ᠪᠠᠶᠢᠭᠠᠯᠢ ᠶᠢᠨ ᠭᠠᠢ ᠭᠠᠮᠰᠢᠭ — ᠭᠠᠩ ᠬᠠᠭᠰᠠᠷᠠᠭᠠᠨ
ᠨᠡᠶᠢᠲᠡᠯᠡᠭᠰᠡᠨ ᠴᠠᠭ᠄
2024/8/28
     ᠭᠠᠩ ᠬᠠᠭᠰᠠᠷᠠᠭᠠᠨ ᠤ ᠬᠦᠨᠤᠬᠡᠯ ᠪᠤᠯ ᠤᠳᠤᠭ ᠤᠨ ᠡᠮᠤᠨᠡᠳᠤ ᠬᠤᠰᠢᠭᠤᠨ ᠤ ᠮᠠᠯ᠂ ᠳᠠᠷᠢᠶᠠᠯᠠᠩ ᠤᠨ ᠭᠤᠤᠯ ᠪᠤᠯᠬᠤ ᠠᠭᠤᠷ ᠠᠮᠢᠰᠬᠤᠯ ᠤᠨ ᠬᠦᠨᠤᠬᠡᠯ ᠤᠨ ᠨᠢᠬᠡ ᠪᠤᠯᠤᠨ᠎ᠠ᠃ ᠳᠠᠬᠢᠨ ᠳᠠᠪᠳᠠᠨ ᠡᠬᠦᠰᠴᠤ ᠨᠦᠯᠤᠬᠡᠯᠡᠬᠦ ᠬᠡᠪᠴᠢᠶ᠎ᠡ ᠨᠢ ᠶᠡᠭᠡ᠂ ᠦᠷᠬᠦᠯᠵᠢᠯᠡᠬᠦ ᠴᠠᠭ ᠬᠤᠭᠤᠴᠠᠭ᠎ᠠ ᠨᠢ ᠤᠷᠳᠤ᠂ ᠳᠠᠯᠳᠠ ᠬᠦᠨᠤᠬᠡᠯ ᠢᠶᠠᠷ ᠳᠤᠩ ᠶᠡᠭᠡ ᠪᠠᠶᠢᠳᠠᠭ᠃ ᠬᠦᠨᠳᠤ ᠨᠤᠴᠢᠳᠠᠢ ᠭᠠᠩ ᠬᠠᠭᠰᠠᠷᠠᠭᠠᠨ ᠨᠢ ᠮᠠᠯ ᠳᠠᠷᠢᠶᠠᠯᠠᠩ ᠤᠨ ᠤᠶᠢᠯᠡᠤᠨᠪᠤᠷᠢᠯᠡᠯ ᠳᠤ ᠨᠦᠯᠤᠬᠡ ᠶᠡᠭᠡ ᠪᠠᠶᠢᠬᠤ ᠪᠠᠷ ᠪᠠᠷᠠᠬᠤ ᠦᠬᠡᠢ᠂ ᠨᠠᠶᠢᠬᠡᠮ ᠠᠵᠤ ᠠᠬᠤᠢ ᠶᠢᠨ ᠬᠦᠭᠵᠢᠯᠳᠠ ᠳᠤ ᠰᠢᠭᠤᠤᠨ ᠨᠦᠯᠤᠬᠡ ᠲᠠᠢ ᠪᠠᠶᠢᠵᠤ᠂ ᠬᠦᠮᠤᠰ ᠤᠨ ᠤᠷᠤᠰᠢᠨ ᠳᠤᠭᠳᠠᠨᠢᠬᠤ ᠨᠦᠬᠦᠴᠡᠯ ᠢ ᠲᠦᠢᠯ ᠢᠶᠠᠷ ᠮᠠᠭᠤᠳᠠᠭᠤᠯᠳᠠᠭ᠃     ᠪᠦᠬᠦ ᠬᠤᠰᠢᠭᠤ ᠨᠢ ᠰᠡᠷᠢᠬᠦᠨ ᠪᠦᠰᠠ ᠶᠢᠨ ᠬᠠᠭᠠᠰ ᠭᠠᠩ ᠬᠠᠭᠤᠷᠠᠢ ᠴᠦᠯᠦᠷᠬᠡᠭ ᠨᠤᠳᠤᠭ ᠪᠡᠯᠴᠢᠬᠡᠷ ᠤᠨ ᠠᠭᠤᠷ ᠠᠮᠢᠰᠬᠤᠯᠳᠤ ᠪᠦᠰᠠ ᠳᠤ ᠪᠠᠶᠢᠵᠤ᠂ ᠪᠦᠬᠦ  ᠬᠤᠰᠢᠭᠤᠨ ᠤ ᠬᠡᠪᠴᠢᠶᠡᠨ ᠳᠤ ᠦᠷᠬᠦᠯᠵᠢ ᠭᠠᠩ ᠬᠠᠭᠰᠠᠷᠠᠭᠠᠨ ᠡᠬᠦᠰᠳᠡᠭ᠃ ᠦᠷᠬᠦᠯᠵᠢᠯᠡᠬᠦ ᠴᠠᠭ ᠬᠤᠭᠤᠴᠠᠭ᠎ᠠ ᠨᠢ ᠡᠩ ᠳᠤ ᠪᠠᠨ 3 ᠰᠠᠷ᠎ᠠ ᠪᠤᠶᠤ ᠳᠡᠬᠦᠨ ᠠᠴᠠ ᠳᠡᠬᠡᠭᠰᠢ ᠪᠠᠶᠢᠳᠠᠭ᠃ ᠭᠠᠩ ᠬᠠᠭᠰᠠᠷᠠᠭᠠᠨ ᠢ ᠬᠠᠪᠤᠷ᠂ ᠵᠤᠨ᠂ ᠨᠠᠮᠤᠷ ᠤᠨ ᠭᠠᠩ ᠬᠡᠮᠡᠨ 3 ᠬᠤᠪᠢᠶᠠᠳᠠᠭ᠃ ᠴᠠᠭ ᠠᠭᠤᠷ ᠤᠨ ᠮᠠᠲ᠋ᠧᠷᠢᠶᠡᠯ ᠤᠨ ᠪᠦᠷᠢᠤᠨᠬᠡᠯ ᠢ ᠦᠨᠳᠤᠰᠤᠯᠡᠪᠡᠯ᠂ 1966 — 1990 ᠤᠨ ᠪᠤᠯᠳᠠᠯ᠎ᠠ ᠬᠢ 24 ᠵᠢᠯ ᠳᠤ 8 ᠵᠢᠯ ᠨᠢ ᠬᠠᠪᠤᠷ ᠤᠨ ᠭᠠᠩ᠂ 10 ᠵᠢᠯ ᠨᠢ ᠵᠤᠨ ᠤ ᠭᠠᠩ᠂ 9 ᠵᠢᠯ ᠨᠢ ᠨᠠᠮᠤᠷ ᠤᠨ ᠭᠠᠩ᠂ 5 ᠵᠢᠯ ᠤᠨ ᠬᠠᠪᠤᠷ᠂ ᠵᠤᠨ᠂ ᠨᠠᠮᠤᠷ ᠵᠠᠯᠭᠠᠭ᠎ᠠ ᠪᠠᠷ ᠭᠠᠩ ᠲᠠᠢ ᠵᠢᠯ ᠪᠤᠯᠵᠤ᠂ 5 ᠵᠢᠯ ᠪᠤᠯᠬᠤ ᠪᠦᠷᠢ ᠳᠤ ᠨᠢᠬᠡ ᠤᠳᠠᠭᠠᠨ ᠤ ᠬᠠᠪᠤᠷ᠂ ᠵᠤᠨ᠂ ᠨᠠᠮᠤᠷ ᠤᠨ ᠦᠷᠬᠦᠯᠵᠢᠯᠡᠭᠰᠡᠨ ᠭᠠᠩ ᠲᠠᠢ ᠵᠢᠯ ᠪᠤᠯᠳᠠᠭ᠃ ᠦᠷᠬᠦᠯᠵᠢᠯᠡᠭᠰᠡᠨ ᠭᠠᠩ ᠲᠠᠢ ᠵᠢᠯ ᠤᠨ ᠠᠯᠤᠰᠯᠠᠬᠤ ᠬᠤᠭᠤᠴᠠᠭ᠎ᠠ ᠨᠢ ᠠᠳᠠᠯᠢ ᠦᠬᠡᠢ᠂ ᠬᠡᠳᠤᠨ ᠵᠢᠯ ᠳᠠᠷᠠᠭᠠᠯᠠᠨ ᠭᠠᠩᠳᠠᠳᠠᠭ ᠨᠢ ᠦᠷᠬᠦᠯᠵᠢ ᠢᠯᠡᠷᠡᠳᠡᠭ᠃ ᠤᠷᠴᠢᠮ ᠤᠨ 30 ᠵᠢᠯ ᠳᠤ ᠵᠠᠯᠭᠠᠭ᠎ᠠ ᠪᠠᠷ ᠦᠷᠬᠦᠯᠵᠢᠯᠡᠨ ᠨᠢᠬᠡ ᠵᠢᠯ ᠭᠠᠩᠳᠠᠳᠠᠭ ᠨᠢ 20% ᠶᠢ ᠡᠵᠡᠯᠡᠵᠤ᠂ ᠦᠷᠬᠦᠯᠵᠢᠯᠡᠨ 2 ᠵᠢᠯ ᠭᠠᠩᠳᠠᠳᠠᠭ ᠨᠢ 7% ᠶᠢ ᠡᠵᠡᠯᠡᠨ᠎ᠡ᠂ ᠦᠷᠬᠦᠯᠵᠢᠯᠡᠨ 3 ᠵᠢᠯ ᠭᠠᠩᠳᠠᠳᠠᠭ ᠨᠢ 3% ᠶᠢ ᠡᠵᠡᠯᠡᠵᠤ ᠪᠤᠢ᠃ 1980 — 1983 ᠤᠨ ᠪᠤᠯᠳᠠᠯ᠎ᠠ᠂ ᠦᠷᠬᠦᠯᠵᠢᠯᠡᠨ 4 ᠵᠢᠯ ᠤᠨ ᠤᠨᠴᠠ ᠶᠡᠭᠡ ᠭᠠᠩ ᠬᠠᠭᠰᠠᠷᠠᠭᠠᠨ ᠤ ᠭᠠᠮᠰᠢᠭ ᠲᠤ ᠤᠴᠠᠷᠠᠵᠤ᠂ 4 ᠵᠢᠯ ᠳᠤ ᠨᠠᠶᠢᠳᠠ 600 ᠮᠢᠯᠢᠮᠧᠲᠷ ᠳᠤᠨᠳᠠᠰᠤ ᠲᠠᠢ ᠪᠠᠶᠢᠵᠠᠢ᠃     ᠬᠠᠪᠤᠷ ᠤᠨ ᠭᠠᠩ ᠬᠦᠨᠳᠤ ᠪᠤᠯᠬᠤ ᠦᠶ᠎ᠡ ᠳᠤ ᠳᠠᠷᠢᠶ᠎ᠠ ᠳᠠᠷᠢᠵᠤ ᠪᠤᠯᠬᠤ ᠦᠬᠡᠢ᠂ ᠡᠪᠡᠰᠤ ᠪᠠᠯᠴᠢᠬᠡᠷ ᠤᠷᠭᠤᠬᠤ ᠦᠬᠡᠢ᠂ ᠡᠬᠡ ᠭᠠᠵᠠᠷ ᠳᠡᠭᠰᠢ ᠳᠤ ᠪᠠᠨ ᠬᠤᠵᠢᠬᠢᠷ ᠳᠠᠯ᠎ᠠ ᠪᠤᠯᠵᠤ᠂ ᠡᠳᠤᠷ ᠳᠤᠵᠢ ᠰᠠᠯᠬᠢᠯᠠᠨ᠎ᠠ᠃ ᠵᠤᠨ ᠤ ᠭᠠᠩ ᠬᠦᠨᠳᠤ ᠪᠤᠯᠬᠤ ᠦᠶ᠎ᠡ ᠳᠤ ᠳᠠᠷᠢᠶᠠᠯᠠᠩ ᠳᠠᠷᠢᠮᠠᠯ ᠬᠡᠪ ᠢᠶᠠᠷ ᠤᠷᠭᠤᠵᠤ ᠴᠢᠳᠠᠬᠤ ᠦᠬᠡᠢ ᠮᠦᠷᠳᠡᠬᠡᠨ ᠬᠠᠳᠠᠵᠤ ᠬᠤᠪᠬᠠᠶᠢᠷᠠᠳᠠᠭ᠃ ᠮᠠᠯ ᠤᠨ ᠪᠡᠯᠴᠢᠬᠡᠷ ᠤᠨ ᠡᠪᠡᠰᠤ ᠪᠤᠯᠤᠨ ᠪᠤᠳᠠᠯᠢᠭ ᠮᠤᠳᠤ ᠬᠠᠳᠠᠵᠤ ᠦᠬᠦᠳᠡᠭ᠃ ᠨᠠᠮᠤᠷ ᠤᠨ ᠭᠠᠩ ᠶᠡᠷᠤ ᠳᠤ ᠪᠠᠨ ᠪᠠᠭ᠎ᠠ ᠰᠢᠭ ᠪᠠᠶᠢᠳᠠᠭ ᠪᠤᠯᠪᠠᠴᠤ᠂ ᠬᠦᠨᠳᠤ ᠨᠤᠴᠢᠳᠠᠢ ᠪᠤᠯᠬᠤ ᠳᠤ ᠬᠦᠷᠪᠡᠯ ᠳᠠᠷᠢᠶᠠᠯᠠᠩ ᠳᠠᠷᠢᠮᠠᠯ ᠬᠤᠭᠤᠷᠠᠵᠤ᠂ ᠪᠤᠯᠪᠠᠰᠤᠷᠠᠬᠤ ᠦᠬᠡᠢ᠂ ᠤᠯᠠᠩᠬᠢ ᠨᠢ ᠴᠤᠤᠬᠠᠯ ᠪᠤᠯᠵᠤ᠂ ᠡᠰᠢ ᠰᠦᠷᠡᠯ ᠢ ᠨᠢ ᠮᠠᠯ ᠤᠨᠤᠭ᠎ᠠ ᠢᠳᠡᠬᠦ ᠦᠬᠡᠢ᠂ ᠡᠪᠡᠰᠤ ᠪᠡᠯᠴᠢᠬᠡᠷ ᠰᠠᠶᠢᠳᠤᠷ ᠪᠤᠯᠪᠠᠰᠤᠷᠠᠬᠤ ᠦᠬᠡᠢ ᠪᠠᠷ ᠬᠠᠳᠠᠵᠤ᠂ ᠮᠠᠯ ᠤᠨᠤᠭ᠎ᠠ ᠶᠢᠨ ᠡᠪᠤᠯ᠂ ᠬᠠᠪᠤᠷ ᠢ ᠮᠡᠨᠳᠤ ᠦᠩᠬᠡᠷᠡᠬᠦᠯᠬᠦ ᠳᠤ ᠨᠦᠯᠤᠬᠡᠯᠡᠯ ᠪᠤᠯᠳᠠᠭ᠃     ᠭᠠᠩ ᠬᠠᠭᠰᠠᠷᠠᠭᠠᠨ ᠦᠷᠬᠦᠯᠵᠢᠯᠡᠨ ᠡᠬᠦᠰᠪᠡᠯ ᠬᠤᠤᠷ ᠬᠦᠨᠤᠬᠡᠯ ᠨᠢ ᠬᠠᠮᠤᠭ ᠤᠨ ᠶᠡᠭᠡ ᠪᠠᠶᠢᠵᠤ᠂ ᠪᠠᠷᠤᠭ ᠵᠢᠯ ᠪᠦᠷᠢ ᠳᠤ ᠤᠯᠠᠷᠢᠯ ᠢᠶᠠᠷ ᠦᠷᠬᠦᠯᠵᠢᠯᠡᠨ ᠭᠠᠩᠳᠠᠳᠠᠭ ᠭᠠᠩ ᠭᠠᠮᠰᠢᠭ ᠳᠤᠬᠢᠶᠠᠯᠳᠤᠳᠠᠭ᠃ 1982 ᠤᠨ ᠳᠤ ᠬᠠᠪᠤᠷ᠂ ᠵᠤᠨ ᠦᠷᠬᠦᠯᠵᠢᠯᠡᠨ ᠭᠠᠩᠳᠠᠵᠤ᠂ 6 ᠰᠠᠷ᠎ᠠ ᠶᠢᠨ ᠡᠴᠤᠰ ᠪᠤᠯᠳᠠᠯ᠎ᠠ ᠳᠠᠷᠢᠶᠠᠯᠠᠩ ᠳᠠᠷᠢᠮᠠᠯ ᠳᠠᠷᠢᠵᠤ ᠪᠤᠯᠬᠤ ᠦᠬᠡᠢ᠂ ᠪᠡᠯᠴᠢᠬᠡᠷ ᠡᠪᠡᠰᠤ ᠨᠤᠭᠤᠭᠠᠷᠠᠬᠤ ᠦᠬᠡᠢ ᠠᠴᠠ 43.5 ᠲᠦᠮᠡᠨ ᠮᠠᠯ ᠤᠨᠤᠭ᠎ᠠ ᠦᠯᠪᠡᠷᠴᠤ ᠦᠬᠦᠬᠦ ᠪᠠᠶᠢᠳᠠᠯ ᠳᠤ ᠤᠷᠤᠵᠤ᠂ 5 ᠲᠦᠮᠡ ᠭᠠᠷᠤᠢ ᠪᠤᠳᠠ ᠪᠤᠭ ᠮᠠᠯ ᠬᠤᠷᠤᠭᠳᠠᠭᠰᠠᠨ ᠪᠠᠶᠢᠨ᠎ᠠ᠃ ᠳᠠᠬᠢᠯᠳᠤ ᠶᠢᠨ ᠠᠮᠤ ᠪᠤᠳᠠᠭ᠎ᠠ ᠶᠢᠨ ᠤᠨᠠᠯᠳᠠ ᠨᠢ ᠵᠦᠪᠬᠡᠨ ᠮᠤ᠋ ᠪᠦᠷᠢ ᠳᠤ 1 ᠺᠢᠯᠦᠭᠷᠠᠮ ᠯᠠ ᠬᠤᠷᠢᠶᠠᠵᠤ᠂ ᠶᠡᠷᠤᠩᠬᠡᠢ ᠡᠪᠡᠰᠤᠨ ᠤ ᠤᠨᠠᠯᠳᠠ ᠨᠢ ᠦᠩᠬᠡᠷᠡᠭᠰᠡᠨ ᠵᠢᠯ ᠤᠨ 33% ᠶᠢ ᠯᠠ ᠡᠵᠡᠯᠡᠵᠡᠢ᠃     1980 — 1983 ᠤᠨ ᠪᠤᠯᠳᠠᠯ᠎ᠠ ᠦᠷᠬᠦᠯᠵᠢᠯᠡᠨ 4 ᠵᠢᠯ ᠭᠠᠩ ᠳᠤ ᠤᠴᠠᠷᠠᠭᠰᠡᠨ ᠠᠴᠠ ᠮᠠᠯ ᠳᠠᠷᠢᠶᠠᠯᠠᠩ ᠤᠨ ᠤᠶᠢᠯᠡᠤᠨᠪᠤᠷᠢᠯᠡᠯ ᠳᠤ ᠤᠨᠴᠠ ᠶᠡᠭᠡ ᠭᠠᠢ ᠭᠠᠮᠰᠢᠭ ᠤᠴᠠᠷᠠᠭᠤᠯᠪᠠ᠃ ᠤᠳᠠᠭᠠᠨ ᠵᠢᠯ ᠢᠶᠠᠷ ᠤᠰᠤ ᠳᠤᠭᠳᠠᠵᠤ ᠪᠠᠶᠢᠭᠰᠠᠨ ᠨᠠᠭᠤᠷ ᠴᠦᠬᠦᠷᠤᠮ ᠴᠦᠮ ᠬᠠᠳᠠᠵᠤ᠂ ᠪᠠᠯᠠᠷ ᠭᠠᠵᠠᠷ ᠤᠨ ᠬᠤᠯᠤᠭᠠᠨ᠎ᠠ᠂ ᠮᠡᠯᠡᠬᠡᠢ᠂ ᠡᠯᠢᠶ᠎ᠡ ᠪᠦᠷ ᠦᠵᠡᠭᠳᠡᠬᠦ ᠦᠬᠡᠢ ᠪᠤᠯᠪᠠ᠃ ᠡᠪᠡᠰᠤ ᠨᠤᠭᠤᠭ᠎ᠠ ᠬᠤᠪᠬᠠᠶᠢᠷᠠᠨ᠂ ᠵᠠᠷᠢᠮ ᠴᠢᠬᠢᠭᠯᠡᠭ ᠭᠠᠵᠠᠷ ᠲᠤ ᠪᠠᠭ᠎ᠠ ᠰᠠᠭ᠎ᠠ ᠴᠢᠨᠠᠷ ᠮᠠᠭᠤᠳᠠᠢ ᠡᠪᠡᠰᠤ ᠤᠷᠭᠤᠭᠰᠠᠨ ᠢ ᠭᠠᠷᠭᠠᠪᠠᠯ᠂ ᠪᠤᠰᠤᠤᠨ ᠨᠠᠷᠢᠯᠢᠭ ᠴᠢᠨᠠᠷᠳᠠᠢ ᠡᠪᠡᠰᠤ ᠪᠦᠷ ᠬᠠᠳᠠᠵᠤ᠂ ᠭᠠᠩ ᠳᠤ ᠳᠡᠰᠪᠤᠷᠢᠳᠠᠢ ᠰᠢᠪᠠᠭ᠂ ᠬᠠᠷᠭᠠᠨ᠎ᠠ᠂ ᠤᠷᠳᠤᠤᠵᠠ᠂ ᠰᠢᠬᠢᠷ ᠡᠪᠡᠰᠤ᠂ ᠪᠤᠶᠠ ᠵᠡᠷᠬᠡ ᠨᠢ ᠴᠤ 80% ᠠᠴᠠ ᠳᠡᠬᠡᠭᠰᠢ ᠬᠢ ᠨᠢ ᠪᠦᠷ ᠬᠠᠳᠠᠵᠤ ᠬᠤᠪᠬᠠᠶᠢᠷᠠᠵᠠᠢ᠃ ᠳᠡᠷᠡᠰᠤ 50% ᠨᠢ ᠬᠠᠳᠠᠵᠤ᠂ ᠵᠡᠬᠡᠷᠬᠡᠨ᠎ᠡ ᠪᠦᠬᠦᠯᠢ ᠪᠠᠷ  ᠢᠶᠠᠨ ᠬᠠᠳᠠᠵᠤ ᠬᠤᠪᠬᠠᠶᠢᠷᠠᠵᠠᠢ᠃ 4 ᠵᠢᠯ ᠳᠤᠳᠤᠷ᠎ᠠ ᠮᠠᠯ ᠤᠨ ᠶᠡᠷᠤᠩᠬᠡᠢ ᠳᠤᠭ᠎ᠠ ᠪᠠᠭᠤᠷᠠᠭᠠᠤᠨ 26.78 ᠲᠦᠮᠡᠨ ᠳᠤᠯᠤᠭᠠᠢ ᠳᠤ ᠬᠦᠷᠴᠤ᠂ ᠠᠮᠤ ᠪᠤᠳᠠᠭᠠᠨ ᠤ ᠳᠠᠷᠢᠮᠠᠯ ᠤᠨ ᠤᠨᠠᠯᠳᠠ ᠪᠠᠭᠤᠷᠠᠭᠠᠤᠨ 65% ᠪᠤᠯᠵᠠᠢ᠃ 1991 — 2009 ᠤᠨ ᠪᠤᠯᠳᠠᠯ᠎ᠠ ᠨᠠᠶᠢᠳᠠ 14 ᠤᠳᠠᠭ᠎ᠠ ᠶᠢᠨ ᠶᠡᠭᠡ ᠬᠡᠪᠴᠢᠶᠡᠨ ᠤ ᠭᠠᠩ ᠭᠠᠮᠰᠢᠭ ᠪᠤᠯᠵᠤ᠂ 3 ᠵᠢᠯ ᠪᠦᠷᠢ ᠳᠤ 2 ᠵᠢᠯ ᠨᠢ ᠭᠠᠩ ᠭᠠᠮᠰᠢᠭ ᠤᠨ ᠬᠦᠨᠳᠤ ᠨᠤᠴᠢᠳᠠᠢ ᠬᠦᠨᠤᠬᠡᠯ ᠳᠤ ᠤᠴᠠᠷᠠᠳᠠᠭ᠃ ᠬᠠᠪᠤᠷ ᠭᠠᠩᠳᠠᠬᠤ ᠪᠤᠶᠤ ᠬᠠᠯᠠᠭᠤᠨ ᠳᠤᠳᠤᠷ᠎ᠠ ᠭᠠᠩᠳᠠᠳᠠᠭ᠂ ᠡᠰᠡᠬᠦᠯ᠎ᠡ ᠵᠢᠯ ᠳᠠᠷᠠᠭ᠎ᠠ ᠪᠠᠷ ᠭᠠᠩᠳᠠᠳᠠᠭ᠃ ᠭᠠᠩ ᠬᠠᠭᠰᠠᠷᠠᠭᠠᠨ ᠢᠯᠡᠷᠡᠭᠰᠡᠨ ᠴᠠᠭ ᠬᠤᠭᠤᠴᠠᠭ᠎ᠠ ᠶᠢ ᠦᠨᠳᠤᠰᠤᠯᠡᠪᠡᠯ᠂ ᠬᠠᠪᠤᠷ ᠤᠨ ᠭᠠᠩ ︵4 ~ 5 ᠰᠠᠷ᠎ᠠ︶᠂ ᠵᠤᠨ ᠤ ᠭᠠᠩ ︵6 ~ 8 ᠰᠠᠷ᠎ᠠ︶ ᠪᠤᠯᠤᠨ ᠨᠠᠮᠤᠷ ᠤᠨ ᠭᠠᠩ ︵9 ᠰᠠᠷ᠎ᠠ︶ ᠬᠡᠵᠤ ᠬᠤᠪᠢᠶᠠᠵᠤ ᠪᠤᠯᠤᠨ᠎ᠠ᠃ ᠤᠳᠤᠭ ᠤᠨ ᠡᠮᠤᠨᠡᠳᠤ ᠬᠤᠰᠢᠭᠤ ᠨᠢ ᠬᠠᠪᠤᠷ ᠤᠨ ᠭᠠᠩ᠂ ᠵᠤᠨ ᠤ ᠭᠠᠩ ᠪᠠ ᠵᠤᠨ ᠬᠠᠪᠤᠷ ᠵᠠᠯᠭᠠᠭ᠎ᠠ ᠪᠠᠷ ᠭᠠᠩᠳᠠᠬᠤ ᠪᠠᠷ ᠭᠤᠤᠯ ᠪᠤᠯᠭᠠᠳᠠᠭ᠃ ᠵᠠᠷᠢᠮ ᠦᠶ᠎ᠡ ᠳᠤ ᠦᠷᠬᠦᠯᠵᠢᠯᠡᠭᠰᠡᠨ ᠴᠢᠨᠠᠷᠳᠠᠢ ᠵᠤᠨ᠂ ᠨᠠᠮᠤᠷ ᠤᠨ ᠭᠠᠩ ᠭᠠᠮᠰᠢᠭ ᠪᠠ ᠬᠠᠪᠤᠷ᠂ ᠵᠤᠨ᠂ ᠨᠠᠮᠤᠷ ᠤᠨ ᠦᠷᠬᠦᠯᠵᠢᠯᠡᠭᠰᠡᠨ ᠭᠠᠩ ᠳᠤ ᠤᠴᠠᠷᠠᠳᠠᠭ᠃     1991— 2009 ᠤᠨ ᠪᠤᠯᠳᠠᠯ᠎ᠠ᠂ ᠬᠠᠪᠤᠷ ᠤᠨ ᠭᠠᠩ ᠳᠤ 2 ᠤᠳᠠᠭ᠎ᠠ ᠤᠴᠠᠷᠠᠵᠤ᠂ ᠵᠤᠨ ᠤ ᠭᠠᠩ 2 ᠤᠳᠠᠭ᠎ᠠ ᠪᠤᠯᠵᠠᠢ᠃ ᠵᠤᠨ ᠤ ᠭᠠᠩ ᠪᠤᠯᠬᠤ  ᠳᠤ᠂ ᠡᠪᠡᠰᠤ ᠪᠡᠯᠴᠢᠬᠡᠷ ᠬᠠᠳᠠᠵᠤ ᠬᠤᠪᠬᠠᠶᠢᠷᠠᠭᠠᠤᠨ᠂ ᠳᠠᠷᠢᠶᠠᠯᠠᠩ ᠤᠨ ᠳᠠᠷᠢᠮᠠᠯ ᠳᠤ ᠬᠤᠷᠤᠬᠠᠢ ᠶᠢᠨ ᠠᠶᠤᠯ ᠡᠬᠦᠰᠴᠤ ᠤᠰᠤ ᠳᠤᠳᠠᠭᠰᠠᠨ ᠠᠴᠠ ᠪᠤᠯᠵᠤ ᠤᠷᠭᠤᠴᠠ ᠶᠢ ᠨᠦᠯᠤᠬᠡᠯᠡᠵᠤ᠂ ᠠᠮᠤ ᠪᠤᠳᠠᠭ᠎ᠠ ᠶᠢᠨ ᠤᠨᠠᠯᠳᠠ ᠪᠠᠭᠤᠷᠠᠳᠠᠭ᠃ 1995 ᠤᠨ ᠳᠤ᠂ ᠪᠦᠬᠦ ᠬᠤᠰᠢᠭᠤᠨ ᠳᠤ ᠵᠤᠨ ᠤ ᠭᠠᠩ ᠡᠬᠦᠰᠴᠤ᠂ ᠭᠠᠩ ᠬᠠᠭᠰᠠᠷᠠᠭᠠᠨ 90 ᠡᠳᠤᠷ ᠦᠷᠬᠦᠯᠵᠢᠯᠡᠵᠤ᠂ 68528 ᠮᠠᠯ ᠦᠬᠦᠵᠤ᠂ ᠳᠠᠷᠢᠶᠠᠯᠠᠩ ᠤᠨ ᠳᠠᠷᠢᠮᠠᠯ 107953.5 ᠮᠤ᠋ ᠭᠠᠮᠰᠢᠭᠳᠠᠵᠠᠢ︔ 2005 ᠤᠨ ᠳᠤ᠂ ᠪᠦᠬᠦ ᠬᠤᠰᠢᠭᠤᠨ ᠳᠤ ᠬᠠᠪᠤᠷ ᠵᠤᠨ ᠦᠷᠬᠦᠯᠵᠢᠯᠡᠨ ᠭᠠᠩᠳᠠᠵᠤ᠂ 48900 ᠬᠦᠮᠤᠨ ᠭᠠᠮᠰᠢᠭ ᠲᠤ ᠤᠴᠠᠷᠠᠵᠤ᠂ 7500 ᠬᠦᠮᠤᠨ ᠤ ᠤᠰᠤ ᠤᠮᠳᠠ ᠬᠦᠴᠢᠷᠳᠠᠯᠳᠠᠢ ᠪᠤᠯᠵᠠᠢ᠂ ᠳᠠᠷᠢᠶᠠᠯᠠᠩ ᠤᠨ ᠳᠠᠷᠢᠮᠠᠯ ᠤᠨ ᠭᠠᠮᠰᠢᠭᠳᠠᠭᠰᠠᠨ ᠳᠠᠯᠠᠪᠠᠢ ᠨᠢ 319560 ᠮᠤ᠋ ᠪᠤᠯᠵᠤ᠂ ᠰᠢᠭᠤᠤᠨ ᠠᠵᠤ ᠠᠬᠤᠢ ᠶᠢᠨ ᠬᠤᠬᠢᠷᠠᠯ ᠨᠢ 6294 ᠲᠦᠮᠡᠨ ᠲᠦᠬᠦᠷᠢᠭ ᠲᠤ ᠬᠦᠷᠴᠠᠢ︔ 1991 ᠤᠨ ᠤ 6  ~ 9 ᠰᠠᠷ᠎ᠠ ᠪᠤᠯᠳᠠᠯ᠎ᠠ᠂ ᠪᠦᠬᠦ ᠬᠤᠰᠢᠭᠤᠨ ᠳᠤ ᠵᠤᠨ ᠨᠠᠮᠤᠷ ᠦᠷᠬᠦᠯᠵᠢᠯᠡᠨ ᠭᠠᠩᠳᠠᠵᠤ᠂ 35777 ᠬᠦᠮᠤᠨ ᠭᠠᠮᠰᠢᠭ ᠲᠤ ᠤᠴᠠᠷᠠᠵᠤ᠂ 6000 ᠬᠦᠮᠤᠨ ᠤ ᠤᠰᠤ ᠤᠮᠳᠠ ᠬᠦᠴᠢᠷᠳᠠᠯᠳᠠᠢ ᠪᠤᠯᠵᠤ᠂ ᠳᠠᠷᠢᠶᠠᠯᠠᠩ ᠤᠨ ᠳᠠᠷᠢᠮᠠᠯ ᠤᠨ ᠭᠠᠮᠰᠢᠭᠳᠠᠭᠰᠠᠨ ᠳᠠᠯᠠᠪᠠᠢ 150075 ᠮᠤ᠋ ᠪᠤᠯᠵᠤ᠂ ᠳᠠᠷᠢᠶᠠᠯᠠᠩ ᠤᠨ ᠳᠠᠷᠢᠮᠠᠯ ᠬᠤᠷᠢᠶᠠᠯᠳᠠ ᠦᠬᠡᠢ ᠳᠠᠯᠠᠪᠠᠢ 34017 ᠮᠤ᠋ ᠪᠤᠯᠵᠤ᠂ 30000 ᠮᠠᠯ ᠦᠬᠦᠵᠤ᠂ ᠰᠢᠭᠤᠤᠨ ᠠᠵᠤ ᠠᠬᠤᠢ ᠶᠢᠨ ᠬᠤᠬᠢᠷᠠᠯ ᠨᠢ 2210 ᠲᠦᠮᠡᠨ ᠲᠦᠬᠦᠷᠢᠭ ᠲᠤ ᠬᠦᠷᠴᠠᠢ᠃
ᠢᠷᠡᠯᠲᠡ᠄ ᠤᠳᠤᠭ ᠤᠨ ᠡᠮᠤᠨᠡᠳᠤ ᠬᠤᠰᠢᠭᠤᠨ ᠤ ᠤᠶᠢᠯᠠᠯᠭ᠎ᠠ ︵1980 — 2009 ᠤᠨ︶