ᠪᠠᠶᠢᠭᠠᠯᠢ ᠶᠢᠨ ᠭᠠᠢ ᠭᠠᠮᠰᠢᠭ — ᠰᠠᠯᠬᠢ ᠡᠯᠡᠰᠤ ᠪᠠ ᠡᠯᠡᠰᠤᠨ ᠰᠢᠭᠤᠷᠭ᠎ᠠ
ᠨᠡᠶᠢᠲᠡᠯᠡᠭᠰᠡᠨ ᠴᠠᠭ᠄
2024/9/14
     ᠦᠪᠤᠷ ᠮᠤᠩᠭᠤᠯ ᠤᠨ ᠳᠤᠮᠳᠠᠳᠤ ᠪᠠᠷᠠᠭᠤᠨ ᠬᠡᠰᠡᠭ ᠤᠨ ᠭᠠᠵᠠᠷ ᠤᠷᠤᠨ ᠨᠢ ᠰᠢᠪᠧᠷᠢᠶ᠎ᠠ ᠪᠤᠯᠤᠨ ᠮᠤᠩᠭᠤᠯ ᠤᠨ ᠬᠤᠶᠢᠯᠠᠷᠠᠭ᠎ᠠ ᠶᠢᠨ ᠳᠤᠮᠳᠠ ᠳᠤᠤᠷᠠᠳᠤ ᠬᠡᠰᠡᠭ ᠲᠤ ᠪᠠᠶᠢᠷᠢᠯᠠᠵᠤ ᠪᠠᠶᠢᠭ᠎ᠠ ᠪᠤᠯᠬᠤᠷ᠂ ᠰᠡᠷᠢᠬᠦᠨ ᠠᠭᠤᠷ ᠠᠮᠢᠰᠬᠤᠯ ᠡᠮᠤᠨᠡᠰᠢ ᠪᠠᠭᠤᠬᠤ ᠭᠤᠤᠯ ᠨᠡᠪᠳᠡᠷᠡᠬᠦ ᠵᠠᠮ ᠪᠤᠯᠤᠨ᠎ᠠ᠃     ᠰᠠᠯᠬᠢᠨ ᠤ ᠭᠠᠮᠰᠢᠭ ᠪᠤᠯ ᠤᠳᠤᠭ ᠤᠨ ᠡᠮᠤᠨᠡᠳᠤ ᠬᠤᠰᠢᠭᠤᠨ ᠤ ᠴᠢᠬᠤᠯᠠ ᠪᠠᠶᠢᠭᠠᠯᠢ ᠶᠢᠨ ᠭᠠᠢ ᠭᠠᠮᠰᠢᠭ ᠤᠨ ᠨᠢᠬᠡ ᠪᠤᠯᠬᠤᠷ᠂ ᠬᠠᠪᠤᠷ ᠤᠨ ᠤᠯᠠᠷᠢᠯ ᠪᠤᠯᠬᠤ ᠳᠤ ᠡᠬᠡ ᠭᠠᠵᠠᠷ ᠬᠡᠰᠴᠤ᠂ ᠬᠦᠷᠤᠰᠤᠨ ᠤ ᠭᠠᠳᠠᠷᠭᠤ ᠨᠢ ᠰᠠᠯᠬᠢᠨ ᠳᠤ ᠢᠳᠡᠭᠳᠡᠨ᠎ᠡ᠃ ᠭᠠᠵᠠᠷ ᠤᠨ ᠬᠦᠷᠤᠰᠤᠨ ᠤ ᠭᠠᠩ ᠬᠠᠭᠤᠷᠠᠢ᠂ ᠰᠠᠶᠢᠷᠡᠭ᠂ ᠵᠠᠳᠠᠭᠠᠢ ᠪᠠᠶᠢᠳᠠᠭ ᠰᠢᠷᠤᠢ ᠶᠢᠨ ᠡᠯᠡᠰᠦᠷᠬᠡᠭ ᠮᠦᠬᠦᠯᠢᠭ ᠨᠢ ᠶᠡᠭᠡ ᠰᠠᠯᠬᠢᠨ ᠤ ᠠᠶ᠎ᠠ ᠪᠠᠷ ᠪᠤᠰᠴᠤ᠂ ᠳᠠᠷᠢᠶ᠎ᠠ ᠳᠠᠷᠢᠮᠠᠯ᠂ ᠤᠰᠤᠨ ᠤ ᠰᠤᠷᠪᠤᠯᠵᠢ ᠪᠤᠯᠤᠨ ᠪᠡᠯᠴᠢᠬᠡᠷ ᠢ ᠪᠤᠯᠠᠵᠤ᠂ ᠰᠠᠯᠬᠢᠨ ᠦᠩᠬᠡᠷᠡᠭᠰᠡᠨ ᠤ ᠳᠠᠷᠠᠭ᠎ᠠ ᠭᠠᠵᠠᠷ ᠲᠤ ᠬᠢ ᠤᠷᠭᠤᠮᠠᠯ ᠨᠢ ᠬᠦᠨᠳᠤ ᠨᠤᠴᠢᠳᠠᠢ ᠡᠪᠳᠡᠯᠡᠭᠳᠡᠵᠤ ᠰᠦᠢᠤᠨᠳᠡᠭ᠃ ᠰᠠᠯᠬᠢ ᠰᠢᠷᠤᠢ ᠨᠢ ᠴᠢᠮᠡᠭᠡ ᠨᠡᠪᠳᠡᠷᠡᠯᠬᠡ᠂ ᠵᠠᠮ ᠳᠡᠬᠡᠬᠡᠪᠤᠷᠢ ᠵᠡᠷᠬᠡ ᠠᠵᠢᠯ ᠲᠦᠷᠤᠯ ᠳᠤ ᠬᠢ ᠬᠦᠨᠤᠬᠡᠯ ᠨᠢ ᠴᠤ ᠨᠠᠩ ᠶᠡᠭᠡ᠂ ᠨᠡᠬᠦᠳᠡᠯ ᠡᠯᠡᠰᠤ ᠵᠠᠰᠠᠮᠠᠯ ᠵᠠᠮ ᠢ ᠪᠤᠯᠠᠵᠤ᠂ ᠵᠠᠮ ᠳᠡᠬᠡᠬᠡᠪᠤᠷᠢ ᠳᠤ ᠲᠦᠬᠦᠮ ᠦᠬᠡᠢ ᠪᠤᠯᠭᠠᠳᠠᠭ᠃ ᠶᠡᠭᠡ ᠰᠠᠯᠬᠢᠨ ᠴᠢᠮᠡᠭᠡ ᠨᠡᠪᠳᠡᠷᠡᠯᠬᠡ ᠶᠢᠨ ᠤᠳᠠᠰᠤ ᠱᠤᠭᠤᠮ ᠢ ᠡᠪᠳᠡᠯᠡᠳᠡᠭ ᠬᠡᠷᠡᠭ ᠦᠷᠬᠦᠯᠵᠢ ᠭᠠᠷᠳᠠᠭ᠃     ᠡᠯᠡᠰᠤᠨ ᠰᠢᠭᠤᠷᠭ᠎ᠠ ᠶᠢᠨ ᠳᠠᠭᠠᠷᠢᠯᠳᠠ ᠪᠠ ᠬᠦᠨᠤᠬᠡᠯ ᠨᠢ ᠨᠠᠩ ᠶᠡᠭᠡ ᠶᠤᠮ᠃ ᠭᠤᠤᠯ ᠬᠠᠪᠤᠷ ᠤᠨ ᠤᠯᠠᠷᠢᠯ ᠳᠤ ᠡᠬᠦᠰᠴᠤ᠂ ᠡᠯᠡᠰᠤᠨ ᠰᠢᠭᠤᠷᠭ᠎ᠠ ᠦᠩᠬᠡᠷᠡᠭᠰᠡᠨ ᠤ ᠳᠠᠷᠠᠭ᠎ᠠ ᠳᠤᠯᠠᠭᠠᠨ ᠤ ᠬᠡᠮᠵᠢᠶ᠎ᠡ ᠳᠠᠷᠤᠶᠢᠬᠠᠨ ᠪᠠᠭᠤᠷᠠᠳᠠᠭ᠃ 1983 ᠤᠨ ᠤ 4 ᠰᠠᠷ᠎ᠠ ᠶᠢᠨ 27 ᠤ ᠡᠳᠤᠷ ᠤᠨ 16  ~ 23 ᠴᠠᠭ  ᠬᠦᠷᠳᠡᠯᠡᠬᠢ ᠤᠨᠴᠠ ᠶᠡᠭᠡ ᠡᠯᠡᠰᠤᠨ ᠰᠢᠭᠤᠷᠭ᠎ᠠ ᠶᠢᠨ ᠰᠠᠯᠬᠢᠨ ᠤ ᠬᠤᠷᠳᠤᠴᠠ ᠨᠢ 33 ᠮᠧᠲᠷ/ ᠰᠧᠺᠦ᠋ᠨ᠋ᠳ᠋ ᠪᠠᠶᠢᠵᠤ᠂ ᠰᠠᠯᠬᠢᠨ ᠤ ᠬᠦᠴᠤᠨ ᠨᠢ 12 ᠳᠡᠰ᠂ ᠡᠯᠡᠰᠤᠨ ᠰᠢᠭᠤᠷᠭ᠎ᠠ ᠲᠦᠩᠬᠡᠵᠤ ᠬᠦᠷᠴᠤ ᠢᠷᠡᠬᠦ ᠳᠤ ᠳᠡᠭᠷᠢ ᠭᠠᠵᠠᠷ ᠨᠢᠬᠡ ᠯᠠ ᠳᠤᠤᠷ᠎ᠠ ᠬᠠᠷᠠᠩᠭᠤᠶᠢᠯᠠᠨ᠂ ᠬᠡᠷ ᠳᠤᠳᠤᠷ᠎ᠠ ᠳ᠋ᠧᠩ ᠠᠰᠠᠭᠠᠵᠤ᠂ ᠬᠡᠷ ᠤᠨ ᠭᠠᠳᠠᠨᠠᠬᠢ ᠦᠵᠡᠭᠳᠡᠴᠠ ᠶᠢᠨ ᠬᠡᠮᠵᠢᠶ᠎ᠡ ᠵᠦᠪᠬᠡᠨ 2 ~ 3 ᠮᠧᠲᠷ ᠪᠠᠶᠢᠵᠤ᠂ 28 ᠤ ᠡᠳᠤᠷ ᠡᠩ ᠳᠤ ᠪᠠᠨ 10 ᠳᠡᠰ ᠤᠷᠴᠢᠮ ᠤᠨ ᠰᠠᠯᠬᠢ ᠰᠠᠯᠬᠢᠯᠠᠨ᠂ ᠳᠤᠯᠠᠭᠠᠨ ᠤ ᠬᠡᠮᠵᠢᠶ᠎ᠡ 12 ᠭᠷᠠᠳᠦ᠋ᠰ ᠪᠠᠭᠤᠷᠠᠨ᠂ 2 ~ 3 ᠰᠠᠨᠲ᠋ᠢᠮᠧᠲᠷ ᠮᠦᠰᠤ ᠬᠦᠯᠳᠡᠪᠡ᠃ ᠡᠨᠡ ᠤᠳᠠᠭ᠎ᠠ ᠶᠢᠨ ᠭᠠᠮᠰᠢᠭ ᠲᠤ ᠤᠴᠠᠷᠠᠭᠰᠡᠨ ᠬᠡᠪᠴᠢᠶ᠎ᠡ ᠨᠢ ᠬᠠᠮᠤᠭ ᠤᠨ ᠦᠷᠬᠡᠨ᠂ ᠬᠦᠮᠤᠨ᠂ ᠡᠳ᠋ ᠪᠤᠳᠠᠰ᠂ ᠮᠠᠯ ᠤᠨᠤᠭ᠎ᠠ᠂ ᠳᠠᠷᠢᠶᠠᠯᠠᠩ ᠳᠠᠷᠢᠮᠠᠯ ᠡᠯ᠎ᠡ ᠳᠠᠯ᠎ᠠ ᠪᠠᠷ ᠴᠦᠮ ᠳᠤᠩ ᠬᠦᠨᠳᠤ ᠬᠤᠬᠢᠷᠠᠯ ᠳᠤ ᠤᠴᠠᠷᠠᠵᠤ᠂ ᠰᠠᠯᠬᠢᠨ ᠰᠢᠭᠤᠷᠭᠠᠨ ᠳᠤ 962 ᠬᠦᠮᠤᠨ ᠲᠦᠬᠡᠷᠢᠵᠤ᠂ 3 ᠡᠳᠤᠷ ᠤᠨ ᠬᠢ ᠨᠢ ᠳᠠᠷᠠᠭ᠎ᠠ ᠰᠠᠶ᠋ᠢ ᠤᠯᠵᠤ ᠠᠪᠴᠠᠢ᠃ 4 ᠬᠦᠮᠤᠨ ᠰᠢᠷᠬᠠᠳᠤᠵᠤ᠂ 11 ᠬᠦᠮᠤᠨ ᠦᠬᠦᠵᠡᠢ᠃ ᠡᠬᠦᠨ ᠳᠤ 9 ᠬᠦᠮᠤᠨ ᠨᠢ 9 ᠨᠠᠰᠤᠨ ᠠᠴᠠ ᠳᠤᠷᠤᠭᠰᠢᠬᠢ ᠬᠡᠤᠬᠡᠤᠨ ᠪᠤᠯᠤᠨ᠎ᠠ᠃ ᠪᠤᠯᠠᠭ ᠬᠦᠩᠱᠧ ᠶᠢᠨ ᠬᠦᠨ ᠤᠰᠤ ᠪᠠᠷᠢᠭᠠᠳᠠ ᠶᠢᠨ ᠮᠠᠯᠴᠢᠨ ᠰᠠᠩᠬᠡᠪᠠᠭᠠᠳᠤᠷ ᠤᠨ 2 ᠬᠡᠤᠬᠡᠤᠨ ᠦᠬᠦᠵᠡᠢ᠃ ᠢᠮᠠᠭᠠᠯᠠᠢ ᠬᠦᠩᠱᠧ ᠶᠢᠨ ᠵᠡᠬᠡᠷᠬᠡᠨᠡᠳᠤ ᠳᠤᠰᠬᠤᠨ ᠤ ᠳᠠᠷᠢᠶᠠᠴᠢᠨ ᠭᠤᠤ ᠵᠠᠨ ᠯᠢᠶᠠᠩ 9 ᠨᠠᠰᠤ ᠲᠠᠢ ᠬᠡᠤᠬᠡᠨ ᠢᠶᠠᠨ ᠠᠯᠳᠠᠵᠠᠢ᠃ 59 ᠨᠠᠰᠤᠳᠠᠢ ᠡᠮᠡᠭᠡ ᠨᠢ ᠤᠮᠪᠤᠯᠤ ᠶᠢᠨ ᠢᠶᠠᠨ ᠦᠬᠦᠭᠰᠡᠨ ᠢ ᠦᠵᠡᠬᠡᠤᠨ ᠵᠤᠪᠠᠭ᠋ᠤ ᠳᠤ ᠪᠠᠨ ᠰᠤᠴᠢᠮᠠᠭ ᠦᠬᠦᠪᠡ᠃ ᠡᠯᠡᠰᠤᠨ ᠰᠢᠭᠤᠷᠭ᠎ᠠ ᠳᠤ 105700 ᠮᠠᠯ ᠤᠨᠤᠭ᠎ᠠ ᠠᠯᠳᠠᠭᠳᠠᠵᠤ᠂ 35540 ᠮᠠᠯ ᠰᠢᠭᠤᠷᠭᠠᠨ ᠳᠤ ᠪᠤᠯᠠᠭᠳᠠᠨ ᠦᠬᠦᠵᠤ᠂ ᠡᠨᠡ ᠨᠢ ᠶᠡᠷᠤᠩᠬᠡᠢ ᠮᠠᠯ ᠤᠨ ᠳᠤᠭ᠎ᠠ ᠶᠢᠨ 12.7% ᠶᠢ ᠡᠵᠡᠯᠡᠵᠡᠢ᠃ ᠠᠯᠳᠠᠭᠳᠠᠭᠰᠠᠨ ᠭᠠᠭ᠋ᠠᠢ 185᠂ ᠳᠠᠬᠢᠶ᠎ᠠ 1538 ᠪᠠᠶᠢᠵᠤ᠂ ᠰᠠᠯᠬᠢᠨ ᠳᠤ ᠢᠳᠡᠭᠳᠡᠵᠤ ᠳᠠᠷᠤᠭᠳᠠᠭᠰᠡᠨ ᠳᠠᠷᠢᠶ᠎ᠠ 13319 ᠮᠤ᠋᠂ ᠰᠤᠶᠤᠭ᠎ᠠ ᠪᠤᠶᠢᠵᠢᠭᠤᠯᠤᠭᠰᠡᠨ ᠳᠠᠯᠠᠪᠠᠢ 131 ᠮᠤ᠋᠂ ᠡᠪᠡᠰᠤ ᠪᠠᠯᠴᠢᠬᠡᠷ 140 ᠲᠦᠮᠡᠨ ᠮᠤ᠋ ᠳᠤ ᠬᠦᠷᠴᠠᠢ᠃ 48 ᠺᠢᠯᠤᠮᠧᠲᠷ ᠤᠨ ᠵᠠᠰᠠᠮᠠᠯ ᠵᠠᠮ ᠨᠢ ᠳᠤᠮᠳᠠᠴᠢ ᠪᠠᠷ 30 ᠰᠠᠨᠲ᠋ᠢᠮᠧᠲᠷ ᠠᠴᠠ ᠳᠡᠬᠡᠭᠰᠢ ᠰᠢᠷᠤᠢ ᠳᠤ ᠪᠤᠯᠠᠭᠳᠠᠨ᠂ ᠰᠢᠤᠳᠠᠨ ᠴᠠᠬᠢᠯᠭᠠᠨ ᠤ ᠵᠠᠮ ᠱᠤᠭᠤᠮ ᠡᠪᠳᠡᠭᠳᠡᠵᠤ᠂ ᠶᠡᠭᠡ ᠰᠢᠬᠢᠷ ᠤᠨ 1200 ᠮᠤ᠋ ᠳᠠᠪᠤᠰᠤᠨ ᠨᠠᠭᠤᠷ ᠪᠤᠯᠠᠭᠳᠠᠨ᠂ ᠪᠦᠬᠦ ᠬᠤᠰᠢᠭᠤ ᠪᠠᠷ ᠢᠶᠠᠨ ᠨᠠᠶᠢᠳᠠ 1560 ᠲᠦᠮᠡᠨ ᠲᠦᠬᠦᠷᠢᠭ ᠤᠨ ᠬᠤᠬᠢᠷᠠᠯ ᠳᠤ ᠤᠴᠠᠷᠠᠭᠰᠠᠨ ᠪᠠᠶᠢᠨ᠎ᠠ᠃     1993 ᠤᠨ ᠤ 4 ᠰᠠᠷ᠎ᠠ ᠶᠢᠨ 20 ~ 23 ᠪᠤᠯᠳᠠᠯ᠎ᠠ᠂ ᠪᠦᠬᠦ ᠬᠤᠰᠢᠭᠤᠨ ᠤ ᠬᠡᠪᠴᠢᠶ᠎ᠡ ᠳᠤ ᠶᠡᠭᠡ ᠰᠠᠯᠬᠢᠨ ᠢ ᠳᠠᠭᠠᠯᠳᠤᠨ ᠳᠤᠯᠠᠭᠠᠨ ᠤ ᠬᠡᠮᠵᠢᠶ᠎ᠡ ᠪᠠᠭᠤᠷᠠᠵᠤ᠂ 10 ᠮᠢᠨᠦ᠋ᠲ ᠲᠤ ᠬᠠᠮᠤᠭ ᠤᠨ ᠶᠡᠭᠡ ᠰᠠᠯᠬᠢᠨ ᠤ ᠬᠤᠷᠳᠤᠴᠠ 18.3 ᠮᠧᠲᠷ/ ᠰᠧᠺᠦ᠋ᠨ᠋ᠳ᠋ ᠪᠠᠶᠢᠵᠤ᠂ ᠪᠦᠬᠦ ᠬᠤᠰᠢᠭᠤᠨ ᠳᠤ ᠭᠠᠮᠰᠢᠭᠳᠠᠭᠰᠡᠨ ᠳᠠᠷᠢᠶᠠᠯᠠᠩ ᠤᠨ ᠳᠠᠷᠢᠮᠠᠯ 20100 ᠮᠤ᠋᠂ 45 ᠬᠤᠤᠨᠳᠤᠭ ᠪᠤᠯᠠᠭᠳᠠᠵᠠᠢ᠃ 2001 ᠤᠨ ᠤ 4 ᠰᠠᠷ᠎ᠠ ᠶᠢᠨ 8 ᠳᠤ ᠡᠯᠡᠰᠤᠨ ᠰᠢᠭᠤᠷᠭ᠎ᠠ ᠭᠠᠷᠴᠤ᠂ ᠪᠦᠬᠦ ᠬᠤᠰᠢᠭᠤᠨ ᠳᠤ13350 ᠬᠦᠮᠤᠨ ᠭᠠᠮᠰᠢᠭᠳᠠᠵᠤ᠂ ᠳᠠᠷᠢᠶᠠᠯᠠᠩ ᠤᠨ ᠳᠠᠷᠢᠮᠠᠯ ᠭᠠᠮᠰᠢᠭᠳᠠᠭᠰᠠᠨ ᠳᠠᠯᠠᠪᠠᠢ ᠨᠢ 56028 ᠮᠤ᠋᠂ ᠦᠬᠦᠵᠤ ᠬᠤᠷᠤᠭᠰᠠᠨ ᠪᠤᠳᠠ ᠪᠤᠭ ᠮᠠᠯ 13200᠂ ᠰᠢᠭᠤᠤᠨ ᠠᠵᠤ ᠠᠬᠤᠢ ᠶᠢᠨ ᠬᠤᠬᠢᠷᠠᠯ ᠨᠢ 2386 ᠲᠦᠮᠡᠨ ᠲᠦᠬᠦᠷᠢᠭ ᠲᠤ ᠬᠦᠷᠴᠠᠢ᠃ 2006 ᠤᠨ ᠤ 6 ᠰᠠᠷ᠎ᠠ ᠶᠢᠨ 9 ᠳᠤ ᠶᠡᠭᠡ ᠰᠠᠯᠬᠢᠨ ᠰᠢᠷᠤᠢ ᠪᠤᠰᠴᠤ᠂ 60000 ᠮᠤ᠋ ᠳᠠᠷᠢᠶᠠᠯᠠᠩ ᠤᠨ ᠳᠠᠷᠢᠮᠠᠯ ᠭᠠᠮᠰᠢᠭᠳᠠᠵᠤ᠂ ᠡᠬᠦᠨ ᠳᠤ 1854 ᠮᠤ᠋ ᠳᠠᠷᠢᠶᠠᠯᠠᠩ ᠤᠨ ᠳᠠᠷᠢᠮᠠᠯ ᠬᠤᠷᠢᠶᠠᠯᠳᠠ ᠦᠬᠡᠢ ᠪᠤᠯᠵᠤ᠂ ᠰᠢᠭᠤᠤᠨ ᠠᠵᠤ ᠠᠬᠤᠢ ᠶᠢᠨ ᠬᠤᠬᠢᠷᠠᠯ ᠨᠢ 300 ᠲᠦᠮᠡᠨ ᠲᠦᠬᠦᠷᠢᠭ ᠲᠤ ᠬᠦᠷᠴᠠᠢ᠃ 1991 — 2009 ᠤᠨ ᠪᠤᠯᠳᠠᠯ᠎ᠠ᠂ ᠵᠢᠯ ᠪᠦᠷᠢ ᠳᠤᠮᠳᠠᠴᠢ ᠪᠠᠷ 14.4 ᠤᠳᠠᠭ᠎ᠠ ᠶᠢᠨ ᠶᠡᠭᠡ ᠰᠠᠯᠬᠢᠨ ᠬᠦᠳᠡᠯᠵᠤ᠂ 10.6 ᠡᠳᠤᠷ ᠤᠨ ᠡᠯᠡᠰᠤᠨ ᠰᠢᠭᠤᠷᠭᠠᠨᠳᠤ ᠡᠳᠤᠷ ᠡᠬᠦᠰᠦᠭᠰᠡᠨ ᠪᠠᠶᠢᠨ᠎ᠠ᠃
ᠢᠷᠡᠯᠲᠡ᠄ ᠤᠳᠤᠭ ᠤᠨ ᠡᠮᠤᠨᠡᠳᠤ ᠬᠤᠰᠢᠭᠤᠨ ᠤ ᠤᠶᠢᠯᠠᠯᠭ᠎ᠠ ︵1980 — 2009 ᠤᠨ︶