ᠤᠳᠤᠭ ᠤᠨ ᠡᠮᠤᠨᠡᠳᠤ ᠬᠤᠰᠢᠭᠤᠨ ᠤ ᠪᠤᠷᠤᠪᠠᠯᠭᠠᠰᠤ ᠪᠠᠯᠭᠠᠰᠤ ᠳᠠᠷᠪᠤᠰ ᠪᠤᠯᠤᠨ ᠨᠠᠷᠠᠨ ᠬᠤᠸᠠᠷ ᠢ ᠠᠯᠠᠭᠯᠠᠨ ᠳᠠᠷᠢᠭᠠᠤᠨ ᠡᠯᠪᠡᠭ ᠬᠤᠷᠢᠶᠠᠯᠳᠠ ᠤᠯᠪᠠ
ᠨᠡᠶᠢᠲᠡᠯᠡᠭᠰᠡᠨ ᠴᠠᠭ᠄
2024/9/4
       ᠡᠨᠡ ᠵᠢᠯ᠂ ᠤᠳᠤᠭ ᠤᠨ ᠡᠮᠤᠨᠡᠳᠤ ᠬᠤᠰᠢᠭᠤᠨ ᠤ ᠪᠤᠷᠤᠪᠠᠯᠭᠠᠰᠤ ᠪᠠᠯᠭᠠᠰᠤ ᠳᠠᠷᠪᠤᠰ ᠤᠨ ᠳᠠᠷᠢᠶᠠᠨ ᠳᠤ ᠪᠠᠨ ᠨᠠᠷᠠᠨ ᠬᠤᠸᠠᠷ ᠢ ᠬᠤᠤᠰᠯᠠᠭᠤᠯᠤᠨ ᠳᠠᠷᠢᠭᠠᠤᠨ ᠡᠯᠪᠡᠭ ᠬᠤᠷᠢᠶᠠᠯᠳᠠ ᠤᠯᠪᠠ᠃
微信图片_20240904170047.jpg
       ᠪᠤᠷᠤᠪᠠᠯᠭᠠᠰᠤ ᠪᠠᠯᠭᠠᠰᠤᠨ ᠤ ᠵᠡᠬᠡᠷᠬᠡᠨᠡᠳᠤ ᠳᠤᠰᠬᠤᠨ ᠤ ᠯᠢᠤ ᠶᠠᠨ ᠵᠢᠶᠦ᠋ᠨ ᠤ ᠬᠢᠨ ᠳᠤ ᠬᠦᠷᠬᠦ ᠳᠤ᠂ ᠳᠠᠷᠠ ᠶᠠᠭ ᠳᠠᠷᠪᠤᠰ ᠢᠶᠠᠨ ᠳᠡᠬᠦᠵᠤ ᠳᠡᠷᠬᠡᠨ ᠳᠤ ᠰᠠᠪᠠᠯᠠᠵᠤ ᠪᠠᠶᠢᠯ᠎ᠠ᠃ ᠳᠡᠳᠡᠨ ᠤ ᠳᠠᠷᠢᠭᠰᠡᠨ ᠡᠯᠡᠰᠤᠨ ᠭᠠᠵᠠᠷ ᠤᠨ ᠳᠠᠷᠪᠤᠰ ᠨᠢ ᠬᠠᠯᠢᠰᠤ ᠨᠢᠮᠬᠡᠨ᠂ ᠠᠮᠳᠠ ᠰᠢᠬᠢᠷᠯᠢᠭ᠂ ᠰᠢᠮ᠎ᠠ ᠰᠠᠶᠢᠨ ᠢᠶᠠᠷ ᠠᠯᠳᠠᠷᠰᠢᠵᠤ᠂ ᠡᠾᠧᠨᠠᠨ᠂ ᠡᠾᠧᠪᠸᠢ᠂ ᠱᠠᠨᠳᠦ᠋ᠩ ᠵᠡᠷᠬᠡ ᠭᠠᠵᠠᠷ ᠲᠤ ᠪᠤᠷᠤᠯᠠᠭᠤᠯᠤᠭᠳᠠᠵᠤ ᠪᠠᠶᠢᠨ᠎ᠠ᠃
微信图片_20240904170125.jpg
       ᠯᠢᠤ ᠶᠠᠨ ᠵᠢᠶᠦ᠋ᠨ ᠬᠡᠯᠡᠬᠦ ᠳᠤ ᠪᠠᠨ᠂ ᠮᠠᠨᠠᠶᠢᠬᠢᠨ ᠡᠨᠡ ᠵᠢᠯ ᠨᠠᠶᠠᠭᠠᠤᠨ ᠮᠤ᠋ ᠳᠠᠷᠪᠤᠰ ᠳᠠᠷᠢᠵᠠᠢ᠃ ᠡᠨᠡ ᠵᠢᠯ ᠤᠨ ᠳᠠᠷᠪᠤᠰ ᠤᠨ ᠦᠨ᠎ᠡ ᠨᠢ ᠵᠢᠩ ᠪᠦᠷᠢ ᠳᠤ  ᠪᠠᠨ ᠨᠢᠬᠡ ᠲᠦᠬᠦᠷᠢᠭ ᠲᠤ ᠬᠦᠷᠴᠤ᠂ ᠨᠢᠬᠡ ᠮᠤ᠋ ᠭᠠᠵᠠᠷ ᠤᠨ ᠴᠡᠪᠡᠷ ᠤᠷᠤᠯᠭ᠎ᠠ ᠨᠢ ᠭᠤᠷᠪᠠ ᠠᠴᠠ ᠲᠦᠷᠪᠡᠨ ᠮᠢᠩᠭᠠᠨ ᠲᠦᠬᠦᠷᠢᠭ ᠲᠤ ᠬᠦᠷᠦᠭᠰᠡᠨ ᠪᠠᠶᠢᠨ᠎ᠠ᠃ ᠪᠢ ᠡᠨᠡ ᠵᠢᠯ ᠪᠠᠰᠠ ᠳᠠᠷᠪᠤᠰ ᠤᠨ ᠳᠠᠷᠢᠶᠠᠨ ᠳᠤ ᠪᠠᠨ ᠨᠠᠷᠠᠨ ᠬᠤᠸᠠᠷ ᠢ ᠠᠯᠠᠭᠯᠠᠭᠤᠯᠤᠨ ᠳᠠᠷᠢᠭᠠᠤᠨ ᠨᠠᠷᠠᠨ ᠬᠤᠸᠠᠷ ᠠᠴᠠ ᠴᠤ ᠪᠠᠷᠤᠭ ᠳᠠᠪᠤ ᠵᠢᠷᠭᠤᠭᠠᠨ ᠲᠦᠮᠡᠨ ᠲᠦᠬᠦᠷᠢᠭ ᠤᠨ ᠤᠷᠤᠯᠭ᠎ᠠ ᠲᠠᠢ ᠬᠡᠵᠤ ᠪᠠᠶᠢᠯ᠎ᠠ᠃
微信图片_20240904170132.jpg
       ᠪᠤᠷᠤᠪᠠᠯᠭᠠᠰᠤ ᠪᠠᠯᠭᠠᠰᠤᠨ ᠤ ᠵᠡᠬᠡᠷᠬᠡᠨᠡᠳᠤ ᠳᠤᠰᠬᠤᠨ ᠳᠤ ᠯᠢᠤ ᠶᠠᠨ ᠵᠢᠶᠦ᠋ᠨ ᠲᠠᠢ ᠠᠳᠠᠯᠢ ᠪᠠᠷ ᠳᠠᠷᠪᠤᠰ ᠪᠤᠯᠤᠨ ᠨᠠᠷᠠᠨ ᠬᠤᠸᠠᠷ ᠢ ᠠᠯᠠᠭᠯᠠᠭᠤᠯᠤᠨ ᠳᠠᠷᠢᠭᠰᠠᠨ ᠳᠠᠷᠢᠶᠠᠴᠢᠨ ᠡᠷᠤᠬᠡ ᠤᠯᠠᠨ ᠪᠠᠶᠢᠳᠠᠭ᠃ ᠳᠠᠳᠠ ᠤᠳᠤ ᠦᠶ᠎ᠡ ᠶᠢᠨ ᠳᠠᠷᠢᠶᠠᠯᠠᠩ ᠤᠨ ᠦᠷᠬᠦᠯᠵᠢᠬᠦᠶᠢᠴᠠ ᠬᠦᠭᠵᠢᠯᠳᠠ ᠶᠢ ᠰᠦᠪᠡᠭᠴᠢᠯᠡᠬᠦ ᠳᠤᠮᠳᠠ᠂ ᠭᠠᠵᠠᠷ ᠰᠢᠷᠤᠢ ᠶᠢᠨ ᠠᠰᠢᠭᠯᠠᠯᠳᠠ ᠶᠢᠨ ᠦᠷ᠎ᠠ ᠪᠦᠳᠤᠮᠵᠢ ᠶᠢ ᠳᠡᠬᠡᠭᠰᠢᠯᠡᠬᠦᠯᠬᠦ ᠪᠠᠷ ᠪᠠᠷᠠᠬᠤ ᠦᠬᠡᠢ ᠪᠠᠰᠠ ᠳᠠᠷᠢᠮᠠᠯ ᠤᠨ ᠤᠯᠠᠨ ᠶᠠᠩᠵᠤᠳᠤ ᠴᠢᠨᠠᠷ ᠢ ᠪᠠᠶᠠᠯᠢᠭᠵᠢᠭᠤᠯᠬᠤ ᠶᠢ ᠵᠤᠷᠢᠵᠤ᠂ ᠠᠮᠢ ᠠᠬᠤᠢ ᠶᠢᠨ ᠳᠡᠩᠴᠡᠬᠦᠷᠢ ᠶᠢ ᠠᠬᠢᠭᠤᠯᠬᠤ ᠳᠠᠷᠢᠶᠠᠯᠠᠩ ᠤᠨ ᠰᠢᠨ᠎ᠠ ᠠᠷᠭ᠎ᠠ ᠵᠠᠮ ᠪᠤᠯᠤᠭᠰᠠᠨ ᠳᠠᠷᠪᠤᠰ ᠪᠤᠯᠤᠨ ᠨᠠᠷᠠᠨ ᠬᠤᠸᠠᠷ ᠢ ᠠᠯᠠᠭᠯᠠᠭᠠᠤᠨ ᠳᠠᠷᠢᠬᠤ ᠵᠠᠭᠪᠤᠷ ᠢ ᠨᠡᠬᠡᠬᠡᠵᠤ᠂ ᠳᠠᠷᠪᠤᠰ ᠤᠨ ᠳᠠᠷᠢᠶᠠᠨ ᠤ ᠵᠠᠪᠰᠠᠷ ᠲᠠᠬᠢ ᠬᠡᠷᠡᠯ ᠤᠨ ᠳᠤᠰᠤᠯᠳᠠ ᠪᠤᠯᠤᠨ ᠬᠦᠷᠤᠰᠤ ᠰᠢᠷᠤᠢ ᠶᠢ ᠠᠰᠢᠭᠯᠠᠵᠤ᠂ ᠨᠠᠷᠠᠨ ᠬᠤᠸᠠᠷ ᠢ ᠠᠯᠠᠭᠯᠠᠭᠤᠯᠤᠨ ᠳᠠᠷᠢᠭᠠᠤᠨ ᠵᠤᠨ ᠳᠠᠭᠠᠨ ᠳᠠᠷᠪᠤᠰ ᠤᠨ ᠬᠤᠷᠢᠶᠠᠯᠳᠠ ᠲᠠᠢ᠂ ᠨᠠᠮᠤᠷ ᠲᠠᠭᠠᠨ ᠨᠠᠷᠠᠨ ᠬᠤᠸᠠᠷ ᠤᠨ ᠬᠤᠷᠢᠶᠠᠯᠳᠠ ᠲᠠᠢ ᠪᠤᠯᠵᠤ᠂ ᠨᠢᠬᠡ ᠬᠡᠰᠡᠭ ᠭᠠᠵᠠᠷ ᠠᠴᠠ ᠬᠤᠤᠰ ᠬᠤᠷᠢᠶᠠᠯᠳᠠ ᠲᠠᠢ ᠪᠤᠯᠤᠭᠰᠠᠨ ᠪᠠᠶᠢᠨ᠎ᠠ᠃       ᠤᠶᠢᠯᠠᠭᠠᠭᠰᠠᠨ ᠢᠶᠠᠷ᠂ ᠤᠶᠢᠷ᠎ᠠ ᠶᠢᠨ ᠬᠤᠶᠠᠷ ᠵᠢᠯ ᠳᠤ᠂ ᠡᠯᠡᠰᠤᠷᠬᠡᠭ ᠭᠠᠵᠠᠷ ᠤᠨ ᠳᠠᠷᠪᠤᠰ ᠤᠨ ᠠᠵᠤ ᠤᠶᠢᠯᠡᠰ ᠤᠨ ᠴᠢᠨᠠᠷ ᠰᠠᠶᠢᠳᠠᠢ ᠬᠦᠭᠵᠢᠯᠳᠠ ᠶᠢ ᠠᠬᠢᠭᠤᠯᠬᠤ ᠶᠢᠨ ᠲᠦᠯᠤᠬᠡ᠂ ᠪᠤᠷᠤᠪᠠᠯᠭᠠᠰᠤ ᠪᠠᠯᠭᠠᠰᠤ ᠰᠢᠯᠢᠳᠡᠭ ᠡᠬᠦᠯᠳᠡᠷ ᠢ ᠤᠷᠤᠭᠤᠯᠤᠨ ᠠᠪᠴᠢᠷᠠᠬᠤ᠂ ᠳᠠᠷᠢᠬᠤ ᠮᠡᠷᠬᠡᠵᠢᠯ ᠢ ᠰᠠᠶᠢᠵᠢᠷᠠᠭᠤᠯᠬᠤ᠂ ᠵᠠᠬ᠎ᠠ ᠳᠡᠯᠬᠡᠬᠦᠷ ᠤᠨ ᠬᠡᠷᠡᠭᠴᠡᠭᠡ ᠪᠠᠷ ᠤᠳᠤᠷᠢᠳᠤᠮᠵᠢ ᠪᠤᠯᠭᠠᠬᠤ ᠪᠠᠷ ᠳᠠᠮᠵᠢᠨ ᠤᠨᠴᠠᠯᠢᠭᠳᠤ ᠳᠠᠪᠠᠭᠤᠯᠢᠭ ᠠᠵᠤ ᠤᠶᠢᠯᠡᠰ ᠢ ᠢᠳᠡᠪᠬᠢᠳᠠᠢ ᠬᠦᠭᠵᠢᠬᠦᠯᠵᠤ᠂ ᠳᠠᠷᠢᠶᠠᠯᠠᠩ ᠮᠠᠯ ᠠᠵᠤ ᠠᠬᠤᠢ ᠶᠢᠨ ᠮᠡᠷᠬᠡᠵᠢᠯ ᠤᠨ ᠠᠵᠢᠯᠳᠠᠨ᠂ ᠬᠤᠷᠰᠢᠶᠠᠵᠢᠯ ᠪᠠ ᠬᠡᠷ ᠪᠦᠯᠢ ᠶᠢᠨ ᠳᠠᠷᠢᠶᠠᠯᠠᠩ ᠤᠨ ᠳᠠᠯᠠᠪᠠᠢ ᠶᠢᠨ ᠢᠳᠡᠪᠬᠢᠳᠠᠢ ᠬᠦᠳᠤᠯᠤᠯ ᠵᠢᠯᠤᠭᠤᠳᠤᠯᠭ᠎ᠠ ᠪᠠ ᠵᠢᠱᠢᠶ᠎ᠡ ᠦᠵᠡᠬᠦᠯᠤᠯᠳᠠ ᠶᠢ ᠳᠠᠰᠤᠷᠠᠯᠳᠠ ᠦᠬᠡᠢ ᠠᠬᠢᠭᠤᠯᠤᠭᠰᠡᠨ ᠢᠶᠠᠷ ᠳᠠᠷᠪᠤᠰ ᠤᠨ ᠠᠵᠤ ᠤᠶᠢᠯᠡᠰ ᠨᠢ ᠳᠤᠭ᠎ᠠ ᠬᠡᠮᠵᠢᠶ᠎ᠡ ᠠᠴᠠ ᠶᠠᠰᠤ ᠴᠢᠨᠠᠷ ᠤᠨ ᠦᠰᠤᠷᠤᠯᠳᠠ ᠶᠢ ᠪᠠᠶᠠᠯᠡᠬᠦᠯᠵᠤ᠂ ᠳᠠᠷᠪᠤᠰ ᠤᠨ ᠶᠠᠰᠤ ᠴᠢᠨᠠᠷ ᠢ ᠳᠡᠬᠡᠭᠰᠢᠯᠡᠬᠦᠯᠦᠭᠰᠡᠨ ᠢᠶᠠᠷ ᠪᠠᠷᠠᠬᠤ ᠦᠬᠡᠢ᠂ ᠳᠤᠬᠠᠢ ᠶᠢᠨ ᠭᠠᠵᠠᠷ ᠤᠨ ᠳᠠᠷᠢᠶᠠᠴᠢᠤᠨ ᠤᠨ ᠤᠷᠤᠯᠭ᠎ᠠ ᠪᠠᠨ ᠨᠡᠮᠡᠭᠳᠡᠬᠦᠯᠤᠨ ᠪᠠᠶᠠᠵᠢᠬᠤ ᠶᠢ ᠳᠠᠶᠢᠴᠢᠯᠠᠵᠤ᠂  ᠤᠶᠢᠷ᠎ᠠ ᠬᠠᠪᠢ ᠶᠢᠨ ᠭᠠᠵᠠᠷ ᠤᠷᠤᠨ ᠤ ᠨᠡᠷᠡᠳᠤ ᠭᠤᠸᠠ ᠵᠢᠮᠢᠰ ᠤᠨ ᠭᠠᠷᠤᠯᠳᠠ ᠶᠢᠨ ᠭᠠᠵᠠᠷ ᠤᠷᠤᠨ ᠤ ᠨᠢᠬᠡ ᠨᠢ ᠪᠤᠯᠤᠭᠰᠡᠨ ᠪᠠᠶᠢᠨ᠎ᠠ᠃ ᠤᠳᠤᠬᠠᠨ ᠳᠤ᠂ ᠪᠤᠷᠤᠪᠠᠯᠭᠠᠰᠤ ᠪᠠᠯᠭᠠᠰᠤᠨ ᠤ ᠳᠠᠷᠪᠤᠰ ᠳᠠᠷᠢᠭᠰᠠᠨ ᠳᠠᠯᠠᠪᠠᠢ ᠨᠢ 1.1 ᠲᠦᠮᠡᠨ ᠮᠤ᠋ ᠳᠤ ᠬᠦᠷᠴᠤ᠂ ᠤᠨᠠᠯᠳᠠ ᠨᠢ 4.4 ᠲᠦᠮᠡᠨ ᠲᠤᠨ ᠳᠤ ᠬᠦᠷᠴᠤ᠂ ᠵᠢᠯ ᠤᠨ ᠤᠶᠢᠯᠡᠤᠨᠬᠦᠨ ᠤ ᠦᠷᠳᠡᠭ ᠨᠢ ᠪᠠᠷᠤᠭ 4400 ᠲᠦᠬᠦᠷᠢᠭ ᠳᠤ ᠬᠦᠷᠴᠤ᠂ ︽ᠬᠦᠳᠡᠭᠡ ᠳᠤᠰᠬᠤᠨ ᠢ ᠬᠦᠭᠵᠢᠬᠦᠯᠤᠨ ᠮᠠᠨᠳᠤᠭᠤᠯᠬᠤ ᠳᠠᠭᠤᠷᠢᠶᠠᠯ ᠤᠷᠤᠨ︾ ᠤ ᠪᠠᠶᠢᠭᠤᠯᠤᠯᠳᠠ ᠶᠢ ᠠᠬᠢᠭᠤᠯᠵᠤ ᠪᠠᠶᠢᠨ᠎ᠠ᠃
ᠢᠷᠡᠯᠲᠡ᠄ ᠤᠳᠤᠭ ᠤᠨ ᠡᠮᠤᠨᠡᠳᠤ ᠬᠤᠰᠢᠭᠤᠨ ᠤ ᠬᠠᠮ ᠵᠠᠭᠤᠴᠢᠯᠠᠭᠤᠷ ᠤᠨ ᠲᠦᠪ