡᠪᠡᠷᠯᠡᠬᠦ ᠶᠢ ᠪᠡᠶᠡᠯᠡᠬᠦᠯᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ | ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠱᠠᠩᠬᠠᠢ ᠶᠢᠨ ᠰᠦᠮ᠎ᠡ | ᠪᠠᠯᠭᠠᠰᠣ︶ | 5. ᠰᠢᠨ ᠸᠧᠨ ᠠᠭᠤᠷᠬᠠᠢ ᠶᠢᠨ ᠺᠣᠮᠫᠠᠨᠢ ᠶᠢᠨ ᠨᠡᠬᠦᠷᠡᠰᠦ ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ ᠦᠢᠯᠡᠳᠪᠦᠷᠢ ᠶᠢᠨ ᠬᠢᠨ | ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠤᠨ ᠹᠦ᠋ ᠴᠧᠩ ᠨᠡᠬᠦᠷᠡᠰᠦᠨ ᠠᠭᠤᠷᠬᠠᠢ ᠠᠴᠠ ᠰᠢᠨ ᠸᠧᠨ ᠠᠭᠤᠷᠬᠠᠢ ᠶᠢᠨ ᠺᠣᠮᠫᠠᠨᠢ ᠶᠢᠨ ᠨᠡᠬᠦᠷᠡᠰᠦ | ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ ᠦᠢᠯᠡᠳᠪᠦᠷᠢ ᠶᠢᠨ ᠪᠦᠰᠡ ᠪᠠᠷ ᠳᠡᠭᠡᠭᠡᠪᠦᠷᠢᠯᠡᠬᠦ ᠵᠠᠮ ᠤᠨ ᠬᠡᠰᠡᠭ ᠪᠠ ᠰᠢᠨ ᠸᠧᠨ ᠠᠭᠤᠷᠬᠠᠢ | ᠶᠢᠨ ᠺᠣᠮᠫᠠᠨᠢ ᠶᠢᠨ ᠨᠡᠬᠦᠷᠡᠰᠦ ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ ᠦᠢᠯᠡᠳᠪᠦᠷᠢ ᠶᠢᠨ ᠲᠤᠭᠤᠷᠢᠭ ᠤᠨ ᠵᠡᠬᠦᠨ ᠲᠠᠯ᠎ᠠ ᠶᠢᠨ ᠵᠠᠮ ᠤᠨ | ᠣᠷᠴᠢᠨ ᠲᠤᠭᠤᠷᠢᠨ ᠤ ᠠᠷᠢᠭᠤᠨ ᠴᠡᠪᠡᠷ ᠢ ᠪᠤᠲᠠᠲᠠᠢ ᠬᠠᠷᠢᠭᠤᠴᠠᠵᠤ᠂ ᠬᠤᠶᠠᠷ ᠬᠡᠰᠡᠭ ᠤᠨ ᠵᠠᠮ ᠤᠨ ᠪᠦᠬᠦ ᠣᠷᠲᠣ ᠨᠢ 2.46 ᠺᠢᠯᠤᠮᠧᠲᠷ ᠪᠤᠢ᠃ ᠬᠤᠶᠠᠷ | ᠬᠡᠰᠡᠭ ᠵᠠᠮ ᠢ ᠴᠡᠪᠡᠷᠯᠡᠬᠦ ᠱᠠᠭᠠᠷᠳᠠᠯᠭ᠎ᠠ᠄ ᠦᠷᠯᠦᠬᠡ 2 ᠴᠠᠭ ᠨᠠᠶᠢᠲᠠᠮ ᠱᠦᠬᠦᠷᠳᠡᠵᠦ᠂ ᠦᠳᠡ ᠶᠢᠨ ᠡᠮᠦᠨ᠎ᠡ 6.5 ᠴᠠᠭ ᠪᠠᠶᠢᠩᠭᠤ ᠶᠢᠨ ᠴᠢᠨᠠᠷᠲᠠᠢ ᠪᠠᠷ ᠴᠡᠪᠡᠷᠯᠡᠨ᠂ | ᠦᠳᠡ ᠶᠢᠨ ᠬᠤᠶᠢᠨ᠎ᠠ 5.5 ᠴᠠᠭ ᠪᠠᠶᠢᠩᠭᠤ ᠶᠢᠨ ᠴᠢᠨᠠᠷᠲᠠᠢ ᠴᠡᠪᠡᠷᠯᠡᠨ᠎ᠡ︔ ᠣᠬᠢᠶᠠᠬᠤ + ᠱᠦᠬᠦᠷᠳᠡᠬᠦ + ᠲᠤᠭᠤᠰᠤ ᠶᠢ ᠪᠠᠭᠠᠰᠬᠠᠬᠤ ᠶᠢ ᠦᠳᠡ ᠶᠢᠨ | ᠡᠮᠦᠨ᠎ᠡ ᠬᠤᠶᠢᠨ᠎ᠠ ᠲᠤᠰ ᠪᠦᠷᠢ 1 ᠣᠳᠠᠭ᠎ᠠ ᠶᠠᠪᠤᠭᠳᠠᠭᠤᠯᠤᠨ᠎ᠠ︔ ᠵᠠᠮ ᠤᠨ ᠬᠤᠶᠠᠷ ᠬᠠᠵᠠᠭᠤ ᠶᠢᠨ ᠨᠠᠶᠢᠲᠠ 2 ᠲᠦᠮᠡᠨ ᠳᠡᠭᠰᠢ ᠳᠦᠷᠪᠡᠯᠵᠢᠨ ᠮᠧᠲᠷ ᠤᠨ | ᠬᠡᠪᠴᠢᠶᠡᠨ ᠳᠠᠬᠢ ᠨᠡᠬᠦᠷᠡᠰᠦᠨ ᠰᠢᠭᠠᠷᠣ ᠶᠢ ᠴᠡᠪᠡᠷᠯᠡᠨ᠂ ᠣᠷᠴᠢᠨ ᠲᠤᠭᠤᠷᠢᠨ ᠢ ᠳᠠᠷᠤᠢ ᠳᠤᠨᠢ ᠴᠡᠪᠡᠷᠯᠡᠬᠦ ᠶᠢ ᠪᠡᠶᠡᠯᠡᠬᠦᠯᠦᠨ᠎ᠡ᠃ ︵ᠲᠤᠯᠤᠭᠠᠶᠢᠯᠠᠭᠴᠢ ᠰᠠᠯᠠᠭ᠎ᠠ | ᠮᠦᠴᠢᠷ᠄ ᠡᠨᠧᠷᠬᠢ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠱᠠᠩᠬᠠᠢ ᠶᠢᠨ ᠰᠦᠮ᠎ᠡ ᠪᠠᠯᠭᠠᠰᠣ᠂ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ | ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ︶ | 6. ᠴᠠᠩᠴᠧᠩ ᠨᠢᠭᠡᠳᠦᠬᠡᠷ᠂ ᠬᠤᠶᠠᠳᠣᠭᠠᠷ᠂ ᠲᠠᠪᠤᠳᠣᠭᠠᠷ᠂ ᠵᠢᠷᠭᠤᠳᠣᠭᠠᠷ ᠨᠣᠮᠧᠷᠲᠦ ᠨᠡᠬᠦᠷᠡᠰᠦᠨ ᠠᠭᠤᠷᠬᠠᠢ ᠠᠴᠠ ᠨᠠᠷᠢᠯᠢᠭ ᠬᠢᠮᠢ ᠶᠢᠨ ᠠᠵᠤ | ᠦᠢᠯᠡᠳᠪᠦᠷᠢ ᠶᠢᠨ ᠬᠦᠷᠢᠶᠡᠯᠡᠩ ᠤᠨ ᠱᠠᠩ ᠴᠠᠩ ᠱᠣᠭᠤᠮ ᠤᠨ ᠣᠷᠴᠢᠨ ᠲᠤᠭᠤᠷᠢᠨ ᠤ ᠠᠷᠢᠭᠤᠨ ᠴᠡᠪᠡᠷ ᠢ ᠪᠤᠲᠠᠲᠠᠢ ᠬᠠᠷᠢᠭᠤᠴᠠᠵᠤ᠂ ᠵᠠᠮ ᠤᠨ ᠪᠦᠬᠦ ᠣᠷᠲᠣ | ᠨᠢ 8.9 ᠺᠢᠯᠤᠮᠧᠲᠷ ᠪᠤᠢ᠃ ᠱᠠᠩ ᠪᠢᠨ ᠵᠠᠮ ᠢ ᠴᠡᠪᠡᠷᠯᠡᠬᠦ ᠱᠠᠭᠠᠷᠳᠠᠯᠭ᠎ᠠ᠄ ᠦᠷᠯᠦᠬᠡ 2 ᠴᠠᠭ ᠨᠠᠶᠢᠲᠠᠮ ᠱᠦᠬᠦᠷᠳᠡᠵᠦ᠂ ᠦᠳᠡ ᠶᠢᠨ ᠡᠮᠦᠨ᠎ᠡ 6.5 ᠴᠠᠭ | ᠪᠠᠶᠢᠩᠭᠤ ᠶᠢᠨ ᠴᠢᠨᠠᠷᠲᠠᠢ ᠪᠠᠷ ᠴᠡᠪᠡᠷᠯᠡᠨ᠂ ᠦᠳᠡ ᠶᠢᠨ ᠬᠤᠶᠢᠨ᠎ᠠ 5.5 ᠴᠠᠭ ᠪᠠᠶᠢᠩᠭᠤ ᠶᠢᠨ ᠴᠢᠨᠠᠷᠲᠠᠢ ᠴᠡᠪᠡᠷᠯᠡᠨ᠎ᠡ︔ ᠣᠬᠢᠶᠠᠬᠤ + ᠱᠦᠬᠦᠷᠳᠡᠬᠦ + ᠲᠤᠭᠤᠰᠤ | ᠶᠢ ᠪᠠᠭᠠᠰᠬᠠᠬᠤ ᠶᠢ ᠦᠳᠡ ᠶᠢᠨ ᠡᠮᠦᠨ᠎ᠡ ᠬᠤᠶᠢᠨ᠎ᠠ ᠲᠤᠰ ᠪᠦᠷᠢ 1 ᠣᠳᠠᠭ᠎ᠠ ᠶᠠᠪᠤᠭᠳᠠᠭᠤᠯᠤᠨ᠎ᠠ︔ ᠵᠠᠮ ᠤᠨ ᠬᠤᠶᠠᠷ ᠬᠠᠵᠠᠭᠤ ᠶᠢᠨ ᠨᠠᠶᠢᠲᠠ 5.34 ᠲᠦᠮᠡᠨ | ᠳᠡᠭᠰᠢ ᠳᠦᠷᠪᠡᠯᠵᠢᠨ ᠮᠧᠲᠷ ᠤᠨ ᠬᠡᠪᠴᠢᠶᠡᠨ ᠳᠠᠬᠢ ᠨᠡᠬᠦᠷᠡᠰᠦᠨ ᠰᠢᠭᠠᠷᠣ ᠶᠢ ᠴᠡᠪᠡᠷᠯᠡᠨ᠂ ᠣᠷᠴᠢᠨ ᠲᠤᠭᠤᠷᠢᠨ ᠢ ᠳᠠᠷᠤᠢ ᠳᠤᠨᠢ ᠴᠡᠪᠡᠷᠯᠡᠬᠦ ᠶᠢ ᠪᠡᠶᠡᠯᠡᠬᠦᠯᠦᠨ᠎ᠡ᠃ | ︵ᠲᠤᠯᠤᠭᠠᠶᠢᠯᠠᠭᠴᠢ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠱᠠᠩᠬᠠᠢ ᠶᠢᠨ ᠰᠦᠮ᠎ᠡ ᠪᠠᠯᠭᠠᠰᠣ᠂ ᠠᠵᠤ ᠠᠬᠤᠢ ᠶᠢᠨ | ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ︶ | ᠡᠯ᠎ᠡ ᠠᠵᠤ ᠠᠬᠤᠶᠢᠯᠠᠯ ᠤᠨ ᠬᠢᠨ ᠡᠬᠦᠳᠡᠨ ᠡᠮᠦᠨᠡᠬᠢ ᠭᠤᠷᠪᠠᠨ ᠳᠠᠭᠠᠭᠠᠴᠢᠯᠠᠯᠲᠠ ᠶᠢᠨ ᠬᠠᠷᠢᠭᠤᠴᠠᠯᠭ᠎ᠠ ᠶᠢᠨ ᠳᠦᠷᠢᠮ ᠢᠶᠠᠨ ᠬᠦᠢᠴᠡᠳᠬᠡᠵᠦ᠂ ᠠᠵᠤ | ᠠᠬᠤᠶᠢᠯᠠᠯ ᠪᠦᠷᠢ ᠶᠢᠨ ᠬᠠᠷᠢᠭᠤᠴᠠᠯᠭ᠎ᠠ ᠶᠢᠨ ᠣᠷᠣᠨ ᠢ ᠳᠦᠷᠪᠡᠨ ᠵᠠᠬ᠎ᠠ ᠶᠢᠨ ᠬᠦᠷᠢᠶ᠎ᠡ ᠬᠡᠪᠴᠢᠶ᠎ᠡ ᠲᠤᠲᠤᠷᠠᠬᠢ ᠨᠡᠪᠲᠡᠷᠡᠯᠴᠡᠭᠡᠨ ᠤ ᠵᠠᠮ ᠬᠦᠷᠲᠡᠯ᠎ᠡ ᠦᠷᠬᠡᠳᠬᠡᠬᠦ | ᠶᠢᠨ ᠬᠠᠮᠲᠤ ᠬᠠᠷᠢᠭᠤᠴᠠᠯᠭ᠎ᠠ ᠶᠢᠨ ᠪᠦᠰᠡ ᠳᠤ ᠬᠠᠷᠠᠭᠠᠯᠵᠠᠭᠰᠠᠨ ᠲᠤᠭᠠᠨ ᠤ ᠬᠤᠭ ᠤᠨ ᠰᠠᠪᠠ᠂ ᠰᠠᠭᠤᠯᠭ᠎ᠠ ︵100 ᠮᠧᠲᠷ ᠪᠦᠷᠢ ᠳᠤ ᠨᠢᠬᠡ ᠲᠤᠬᠢᠷᠠᠭᠤᠯᠬᠤ | ᠶᠢᠨ ᠬᠠᠮᠲᠤ ᠨᠢᠬᠡᠳᠦᠯᠲᠡᠢ ᠬᠡᠪ᠂ ᠢᠯᠡᠷᠬᠡᠶᠢᠯᠡᠯ ᠲᠠᠢ ᠪᠠᠶᠢᠯᠭᠠᠨ᠂ ᠲᠤᠭᠲᠠᠭᠰᠠᠨ ᠴᠠᠭ ᠲᠤ ᠴᠡᠪᠡᠷᠯᠡᠵᠦ ᠲᠡᠭᠡᠭᠡᠪᠦᠷᠢᠯᠡᠨ᠎ᠡ︶ ᠲᠤᠬᠢᠷᠠᠭᠤᠯᠤᠨ᠎ᠠ᠃ ︵ᠲᠤᠯᠤᠭᠠᠶᠢᠯᠠᠭᠴᠢ | ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠱᠠᠩᠬᠠᠢ | ᠶᠢᠨ ᠰᠦᠮ᠎ᠡ ᠪᠠᠯᠭᠠᠰᠣ︶ | ︵ᠳᠦᠷᠪᠡ︶ ᠨᠤᠭᠤᠭᠠᠷᠠᠭᠤᠯᠤᠯᠲᠠ ᠶᠢ ᠰᠡᠷᠬᠦᠬᠡᠨ ᠳᠡᠭᠡᠭᠰᠢᠯᠡᠬᠦᠯᠬᠦ ᠲᠠᠯ᠎ᠠ ᠪᠠᠷ | 1. ᠴᠠᠩᠴᠧᠩ ᠨᠢᠭᠡᠳᠦᠬᠡᠷ᠂ ᠬᠤᠶᠠᠳᠣᠭᠠᠷ᠂ ᠲᠠᠪᠤᠳᠣᠭᠠᠷ᠂ ᠵᠢᠷᠭᠤᠳᠣᠭᠠᠷ ᠨᠣᠮᠧᠷᠲᠦ ᠨᠡᠬᠦᠷᠡᠰᠦᠨ ᠠᠭᠤᠷᠬᠠᠢ ᠠᠴᠠ ᠨᠠᠷᠢᠯᠢᠭ ᠬᠢᠮᠢ ᠶᠢᠨ ᠠᠵᠤ | ᠦᠢᠯᠡᠳᠪᠦᠷᠢ ᠶᠢᠨ ᠬᠦᠷᠢᠶᠡᠯᠡᠩ ᠤᠨ ᠱᠠᠩ ᠴᠠᠩ ᠱᠣᠭᠤᠮ ᠤᠨ ︵ᠱᠠᠩ ᠪᠢᠨ ᠵᠠᠮ ᠠᠴᠠ ᠣᠯᠵᠠᠴᠢ ᠢᠷᠭᠠᠢ ᠶᠢᠨ ᠱᠣᠭᠤᠮ ᠬᠦᠷᠬᠦ ᠬᠡᠰᠡᠭ︶ ᠵᠠᠮ ᠤᠨ ᠬᠤᠶᠠᠷ | ᠬᠠᠵᠠᠭᠤ ᠶᠢᠨ ᠨᠤᠭᠤᠭᠠᠷᠠᠭᠤᠯᠤᠯᠲᠠ ᠶᠢ ᠨᠦᠬᠦᠵᠦ ᠲᠠᠷᠢᠬᠤ ᠶᠢ ᠪᠤᠲᠠᠲᠠᠢ ᠬᠠᠷᠢᠭᠤᠴᠠᠵᠤ᠂ ᠪᠦᠬᠦ ᠣᠷᠲᠣ ᠨᠢ 8900 ᠮᠧᠲᠷ᠃ ᠵᠠᠮ ᠤᠨ ᠬᠤᠶᠠᠷ ᠬᠠᠵᠠᠭᠤ ᠳᠤ | 6 ᠮᠦᠷ ᠮᠣᠳᠣ ᠲᠠᠷᠢᠨ᠎ᠠ ︵ᠠᠷᠤ ᠬᠤᠶᠠᠷ ᠮᠦᠷ ᠲᠤ 8000 ᠰᠠᠭᠤᠷᠢ ᠦᠮᠡᠬᠡᠢ ᠨᠢᠴᠦᠬᠦᠨ ᠬᠤᠪᠤᠯᠤ᠂ ᠳᠣᠮᠳᠠ ᠶᠢᠨ ᠬᠤᠶᠠᠷ ᠮᠦᠷ ᠲᠤ 8000 ᠰᠠᠭᠤᠷᠢ | ᠠᠷᠴᠠ᠂ ᠡᠮᠦᠨ᠎ᠡ ᠬᠤᠶᠠᠷ ᠮᠦᠷ ᠲᠤ 20704 ᠰᠠᠭᠤᠷᠢ ᠣᠯᠠᠭᠠᠨ ᠰᠣᠬᠠᠢ ᠲᠠᠷᠢᠨ᠎ᠠ︶᠂ ᠨᠣᠭᠤᠭᠠᠷᠠᠭᠤᠯᠤᠯᠲᠠ ᠶᠢᠨ ᠣᠰᠣ ᠬᠠᠩᠭᠠᠬᠤ ᠲᠤᠤᠷ ᠬᠤᠭᠤᠯᠠᠢ ᠶᠢ | ᠪᠠᠷᠤᠭ 24 ᠺᠢᠯᠤᠮᠧᠲᠷ᠂ ᠲᠤᠰᠤᠯᠭᠠᠨ ᠣᠰᠣᠯᠠᠯᠲᠠ ᠶᠢᠨ ᠬᠤᠭᠤᠯᠠᠢ ᠶᠢ ᠪᠠᠷᠤᠭ 72 ᠺᠢᠯᠤᠮᠧᠲᠷ ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ | ᠡᠨᠧᠷᠬᠢ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ︶ | 2. ᠴᠠᠩᠴᠧᠩ ᠲᠠᠪᠤᠳᠣᠭᠠᠷ ᠨᠣᠮᠧᠷᠲᠦ ᠨᠡᠬᠦᠷᠡᠰᠦᠨ ᠠᠭᠤᠷᠬᠠᠢ ᠠᠴᠠ ᠦᠢᠯᠡᠳᠪᠦᠷᠢ ᠶᠢᠨ ᠲᠤᠭᠤᠷᠢᠭ ᠤᠨ ᠢᠶᠠᠨ ᠪᠠᠷᠠᠭᠤᠨ ᠡᠮᠦᠨ᠎ᠡ ᠲᠠᠯ᠎ᠠ ᠶᠢᠨ | ᠨᠤᠭᠤᠭᠠᠷᠠᠭᠤᠯᠤᠯᠲᠠ ᠶᠢᠨ ᠲᠠᠷᠢᠯᠲᠠ ᠶᠢ ᠪᠤᠲᠠᠲᠠᠢ ᠬᠠᠷᠢᠭᠤᠴᠠᠵᠤ᠂ ᠶᠡᠷᠦᠩᠬᠡᠢ ᠲᠠᠯᠠᠪᠠᠢ ᠨᠢ 4.79 ᠲᠦᠮᠡᠨ ᠳᠡᠭᠰᠢ ᠳᠦᠷᠪᠡᠯᠵᠢᠨ ᠮᠧᠲᠷ ᠪᠤᠢ᠃ ᠵᠢᠱᠢᠯᠲᠡ ᠪᠠᠷ | 5280 ᠰᠠᠭᠤᠷᠢ ᠮᠣᠳᠣ ᠲᠠᠷᠢᠨ᠎ᠠ︔ ᠨᠣᠭᠤᠭᠠᠷᠠᠭᠤᠯᠤᠯᠲᠠ ᠶᠢᠨ ᠣᠰᠣ ᠬᠠᠩᠭᠠᠬᠤ ᠲᠤᠤᠷ ᠬᠤᠭᠤᠯᠠᠢ ᠶᠢ ᠪᠠᠷᠤᠭ 0.36 ᠺᠢᠯᠤᠮᠧᠲᠷ᠂ ᠲᠤᠰᠤᠯᠭᠠᠨ | ᠣᠰᠣᠯᠠᠯᠲᠠ ᠶᠢᠨ ᠬᠤᠭᠤᠯᠠᠢ ᠶᠢ ᠪᠠᠷᠤᠭ 16 ᠺᠢᠯᠤᠮᠧᠲᠷ ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ᠂ ᠬᠠᠮᠵᠢᠯᠴᠠᠬᠤ | ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ︶ | 3. ᠰᠢᠨ ᠸᠧᠨ ᠠᠭᠤᠷᠬᠠᠢ ᠶᠢᠨ ᠺᠣᠮᠫᠠᠨᠢ ᠶᠢᠨ ᠨᠡᠬᠦᠷᠡᠰᠦ ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ ᠦᠢᠯᠡᠳᠪᠦᠷᠢ ᠶᠢᠨ ᠬᠢᠨ ᠹᠦ᠋ | ᠴᠧᠩ ᠨᠡᠬᠦᠷᠡᠰᠦᠨ ᠠᠭᠤᠷᠬᠠᠢ ᠠᠴᠠ ᠰᠢᠨ ᠸᠧᠨ ᠠᠭᠤᠷᠬᠠᠢ ᠶᠢᠨ ᠺᠣᠮᠫᠠᠨᠢ ᠶᠢᠨ ᠨᠡᠬᠦᠷᠡᠰᠦ ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ | ᠦᠢᠯᠡᠳᠪᠦᠷᠢ ᠶᠢᠨ ᠪᠦᠰᠡ ᠪᠠᠷ ᠳᠡᠭᠡᠭᠡᠪᠦᠷᠢᠯᠡᠬᠦ ᠵᠠᠮ ᠤᠨ ᠬᠡᠰᠡᠭ ᠤᠨ ᠡᠮᠦᠨ᠎ᠡ ᠲᠠᠯ᠎ᠠ ᠶᠢᠨ ᠨᠤᠭᠤᠭᠠᠷᠠᠭᠤᠯᠤᠯᠲᠠ ᠶᠢᠨ ᠲᠠᠷᠢᠯᠲᠠ ᠶᠢ ᠪᠤᠲᠠᠲᠠᠢ ᠬᠠᠷᠢᠭᠤᠴᠠᠵᠤ᠂ | ᠪᠦᠬᠦ ᠣᠷᠲᠣ ᠨᠢ 1890 ᠮᠧᠲᠷ᠃ ᠵᠠᠮ ᠤᠨ ᠡᠮᠦᠨ᠎ᠡ ᠲᠠᠯ᠎ᠠ ᠳᠤ 6 ᠮᠦᠷ ᠮᠣᠳᠣ ᠲᠠᠷᠢᠨ᠎ᠠ ︵ᠡᠮᠦᠨ᠎ᠡ ᠬᠤᠶᠠᠷ ᠮᠦᠷ ᠲᠤ 1260 ᠰᠠᠭᠤᠷᠢ ᠵᠡᠷᠯᠢᠭ ᠲᠤᠭᠤᠷ | ᠤᠨ ᠮᠣᠳᠣ᠂ ᠳᠣᠮᠳᠠ ᠶᠢᠨ ᠬᠤᠶᠠᠷ ᠮᠦᠷ ᠲᠤ 1260 ᠰᠠᠭᠤᠷᠢ ᠠᠷᠴᠠ᠂ ᠠᠷᠤ ᠬᠤᠶᠠᠷ ᠮᠦᠷ ᠲᠤ 1260 ᠰᠠᠭᠤᠷᠢ ᠦᠮᠡᠬᠡᠢ ᠨᠢᠴᠦᠬᠦᠨ ᠬᠤᠪᠤᠯᠤ ᠲᠠᠷᠢᠨ᠎ᠠ︶᠂ | ᠨᠣᠭᠤᠭᠠᠷᠠᠭᠤᠯᠤᠯᠲᠠ ᠶᠢᠨ ᠣᠰᠣ ᠬᠠᠩᠭᠠᠬᠤ ᠲᠤᠤᠷ ᠬᠤᠭᠤᠯᠠᠢ ᠶᠢ ᠪᠠᠷᠤᠭ 1.8 ᠺᠢᠯᠤᠮᠧᠲᠷ᠂ ᠲᠤᠰᠤᠯᠭᠠᠨ ᠣᠰᠣᠯᠠᠯᠲᠠ ᠶᠢᠨ ᠬᠤᠭᠤᠯᠠᠢ ᠶᠢ ᠪᠠᠷᠤᠭ 12 | ᠺᠢᠯᠤᠮᠧᠲᠷ ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ | ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ︶ | 4. ᠰᠢᠨ ᠸᠧᠨ ᠠᠭᠤᠷᠬᠠᠢ ᠶᠢᠨ ᠺᠣᠮᠫᠠᠨᠢ ᠶᠢᠨ ᠨᠡᠬᠦᠷᠡᠰᠦ ᠣᠬᠢᠶᠠᠬᠤ ᠬᠤᠪᠢᠶᠠᠷᠢ ᠺᠤᠮᠫᠠᠨᠢ ᠶᠢᠨ ᠭᠤᠤᠯ ᠨᠡᠬᠦᠷᠡᠰᠦ ᠣᠬᠢᠶᠠᠬᠤ ᠦᠢᠯᠡᠳᠪᠦᠷᠢ ᠶᠢᠨ ᠬᠢᠨ | ᠦᠢᠯᠡᠳᠪᠦᠷᠢ ᠶᠢᠨ ᠲᠤᠭᠤᠷᠢᠭ ᠤᠨ ᠢᠶᠠᠨ ᠵᠡᠬᠦᠨ ᠲᠠᠯ᠎ᠠ ᠶᠢᠨ ᠨᠤᠭᠤᠭᠠᠷᠠᠭᠤᠯᠤᠯᠲᠠ ᠶᠢᠨ ᠲᠠᠷᠢᠯᠲᠠ ᠶᠢ ᠪᠤᠲᠠᠲᠠᠢ ᠬᠠᠷᠢᠭᠤᠴᠠᠵᠤ᠂ ᠵᠠᠮ ᠤᠨ ᠪᠦᠬᠦ ᠣᠷᠲᠣ ᠨᠢ | 360 ᠮᠧᠲᠷ ᠪᠤᠢ᠃ 3 ᠮᠦᠷ ᠮᠣᠳᠣ ᠲᠠᠷᠢᠬᠤ ᠪᠠᠷ ᠲᠦᠯᠦᠪᠯᠡᠵᠦ ᠪᠤᠢ ︵ᠡᠮᠦᠨ᠎ᠡ ᠮᠦᠷ ᠲᠤ 240 ᠰᠠᠭᠤᠷᠢ ᠵᠢᠭᠳᠡ᠂ ᠳᠣᠮᠳᠠ ᠶᠢᠨ ᠮᠦᠷ ᠲᠤ 240 | ᠰᠠᠭᠤᠷᠢ ᠠᠷᠴᠠ᠂ ᠠᠷᠤ ᠮᠦᠷ ᠲᠤ 240 ᠰᠠᠭᠤᠷᠢ ᠡᠾᠧᠪᠸᠢ ᠶᠢᠨ ᠣᠯᠢᠶᠠᠰᠣ ᠲᠠᠷᠢᠨ᠎ᠠ︶᠂ ᠨᠣᠭᠤᠭᠠᠷᠠᠭᠤᠯᠤᠯᠲᠠ ᠶᠢᠨ ᠣᠰᠣ ᠬᠠᠩᠭᠠᠬᠤ ᠲᠤᠤᠷ ᠬᠤᠭᠤᠯᠠᠢ ᠶᠢ | ᠪᠠᠷᠤᠭ 1 ᠺᠢᠯᠤᠮᠧᠲᠷ᠂ ᠲᠤᠰᠤᠯᠭᠠᠨ ᠣᠰᠣᠯᠠᠯᠲᠠ ᠶᠢᠨ ᠬᠤᠭᠤᠯᠠᠢ ᠶᠢ ᠪᠠᠷᠤᠭ 2 ᠺᠢᠯᠤᠮᠧᠲᠷ ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠡᠨᠧᠷᠬᠢ | ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ︶ | 5. ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ ᠺᠣᠮᠫᠠᠨᠢ ᠠᠴᠠ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠤᠨ ᠱᠦᠢ ᠽᠧ ᠵᠠᠮ | ︵ᠱᠠᠩ ᠴᠠᠩ ᠱᠣᠭᠤᠮ ᠠᠴᠠ ᠴᠠᠩᠴᠧᠩ ᠣᠰᠣᠨ ᠶᠠᠪᠤᠳᠠᠯ ᠤᠨ ᠺᠣᠮᠫᠠᠨᠢ ᠬᠦᠷᠬᠦ ᠬᠡᠰᠡᠭ︶ ᠤᠨ ᠵᠠᠮ ᠤᠨ ᠬᠤᠶᠠᠷ ᠬᠠᠵᠠᠭᠤ ᠶᠢᠨ ᠨᠤᠭᠤᠭᠠᠷᠠᠭᠤᠯᠤᠯᠲᠠ ᠶᠢᠨ | ᠲᠠᠷᠢᠯᠲᠠ ᠶᠢ ᠪᠤᠲᠠᠲᠠᠢ ᠬᠠᠷᠢᠭᠤᠴᠠᠵᠤ᠂ ᠪᠦᠬᠦ ᠣᠷᠲᠣ ᠨᠢ 3700 ᠮᠧᠲᠷ ᠪᠤᠢ᠃ 925 ᠰᠠᠭᠤᠷᠢ ᠬᠠᠶᠢᠯᠠᠷ ᠨᠠᠷᠠᠰᠣ᠂ 1233 ᠰᠠᠭᠤᠷᠢ ᠦᠮᠡᠬᠡᠢ ᠨᠢᠴᠦᠬᠦᠨ | ᠬᠤᠪᠤᠯᠤ᠂ 1233 ᠰᠠᠭᠤᠷᠢ ᠠᠷᠴᠠ ᠨᠦᠬᠦᠵᠦ ᠲᠠᠷᠢᠨ᠎ᠠ︔ ᠨᠠᠷᠠᠨ ᠵᠠᠮ ᠳᠠᠭᠠᠭᠰᠠᠨ ᠮᠣᠳᠣ ᠲᠠᠷᠢᠨ᠎ᠠ᠄ 252 ᠰᠠᠭᠤᠷᠢ ᠦᠮᠡᠬᠡᠢ ᠨᠢᠴᠦᠬᠦᠨ ᠬᠤᠪᠤᠯᠤ ᠲᠠᠷᠢᠨ᠎ᠠ︔ | 10100 ᠳᠡᠭᠰᠢ ᠳᠦᠷᠪᠡᠯᠵᠢᠨ ᠮᠧᠲᠷ ᠦᠵᠡᠮᠵᠢ ᠶᠢᠨ ᠴᠡᠴᠡᠷᠯᠢᠭ ᠨᠦᠬᠦᠵᠦ ᠲᠠᠷᠢᠬᠤ ᠶᠢᠨ ᠬᠠᠮᠲᠤ 4 ᠴᠢᠬᠤᠯᠠ ᠵᠠᠮ ᠤᠨ ᠠᠮᠠ ᠳᠤ ᠦᠵᠡᠮᠵᠢ ᠭᠠᠷᠭᠠᠨ᠎ᠠ | ︵ᠱᠦᠢ ᠽᠧ ᠵᠠᠮ ᠪᠠ ᠱᠠᠩ ᠴᠠᠩ ᠱᠣᠭᠤᠮ ᠤᠨ ᠠᠭᠤᠯᠵᠠᠷ᠂ ᠡᠾᠧᠩ ᠺᠦᠨ ᠵᠠᠮ ᠪᠠ ᠱᠦᠢ ᠽᠧ ᠵᠠᠮ ᠤᠨ ᠠᠭᠤᠯᠵᠠᠷ᠂ ᠱᠦᠢ ᠽᠧ ᠵᠠᠮ ᠤᠨ ᠬᠤᠶᠠᠷ | ᠺᠢᠯᠣᠮᠧᠲᠷ ᠲᠤ᠂ ᠱᠠᠩ ᠪᠢᠨ ᠵᠠᠮ ᠪᠠ ᠱᠠᠩ ᠴᠠᠩ ᠱᠣᠭᠤᠮ ᠤᠨ ᠠᠭᠤᠯᠵᠠᠷ︶᠂ ᠨᠣᠭᠤᠭᠠᠷᠠᠭᠤᠯᠤᠯᠲᠠ ᠶᠢᠨ ᠣᠰᠣ ᠬᠠᠩᠭᠠᠬᠤ ᠲᠤᠤᠷ ᠬᠤᠭᠤᠯᠠᠢ ᠶᠢ ᠪᠠᠷᠤᠭ 11. | 1 ᠺᠢᠯᠤᠮᠧᠲᠷ᠂ ᠲᠤᠰᠤᠯᠭᠠᠨ ᠣᠰᠣᠯᠠᠯᠲᠠ ᠶᠢᠨ ᠬᠤᠭᠤᠯᠠᠢ ᠶᠢ ᠪᠠᠷᠤᠭ 22.2 ᠺᠢᠯᠤᠮᠧᠲᠷ ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ | ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ︶ | 6. ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ ᠺᠣᠮᠫᠠᠨᠢ ᠠᠴᠠ ᠨᠠᠷᠢᠯᠢᠭ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠤᠨ ᠡᠾᠧᠩ ᠺᠦᠨ ᠵᠠᠮ | ᠤᠨ ᠬᠤᠶᠠᠷ ᠬᠠᠵᠠᠭᠤ ᠶᠢᠨ ᠨᠤᠭᠤᠭᠠᠷᠠᠭᠤᠯᠤᠯᠲᠠ ᠶᠢᠨ ᠲᠠᠷᠢᠯᠲᠠ ᠶᠢ ᠪᠤᠲᠠᠲᠠᠢ ᠬᠠᠷᠢᠭᠤᠴᠠᠵᠤ᠂ ᠪᠦᠬᠦ ᠣᠷᠲᠣ ᠨᠢ 2470 ᠮᠧᠲᠷ ᠪᠤᠢ᠃ 3492 ᠰᠠᠭᠤᠷᠢ | ᠣᠨᠵᠢᠬᠢᠷ ᠣᠳᠠ᠂ ᠬᠠᠶᠢᠯᠠᠰᠣ᠂ ᠵᠡᠷᠯᠢᠭ ᠲᠤᠭᠤᠷ ᠪᠠ ᠠᠷᠴᠠ ᠲᠠᠷᠢᠨ᠂ 14820 ᠳᠡᠭᠰᠢ ᠳᠦᠷᠪᠡᠯᠵᠢᠨ ᠮᠧᠲᠷ ᠦᠵᠡᠮᠵᠢ ᠶᠢᠨ ᠴᠡᠴᠡᠷᠯᠢᠭ ᠨᠦᠬᠦᠵᠦ᠂ | ᠨᠣᠭᠤᠭᠠᠷᠠᠭᠤᠯᠤᠯᠲᠠ ᠶᠢᠨ ᠣᠰᠣ ᠬᠠᠩᠭᠠᠬᠤ ᠲᠤᠤᠷ ᠬᠤᠭᠤᠯᠠᠢ ᠶᠢ ᠪᠠᠷᠤᠭ 5 ᠺᠢᠯᠤᠮᠧᠲᠷ᠂ ᠲᠤᠰᠤᠯᠭᠠᠨ ᠣᠰᠣᠯᠠᠯᠲᠠ ᠶᠢᠨ ᠬᠤᠭᠤᠯᠠᠢ ᠶᠢ ᠪᠠᠷᠤᠭ 15 | ᠺᠢᠯᠤᠮᠧᠲᠷ ᠳᠡᠪᠢᠰᠦᠨ᠎ᠡ᠃ ︵ᠲᠤᠯᠤᠭᠠᠶᠢᠯᠠᠭᠴᠢ ᠰᠠᠯᠠᠭ᠎ᠠ ᠮᠦᠴᠢᠷ᠄ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ | ᠳᠣᠪᠴᠢᠶ᠎ᠠ᠂ ᠬᠠᠮᠵᠢᠯᠴᠠᠬᠤ ᠰᠠᠯᠠᠭ᠎ᠠ ᠮᠦᠴᠢᠷ᠄ ᠡᠨᠧᠷᠬᠢ ᠶᠢᠨ ᠳᠣᠪᠴᠢᠶ᠎ᠠ︶ | ᠭᠤᠷᠪᠠ᠂ ᠵᠣᠬᠢᠶᠠᠨ ᠪᠠᠶᠢᠭᠤᠯᠤᠯᠲᠠ ᠶᠢᠨ ᠪᠠᠲᠤᠯᠠᠭ᠎ᠠ | ︵ᠨᠢᠬᠡ︶ ᠵᠤᠬᠢᠶᠠᠨ ᠪᠠᠶᠢᠭᠤᠯᠤᠨ ᠣᠳᠣᠷᠢᠳᠬᠤ ᠪᠠᠨ ᠴᠢᠩᠭᠠᠳᠬᠠᠵᠤ᠂ ᠠᠵᠢᠯ ᠤᠨ ᠬᠠᠷᠢᠭᠤᠴᠠᠯᠭ᠎ᠠ ᠪᠠᠨ ᠪᠤᠲᠠᠲᠠᠶᠢᠵᠢᠭᠤᠯᠤᠨ᠎ᠠ᠃ ᠲᠤᠰ ᠠᠵᠢᠯ ᠢ | ᠰᠠᠶᠢᠲᠤᠷ ᠬᠢᠬᠦ ᠶᠢᠨ ᠲᠤᠰᠠᠳᠠ ᠱᠠᠩᠬᠠᠢ ᠶᠢᠨ ᠰᠦᠮ᠎ᠡ ᠠᠭᠤᠷᠬᠠᠢ ᠶᠢᠨ ᠣᠷᠣᠨ ᠤ ᠶᠡᠷᠦᠩᠬᠡᠶᠢᠯᠡᠭᠰᠡᠨ ᠵᠠᠰᠠᠯᠲᠠ ᠶᠢᠨ ᠠᠵᠢᠯ ᠤᠨ ᠣᠳᠣᠷᠢᠳᠬᠤ ᠳᠣᠭᠤᠶᠢᠯᠠᠩ ᠢ | ᠪᠠᠶᠢᠭᠤᠯᠤᠨ᠎ᠠ᠂ ᠪᠤᠲᠠᠲᠤ ᠪᠠᠶᠢᠳᠠᠯ ᠳᠣᠣᠷᠠᠬᠢ ᠮᠡᠲᠦ᠄ | ᠳᠣᠭᠤᠶᠢᠯᠠᠩ ᠤᠨ ᠳᠠᠷᠤᠭ᠎ᠠ᠄ ᠱᠢ ᠬᠤᠢ ᠬᠤᠰᠢᠭᠤ ᠠᠷᠠᠳ ᠤᠨ ᠵᠠᠰᠠᠭ ᠤᠨ ᠣᠷᠳᠣᠨ ᠤ ᠳᠡᠳ᠋ ᠳᠠᠷᠤᠭ᠎ᠠ | ᠳ᠋ᠣᠸᠡᠨ ᡁᠢ ᠴᠢᠶᠠᠩ ᠬᠤᠰᠢᠭᠤ ᠠᠷᠠᠳ ᠤᠨ ᠵᠠᠰᠠᠭ ᠤᠨ ᠣᠷᠳᠣᠨ ᠤ ᠳᠡᠳ᠋ ᠳᠠᠷᠤᠭ᠎ᠠ | ᠳᠣᠭᠤᠶᠢᠯᠠᠩ ᠤᠨ ᠳᠡᠳ᠋ ᠳᠠᠷᠤᠭ᠎ᠠ᠄ ᠯᠢ ᠷᠦᠢ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠨᠠᠮ ᠤᠨ ᠠᠵᠢᠯᠯᠠᠬᠤ ᠬᠤᠷᠢᠶᠠᠨ ᠤ | ᠬᠡᠰᠢᠬᠦᠨ᠂ ᠬᠠᠮᠢᠶᠠᠷᠤᠯᠲᠠ ᠶᠢᠨ ᠵᠦᠪᠯᠡᠯ ᠤᠨ ᠳᠡᠳ᠋ ᠡᠷᠬᠢᠯᠡᠭᠴᠢ | ᠪᠦᠷᠢᠯᠳᠦᠬᠦᠨ᠄ ᠡᠾᠧ ᠳ᠋ᠦᠩ ᠰᠢᠦᠢ ᠬᠤᠰᠢᠭᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠳᠡᠳ᠋ ᠡᠷᠬᠢᠯᠡᠭᠴᠢ | ᠪᠠᠶᠠᠨᠵᠢᠷᠭᠠᠯ ᠱᠠᠩᠬᠠᠢ ᠶᠢᠨ ᠰᠦᠮ᠎ᠡ ᠪᠠᠯᠭᠠᠰᠣᠨ ᠤ ᠨᠠᠮ ᠤᠨ ᠬᠤᠷᠢᠶᠠᠨ ᠤ ᠳᠡᠳ᠋ ᠱᠦᠵᠢ᠂ ᠪᠠᠯᠭᠠᠰᠣᠨ ᠳᠠᠷᠤᠭ᠎ᠠ | ᠸᠧᠢ ᠱᠢ ᠬᠠᠢ ᠬᠤᠰᠢᠭᠤ ᠡᠨᠧᠷᠬᠢ ᠶᠢᠨ ᠳᠣᠪᠴᠢᠶᠠᠨ ᠳᠠᠷᠤᠭ᠎ᠠ | ᠯᠢᠦᠢ ᠰᠢᠶᠦ᠋ᠨ ᠶᠢᠩ ᠬᠤᠰᠢᠭᠤ ᠠᠮᠢ ᠠᠬᠤᠢ ᠤᠷᠴᠢᠨ ᠲᠤᠭᠤᠷᠢᠨ ᠤ ᠬᠤᠪᠢᠶᠠᠷᠢ ᠳᠣᠪᠴᠢᠶᠠᠨ ᠳᠠᠷᠤᠭ᠎ᠠ | ᠸᠠᠩ ᠴᠢᠩ ᠬᠤᠰᠢᠭᠤ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠳᠣᠪᠴᠢᠶᠠᠨ ᠳᠠᠷᠤᠭ᠎ᠠ | ᠽᠣᠣ ᠶᠦᠩ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠨᠠᠮ ᠤᠨ ᠠᠵᠢᠯᠯᠠᠬᠤ ᠬᠤᠷᠢᠶᠠᠨ ᠤ ᠬᠡᠰᠢᠬᠦᠨ᠂ | ᠨᠠᠮ ᠵᠠᠰᠠᠭ ᠤᠨ ᠠᠯᠪᠠᠨ ᠭᠡᠷ ᠤᠨ ᠡᠷᠬᠢᠯᠡᠭᠴᠢ᠂ ᠨᠠᠮ ᠣᠯᠠᠨ ᠲᠦᠮᠡᠨᠴᠢ ᠠᠵᠢᠯ ᠤᠨ ᠬᠡᠯᠲᠡᠰ ᠤᠨ ᠳᠠᠷᠤᠭ᠎ᠠ | ᠰᠢᠦᠸᠡᠢ ᠽᠠᠢ ᠬᠤᠩ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠬᠦᠭᠵᠢᠬᠦᠯᠦᠯᠲᠡ ᠪᠠ ᠬᠤᠳᠠᠯᠳᠣᠭᠠᠴᠢᠨ | ᠣᠷᠢᠬᠤ ᠳᠣᠪᠴᠢᠶᠠᠨ ᠳᠠᠷᠤᠭ᠎ᠠ | ᠵᠸᠤ ᠱᠢ ᠽᠠᠢ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠡᠳ᠋ ᠤᠨ ᠵᠠᠰᠠᠭ ᠮᠦᠩᠭᠦᠨ ᠬᠦᠢᠯᠬᠡᠬᠡᠨ ᠤ | ᠳᠣᠪᠴᠢᠶᠠᠨ ᠳᠠᠷᠤᠭ᠎ᠠ | ᠵᠤᠷᠢᠭᠲᠤ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶᠠᠨ ᠳᠠᠷᠤᠭ᠎ᠠ | ᠯᠢᠦ ᠰᠢᠶᠤᠤ ᠶᠡᠨ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠴᠢᠳᠠᠪᠤᠷᠢᠲᠠᠨ ᠪᠠ ᠰᠢᠨᠵᠢᠯᠡᠭᠡ ᠮᠡᠷᠬᠡᠵᠢᠯ | ᠤᠨ ᠳᠣᠪᠴᠢᠶᠠᠨ ᠳᠠᠷᠤᠭ᠎ᠠ | ᠭᠤᠸᠡᠨ ᠯᠢᠨ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ | ᠶᠢᠨ ᠠᠯᠪᠠᠨ ᠭᠡᠷ ᠤᠨ ᠡᠷᠬᠢᠯᠡᠭᠴᠢ | ᠪᠠᠢ ᠰᠢᠶᠤᠤ ᠬᠤᠩ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠬᠤᠳᠠᠯᠳᠣᠭᠠᠴᠢᠨ ᠣᠷᠢᠬᠤ ᠪᠠ ᠴᠢᠳᠠᠪᠤᠷᠢᠲᠠᠨ | ᠰᠢᠨᠵᠢᠯᠡᠭᠡ ᠮᠡᠷᠬᠡᠵᠢᠯ ᠤᠨ ᠦᠢᠯᠡᠴᠢᠯᠡᠬᠡᠨ ᠤ ᠲᠦᠪ ᠤᠨ ᠡᠷᠬᠢᠯᠡᠭᠴᠢ | ᠽᠣᠣ ᠡᠯ ᠵᠢᠶᠦ᠋ᠨ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠠᠵᠤ ᠠᠬᠤᠶᠢᠯᠠᠯ ᠤᠨ ᠬᠦᠭᠵᠢᠯᠲᠡ ᠶᠢᠨ | ᠦᠢᠯᠡᠴᠢᠯᠡᠬᠡᠨ ᠤ ᠲᠦᠪ ᠤᠨ ᠡᠷᠬᠢᠯᠡᠭᠴᠢ | ᠴᠧᠨ ᠴᠦᠨ ᠰᠢᠶᠠᠩ ᠱᠠᠩᠬᠠᠢ ᠶᠢᠨ ᠰᠦᠮ᠎ᠡ ᠵᠠᠮ ᠬᠠᠷᠢᠯᠴᠠᠭᠠᠨ ᠤ ᠴᠠᠭᠳᠠᠭᠠᠨ ᠤ ᠳᠣᠮᠳᠠ ᠠᠩᠬᠢ ᠶᠢᠨ ᠬᠠᠷᠢᠭᠤᠴᠠᠯᠭᠠᠲᠠᠨ | ᠣᠳᠣᠷᠢᠳᠬᠤ ᠳᠣᠭᠤᠶᠢᠯᠠᠩ ᠳᠤ ᠠᠯᠪᠠᠨ ᠭᠡᠷ ᠳᠣᠬᠢᠷᠠᠭᠤᠯᠤᠨ᠂ ᠠᠯᠪᠠᠨ ᠭᠡᠷ ᠤᠨ ᠡᠷᠬᠢᠯᠡᠭᠴᠢ ᠶᠢ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ | ᠶᠢᠨ ᠣᠷᠣᠨ ᠤ ᠪᠠᠶᠢᠭᠤᠯᠤᠯᠲᠠ ᠬᠠᠮᠢᠶᠠᠷᠤᠯᠲᠠ ᠶᠢᠨ ᠳᠣᠪᠴᠢᠶᠠᠨ ᠳᠠᠷᠤᠭ᠎ᠠ ᠵᠤᠷᠢᠭᠲᠤ ᠬᠠᠪᠰᠣᠷᠭᠠᠵᠤ᠂ ᠱᠠᠩᠬᠠᠢ ᠶᠢᠨ ᠰᠦᠮ᠎ᠡ ᠠᠭᠤᠷᠬᠠᠢ ᠶᠢᠨ ᠣᠷᠣᠨ ᠤ | ᠶᠡᠷᠦᠩᠬᠡᠶᠢᠯᠡᠭᠰᠡᠨ ᠵᠠᠰᠠᠯᠲᠠ ᠶᠢᠨ ᠠᠵᠢᠯ ᠤᠨ ᠵᠤᠬᠢᠴᠠᠭᠤᠯᠤᠯᠲᠠ ᠠᠬᠢᠭᠤᠯᠤᠯᠲᠠ ᠵᠢᠴᠢ ᠣᠳᠣᠷᠢᠳᠬᠤ ᠳᠣᠭᠤᠶᠢᠯᠠᠩ ᠠᠴᠠ ᠲᠤᠰᠢᠶᠠᠨ ᠬᠦᠢᠴᠡᠳᠬᠡᠬᠦᠯᠦᠭᠰᠡᠨ | ᠪᠤᠰᠣᠳ ᠠᠵᠢᠯ ᠢ ᠬᠠᠷᠢᠭᠤᠴᠠᠨ᠎ᠠ᠃ | ︵ᠬᠤᠶᠠᠷ︶ ᠬᠢᠨᠠᠯᠲᠠ ᠲᠠᠯᠪᠢᠬᠤ ᠪᠠᠨ ᠴᠢᠩᠭᠠᠳᠬᠠᠵᠤ᠂ ᠡᠷᠴᠢᠮᠲᠡᠢ ᠨᠠᠶᠢᠲᠠᠪᠣᠷᠢᠵᠢᠭᠤᠯᠤᠨᠠ᠃ ᠡᠯ᠎ᠡ ᠲᠦᠷᠦᠯ ᠤᠨ ᠵᠠᠰᠠᠯᠲᠠ ᠶᠢᠨ ᠠᠵᠢᠯ ᠤᠨ ᠡᠬᠦᠷᠭᠡ ᠶᠢ | ᠬᠤᠭᠤᠴᠠᠭ᠎ᠠ ᠶᠤᠰᠤᠭᠠᠷ ᠪᠡᠶᠡᠯᠡᠬᠦᠯᠬᠦ ᠶᠢ ᠪᠠᠲᠤᠯᠠᠬᠤ ᠶᠢᠨ ᠳᠣᠰᠠᠳᠠ ᠬᠤᠰᠢᠭᠤ ᠠᠷᠠᠳ ᠤᠨ ᠵᠠᠰᠠᠭ ᠤᠨ ᠣᠷᠳᠣᠨ ᠤ ᠱᠠᠭᠠᠷᠳᠠᠨ ᠪᠠᠶᠢᠴᠠᠭᠠᠬᠤ ᠲᠠᠰᠤᠭ ᠤᠨ ᠬᠢᠨ | ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠰᠠᠬᠢᠯᠭ᠎ᠠ ᠪᠠᠲᠤ ᠶᠢᠨ ᠠᠵᠢᠯᠯᠠᠬᠤ ᠵᠦᠪᠯᠡᠯ᠂ ᠨᠠᠮ ᠵᠠᠰᠠᠭ ᠤᠨ ᠠᠯᠪᠠᠨ ᠭᠡᠷ ᠲᠠᠢ ᠬᠠᠮᠲᠤᠷᠠᠨ | ᠱᠠᠭᠠᠷᠳᠠᠨ ᠪᠠᠶᠢᠴᠠᠭᠠᠬᠤ ᠳᠣᠭᠤᠶᠢᠯᠠᠩ ᠪᠠᠶᠢᠭᠤᠯᠤᠨ᠂ ᠠᠭᠤᠷᠬᠠᠢ ᠶᠢᠨ ᠣᠷᠣᠨ ᠤ ᠣᠷᠴᠢᠨ ᠲᠤᠭᠤᠷᠢᠨ ᠤ ᠴᠡᠭᠴᠡᠯᠡᠯᠲᠡ ᠶᠢᠨ ᠠᠵᠢᠯ ᠤᠨ ᠠᠬᠢᠭᠤᠯᠤᠯᠲᠠ ᠶᠢᠨ | ᠪᠠᠶᠢᠳᠠᠯ ᠢ ᠪᠦᠬᠦ ᠲᠠᠯ᠎ᠠ ᠪᠠᠷ ᠱᠠᠭᠠᠷᠳᠠᠨ ᠪᠠᠶᠢᠴᠠᠭᠠᠵᠤ᠂ ᠣᠷᠣᠰᠢᠵᠦ ᠪᠠᠶᠢᠭ᠎ᠠ ᠠᠰᠠᠭᠤᠳᠠᠯ ᠢ ᠴᠠᠭ ᠲᠤᠬᠠᠢ ᠳᠤᠨᠢ ᠣᠳᠣᠷᠢᠳᠬᠤ. ᠳᠣᠭᠤᠶᠢᠯᠠᠩ ᠤᠨ ᠠᠯᠪᠠᠨ ᠭᠡᠷ | ᠲᠤ ᠬᠠᠷᠢᠭᠤ ᠲᠤᠰᠬᠠᠨ᠎ᠠ᠃ ᠬᠤᠰᠢᠭᠤ ᠡᠨᠧᠷᠬᠢ ᠶᠢᠨ ᠳᠣᠪᠴᠢᠶ᠎ᠠ᠂ ᠠᠮᠢ ᠠᠬᠤᠢ ᠣᠷᠴᠢᠨ ᠲᠤᠭᠤᠷᠢᠨ ᠤ ᠬᠤᠪᠢᠶᠠᠷᠢ ᠳᠣᠪᠴᠢᠶ᠎ᠠ᠂ ᠪᠠᠴᠢᠮ ᠪᠠᠶᠢᠳᠠᠯ ᠢ | ᠠᠷᠭᠠᠴᠠᠬᠤ ᠬᠠᠮᠢᠶᠠᠷᠤᠯᠲᠠ ᠶᠢᠨ ᠳᠣᠪᠴᠢᠶ᠎ᠠ᠂ ᠱᠠᠩᠬᠠᠢ ᠶᠢᠨ ᠰᠦᠮ᠎ᠡ ᠵᠠᠮ ᠬᠠᠷᠢᠯᠴᠠᠭᠠᠨ ᠤ ᠴᠠᠭᠳᠠᠭᠠᠨ ᠤ ᠳᠣᠮᠳᠠ ᠠᠩᠬᠢ᠂ ᠱᠠᠩᠬᠠᠢ ᠶᠢᠨ ᠰᠦᠮ᠎ᠡ ᠪᠠᠯᠭᠠᠰᠣᠨ | ᠤ ᠶᠡᠷᠦᠩᠬᠡᠶᠢᠯᠡᠭᠰᠡᠨ ᠬᠠᠤᠯᠢ ᠬᠡᠷᠡᠭᠵᠢᠬᠦᠯᠬᠦ ᠳᠣᠪᠴᠢᠶ᠎ᠠ᠂ ᠬᠤᠲᠠ ᠶᠢᠨ ᠬᠠᠮᠢᠶᠠᠷᠤᠯᠲᠠ ᠶᠢᠨ ᠠᠯᠪᠠᠨ ᠭᠡᠷ ᠤᠨ ᠬᠢᠨ ᠬᠤᠯᠪᠤᠭᠠᠯᠠᠵᠤ ᠬᠠᠤᠯᠢ ᠬᠡᠷᠡᠭᠵᠢᠬᠦᠯᠦᠨ᠂ ᠬᠠᠮ | ᠬᠦᠴᠦᠨ ᠢ ᠪᠦᠷᠢᠯᠳᠦᠬᠦᠯᠵᠦ᠂ ᠣᠷᠴᠢᠨ ᠲᠤᠭᠤᠷᠢᠨ ᠤ ᠴᠡᠭᠴᠡᠯᠡᠯᠲᠡ ᠶᠢᠨ ᠠᠵᠢᠯ ᠪᠤᠲᠠᠲᠤ ᠪᠦᠲᠦᠮᠵᠢ ᠣᠯᠬᠤ ᠶᠢ ᠪᠠᠲᠤᠯᠠᠨ᠎ᠠ᠃ | ︵ᠭᠤᠷᠪᠠ︶ ᠱᠠᠩᠨᠠᠨ ᠲᠤᠷᠭᠠᠬᠤ ᠶᠢ ᠴᠢᠩᠭ᠎ᠠ ᠬᠡᠷᠡᠭᠵᠢᠬᠦᠯᠵᠦ᠂ ᠲᠤᠭᠲᠠᠭᠰᠠᠨ ᠴᠠᠭ ᠲᠤ ᠴᠡᠭᠴᠡᠯᠡᠵᠦ ᠳᠠᠭᠤᠰᠬᠠᠨ᠎ᠠ᠃ᠠᠭᠤᠷᠬᠠᠢ ᠶᠢᠨ ᠣᠷᠣᠨ ᠤ ᠡᠯ᠎ᠡ | ᠠᠵᠤ ᠠᠬᠤᠶᠢᠯᠠᠯ ᠤᠨ ᠬᠢᠨ ᠭᠤᠤᠯ ᠴᠤᠭᠴᠠ ᠶᠢᠨ ᠬᠠᠷᠢᠭᠤᠴᠠᠯᠭ᠎ᠠ ᠪᠠᠨ ᠦᠨᠡᠨ ᠬᠦ ᠰᠠᠶᠢᠲᠤᠷ ᠨᠠᠶᠢᠲᠠᠪᠤᠷᠢᠵᠢᠭᠤᠯᠵᠤ᠂ ᠣᠷᠴᠢᠨ ᠲᠤᠭᠤᠷᠢᠨ ᠤ ᠴᠡᠭᠴᠡᠯᠡᠯᠲᠡ ᠶᠢᠨ | ᠠᠵᠢᠯ ᠤᠨ ᠡᠬᠦᠷᠭᠡ ᠪᠠᠨ ᠰᠠᠨᠠᠭᠠᠴᠢᠯᠠᠭ᠎ᠠ ᠠᠴᠠ ᠪᠠᠨ ᠬᠦᠯᠢᠶᠡᠵᠦ ᠠᠪᠤᠨ᠂ ᠠᠵᠢᠯ ᠤᠨ ᠱᠠᠭᠠᠷᠳᠠᠯᠭ᠎ᠠ ᠶᠤᠰᠤᠭᠠᠷ ᠡᠯ᠎ᠡ ᠲᠦᠷᠦᠯ ᠤᠨ ᠠᠵᠢᠯ ᠤᠨ ᠡᠬᠦᠷᠭᠡ ᠪᠠᠨ | ᠬᠤᠭᠤᠴᠠᠭ᠎ᠠ ᠶᠤᠰᠤᠭᠠᠷ ᠪᠡᠶᠡᠯᠡᠬᠦᠯᠵᠦ᠂ ᠠᠭᠤᠷᠬᠠᠢ ᠶᠢᠨ ᠣᠷᠣᠨ ᠤ ᠭᠠᠵᠠᠷ ᠰᠢᠨᠵᠢᠯᠡᠬᠡᠨ ᠤ ᠣᠷᠴᠢᠨ ᠲᠤᠭᠤᠷᠢᠨ ᠤ ᠵᠠᠰᠠᠯᠲᠠ ᠶᠢᠨ ᠰᠠᠭᠤᠷᠢ ᠮᠦᠩᠭᠦ ᠶᠢ ᠱᠠᠩᠬᠠᠢ | ᠶᠢᠨ ᠰᠦᠮ᠎ᠡ ᠶᠢᠨ ᠠᠭᠤᠷᠬᠠᠢ ᠶᠢᠨ ᠣᠷᠣᠨ ᠤ ᠶᠡᠷᠦᠩᠬᠡᠶᠢᠯᠡᠭᠰᠡᠨ ᠵᠠᠰᠠᠯᠲᠠ ᠶᠢᠨ ᠬᠢᠨᠠᠨ ᠰᠢᠯᠭᠠᠬᠤ ᠲᠤᠭᠲᠠᠴᠠ ᠲᠠᠢ ᠰᠢᠭᠤᠳ ᠣᠶᠠᠯᠳᠣᠭᠤᠯᠣᠨ᠂ ᠴᠡᠭᠴᠡᠯᠡᠨ | ᠵᠠᠰᠠᠬᠤ ᠠᠵᠢᠯ ᠢ ᠨᠠᠵᠠᠭᠠᠢ ᠶᠠᠪᠤᠭᠳᠠᠭᠤᠯᠤᠭᠰᠠᠨ ᠠᠵᠤ ᠠᠬᠤᠶᠢᠯᠠᠯ ᠳᠤ ᠠᠭᠤᠷᠬᠠᠢ ᠶᠢᠨ ᠭᠠᠵᠠᠷ ᠰᠢᠨᠵᠢᠯᠡᠬᠡᠨ ᠤ ᠣᠷᠴᠢᠨ ᠲᠤᠭᠤᠷᠢᠨ ᠤ ᠵᠠᠰᠠᠯᠲᠠ ᠶᠢᠨ ᠰᠠᠭᠤᠷᠢ | ᠮᠦᠩᠭᠦ ᠶᠢ ᠣᠯᠭᠤᠬᠤ ᠦᠬᠡᠢ ᠮᠦᠷᠲᠡᠭᠡᠨ ᠬᠤᠰᠢᠭᠤ ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠬᠠᠷᠠᠭᠠᠯᠵᠠᠭᠰᠠᠨ ᠰᠢᠢᠳᠬᠡᠨ ᠲᠤᠷᠭᠠᠬᠤ | ᠲᠤᠭᠲᠠᠭᠠᠯ ᠪᠠᠭᠤᠯᠭᠠᠨ᠎ᠠ᠃ | | | ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ | 2024 ᠣᠨ ᠤ 4 ᠰᠠᠷ᠎ᠠ ᠶᠢᠨ 22 ᠤᠨ ᠡᠳᠦᠷ | | |