ᠴᠢ᠊ · ᠭᠠᠩᠵᠣᠷᠢᠭᠲᠤ | | | ᠳᠡᠭᠡᠳᠦ ᠵᠠᠭᠤᠨ ᠤ ᠳᠠᠯᠠᠭᠠᠳ ᠣᠨ ᠳᠤ ᠳᠡᠷᠡᠰᠦᠲᠦ ᠶᠢᠨ ᠴᠠᠶᠢᠳᠠᠮ ᠤᠨ ᠪᠠᠷᠠᠭᠤᠨ ᠭᠥᠪᠡᠭᠡᠨ ᠳᠤ ᠪᠡᠳᠡᠷᠡ ᠂ ᠪᠡᠶᠡᠨᠡ᠂ ᠪᠠᠶᠠᠰᠬᠤ ᠭᠡᠰᠡᠨ | ᠭᠤᠷᠪᠠᠨ ᠠᠶᠢᠯ ᠤᠨ ᠭᠤᠷᠪᠠᠨ ᠭᠡᠤᠭᠡᠳ ᠢᠰᠢᠭᠡ ᠪᠠᠨ ᠬᠠᠷᠢᠭᠤᠯᠬᠤ ᠳᠠᠭᠠᠨ ᠥᠷᠭᠦᠯᠵᠢ ᠮᠠᠩᠬᠠᠨ ᠣᠷᠣᠢ ᠳᠤ ᠤᠴᠠᠷᠠᠨ ᠲᠣᠭᠯᠠᠳᠠᠭ ᠪᠠᠶᠢᠯ᠎ᠠ ᠃ ᠪᠡᠶᠡᠨᠡ᠂ | ᠪᠠᠶᠠᠰᠬᠤ ᠶᠢᠨ ᠭᠡᠷ ᠤᠨ ᠠᠮᠢᠳᠤᠷᠠᠯ ᠨᠢ ᠨᠡᠯᠢᠶᠡᠳ ᠵᠦᠭᠡᠷ ᠲᠤᠯᠠ ᠪᠡᠶᠡᠨᠡ᠂ ᠪᠠᠶᠠᠰᠬᠤ ᠨᠢ ᠨᠣᠭᠤᠭᠠᠨ ᠮᠠᠯᠠᠭᠠᠢ᠂ ᠨᠣᠭᠤᠭᠠᠨ ᠴᠠᠮᠴᠠ᠂ ᠨᠣᠭᠤᠭᠠᠨ | ᠥᠮᠥᠲᠥ᠂ ᠨᠣᠭᠤᠭᠠᠨ ᠱᠠᠬᠠᠢ ᠲᠠᠢ ᠮᠥᠷᠳᠡᠭᠡᠨ ᠪᠦᠷ ᠠᠳᠠᠯᠢᠬᠠᠨ ᠲᠤᠭᠯᠠᠭᠠᠮ ᠤᠨ ︽ᠭᠠᠷ ᠫᠤᠤ︾ ᠲᠠᠢ ᠪᠣᠯᠬᠤᠷ ᠥᠷᠭᠦᠯᠵᠢ ︽ᠴᠡᠷᠢᠭ ︾ ᠪᠣᠯᠵᠤ᠂ | ᠪᠡᠳᠡᠷᠡ ᠨᠢ ᠥᠩᠭᠡ ᠨᠢ ᠭᠠᠷᠤᠭᠰᠠᠨ ᠬᠠᠭᠤᠴᠢᠷᠠᠭᠰᠠᠨ ᠴᠠᠶᠢᠪᠤᠷ ᠮᠠᠯᠠᠭᠠᠢ᠂ ᠬᠥᠯᠥᠰᠦ ᠳᠠᠭᠠᠪᠤᠷᠢᠯᠠᠭᠰᠠᠨ ᠬᠠᠭᠤᠴᠢᠨ ᠴᠠᠭᠠᠨ ᠴᠠᠮᠴᠠ᠂ ᠰᠢᠩᠭᠡᠨ ᠰᠢᠷᠭᠠᠯ | ᠬᠠᠭᠤᠴᠢᠨ ᠥᠮᠥᠳᠦ᠂ ᠤᠷᠠᠩᠬᠠᠢ ᠪᠥᠰ ᠱᠠᠬᠠᠢ ᠲᠠᠢ᠂ ᠭᠠᠷ ᠬᠤᠭᠤᠰᠣᠨ ᠬᠥᠥ ᠪᠣᠯᠬᠤᠷ ᠥᠷᠭᠦᠯᠵᠢ ︽ᠲᠠᠶᠢᠰᠤᠨ︾ ᠪᠣᠯᠵᠤ ᠲᠣᠭᠯᠠᠳᠠᠭ ᠪᠠᠶᠢᠪᠠ᠃ | ᠪᠡᠳᠡᠷᠡ ᠬᠥᠶᠥᠬᠦ ᠲᠡᠭᠲᠡᠬᠦ᠂ ᠥᠰᠥᠷᠭᠦ ᠬᠠᠷᠠᠶᠢᠬᠤ᠂ ᠪᠤᠯᠲᠠᠬᠤ ᠵᠠᠶᠢᠯᠠᠬᠤ᠂ ᠬᠡᠢ ᠳᠤ ᠴᠠᠭᠠᠷᠢᠭᠯᠠᠬᠤ᠂ ᠲᠣᠩᠭᠤᠷᠴᠤᠭᠯᠠᠨ ᠡᠷᠭᠢᠯᠳᠥᠭᠦ ᠳᠡᠭᠡᠨ ᠰᠥᠷᠡᠬᠡᠢ | ᠴᠢᠳᠠᠪᠤᠷᠢ ᠲᠠᠢ ᠲᠤᠯᠠ ᠪᠡᠶᠡᠨᠡ᠂ ᠪᠠᠶᠠᠰᠬᠤ ᠬᠤᠶᠠᠷ ᠶᠠᠭᠠᠬᠢᠵᠤ ᠬᠥᠭᠡᠭᠡᠭᠰᠡᠨ ᠴᠤ ᠬᠥᠭᠡᠭᠡᠵᠦ ᠭᠥᠴᠥᠷᠳᠡᠭ ᠦᠭᠡᠢ᠃ ᠪᠡᠳᠡᠷᠡ ᠲᠣᠲᠠᠭᠠᠵᠤ ᠪᠠᠶᠢᠭᠠᠳ | ᠭᠡᠨᠡᠳᠲᠡ ᠥᠨᠡᠭᠡᠷ ︽ᠥᠭᠦᠴᠢᠭᠡᠭᠰᠡᠨ︾ ᠮᠡᠲᠦ ᠤᠭᠲᠤ ᠭᠥᠳᠡᠯᠥᠯ ᠦᠭᠡᠢ ᠳᠠᠩᠭᠠᠶᠢᠨ ᠬᠡᠪᠲᠡᠴᠢᠭᠡᠳᠡᠭ ᠪᠠᠶᠢᠯ᠎ᠠ᠃ ᠪᠡᠶᠡᠨᠡ᠂ ᠪᠠᠶᠠᠰᠬᠤ ᠬᠤᠶᠠᠷ | ︽ᠠᠮᠢᠳᠤ ᠪᠠᠷ ᠨᠢ ᠪᠠᠷᠢᠵᠤ ᠠᠪ︾ ᠬᠡᠮᠡᠨ ᠬᠠᠰᠬᠢᠷᠤᠯᠲᠤᠨ ᠠᠮᠢᠰᠬᠤᠭ᠎ᠠ ᠠᠯᠳᠠᠨ ᠲᠥᠩᠭᠡᠵᠦ ᠬᠦᠢᠴᠡᠨ ᠤᠴᠢᠬᠤ ᠳᠤ ᠨᠢ ᠪᠡᠳᠡᠷᠡ ᠭᠡᠨᠡᠳᠲᠡ ︽ᠴᠠᠭᠠᠷᠢᠭᠯᠠᠨ︾ | ᠪᠣᠰᠴᠤ ︽ᠲᠣᠩᠭᠤᠷᠴᠤᠭᠯᠠᠨ︾ ᠡᠷᠭᠢᠯᠳᠥᠭᠡᠳ ᠥᠢᠷᠡᠲᠤᠬᠤ ᠶᠢᠨ ᠴᠦ ᠠᠷᠭ᠎ᠠ ᠦᠭᠡᠢ ᠪᠣᠯᠭᠠᠴᠢᠬᠠᠳᠠᠭ ᠪᠠᠶᠢᠯ᠎ᠠ᠃ ᠪᠡᠳᠡᠷᠡ ᠥᠡᠳᠥᠷ ᠮᠠᠩᠬᠠᠨ ᠤ ᠬᠠᠵᠠᠭᠤ | ᠤᠷᠤᠭᠤ ᠨᠢᠭᠡ ᠥᠰᠥᠷᠥᠭᠡᠳ ᠮᠠᠩᠬᠠᠨ ᠢᠷᠥᠭᠠᠷ ᠲᠤ ᠨᠢ ᠲᠤᠯᠴᠢᠬᠠᠳᠠᠭ ᠴᠦ ᠪᠠᠶᠢᠯ᠎ᠠ ᠃ | ᠡᠶᠢᠮᠦ ᠠᠴᠠ ᠲᠡᠳᠡ ᠬᠤᠶᠠᠷ ᠪᠠᠷᠢᠵᠤ ᠲᠡᠶᠢᠯᠬᠦ ᠦᠭᠡᠢ ᠪᠣᠯᠬᠤ ᠳᠠᠭᠠᠨ᠄ ︽ᠣᠳᠤ ᠲᠣᠭᠯᠠᠭᠠᠮ ᠲᠡᠭᠦᠰᠥᠭᠰᠡᠨ᠂ ᠪᠡᠳᠡᠷᠡ ᠡ᠂ ᠴᠢ ᠢᠷ᠎ᠡ᠂ ᠪᠢᠳᠡ | ᠬᠤᠶᠠᠷ ᠴᠢᠮ᠎ᠠ ᠳᠤ ︿ᠭᠠᠷ ᠫᠣᠣ﹀ ᠪᠠᠨ ᠲᠣᠭᠯᠠᠭᠤᠯᠤᠶᠠ ︾ ᠬᠡᠮᠡᠨ ᠬᠠᠭᠤᠷᠤᠨ ᠮᠡᠬᠡᠯᠡᠵᠦ ᠪᠠᠷᠢᠵᠤ ᠠᠪᠤᠮᠠᠭᠴᠠ᠄ ︽ᠮᠠᠭᠤ ︿ᠳᠠᠶᠢᠰᠤᠨ﹀ ᠴᠢ ᠣᠳᠤ | ᠨᠢᠭᠡ ᠳᠤᠳᠠᠭᠠᠵᠤ ᠦᠵᠡ ︾ ᠬᠡᠮᠡᠨ ᠠᠭᠤᠷ ᠲᠠᠭᠠᠨ ᠪᠠᠰᠠ ︽ᠬᠠᠲᠠᠭᠤ ᠲᠣᠭᠯᠠᠭᠠᠮ︾ ᠤᠨ ᠠᠮᠲᠠ ᠥᠵᠡᠭᠦᠯᠴᠢᠭᠡᠳᠡᠭ ᠪᠠᠶᠢᠯ᠎ᠠ᠃ ᠪᠡᠶᠡᠨᠡ᠂ ᠪᠠᠶᠠᠰᠬᠤ | ᠬᠤᠶᠠᠷ᠄ ︽ ᠪᠢᠳᠡ ᠬᠤᠶᠠᠷ ᠴᠢᠮ᠎ᠠ ᠶᠢ ︿ ᠪᠦᠦ ᠬᠥᠳᠡᠯ﹀ ᠭᠡᠵᠦ ᠵᠠᠷᠯᠢᠭ ᠪᠠᠭᠤᠯᠭᠠᠮᠠᠭᠴᠠ ᠴᠢ ᠳᠡᠡᠳᠡ ᠪᠠᠨ ᠵᠠᠪᠠᠯ ᠭᠥᠳᠡᠯᠥᠯ ᠦᠭᠡᠢ ᠵᠣᠭᠰᠤᠵᠤ ᠪᠠᠶᠢᠬᠤ | ᠬᠡᠷᠡᠭᠲᠡᠢ᠂ ᠪᠢᠳᠡ ᠬᠤᠶᠠᠷ ᠴᠢᠮ᠎ᠠ ᠶᠢ ︿ ᠭᠠᠷ ᠢᠶᠠᠨ ᠡᠷᠭᠦᠵᠦ ᠪᠠᠭᠤᠵᠤ ᠥᠭ﹀ ᠭᠡᠵᠦ ᠵᠠᠷᠯᠢᠭᠳᠠᠪᠠᠯ ᠴᠢ ᠵᠠᠪᠠᠯ ᠭᠠᠷ ᠢᠶᠠᠨ ᠡᠷᠭᠦᠵᠦ ᠪᠠᠭᠤᠵᠤ | ᠥᠭᠭᠦᠭᠰᠡᠨ ᠪᠠᠶᠢᠬᠤ ᠬᠡᠷᠡᠭᠲᠡᠢ᠃ ᠪᠢᠳᠡ ᠬᠤᠶᠠᠷ ᠤᠨ ᠭᠠᠷ ᠫᠤᠤ ︿ᠫᠢᠩ﹀ ᠭᠡᠵᠦ ᠳᠤᠤᠭᠠᠷᠤᠮᠠᠭᠴᠠ ᠴᠢ ᠳᠡᠡᠳᠡ ᠪᠠᠨ ᠵᠠᠪᠠᠯ ︿ᠥᠭᠦᠭᠰᠡᠨ﹀ ᠪᠠᠶᠢᠬᠤ | ᠬᠡᠷᠡᠭᠲᠡᠢ᠃ ᠳᠤᠳᠠᠭᠠᠵᠤ ᠪᠣᠯᠬᠤ ᠦᠭᠡᠢ᠃ ᠮᠡᠳᠡᠪᠡ ᠦᠦ︖︾ ᠭᠡᠪᠡᠯ᠂ ᠪᠡᠳᠡᠷᠡ ᠪᠠᠶᠢᠳᠠᠭ ᠪᠥᠬᠦᠢ ᠱᠠᠭᠠᠷᠳᠠᠯᠭ᠎ᠠ ᠶᠢ ᠨᠢ ᠪᠥᠬᠦᠨ ᠢ ᠨᠢ ᠵᠥᠪᠰᠢᠶᠡᠷᠡᠳᠡᠭ | ᠪᠣᠯᠪᠠᠴᠤ ᠲᠥᠩᠭᠡᠵᠦ ᠨᠢᠭᠡ ᠯᠠ ᠠᠯᠳᠠᠭᠤᠯᠤᠭᠠᠳ ᠠᠪᠤᠯ᠎ᠠ ᠭᠡᠭᠰᠡᠭᠡᠷ ᠳᠠᠬᠢᠵᠤ ᠶᠠᠭ ᠪᠠᠷᠢᠭᠳᠠᠳᠠᠭ ᠦᠭᠡᠢ ᠪᠠᠶᠢᠪᠠ᠃ | ᠪᠢᠴᠢᠬᠠᠨ ᠪᠡᠳᠡᠷᠡ ᠪᠢ ᠬᠡᠵᠢᠶ᠎ᠡ ᠡᠶᠢᠮᠦ ᠰᠠᠶᠢᠬᠠᠨ ︽ᠴᠡᠷᠢᠭ ᠤᠨ ᠨᠤᠭᠤᠭᠠᠨ ᠬᠤᠪᠴᠠᠰᠤ︾ ᠂ ︽ᠭᠠᠷ ᠫᠤᠤ︾ ᠲᠠᠢ ᠪᠣᠯᠴᠢᠬᠠᠬᠤ ᠪᠣᠯ ᠳ᠋ᠠ︖ ᠭᠡᠵᠦ | ᠥᠷᠭᠦᠯᠵᠢ ᠬᠥᠰᠡᠳᠡᠭ ᠪᠠᠶᠢᠯ᠎ᠠ ᠃ ᠨᠢᠭᠡᠨ ᠡᠳᠥᠷ ᠪᠡᠳᠡᠷᠡ ᠰᠠᠨᠠᠮᠰᠠᠷ ᠦᠭᠡᠢ ︽ᠨᠡᠷ᠎ᠡ ᠶᠢ ᠨᠢ ᠥᠯᠥ ᠮᠡᠳᠡᠬᠦ ᠥᠷᠭᠡᠨ ᠨᠠᠪᠴᠢᠷᠠᠭᠠ ᠲᠠᠢ ᠨᠢᠭᠡᠨ ᠤᠰᠤᠯᠢᠭ | ᠡᠪᠡᠰᠦ︾ ᠶᠢ ᠲᠡᠭᠦᠵᠦ ᠠᠪᠤᠭᠠᠳ ᠪᠢᠯᠴᠠᠯᠠᠭᠰᠠᠨ ᠳᠤ ᠨᠣᠭᠤᠭᠠᠨ ᠰᠢᠬᠦᠰᠦ ᠴᠤᠪᠤᠵᠤ ᠪᠠᠶᠢᠯ᠎ᠠ᠃ ᠲᠡᠭᠡᠭᠡᠳ ᠥᠮᠥᠲᠥᠨ ᠳᠡᠭᠡᠨ ᠠᠷᠴᠢᠭᠰᠠᠨ ᠳᠤ ᠥᠮᠥᠳᠥᠨ ᠳᠤ | ᠨᠢ ᠬᠠᠷᠢᠨ ︽ᠨᠣᠭᠤᠭᠠᠨ ᠪᠤᠲᠤᠭ ︾ ᠰᠠᠭᠤᠴᠢᠬᠠᠪᠠ᠃ ᠡᠨᠡ ᠡᠪᠡᠰᠦ ᠬᠠᠷᠢᠨ ᠰᠠᠶᠢᠬᠠᠨ ᠨᠣᠭᠤᠭᠠᠨ ᠪᠤᠳᠤᠭ ᠲᠠᠢ ᠡᠪᠡᠰᠦ ᠪᠠᠶᠢᠵᠠᠢ ᠭᠡᠮᠡᠨ ᠰᠣᠨᠢᠷᠬᠠᠨ ᠲᠡᠷᠡ | ᠡᠪᠡᠰᠦ ᠶᠢ ᠬᠤᠪᠴᠠᠰᠤᠨ ᠳᠡᠭᠡᠷ᠎ᠡ ᠪᠠᠨ ᠪᠢᠯᠴᠠᠯᠠᠨ ᠵᠥᠯᠬᠦᠯᠵᠦ ᠪᠠᠶᠢᠭᠠᠳ ᠮᠠᠯᠠᠭᠠᠢ᠂ ᠴᠠᠮᠴᠠ᠂ ᠥᠮᠥᠳᠥ ᠪᠠᠨ ᠪᠦᠷ ᠨᠣᠭᠤᠭᠠᠨ ᠢᠶᠠᠷ ᠪᠤᠳᠤᠭᠠᠳ ᠠᠪᠤᠯ᠎ᠠ᠃ | ᠪᠠᠰᠠ ᠨᠢᠭᠡᠨ ᠵᠦᠢᠯ ᠤᠨ ᠤᠯᠠᠭᠠᠨ ᠬᠤᠨᠳᠣᠨ ᠤᠰᠤᠯᠢᠭ ᠴᠡᠴᠡᠭ ᠢ ᠳᠡᠬᠦᠵᠦ ᠠᠪᠤᠭᠠᠳ ᠮᠠᠯᠠᠭᠠᠢ ᠳᠡᠭᠡᠷ᠎ᠡ ᠪᠠᠨ ︽ᠤᠯᠠᠭᠠᠨ ᠣᠳᠤ ︾᠂ ᠵᠠᠭᠠᠮᠠᠨ | ᠳᠡᠭᠡᠷ᠎ᠡ ᠪᠠᠨ ︽ ᠤᠯᠠᠭᠠᠨ ᠲᠤᠭ︾ ᠰᠢᠮᠡᠳᠭᠡᠨ ᠵᠢᠷᠤᠭᠠᠳ ᠠᠪᠤᠯ᠎ᠠ᠃ ᠪᠡᠳᠡᠷᠡ ᠪᠠᠶᠠᠷᠯᠠᠨ ︽ᠪᠢ ᠣᠳᠤ ᠴᠡᠷᠢᠭ ᠤᠨ ᠨᠣᠭᠤᠭᠠᠨ ᠬᠤᠪᠴᠠᠰᠤ ᠲᠠᠢ | ᠪᠣᠯᠴᠢᠬᠠᠯ᠎ᠠ᠃ ᠪᠢ ᠬᠤᠵᠢᠮ ᠴᠡᠷᠢᠭ ᠲᠤ ᠶᠠᠪᠤᠨ᠎ᠠ ︾ ᠭᠡᠵᠦ ᠰᠡᠳᠭᠢᠯ ᠳᠡᠭᠡᠨ ᠲᠠᠩᠭᠠᠷᠢᠭ ᠲᠠᠯᠪᠢᠵᠡᠢ ᠃ ᠲᠡᠷᠡ ︽ᠡᠪᠡᠰᠦ ᠪᠠᠷ ᠪᠣᠲᠣᠭᠰᠠᠨ ᠴᠠᠮᠴᠠ︾ | ᠪᠠᠨ ᠴᠠᠶᠢᠳᠠᠮ ᠤᠨ ᠳᠤᠮᠳᠠᠬᠢ ᠨᠢᠯᠬ᠎ᠠ ᠨᠣᠭᠤᠭᠠᠨ ᠤ ᠳᠡᠭᠡᠷ᠎ᠡ ᠬᠠᠲᠠᠭᠠᠵᠤ ᠲᠠᠯᠪᠢᠪᠠ᠃ ᠬᠠᠶᠢᠷᠠᠲᠠᠢ ᠢᠰᠢᠭᠡ ᠤᠳ ᠨᠢ ᠢᠷᠡᠭᠡᠳ ᠴᠠᠮᠴᠠ ᠶᠢ ᠥᠨᠥᠷᠯᠡᠨ | ᠪᠠᠶᠢᠭᠰᠠᠨ ᠢᠶᠠᠨ ᠬᠠᠮᠤᠭ ᠤᠨ ᠬᠠᠶᠢᠷᠠᠲᠠᠢ ︽ ᠡᠷᠡᠤ ᠴᠠᠭᠠᠨ︾ ᠤᠯᠠᠭᠠᠨ ᠢᠰᠢᠭᠡ ᠨᠢ ᠬᠠᠷᠢᠨ ᠡᠮᠥᠨ᠎ᠡ ᠬᠤᠷᠮᠤᠢ ᠶᠢ ᠨᠢ ᠵᠠᠵᠢᠯᠠᠭᠠᠳ ᠰᠢᠳᠥᠨ ᠤ | ᠰᠤᠷᠪᠢ ᠪᠠᠨ ᠰᠠᠭᠤᠯᠭᠠᠴᠢᠬᠠᠭᠰᠠᠨ ᠪᠠᠶᠢᠯ᠎ᠠ ᠃ ᠪᠢᠴᠢᠬᠠᠨ ᠪᠡᠳᠡᠷᠡ ᠰᠠᠠᠳᠤᠷᠤᠨ ᠄ ︽ᠬᠦᠢ᠂ ᠡᠷᠡᠤ ᠴᠠᠭᠠᠨ ᠤᠯᠠᠭᠠᠨ ᠢᠰᠢᠬᠡ︾ ᠮᠢᠨᠢ ᠂ ᠴᠢ ᠡᠩᠭᠡᠷ ᠢ | ᠮᠢᠨᠢ ᠵᠠᠵᠢᠯᠵᠤ ᠪᠣᠯᠬᠤ ᠦᠭᠡᠢ ᠰᠢᠦ ᠃ ᠪᠢ ᠴᠢᠮ᠎ᠠ ᠳᠤ ᠴᠡᠴᠡᠭ ᠲᠡᠭᠦᠵᠦ ᠢᠳᠡᠬᠦᠯᠥᠶᠡ︾ ᠭᠡᠳ ︽ᠡᠷᠡᠤ ᠴᠠᠭᠠᠨ︾ ᠤᠯᠠᠭᠠᠨ ᠢᠰᠢᠭᠡ ᠪᠠᠨ ᠨᠢᠭᠡ | ᠥᠨᠥᠰᠴᠦ ᠠᠪᠤᠭᠠᠳ ᠴᠡᠴᠡᠭ ᠲᠡᠭᠦᠵᠦ ᠲᠡᠵᠢᠭᠡᠪᠡ᠃ ᠦᠳᠡ ᠶᠢᠨ ᠬᠤᠶᠢᠨ᠎ᠠ ᠪᠣᠯᠬᠤ ᠳᠤ ᠪᠡᠳᠡᠷᠡ ᠢᠰᠢᠭᠡ ᠪᠠᠨ ᠳᠠᠭᠤᠵᠤ ᠬᠠᠷᠢᠵᠤ ᠢᠷᠡᠭᠰᠡᠨ ᠳᠤ | ᠪᠡᠳᠡᠷᠡ ᠶᠢᠨ ᠮᠥᠮᠥ ᠨᠢ ᠬᠤᠯᠠ ᠠᠴᠠ ᠬᠠᠷᠠᠭᠠᠳ᠄ ︽ ᠬᠥᠥ ᠮᠢᠨᠢ ᠡ᠂ ᠴᠢ ᠬᠤᠪᠴᠠᠰᠤ ᠪᠠᠨ ᠠᠶᠢᠯ ᠤᠨ ᠭᠡᠤᠭᠡᠳ ᠲᠠᠢ ᠰᠣᠯᠢᠴᠢᠬᠠᠭᠰᠠᠨ ᠶᠤᠮ ᠦᠦ︖︾ | ᠭᠡᠵᠦ ᠭᠠᠶᠢᠬᠠᠨ ᠠᠰᠠᠭᠤᠭᠰᠠᠨ ᠳᠤ ᠪᠢᠴᠢᠬᠠᠨ ᠪᠡᠳᠡᠷᠡ ᠨᠢ᠄ ︽ ᠮᠥᠮᠥ ᠡ᠂ ᠪᠢ ᠲᠠᠶᠢᠮᠦ ᠨᠢᠭᠡᠨ ᠨᠡᠷ᠎ᠡ ᠶᠢ ᠨᠢ ᠥᠯᠥ ᠮᠡᠳᠡᠬᠦ ᠥᠷᠭᠡᠨ ᠨᠠᠪᠴᠢᠲᠡᠢ | ᠨᠣᠭᠤᠭᠠᠨ ᠥᠩᠭᠡ ᠲᠠᠢ ᠤᠰᠤᠯᠢᠭ ᠡᠪᠡᠰᠦ ᠪᠠᠷ ᠪᠤᠳᠤᠭᠠᠳ ᠠᠪᠤᠭᠰᠠᠨ ᠶᠤᠮ᠃ ᠤᠳᠣ ᠪᠢ ᠶᠠ ︿ᠴᠡᠷᠢᠭ ᠪᠣᠯᠴᠢᠬᠠᠭᠰᠠᠨ ᠰᠢᠦ﹀ ᠃ ᠪᠡᠶᠡᠨᠡ᠂ ᠪᠠᠶᠠᠰᠬᠤ | ︿ᠴᠡᠷᠢᠭ ᠤᠨ ᠨᠣᠭᠤᠭᠠᠨ ᠬᠤᠪᠴᠠᠰᠤ﹀ ᠲᠠᠢ᠂ ︿ ᠭᠠᠷ ᠫᠤᠤ﹀ ᠲᠠᠢ ᠲᠤᠯᠠ ᠬᠡᠵᠢᠶᠡᠳᠡ ᠴᠡᠷᠢᠭ ᠪᠣᠯᠵᠤ ᠂ ᠪᠢ ᠥᠷᠭᠦᠯᠵᠢ ︿ᠲᠠᠶᠢᠰᠤᠨ﹀ ᠪᠣᠯᠵᠤ | ᠲᠣᠭᠯᠠᠳᠠᠭ᠃ ᠵᠠᠷᠢᠮ ᠳᠠᠭᠠᠨ ᠲᠡᠳᠡ ᠬᠤᠶᠠᠷ ᠨᠠᠮ᠎ᠠ ᠶᠢ ᠪᠠᠷᠢᠭᠠᠳ ᠠᠪᠤᠪᠠᠯ ᠨᠠᠳᠠ ᠳᠤ ᠪᠠᠰᠠ ︿ᠬᠠᠲᠠᠭᠤ ᠲᠣᠭᠯᠠᠭᠠᠮ﹀ ᠤᠨ ︿ᠠᠮᠲᠠ﹀ ᠥᠵᠡᠭᠦᠯᠳᠡᠭ ᠃ | ᠭᠡᠪᠡᠴᠦ ᠲᠡᠭᠡᠵᠦ ᠲᠣᠭᠯᠠᠬᠤ ᠨᠢ ᠥᠨᠡᠭᠡᠷ ᠰᠠᠶᠢᠬᠠᠨ ᠰᠢᠦ ᠃ ᠮᠥᠮᠥ ᠡ ︾ ᠭᠡᠵᠦ ᠥᠨᠡᠨ ᠢᠶᠠᠨ ᠬᠡᠯᠡᠪᠡ᠃ ᠪᠠᠳᠮ᠎ᠠ ᠢᠨᠢᠶᠠᠳᠦ ᠪᠢᠯᠬᠠᠭᠤᠯᠤᠨ᠄ ︽ᠮᠢᠨᠥ | ᠬᠥᠥ ᠥᠨᠡᠭᠡᠷ ᠤᠬᠠᠭᠠᠨ ᠲᠠᠢ︾ ᠭᠡᠳ ᠬᠥᠥ ᠪᠠᠨ ᠨᠢᠭᠡ ᠥᠨᠥᠰᠴᠦ ᠠᠪᠤᠭᠠᠳ ᠴᠠᠭᠠᠰᠢ ᠪᠠᠨ ᠬᠠᠨᠳᠤᠭᠠᠳ ᠬᠠᠷᠢᠨ᠄ ︽ᠡᠷ᠎ᠡ ᠮᠢᠨᠢ ᠡᠷᠲᠡ ᠨᠠᠰᠤ | ᠪᠠᠷᠠᠭᠰᠠᠨ ᠠᠴᠠ ᠠᠮᠢᠳᠤᠷᠠᠯ ᠮᠢᠨᠢ ᠵᠥᠳᠡᠬᠦᠥ ᠪᠣᠯᠬᠤᠷ ᠠᠶᠢᠯ ᠤᠨ ᠬᠡᠤᠭᠡᠳ ᠤᠳ ᠪᠡᠯᠴᠢᠭᠡᠷ ᠲᠤ ᠭᠠᠷᠴᠤ ᠢᠩᠬᠢᠵᠦ ︿ᠲᠣᠭᠯᠠᠳᠠᠭ ﹀ ᠪᠠᠶᠢᠬᠤ ᠶᠤᠮ | ᠪᠠᠶᠢᠨ᠎ᠠ᠃ ᠭᠡᠪᠡᠴᠦ ᠠᠶᠢᠯ ᠤᠨ ᠬᠡᠤᠭᠡᠳ ᠢ ᠪᠣᠷᠣᠭᠤᠳᠬᠠᠵᠤ ᠪᠣᠯᠬᠤ ᠦᠭᠡᠢ︾ ᠭᠡᠮᠡᠨ ᠨᠢᠭᠡ ᠰᠠᠶᠢᠨ ᠣᠬᠢᠯᠠᠭᠠᠳ ᠠᠪᠤᠪᠠ᠃ | ᠮᠠᠷᠭᠠᠰᠢ ᠥᠷᠯᠥᠭᠡ ᠨᠢ ᠪᠠᠳᠮ᠎ᠠ ᠮᠣᠷᠢ ᠪᠠᠨ ᠡᠮᠡᠭᠡᠯᠯᠡᠵᠤ᠄ ︽ᠪᠡᠳᠡᠷᠡ ᠡ᠂ ᠮᠥᠮᠥ ᠨᠢ ᠬᠤᠰᠢᠭᠤᠨ ᠳᠤ ᠶᠠᠪᠤᠭᠠᠳ ᠢᠷᠡᠶ᠎ᠡ᠃ ᠬᠥᠥ ᠮᠢᠨᠢ ᠢᠰᠢᠭᠡ ᠪᠠᠨ | ᠰᠠᠶᠢᠠᠬᠨ ᠠᠳᠤᠭᠤᠯᠵᠤ ᠪᠠᠶᠢᠭᠠᠷᠠᠢ︾ ᠭᠡᠵᠦ ᠨᠠᠶᠢᠳᠠᠪᠠ ᠃ ᠪᠠᠳᠮ᠎ᠠ ᠬᠡᠳᠦᠨ ᠵᠢᠯ ᠤᠨ ᠲᠤᠷᠰᠢ ᠪᠡᠯᠴᠢᠭᠡᠷ ᠠᠴᠠ ᠲᠡᠭᠦᠵᠦ ᠲᠠᠯᠪᠢᠭᠰᠠᠨ ᠮᠠᠯ ᠤᠨ ᠶᠠᠰᠤ᠂ | ᠰᠢᠪᠠᠭ ᠤᠨ ᠥᠵᠥᠭᠦᠷ᠂ ᠬᠠᠷᠭᠠᠨ᠎ᠠ ᠶᠢᠨ ᠥᠷᠭᠡᠰᠦᠨ ᠠᠴᠠ ᠲᠡᠭᠦᠵᠦ ᠬᠤᠷᠢᠶᠠᠭᠰᠠᠨ ᠬᠤᠨᠢ ᠢᠮᠠᠭᠠᠨ ᠤ ᠠᠬᠠᠷ ᠨᠣᠣᠰᠤ ᠪᠥᠭᠦᠨ ᠢ ᠰᠠᠪᠠᠯᠠᠵᠤ᠂ | ᠲᠠᠷᠤᠭᠤᠯᠵᠤ ᠭᠥᠷᠥᠭᠰᠡᠨ ᠤᠷᠲᠤ ᠬᠠᠷ᠎ᠠ ᠭᠡᠵᠢᠭᠡ ᠪᠠᠨ ᠬᠠᠶᠢᠴᠢᠯᠠᠵᠤ ᠂ ᠪᠠᠰᠠ ᠬᠤᠶᠠᠷ ᠵᠢᠩ ᠥᠭᠡᠭᠦᠨ ᠲᠤᠰᠤ ᠪᠠᠨ ᠠᠪᠤᠭᠠᠳ ᠬᠤᠰᠢᠭᠤᠨ ᠳᠤ ᠶᠠᠪᠤᠪᠠ᠃ | ᠪᠠᠳᠮ᠎ᠠ ᠪᠠᠯᠠᠷ ᠤᠨ ᠮᠠᠩᠬᠠᠨ ᠳᠤ ᠣᠷᠣᠭᠠᠳ ᠮᠣᠷᠢᠨ ᠠᠴᠠ ᠪᠠᠨ ᠪᠠᠭᠤᠵᠤ ᠮᠣᠷᠢ ᠪᠠᠨ ᠭᠥᠲᠥᠯᠥᠨ ᠶᠠᠪᠤᠵᠤ ᠪᠠᠶᠢᠳᠠᠯ᠎ᠠ ᠮᠠᠩᠬᠠᠨ ᠴᠣᠭᠤᠷᠬᠠᠢ ᠳᠤ ᠰᠠᠯᠬᠢᠨ ᠳᠤ | ᠥᠯᠢᠶᠡᠭᠳᠡᠨ ᠭᠠᠷᠤᠭᠰᠠᠨ ᠨᠡᠯᠢᠶᠡᠳ ᠭᠠᠤᠯᠢᠨ ᠵᠣᠭᠤᠰ᠂ ᠭᠠᠤᠯᠢᠨ ᠤ ᠵᠦᠢᠯᠡᠰ᠂ ᠰᠤᠮᠤᠨ ᠤ ᠭᠠᠤᠯᠢᠨ ᠲᠥᠩᠰᠡᠨ᠂ ᠲᠡᠮᠥᠷ ᠤᠨ ᠵᠦᠢᠯᠡᠰ ᠂ ᠮᠠᠯ ᠤᠨ | ᠶᠠᠰᠤ ᠲᠠᠭᠠᠷᠠᠯᠲᠤᠭᠰᠠᠨ ᠲᠤᠯᠠ ᠪᠠᠶᠠᠷᠯᠠᠨ ᠲᠡᠭᠦᠵᠦ ᠠᠪᠤᠭᠠᠳ ᠬᠤᠰᠢᠭᠤᠨ ᠳᠤ ᠭᠥᠷᠥᠭᠡᠳ ︽ᠶᠠᠰᠤ᠂ ᠠᠬᠠᠷ ᠂ ᠨᠤᠤᠰᠤ᠂ ᠭᠠᠤᠯᠢ᠂ ᠲᠡᠮᠥᠷ᠂ ᠭᠡᠵᠢᠭᠡ︾ | ᠪᠠᠨ ᠬᠤᠳᠠᠯᠲᠤᠭᠠᠳ ᠵᠢᠭᠠᠬᠠᠨ ᠵᠣᠭᠤᠰ ᠣᠯᠣᠭᠰᠠᠨ ᠳᠠᠭᠠᠨ ᠲᠦᠢᠯ ᠢᠶᠠᠷ ᠪᠠᠶᠠᠷᠯᠠᠪᠠ᠃ ᠪᠠᠳᠮ᠎ᠠ ᠳᠡᠯᠭᠡᠭᠦᠷ ᠠᠴᠠ ᠨᠣᠭᠤᠭᠠᠨ ᠮᠠᠯᠠᠭᠠᠢ᠂ ᠨᠣᠭᠤᠭᠠᠨ | ᠵᠢᠶᠤᠤᠫᠢ ᠱᠠᠬᠠᠢ᠂ ᠲᠤᠭᠯᠠᠭᠠᠮ ︽ᠭᠠᠷ ᠫᠣᠣ ︾ ᠂ ᠨᠤᠭᠤᠭᠠᠨ ᠪᠥᠰ ᠢᠶᠠᠨ ᠠᠪᠤᠭᠠᠳ ᠵᠣᠭᠤᠰ ᠢᠶᠠᠨ ᠵᠠᠷᠤᠭᠠᠳ ᠪᠠᠷᠠᠴᠢᠬᠠᠪᠠ᠃ ᠪᠠᠳᠮ᠎ᠠ | ︽ᠣᠶᠣᠳᠠᠯᠴᠢᠨ ᠪᠠᠭᠰᠢ︾ ᠳᠤ ᠬᠤᠶᠠᠷ ᠵᠢᠩ ᠥᠭᠡᠬᠦᠨ ᠲᠤᠰᠤ ᠪᠠᠨ ᠥᠭᠭᠦᠭᠡᠳ ︽ ᠲᠥᠷᠪᠡᠨ ᠬᠠᠷᠮᠠᠨ ︾ ᠲᠠᠢ ︽ᠴᠡᠷᠢᠭ ᠤᠨ ᠳᠠᠷᠤᠭ᠎ᠠ ᠶᠢᠨ ᠨᠣᠭᠤᠭᠠᠨ | ᠬᠤᠪᠴᠠᠰᠤ ︾ ᠶᠢ ᠣᠶᠣᠭᠤᠯᠵᠤ ᠠᠪᠤᠭᠠᠳ ᠬᠠᠷᠢᠪᠠ᠃ | ᠪᠠᠳᠮ᠎ᠠ ᠥᠳᠡᠰᠢ ᠣᠷᠤᠢ ᠬᠠᠷᠢᠭᠠᠳ ᠢᠷᠡᠭᠰᠡᠨ ᠳᠤ ᠪᠢᠴᠢᠬᠠᠨ ᠬᠥᠥ ᠪᠡᠳᠡᠷᠡ ᠨᠢ ᠢᠰᠢᠭᠡ ᠪᠠᠨ ᠬᠠᠭᠠᠵᠤ᠂ ᠢᠮᠠᠭ᠎ᠠ ᠪᠠᠨ ᠬᠠᠭᠠᠰ ᠢ ᠨᠢ | ᠰᠠᠭᠠᠴᠢᠬᠠᠭᠰᠠᠨ ᠪᠠᠶᠢᠪᠠ᠃ ᠪᠠᠳᠮ᠎ᠠ ᠭᠥᠥ ᠪᠠᠨ ᠮᠠᠭᠳᠠᠨ ᠰᠠᠶᠢᠰᠢᠶᠠᠵᠤ ᠂ ᠢᠮᠠᠭ᠎ᠠ ᠪᠠᠨ ᠬᠠᠮᠵᠢᠵᠤ ᠰᠠᠭᠠᠵᠤ ᠪᠠᠷᠠᠭᠠᠳ ᠰᠦ ᠪᠠᠨ ᠳᠡᠬᠦᠵᠢᠯᠡᠨ ᠭᠡᠷ | ᠥᠭᠡᠳᠡ ᠪᠠᠨ ᠶᠠᠪᠤᠬᠤ ᠳᠠᠭᠠᠨ᠄ ︽ᠬᠥᠥ ᠮᠢᠨᠢ ᠴᠢ᠂ ᠥᠨᠥᠳᠥᠷ ᠶᠠᠭᠠᠬᠢᠭᠰᠠᠨ ᠰᠥᠷᠡᠬᠡᠢ ᠲᠣᠭᠤᠰᠣᠨ ᠳᠤ ᠳᠠᠷᠤᠭᠳᠠᠴᠢᠬᠠᠭᠰᠠᠨ ᠪᠤᠢ︖︾ ᠭᠡᠪᠡᠯ ᠄ ︽ ᠦ᠂ | ᠮᠥᠮᠥ ᠡ ᠂ ᠥᠨᠥᠳᠥᠷ ᠪᠠᠶᠠᠨ᠎ᠠ ᠂ ᠪᠠᠶᠠᠰᠬᠤ ᠬᠤᠶᠠᠷ ᠨᠠᠮ᠎ᠠ ᠶᠢ ᠥᠵᠡᠭᠡᠳ᠄ ︿ ᠬᠠᠭᠤᠴᠢᠨ ᠮᠠᠭᠤ ᠬᠤᠪᠴᠠᠰᠤ ᠪᠠᠨ ᠬᠠᠷᠢᠨ ᠡᠪᠡᠰᠦ ᠪᠠᠷ | ᠪᠤᠳᠤᠴᠢᠬᠠᠭᠠᠳ ᠬᠤᠪᠢᠰᠬᠠᠯᠲᠤ ᠴᠡᠷᠢᠭ ᠤᠨ ᠳᠣᠮᠳᠠ ᠰᠢᠷᠭᠤᠯᠤᠨ ᠣᠷᠣᠵᠤ ᠢᠷᠡᠭᠰᠡᠨ ︿ᠲᠠᠩᠨᠠᠭᠤᠯ ﹀ ᠪᠠᠶᠢᠨ᠎ᠠ ᠃ ᠡᠩᠭᠡᠷ ᠢᠶᠠᠨ ᠭᠥᠷᠲᠡᠯᠡ ᠢᠰᠢᠭᠡᠨ ᠳᠤ | ᠢᠳᠡᠬᠦᠯᠴᠢᠭᠡᠳᠡᠭ ᠡᠶᠢᠮᠦ ᠴᠡᠷᠢᠭ ᠭᠡᠵᠤ ᠪᠠᠰᠠ ᠪᠠᠶᠢᠳᠠᠭ ᠶᠤᠮ ᠦᠦ︖﹀ ᠭᠡᠮᠡᠨ ᠨᠠᠮ᠎ᠠ ᠶᠢ ᠪᠥᠰᠡᠯᠡᠨ ᠭᠥᠭᠡᠭᠡᠵᠦ ︿ᠫᠣᠣᠳᠠᠨ ᠠᠯᠠᠴᠢᠬᠠᠭᠠᠳ ﹀ | ᠮᠠᠩᠬᠠᠨ ᠳᠤ ᠪᠤᠯᠠᠬᠤ ᠪᠠᠷ ᠲᠣᠯᠣᠭᠠᠢ ᠤᠷᠤᠭᠤ ᠮᠢᠨᠢ ᠮᠠᠩᠬ᠎ᠠ ᠰᠠᠴᠤᠵᠤ ᠲᠣᠭᠯᠠᠭᠰᠠᠨ ᠳᠤ ᠪᠢ ᠭᠤᠳ ᠥᠰᠥᠷᠥᠨ ᠪᠤᠯᠲᠠᠨ ᠲᠤᠲᠠᠭᠠᠭᠠᠳ ᠳᠠᠬᠢᠵᠤ | ᠪᠠᠷᠢᠭᠳᠠᠭᠰᠠᠨ ᠦᠭᠡᠢ︾ ᠭᠡᠵᠦ ᠪᠠᠶᠠᠷᠲᠠᠢ ᠢᠨᠢᠶᠡᠨ ᠬᠡᠯᠡᠪᠡ᠃ | ᠪᠠᠳᠮ᠎ᠠ᠄ ︽ ᠬᠥᠥ ᠮᠢᠨᠢ ᠡ᠂ ᠮᠥᠮᠥ ᠨᠢ ᠥᠨᠥᠳᠥᠷ ᠶᠠᠭᠤ ᠠᠪᠤᠭᠠᠳ ᠢᠷᠡᠭᠰᠡᠨ ᠢ ᠲᠠᠭᠠᠵᠤ ᠦᠵᠡ︾ ᠭᠡᠪᠡᠯ᠂ ᠪᠡᠳᠡᠷᠡ᠄ ︽ᠪᠣᠳᠤᠪᠠᠯ ᠬᠡᠳᠦᠨ | ᠬᠠᠶᠢᠷᠴᠠᠭ ᠴᠥᠳᠡᠩ᠂ ᠳ᠋ᠧᠩ ᠤᠨ ᠲᠣᠰᠣ ᠪᠠᠶᠢᠬ᠎ᠠ ᠃ ᠮᠠᠨ ᠤ ᠵᠤᠭᠤᠰ ᠦᠭᠡᠢ ᠠᠶᠢᠯ ᠶᠤᠮ ᠡ︾ ᠭᠡᠪᠡ᠃ ᠪᠠᠳᠮ᠎ᠠ᠄ ︽ᠬᠥᠥ ᠮᠢᠨᠢ᠂ ᠳᠠᠬᠢᠵᠦ ᠨᠢᠭᠡ | ᠲᠠᠭᠠᠵᠤ ᠦᠵᠡ︾ ᠭᠡᠪᠡᠯ᠂ ᠪᠡᠳᠡᠷᠡ ᠬᠥᠥ ᠪᠠᠶᠠᠷᠯᠠᠨ᠄ ︽ᠨᠠᠳᠠ ᠳᠤ ᠰᠢᠬᠢᠷ ᠠᠪᠤᠭᠠᠳ ᠢᠷᠡᠭᠰᠡᠨ ᠴᠦ ᠶᠤᠮ ᠦᠦ︖︾ ᠭᠡᠪᠡ᠃ ᠪᠠᠳᠮ᠎ᠠ᠄ ︽ᠬᠥᠥ | ᠮᠢᠨᠢ ᠡ᠂ ᠰᠢᠬᠢᠷ ᠠᠴᠠ ᠴᠦ ᠰᠠᠶᠢᠬᠠᠨ ᠵᠦᠢᠯ ᠰᠢᠦ︾ ᠭᠡᠳ ᠠᠪᠴᠢᠷᠠᠭᠰᠠᠨ ᠵᠦᠢᠯ ᠢᠶᠠᠨ ᠪᠥᠬᠦᠨ ᠢ ᠭᠠᠷᠭᠠᠭᠰᠠᠨ ᠳᠤ ᠪᠡᠳᠡᠷᠡ ᠬᠥᠥ ᠳᠡᠰᠬᠡᠯ ᠦᠭᠡᠢ | ᠪᠠᠶᠠᠷᠯᠠᠨ ᠥᠰᠥᠷᠴᠦ ᠄ ︽ᠮᠥᠮᠥ ᠡ᠂ ᠮᠠᠨ ᠤ ᠬᠢ ᠶᠠᠭᠠᠬᠢᠭᠠᠳ ᠭᠡᠨᠡᠳᠲᠡ ᠡᠶᠢᠮᠦ ᠶᠡᠭᠡ ᠵᠤᠭᠤᠰ ᠲᠠᠢ ᠪᠣᠯᠴᠢᠬᠠᠭᠰᠠᠨ ᠪᠤᠢ︖︾ ᠭᠡᠵᠦ ᠭᠠᠶᠢᠬᠠᠨ | ᠠᠰᠠᠭᠤᠪᠠ ᠃ ᠮᠥᠮᠥ ᠨᠢ ᠲᠡᠭᠦᠨ ᠳᠤ ︽ᠶᠠᠰᠤ᠂ ᠠᠬᠠᠷ ᠂ ᠨᠤᠤᠰᠤ᠂ ᠭᠠᠤᠯᠢ᠂ ᠲᠡᠮᠥᠷ᠂ ᠭᠡᠵᠢᠭᠡ︾ ᠪᠠᠨ ᠬᠤᠳᠠᠯᠳᠤᠵᠤ ᠵᠢᠭᠠᠬᠠᠨ ᠵᠣᠭᠤᠰ ᠣᠯᠣᠭᠰᠠᠨ | ᠪᠠ ︽ᠣᠶᠣᠳᠠᠯᠴᠢᠨ ᠪᠠᠭᠰᠢ︾ ᠳᠤ ᠬᠤᠶᠠᠷ ᠵᠢᠩ ᠥᠭᠡᠬᠦᠨ ᠲᠤᠰᠤ ᠪᠠᠨ ᠥᠭᠴᠦ ᠬᠤᠪᠴᠠᠰᠤ ᠪᠠᠨ ᠣᠶᠣᠭᠤᠯᠵᠤ ᠠᠪᠤᠭᠰᠠᠨ ᠪᠥᠬᠦ ᠥᠩᠭᠡᠷᠡᠯᠲᠡ ᠪᠠᠨ | ᠶᠠᠷᠢᠵᠤ ᠥᠭᠭᠦᠭᠰᠡᠨ ᠳᠤ ᠪᠢᠴᠢᠬᠠᠨ ᠪᠡᠳᠡᠷᠡ ᠨᠢᠯᠪᠤᠰᠤ ᠪᠠᠨ ᠠᠷᠴᠢᠭᠠᠳ ᠥᠪᠴᠢ ᠪᠡᠶ᠎ᠡ ︿ ᠴᠡᠷᠢᠭ ᠤᠨ ᠬᠤᠪᠴᠠᠰᠤ﹀ ᠪᠠᠨ ᠡᠮᠥᠰᠴᠤ ᠂ ︿ᠭᠠᠷ ᠫᠤᠤ﹀ | ᠪᠠᠨ ᠠᠳᠬᠤᠭᠠᠳ ᠭᠡᠷ ᠲᠤ ᠨᠢ ︽ᠰᠢᠯ ᠲᠣᠯᠢ ︾ ᠦᠭᠡᠢ ᠤᠴᠢᠷ ᠠᠴᠠ ᠪᠡᠳᠡᠷᠡ ᠂ ᠳ᠋ᠧᠩ ᠤᠨ ᠭᠡᠷᠡᠯ ᠤᠨ ᠡᠮᠥᠨ᠎ᠡ ᠵᠣᠭᠰᠤᠵᠤ ᠪᠡᠶ᠎ᠡ ᠪᠠᠨ ᠰᠢᠡᠵᠢᠵᠤ | ᠥᠵᠡᠭᠡᠳ᠄ ︽ᠮᠥᠮᠥ ᠡ᠂ ᠪᠢ ᠬᠤᠵᠢᠮ ᠠᠷᠠᠳ ᠤᠨ ᠴᠡᠷᠢᠭ ᠲᠤ ᠶᠠᠪᠤᠨ᠎ᠠ︾ ᠭᠡᠵᠦ ᠬᠡᠯᠡᠮᠡᠭᠴᠡ ᠭᠠᠳᠠᠨ᠎ᠠ ᠭᠠᠷᠴᠤ ᠰᠠᠷᠠᠨ ᠤ ᠭᠡᠷᠡᠯ ᠳᠣᠣᠷ᠎ᠠ ᠨᠢᠭᠡᠨ ᠵᠡᠷᠭᠡ | ᠭᠥᠶᠥᠨ ᠳᠡᠭᠳᠡᠵᠦ᠂ ᠥᠰᠥᠷᠥᠨ ᠬᠠᠷᠠᠶᠢᠵᠤ ᠥᠵᠡᠪᠡ᠃ ᠭᠡᠪᠲᠡᠵᠦ ᠪᠠᠶᠢᠭᠰᠠᠨ ᠢᠮᠠᠭᠠᠨ ᠤ ᠪᠠᠨ ᠳᠤᠮᠳᠠ ᠤᠷᠤᠭᠠᠳ ︿ᠡᠷᠡᠤ ᠴᠠᠭᠠᠨ ᠤᠯᠠᠭᠠᠨ ᠢᠰᠢᠭᠡ﹀ | ᠪᠠᠨ ᠣᠯᠵᠤ ᠲᠡᠪᠡᠷᠢᠭᠡᠳ ᠄ ︿ ᠮᠠᠢ᠂ ᠴᠢ ᠦᠵᠡ᠂ ᠪᠢ ᠣᠳᠤ ᠶᠠᠭ ᠴᠡᠷᠢᠭ ᠤᠨ ᠬᠤᠪᠴᠠᠰᠤ ᠲᠠᠢ ᠪᠣᠯᠴᠢᠬᠠᠭᠰᠠᠨ ᠰᠢᠦ ᠃ ᠬᠤᠵᠢᠮ ᠪᠢ | ᠠᠷᠠᠳ ᠤᠨ ᠴᠡᠷᠢᠭ ᠲᠤ ᠶᠠᠪᠤᠨ᠎ᠠ︾ ᠭᠡᠳ ᠡᠷᠡᠤ ᠨᠢ ᠴᠠᠭᠠᠨ ᠤᠯᠠᠭᠠᠨ ᠢᠰᠢᠭᠡ ᠪᠠᠨ ᠥᠨᠥᠰᠥᠭᠡᠳ ᠠᠪᠤᠪᠠ ᠃ ᠪᠡᠳᠡᠷᠡ ᠪᠠᠶᠠᠷᠯᠠᠬᠤ ᠳᠠᠭᠠᠨ ᠭᠡᠷ ᠤᠨ | ᠣᠷᠣᠢ ᠳᠡᠭᠡᠷ᠎ᠡ ᠪᠠᠨ ᠠᠪᠠᠷᠢᠨ ᠭᠠᠷᠴᠤ ᠵᠣᠭᠰᠤᠴᠢᠬᠠᠭᠠᠳ ᠪᠡᠶᠡᠨᠡ ᠂ ᠪᠠᠶᠠᠰᠬᠤ ᠶᠢᠨ ᠭᠡᠷ ᠤᠨ ᠥᠭᠡᠳᠡ ᠬᠠᠨᠳᠤᠨ᠄ ︽ᠪᠢ ᠶᠠ ᠴᠡᠷᠢᠭ ᠤᠨ ᠬᠤᠪᠴᠠᠰᠣ | ᠲᠠᠢ ᠪᠣᠯᠴᠢᠬᠠᠭᠰᠠᠨ᠃ ᠪᠢ ᠬᠤᠵᠢᠮ ᠠᠷᠠᠳ ᠤᠨ ᠴᠡᠷᠢᠭ ᠲᠤ ᠶᠠᠪᠤᠨ᠎ᠠ︾ ᠭᠡᠵᠦ ᠥᠡᠳᠥᠷ ᠳᠠᠭᠤᠨ ᠢᠶᠠᠷ ᠬᠠᠰᠬᠢᠷᠪᠠ᠃ ᠪᠠᠳᠮ᠎ᠠ᠄ ︽ ᠬᠥᠥ ᠮᠢᠨᠢ᠂ ᠡᠨᠡ | ᠤᠷᠤᠢ ᠠᠶᠢᠷᠠᠭ ᠲᠤ ᠠᠮᠤ ᠪᠠᠨ ᠢᠳᠡᠭᠡᠳ ᠤᠡᠲᠡ︾ ᠭᠡᠪᠡᠯ᠂ ᠪᠡᠳᠡᠷᠡ᠄ ︽ᠮᠥᠮᠥ ᠡ᠂ ᠪᠢ ᠶᠠᠭ ᠥᠯᠥᠰᠴᠦ ᠦᠭᠡᠢ᠂ ᠥᠨᠥᠳᠥᠷ ᠪᠢ ᠬᠡᠭᠡᠷ᠎ᠡ ᠠᠴᠠ | ᠬᠡᠳᠦᠨ ᠠᠳᠬᠤ ︿ᠲᠡᠮᠡᠭᠡᠨ ᠬᠥᠬᠦ ﹀ ᠲᠡᠭᠦᠭᠡᠳ ᠢᠳᠡᠴᠢᠭᠡᠭᠰᠡᠨ ︾ ᠭᠡᠪᠡ᠃ ᠪᠡᠳᠡᠷᠡ ᠨᠢᠭᠡᠮᠥᠰᠦᠨ ᠭᠥᠭᠰᠡᠵᠦ ᠄ ︽ᠮᠥᠮᠥ ᠡ᠂ ᠥᠨᠥ ᠰᠦᠨᠢ ᠪᠢ | ᠬᠤᠪᠴᠠᠰᠤ ᠲᠠᠢ ᠪᠠᠨ ᠤᠠᠲᠠᠨᠠ︾ ᠭᠡᠳ ᠬᠤᠪᠴᠠᠰᠤ ᠲᠠᠢ ᠪᠠᠨ ᠤᠠᠲᠠᠴᠢᠬᠠᠪᠠ᠃ ᠰᠦᠨᠢ ᠳᠤᠮᠳᠠ ᠪᠡᠳᠮᠡ ᠪᠥᠰᠡᠬᠦᠢ ᠪᠣᠰᠴᠣ ᠳ᠋ᠧᠩ ᠢᠶᠠᠨ ᠠᠰᠠᠭᠠᠵᠤ᠄ | ︽ᠮᠢᠨᠥ ᠬᠥᠥ ᠬᠤᠵᠢᠮ ᠯᠠᠪᠲᠠᠢ ᠠᠷᠠᠳ ᠤᠨ ᠴᠡᠷᠢᠭ ᠲᠤ ᠶᠠᠪᠤᠨ᠎ᠠ︾ ᠭᠡᠵᠦ ᠭᠥᠥ ᠪᠠᠨ ᠥᠨᠥᠰᠴᠦ ᠠᠪᠤᠭᠠᠳ ᠱᠠᠬᠠᠢ ᠶᠢ ᠨᠢ ᠲᠠᠶᠢᠯᠵᠦ ᠲᠠᠯᠪᠢᠪᠠ᠃ | ᠪᠠᠳᠮ᠎ᠠ ᠬᠥᠥ ᠶᠢᠨ ᠢᠶᠠᠨ ︽ ᠥᠷᠭᠡᠨ ᠨᠠᠪᠴᠢᠲᠤ ᠤᠰᠤᠯᠢᠭ ᠡᠪᠡᠰᠦᠨ ᠤ ᠰᠢᠬᠦᠰᠦ ᠂ ᠤᠯᠠᠭᠠᠨ ᠥᠩᠭᠡᠲᠦ ᠴᠡᠴᠡᠭ ᠤᠨ ᠰᠢᠮ᠎ᠡ ᠪᠠᠷ ᠪᠤᠳᠤᠭᠰᠠᠨ︾ | ︽ᠤᠯᠠᠭᠠᠨ ᠤᠳᠣ︾᠂ ︽ᠤᠯᠠᠭᠠᠨ ᠲᠤᠭ ︾ ᠲᠠᠢ ᠂ ᠬᠠᠭᠤᠴᠢᠨ ︽ᠴᠡᠷᠢᠭ ᠤᠨ ᠬᠤᠪᠴᠠᠰᠤ ︾ ᠤᠳ ᠢ ᠨᠢ ᠰᠠᠶᠢᠬᠠᠨ ᠡᠪᠬᠡᠵᠤ ᠠᠪᠳᠠᠷ᠎ᠠ ᠳᠤ ᠪᠠᠨ | ᠬᠤᠷᠢᠶᠠᠪᠠ ᠃ | ᠥᠷᠯᠥᠭᠡ ᠡᠷᠲᠡ ᠪᠤᠰᠤᠭᠰᠠᠨ ᠪᠢᠴᠢᠬᠠᠨ ᠪᠡᠳᠡᠷᠡ ᠬᠥᠷᠢᠶ᠎ᠠ ᠬᠠᠰᠢᠶ᠎ᠡ ᠪᠠᠨ ᠱᠥᠭᠦᠷᠳᠡᠵᠤ ᠂ ᠴᠠᠢ ᠪᠠᠨ ᠴᠢᠨᠠᠵᠤ ᠪᠤᠵᠢᠭᠢᠨᠠᠵᠤ ᠭᠠᠷᠪᠠ ᠃ | ᠥᠷᠯᠥᠭᠡ ᠶᠢᠨ ᠴᠠᠢ ᠪᠠᠨ ᠤᠤᠭᠤᠭᠠᠳ ᠢᠰᠢᠭᠡᠨ ᠳᠡᠭᠡᠨ ᠶᠠᠪᠤᠭᠰᠠᠨ ᠪᠢᠴᠢᠬᠠᠨ ᠪᠡᠳᠡᠷᠡ ᠦᠳᠡ ᠳᠤ ᠰᠥᠷᠡᠬᠡᠢ ᠶᠡᠭᠡ ᠢᠨᠢᠶᠡᠴᠢᠭᠡᠭᠰᠡᠨ ᠢᠷᠡᠭᠡᠳ᠄ ︽ᠮᠥᠮᠥ | ᠡ᠂ ᠮᠥᠮᠥ ᠡ᠂ ᠥᠨᠥᠳᠥᠷ ᠪᠢᠳᠡ ᠭᠤᠷᠪᠠᠭᠤᠯᠠ ᠪᠦᠷ ᠠᠳᠠᠯᠢᠬᠠᠨ ᠠᠷᠠᠳ ᠤᠨ ᠴᠡᠷᠢᠭ ᠪᠣᠯᠴᠢᠬᠠᠯ᠎ᠠ ᠂ ᠲᠡᠭᠡᠭᠡᠳ ᠮᠠᠩᠬᠠᠨ ᠳᠤ ᠶᠠᠯᠮᠠᠩ ᠭᠥᠭᠡᠭᠡᠵᠦ | ᠲᠣᠭᠯᠠᠯ᠎ᠠ᠃ ᠪᠢ ᠨᠢᠭᠡ ᠶᠠᠯᠮᠠᠩ ᠢ ᠭᠥᠬᠡᠬᠡᠵᠦ ᠪᠠᠶᠢᠭᠠᠳ ᠪᠤᠯᠲᠠᠬᠤ ᠳᠤ ᠨᠢ ᠮᠠᠯᠠᠭᠠᠢ ᠪᠠᠷ ᠢᠶᠠᠨ ᠭᠥᠮᠥᠷᠢᠭᠡᠳ ᠪᠠᠷᠢᠵᠤ ᠠᠪᠤᠯ᠎ᠠ᠃ ᠪᠢᠳᠡ ᠭᠤᠷᠪᠠᠭᠤᠯᠠ | ᠶᠠᠯᠮᠠᠩ ᠭᠡᠭᠴᠢ ᠨᠢ ᠴᠣᠬᠤᠮ ᠶᠠᠮᠠᠷ ᠶᠠᠩᠵᠤ ᠲᠠᠢ ᠠᠮᠢᠲᠠᠨ ᠪᠠᠶᠢᠳᠠᠭ ᠢ ᠠᠩᠬ᠎ᠠ ᠤᠳᠠᠭ᠎ᠠ ᠲᠣᠲᠣᠷᠬᠠᠢ ᠥᠵᠡᠯ᠎ᠡ ᠃ ᠪᠢᠳᠡ ᠪᠠᠷᠢᠭᠰᠠᠨ ᠶᠡᠯᠮᠡᠩ ᠢᠶᠠᠨ | ᠮᠠᠭᠤᠴᠢᠯᠠᠭᠰᠠᠨ ᠦᠭᠡᠢ ᠪᠠᠷ ᠮᠠᠩᠬᠠᠨ ᠳᠤ ᠪᠤᠴᠠᠭᠠᠵᠤ ᠲᠠᠯᠪᠢᠯ᠎ᠠ︾ ᠭᠡᠵᠦ ᠥᠨᠥᠳᠥᠷ ᠤᠨ ᠪᠠᠶᠠᠷᠲᠤ ᠲᠣᠭᠯᠠᠭᠠᠮ ᠢᠶᠠᠨ ᠨᠢᠭᠡᠳ ᠨᠢᠭᠡ ᠪᠠᠷ ᠲᠣᠭᠠᠴᠠᠨ | ᠬᠡᠯᠡᠪᠡ᠃ ᠭᠤᠷᠪᠠᠨ ᠠᠶᠢᠯ ᠤᠨ ᠭᠤᠷᠪᠠᠨ ᠭᠡᠤᠭᠡᠳ ᠤᠨ ᠤᠴᠢᠷ ᠤᠳ ᠢᠩᠬᠢᠬᠡᠳ ᠯᠠ ᠥᠩᠭᠡᠷᠡᠭᠡᠳ ᠣᠨ ᠤᠳᠠᠪᠠ ᠂᠂᠂᠂᠂ | ᠪᠡᠳᠡᠷᠡ ᠠᠷᠪᠠᠨ ᠨᠠᠢᠮᠠᠨ ᠨᠠᠰᠤᠨ ᠳᠤ ᠪᠠᠨ ᠲᠤᠯᠤᠭᠠᠨ ᠵᠢᠯ ᠴᠡᠷᠢᠭ ᠲᠤ ᠶᠠᠪᠤᠭᠠᠳ ᠨᠠᠮ ᠳᠤ ᠣᠷᠣᠵᠤ᠂ ᠪᠠᠲᠯᠢᠶᠤᠨ ᠤ ᠳᠠᠷᠤᠭ᠎ᠠ ᠪᠣᠯᠵᠡᠢ ᠃ | ᠪᠡᠶᠡᠨᠡ ᠨᠢ ᠬᠤᠰᠢᠭᠤᠨ ᠤ ᠮᠠᠯ ᠠᠵᠤ ᠠᠬᠤᠢ ᠶᠢᠨ ᠲᠣᠪᠴᠢᠶᠠᠨ ᠤ ᠵᠢᠯᠣᠭᠤᠴᠢ ᠪᠣᠯᠵᠤ᠂ ᠪᠠᠶᠠᠰᠬᠤ ᠨᠢ ᠬᠤᠰᠢᠭᠤᠨ ᠤ ᠳᠤᠮᠳᠠᠳᠤ ᠰᠤᠷᠭᠠᠭᠤᠯᠢ ᠶᠢᠨ | ᠲᠣᠭᠤᠭᠠᠴᠢ ᠪᠣᠯᠣᠭᠰᠠᠨ ᠪᠠᠶᠢᠪᠠ ᠃ ᠪᠡᠳᠡᠷᠡ ᠨᠢᠭᠡᠨ ᠤᠳᠠᠭ᠎ᠠ ᠴᠢᠯᠥᠭᠡ ᠪᠠᠷ ᠬᠠᠷᠢᠵᠤ ᠢᠷᠡᠭᠰᠡᠨ ᠳᠤ ᠪᠠᠭ᠎ᠠ ᠶᠢᠨ ᠨᠠᠶᠢᠵᠠ ᠪᠡᠶᠡᠨᠡ ᠂ ᠪᠠᠶᠠᠰᠬᠤ ᠨᠢ ᠲᠡᠷᠭᠡᠨ | ᠥᠷᠲᠡᠭᠡᠨ ᠠᠴᠠ ᠲᠤᠰᠴᠤ ᠠᠪᠤᠯ᠎ᠠ᠃ ᠲᠡᠳᠡ ᠭᠤᠷᠪᠠᠭᠤᠯᠠ ᠤᠳᠠᠳᠠᠯ᠎ᠠ ᠲᠡᠪᠡᠷᠢᠯᠳᠤᠪᠠ᠃ ︽ᠰᠡᠭᠦᠳᠡᠷ ᠲᠠᠲᠠᠬᠤ ᠭᠠᠵᠠᠷ︾ ᠲᠤ ᠣᠴᠢᠭᠠᠳ ᠭᠤᠷᠪᠠᠭᠤᠯᠠ | ᠪᠠᠨ ᠳᠤᠷᠠᠰᠬᠠᠯ ᠤᠨ ᠵᠢᠷᠤᠭ ᠲᠠᠲᠠᠭᠤᠯᠪᠠ᠃ ᠪᠡᠶᠡᠨᠡ ᠂ ᠪᠠᠶᠠᠰᠬᠤ ᠬᠤᠶᠠᠷ ᠪᠡᠳᠡᠷᠡ ᠶᠢᠨ ᠴᠡᠷᠢᠭ ᠤᠨ ᠬᠤᠪᠴᠠᠰᠤ ᠶᠢ ᠨᠢ ᠡᠮᠥᠰᠴᠦ ᠰᠡᠭᠦᠳᠡᠷ ᠲᠠᠲᠠᠭᠤᠯᠪᠠ᠃ | ᠪᠡᠶᠡᠨᠡ ᠪᠠᠭ᠎ᠠ ᠲᠡᠷᠭᠡ ᠪᠠᠷ ᠪᠡᠳᠡᠷᠡ ᠶᠢ ᠬᠥᠳᠡᠭᠡ ᠭᠡᠷ ᠲᠤ ᠨᠢ ᠭᠥᠷᠬᠡᠵᠦ ᠣᠴᠢᠭᠰᠠᠨ ᠳᠤ ᠪᠠᠶᠠᠰᠬᠤ ᠲᠡᠳᠡᠨ ᠤ ᠬᠢ ᠶᠢ ᠬᠠᠪᠰᠤᠷᠤᠨ ᠠᠮᠲᠠᠲᠤ ᠰᠠᠶᠢᠬᠠᠨ | ᠬᠤᠭᠤᠯᠠ ᠵᠠᠭᠤᠰᠢ ᠲᠥᠭᠦᠭᠡᠷᠴᠦ ᠵᠣᠴᠢᠯᠠᠪᠠ᠃ ᠲᠡᠳᠡ ᠭᠤᠷᠪᠠᠭᠤᠯᠠ ᠥᠩᠭᠡᠷᠡᠭᠰᠡᠨ ᠤ ᠭᠡᠤᠭᠡᠳ ᠥᠶ᠎ᠡ ᠶᠢᠨ ᠥᠩᠭᠡᠷᠡᠯᠲᠡ ᠪᠠᠨ ᠡᠷᠬᠢᠴᠡᠬᠦᠯᠥᠨ ᠵᠣᠭᠤᠭᠳᠠᠵᠤ᠂ | ᠵᠠᠷᠢᠮ ᠳᠠᠭᠠᠨ ᠪᠡᠳᠡᠷᠡ ᠳᠤ ︽ᠬᠠᠲᠠᠭᠤ ᠲᠣᠭᠯᠠᠭᠠᠮ ᠤᠨ ᠠᠮᠲᠠ ︾ ᠥᠵᠡᠭᠦᠯᠴᠢᠭᠡᠳᠡᠭ ᠪᠠᠶᠢᠭᠰᠠᠨ ᠢᠶᠠᠨ ᠭᠥᠷᠲᠡᠯᠡ ᠨᠢᠭᠤᠯ ᠦᠭᠡᠢ ᠶᠠᠷᠢᠯᠴᠠᠨ ᠢᠨᠢᠶᠡᠯᠲᠦᠨ | ᠨᠠᠷᠭᠢᠯᠳᠤᠭᠰᠠᠭᠠᠷ ᠥᠥᠷ ᠴᠠᠶᠢᠯᠭᠠᠪᠠ ᠂᠂᠂᠂ | ᠳᠠᠷᠠᠭ᠎ᠠ ᠵᠢᠯ ᠨᠢ ᠂ ᠪᠡᠳᠡᠷᠡ ᠴᠡᠷᠢᠭ ᠳᠡᠭᠡᠷ᠎ᠡ ︽ᠬᠤᠷᠢᠮ︾ ᠢᠶᠠᠨ ᠬᠢᠬᠦ ᠪᠣᠯᠣᠭᠰᠠᠨ ᠳᠤ ᠮᠥᠮᠥ ᠨᠢ ᠰᠠᠶᠢᠬᠠᠨ ᠡᠪᠬᠡᠵᠤ ᠬᠤᠷᠢᠶᠠᠵᠤ ᠪᠠᠶᠢᠭᠰᠠᠨ | ᠪᠡᠳᠡᠷᠡ ᠶᠢᠨ ᠭᠡᠤᠭᠡᠳ ᠥᠶ᠎ᠡ ᠶᠢᠨ ᠬᠢᠨᠢ ᠬᠠᠭᠤᠴᠢᠨ ︽ᠴᠡᠷᠢᠭ ᠤᠨ ᠨᠣᠭᠤᠭᠠᠨ ᠬᠤᠪᠴᠠᠰᠤ ︾ ᠤᠳ ᠢ ᠨᠢ ᠬᠥᠥ ᠳᠡᠭᠡᠨ ᠥᠭᠪᠡ᠃ ᠪᠡᠳᠡᠷᠡ ᠶᠢᠨ ᠡᠬᠡᠨᠡᠷ | ᠰᠠᠷᠠᠨ᠎ᠠ ᠡᠨᠡ ᠬᠦ ︽ᠥᠷᠭᠡᠨ ᠨᠠᠪᠴᠢᠲᠤ ᠤᠰᠤᠯᠢᠭ ᠡᠪᠡᠰᠦᠨ ᠤ ᠰᠢᠬᠦᠰᠦ ᠂ ᠤᠯᠠᠭᠠᠨ ᠥᠩᠭᠡᠲᠦ ᠴᠡᠴᠡᠭ ᠤᠨ ᠰᠢᠮ᠎ᠡ ᠪᠠᠷ ᠪᠤᠳᠤᠭᠰᠠᠨ︾ | ︽ᠤᠯᠠᠭᠠᠨ ᠤᠳᠣ ︾᠂ ︽ᠤᠯᠠᠭᠠᠨ ᠲᠤᠭ ︾ ᠲᠠᠢ ᠬᠤᠪᠴᠠᠰᠤ ᠶᠢ ᠨᠢ ᠥᠵᠡᠭᠡᠳ ᠶᠡᠭᠡᠲᠡ ᠰᠣᠨᠢᠭᠤᠴᠠᠨ ᠭᠠᠶᠢᠬᠠᠨ ᠠᠰᠠᠭᠤᠭᠰᠠᠨ ᠳᠤ ᠪᠡᠳᠡᠷᠡ | ᠪᠠᠭ᠎ᠠ ᠶᠢᠨ ᠥᠶ᠎ᠡ ᠶᠢᠨ ᠤᠴᠠᠷᠠᠯ ᠳᠣᠬᠢᠶᠠᠯᠳᠤᠯ᠂ ᠥᠩᠭᠡᠷᠡᠯᠲᠡ ᠲᠡᠤᠬᠡ ᠪᠠᠨ ᠨᠠᠷᠢᠨ ᠲᠣᠲᠣᠷᠬᠠᠢ ᠶᠠᠷᠢᠵᠤ ᠥᠭᠪᠡ᠃ ᠰᠠᠷᠠᠨ᠎ᠠ ᠨᠢᠯᠪᠤᠰᠤ ᠮᠡᠯᠳᠡᠭᠡᠨᠡᠬᠦᠯᠥᠨ᠄ | ︽ᠪᠡᠳᠡᠷᠡ ᠡ ᠂ ᠴᠢ ᠮᠢᠨᠢ ︿ᠠᠷᠠᠳ ᠤᠨ ᠴᠡᠷᠢᠭ ᠲᠤ ᠶᠠᠪᠤᠬᠤ ᠲᠤᠯᠭᠤᠷ ᠵᠣᠷᠢᠯᠲᠠ﹀ ᠪᠠᠨ ᠡᠴᠥᠰ ᠲᠡᠭᠡᠨ ᠪᠡᠶᠡᠯᠡᠬᠦᠯᠵᠡᠢ ᠃ ᠪᠢ ᠴᠡᠴᠡᠭ ᠤᠨ ᠥᠨᠥᠷ | ᠰᠢᠩᠭᠡᠭᠰᠡᠨ ︿ᠴᠡᠷᠢᠭ ᠤᠨ ᠨᠣᠭᠤᠭᠠᠨ ᠬᠤᠪᠴᠠᠰᠤ﹀ ᠶᠢ ᠴᠢᠨᠢ ᠣᠬᠢᠶᠠᠯ ᠦᠭᠡᠢ ᠥᠨᠢᠳᠡ ᠨᠠᠨᠳᠢᠩᠨᠠᠨ ᠬᠠᠳᠠᠭᠠᠯᠠᠨ᠎ᠠ ᠃ ᠬᠡᠭᠡᠷ᠎ᠡ ᠶᠢᠨ ᠴᠡᠴᠡᠭ ᠤᠨ ᠥᠨᠥᠷ᠂ | ᠭᠡᠤᠭᠡᠳ ᠥᠶ᠎ᠡ ᠶᠢᠨ ᠴᠢᠨᠢ ᠭᠥᠯᠥᠰᠦᠨ ᠤ ᠥᠨᠥᠷ ᠡᠭᠦᠨ ᠠᠴᠠ ᠪᠦᠷ ᠥᠨᠥᠷᠲᠥᠵᠦ ᠪᠠᠶᠢᠨ᠎ᠠ᠃ ᠰᠡᠬᠦᠯᠡᠷ ᠬᠥᠥ ᠲᠠᠢ ᠪᠣᠯᠪᠠᠯ ᠂ ᠪᠢ ᠡᠨᠡ ᠬᠦ | ︿ᠴᠡᠷᠢᠭ ᠤᠨ ᠬᠤᠪᠴᠠᠰᠤ﹀ ᠶᠢ ᠴᠢᠨᠢ ᠬᠥᠥ ᠳᠡᠭᠡᠨ ᠡᠮᠥᠰᠭᠡᠵᠦ ᠰᠡᠭᠦᠳᠡᠷ ᠲᠠᠲᠠᠭᠤᠯᠤᠨ᠎ᠠ᠃ ᠲᠡᠭᠡᠪᠡᠯ ᠴᠢᠨᠥ ᠬᠡᠤᠭᠡᠳ ᠥᠶ᠎ᠡ ᠶᠢᠨ ᠴᠢᠨᠢ ᠪᠠᠶᠢᠲᠠᠯ ᠲᠥᠷᠢ ᠶᠢ | ᠲᠣᠪ ᠲᠣᠲᠣᠷᠬᠠᠢ ᠥᠵᠡᠬᠦ ᠪᠣᠯᠣᠨ᠎ᠠ᠃ ᠪᠢ ᠬᠤᠵᠢᠮ ᠭᠥᠥ ᠪᠠᠨ ᠠᠷᠠᠳ ᠤᠨ ᠴᠡᠷᠢᠭ ᠲᠤ ᠶᠠᠪᠤᠭᠤᠯᠤᠨ᠎ᠠ ᠰᠢᠦ ᠃ ᠪᠢ ᠥᠨᠥᠳᠥᠷ ᠴᠡᠷᠢᠭ ᠤᠨ ᠭᠡᠷ | ᠪᠥᠯᠢ ᠪᠤᠯᠴᠢᠬᠠᠯ᠎ᠠ᠃ ᠡᠶᠢᠮᠦ ᠠᠴᠠ ᠪᠢ ᠵᠠᠪᠠᠯ ᠴᠡᠷᠢᠭ ᠭᠥᠮᠥᠨ ᠤ ᠪᠠᠷᠢᠮᠵᠢᠶ᠎ᠡ᠂ ᠱᠠᠭᠠᠷᠳᠠᠯᠭ᠎ᠠ ᠪᠠᠷ ᠪᠡᠶ᠎ᠡ ᠪᠠᠨ ᠴᠢᠩᠭ᠎ᠠ ᠱᠠᠭᠠᠷᠲᠠᠵᠤ᠂ ᠪᠠᠭᠰᠢ ᠶᠢᠨ ᠠᠵᠢᠯ ᠢᠶᠠᠨ | ᠰᠠᠶᠢᠲᠤᠷ ᠪᠡᠶᠡᠯᠡᠬᠦᠯᠵᠦ᠂ ᠡᠪᠯᠡᠯ ᠤᠨ ᠬᠡᠰᠢᠬᠦᠨ ᠠᠴᠠ ᠪᠠᠨ ᠨᠠᠮ ᠤᠨ ᠬᠡᠰᠢᠬᠦᠨ ᠪᠣᠯᠬᠤ ᠪᠠᠷ ᠴᠢᠷᠮᠠᠶᠢᠨ ᠠᠵᠢᠯᠯᠠᠨ᠎ᠠ᠃ ᠬᠠᠳᠠᠮ ᠮᠥᠮᠥ ᠮᠢᠨᠢ᠂ ᠠᠭᠠᠬᠢᠮ᠎ᠠ | ᠰᠠᠶᠢᠬᠠᠨ ᠵᠠᠯᠠᠭᠤ ᠨᠠᠰᠤᠨ ᠳᠠᠭᠠᠨ ᠠᠷᠪᠢᠨ ᠴᠦ ᠬᠠᠯᠠ ᠶᠢ ᠲᠣᠭᠤᠯᠵᠤ ᠢᠷᠡᠵᠡᠢ᠂ ᠪᠢ ᠬᠠᠳᠠᠮ ᠮᠥᠮᠥ ᠪᠠᠨ ᠬᠠᠷᠠᠭᠠᠯᠵᠠᠨ ᠠᠰᠠᠷᠠᠵᠤ᠂ ᠥᠩᠭᠡ ᠭᠡᠷᠡᠯᠲᠦ | ᠴᠡᠷᠢᠭ ᠤᠨ ᠭᠡᠷ ᠪᠥᠯᠢ ᠪᠠᠨ ᠥᠨᠢᠳᠡ ᠰᠠᠶᠢᠬᠠᠨ ᠠᠪᠴᠤ ᠶᠠᠪᠤᠨ᠎ᠠ︾ ᠭᠡᠵᠦ ᠨᠢᠯᠪᠤᠰᠤ ᠪᠥᠮᠪᠥᠷᠢᠬᠦᠯᠥᠨ ᠶᠠᠷᠢᠵᠤ ᠪᠠᠶᠢᠯ᠎ᠠ ᠂᠂᠂᠂᠂ | ᠪᠡᠳᠡᠷᠡ᠂ ᠰᠠᠷᠠᠨ᠎ᠠ ᠬᠤᠶᠠᠭᠤᠯᠠ ᠬᠤᠵᠢᠮ ᠨᠢ ᠬᠤᠶᠠᠷ ᠬᠥᠥ ᠲᠠᠢ ᠪᠣᠯᠪᠠ᠂ ᠬᠤᠶᠠᠷ ᠬᠥᠥ ᠨᠢ ᠥᠰᠥᠭᠡᠳ ᠠᠯᠲᠠᠨ ᠲᠥᠷᠥ ᠪᠠᠨ | ᠬᠠᠮᠠᠭᠠᠯᠠᠬᠤ ᠪᠠᠷ ᠠᠷᠠᠳ ᠤᠨ ᠴᠡᠷᠢᠭ ᠲᠤ ᠮᠣᠷᠳᠠᠵᠠᠢ ᠃ | | |