ᠳᠦᠷᠪᠡ᠂ ᠨᠠᠢᠮᠠᠳᠤᠭᠠᠷ ᠵᠠᠮ ᠤᠨ ᠴᠡᠷᠢᠭ ᠤᠨ ᠰᠡᠷᠬᠡᠶᠢᠯᠡᠨ ᠬᠠᠮᠠᠭᠠᠯᠠᠬᠤ ᠨᠢᠬᠡᠳᠣᠭᠡᠷ ᠬᠤᠷᠢᠶ᠎ᠠ ᠪᠠ ᠬᠤᠶᠠᠳᠣᠭᠠᠷ ᠬᠤᠷᠢᠶ᠎ᠠ | 1937 ᠣᠨ ᠤ 10 ᠰᠠᠷ᠎ᠠ ᠳᠤ᠂ ᠳᠦᠪ ᠤᠨ ᠴᠡᠷᠢᠭ ᠤᠨ ᠶᠠᠪᠣᠳᠡᠯ ᠤᠨ ᠬᠤᠷᠢᠶ᠎ᠠ ᠠᠴᠠ ᠨᠠᠢᠮᠠᠳᠣᠭᠠᠷ ᠵᠠᠮ ᠤᠨ ᠴᠡᠷᠢᠭ ᠤᠨ ᠦᠯᠡᠳᠡᠨ ᠰᠠᠬᠢᠬᠤ | ᠨᠢᠬᠡᠤᠨᠬᠡᠯ ᠠᠩᠬᠢ ᠶᠢ ᠪᠠᠶᠢᠭᠤᠯᠵᠣ᠂ ᠮᠦᠨ ᠵᠢᠯ ᠤᠨ 8 ᠰᠠᠷ᠎ᠠ ᠳᠤ ᠦᠭᠡᠷᠡᠴᠢᠯᠠᠨ ᠪᠠᠶᠢᠭᠤᠯᠣᠭᠰᠠᠨ ᠨᠠᠢᠮᠠᠳᠣᠭᠠᠷ ᠵᠠᠮ ᠤᠨ ᠴᠡᠷᠢᠭ ᠤᠨ 120 ᠳ᠋ᠣᠭᠠᠷ ᠳ᠋ᠢᠸᠢᠽᠢ | ᠶᠢᠨ ᠬᠦᠰᠬᠡ ᠳᠡᠷᠬᠡ ᠶᠢᠨ ᠪᠠᠲᠯᠢᠶᠤᠨ ᠢ ᠳᠡᠬᠢᠨ ᠦᠭᠡᠷᠡᠴᠢᠯᠡᠭᠡᠳ ᠦᠯᠡᠳᠡᠨ ᠰᠠᠬᠢᠬᠤ ᠨᠢᠬᠡᠤᠨᠬᠡᠯ ᠠᠩᠬᠢ ᠶᠢᠨ ᠰᠡᠷᠬᠡᠶᠢᠯᠡᠨ ᠬᠠᠮᠠᠭᠠᠯᠠᠬᠤ ᠨᠢᠭᠡᠳᠣᠭᠡᠷ ᠬᠤᠷᠢᠶ᠎ᠠ | ᠪᠤᠯᠭᠠᠵᠤ᠂ ᠾᠧ ᠶᠢᠨ ᠨᠢᠶᠠᠨ ᠬᠤᠷᠢᠶᠠᠨ ᠳᠠᠷᠤᠭ᠎ᠠ ᠪᠤᠯᠪᠠ᠃ 129 ᠳ᠋ᠣᠭᠡᠷ ᠳ᠋ᠢᠸᠢᠽᠢ ᠶᠢᠨ ᠲᠠᠩᠨᠠᠭᠤᠯ ᠤᠨ ᠪᠠᠲᠯᠢᠶᠤᠨ ᠢ ᠦᠭᠡᠷᠡᠴᠢᠯᠡᠭᠡᠳ ᠰᠡᠷᠬᠡᠶᠢᠯᠡᠨ | ᠬᠠᠮᠠᠭᠠᠯᠠᠬᠤ ᠬᠤᠶᠠᠳᠣᠭᠠᠷ ᠬᠤᠷᠢᠶ᠎ᠠ ᠪᠣᠯᠭᠠᠵᠡᠢ᠃ ᠰᠡᠷᠬᠡᠶᠢᠯᠡᠨ ᠬᠠᠮᠠᠭᠠᠯᠠᠬᠤ ᠨᠢᠭᠡᠳᠣᠭᠡᠷ ᠬᠤᠷᠢᠶ᠎ᠠ ᠪᠣᠯᠣᠨ ᠬᠤᠶᠠᠳᠣᠭᠠᠷ ᠬᠤᠷᠢᠶ᠎ᠠ ᠨᠢ ᠱᠠᠨ— ᠭᠠᠨ— ᠨᠢᠩ | ᠬᠢᠵᠠᠭᠠᠷ ᠤᠷᠤᠨ ᠤ ᠤᠮᠠᠷᠠᠳᠤ ᠳᠠᠯ᠎ᠠ ᠶᠢ ᠭᠤᠤᠯᠴᠢᠯᠠᠨ ᠰᠠᠬᠢᠨ ᠬᠠᠮᠠᠭᠠᠯᠠᠵᠤ ᠪᠠᠶᠢᠪᠠ᠃ 1939 ᠣᠨ ᠳᠤ᠂ ᠰᠡᠷᠬᠡᠶᠢᠯᠡᠨ ᠬᠠᠮᠠᠭᠠᠯᠠᠬᠤ ᠬᠤᠶᠠᠳᠣᠭᠠᠷ ᠬᠤᠷᠢᠶ᠎ᠠ ᠶᠢ | ᠭᠠᠨᠰᠤ ᠶᠢᠨ ᠵᠡᠬᠦᠨ ᠬᠡᠰᠡᠭ ᠳᠤ ᠰᠢᠯᠵᠢᠭᠦᠯᠦᠨ ᠰᠡᠷᠬᠡᠶᠢᠯᠡᠯᠳᠠ ᠬᠢᠯᠬᠡᠵᠤ᠂ ᠬᠡᠰᠡᠭ ᠪᠠᠲᠯᠢᠶᠤᠨ ᠢ ᠨᠢ ᠰᠡᠷᠬᠡᠶᠢᠯᠡᠨ ᠬᠠᠮᠠᠭᠠᠯᠠᠬᠤ ᠨᠢᠭᠡᠳᠦᠭᠡᠷ ᠬᠤᠷᠢᠶ᠎ᠠ ᠲᠠᠢ | ᠨᠠᠶᠢᠯᠡᠬᠦᠯᠵᠡᠢ᠃ 1942 ᠣᠨ ᠳᠤ᠂ ᠰᠡᠷᠬᠡᠶᠢᠯᠡᠨ ᠬᠠᠮᠠᠭᠠᠯᠠᠬᠤ ᠭᠤᠷᠪᠠᠳᠣᠭᠠᠷ ᠪᠠᠷᠢᠭᠠᠳᠠ ᠶᠢ ᠪᠠᠶᠢᠭᠤᠯᠣᠭᠰᠠᠨ ᠤ ᠳᠠᠷᠠᠭ᠎ᠠ ᠰᠡᠷᠬᠡᠶᠢᠯᠡᠨ ᠬᠠᠮᠠᠭᠠᠯᠠᠬᠤ ᠨᠢᠭᠡᠳᠣᠭᠡᠷ | ᠬᠤᠷᠢᠶ᠎ᠠ ᠪᠠᠷ ᠭᠤᠤᠯᠯᠠᠭᠤᠯᠵᠤ᠂ ᠠᠮᠣᠷ ᠢ ᠬᠠᠮᠠᠭᠠᠯᠠᠬᠤ ᠲᠦᠷᠪᠡᠳᠤᠬᠡᠷ ᠬᠤᠷᠢᠶ᠎ᠠ ᠲᠠᠢ ᠨᠠᠶᠢᠯᠡᠬᠦᠯᠤᠨ᠂ ᠰᠡᠷᠬᠡᠶᠢᠯᠡᠨ ᠬᠠᠮᠠᠭᠠᠯᠠᠬᠤ ᠭᠤᠷᠪᠠᠳᠤᠭᠠᠷ ᠪᠠᠷᠢᠭᠠᠳᠠ ᠶᠢᠨ | ᠳᠣᠯᠣᠳᠣᠭᠠᠷ ᠬᠤᠷᠢᠶ᠎ᠠ ᠶᠢ ᠪᠠᠶᠢᠭᠤᠯᠵᠤ᠂ ᠳᠡᠷᠭᠡ ᠰᠢᠶᠡᠨ ᠤ ᠦᠢᠷ᠎ᠡ ᠬᠠᠪᠢ ᠪᠠᠷ ᠰᠠᠬᠢᠨ ᠰᠠᠭᠤᠯᠭᠠᠵᠠᠢ᠃ | ᠰᠡᠷᠬᠡᠶᠢᠯᠡᠨ ᠬᠠᠮᠠᠭᠠᠯᠠᠬᠤ ᠨᠢᠬᠡᠳᠣᠭᠡᠷ ᠬᠤᠷᠢᠶ᠎ᠠ ᠪᠣᠷᠣᠪᠠᠯᠭᠠᠰᠣ ᠶᠢ ᠴᠢᠯᠦᠭᠡᠯᠡᠭᠦ ᠪᠠᠶᠢᠯᠳᠤᠭᠠᠨ ᠳᠤ ᠣᠷᠣᠯᠴᠠᠵᠣ ᠦᠩᠭᠡᠷᠡᠭᠰᠡᠨ ᠶᠣᠮ᠃ |