ᠨᠠᠰᠣᠳᠠᠨ ᠢ ᠠᠰᠠᠷᠠᠬᠤ ᠬᠦᠷᠢᠶᠡᠯᠡᠩ ᠳᠠᠬᠢ ᠰᠢᠨ᠎ᠡ ᠶᠢᠨ ᠪᠠᠶᠠᠷ
ᠨᠡᠶᠢᠲᠡᠯᠡᠭᠰᠡᠨ ᠴᠠᠭ᠄
2025/2/10
     ᠰᠢᠨ᠎ᠡ ᠵᠢᠯ ᠴᠠᠭᠠᠨ ᠰᠠᠷ᠎ᠠ ᠪᠠᠷ ᠭᠡᠷ ᠬᠤᠳᠠᠯᠠᠭᠠᠷ ᠢᠶᠠᠨ ᠴᠣᠭᠯᠠᠷᠠᠵᠣ ᠬᠠᠯᠠᠭᠤᠨ ᠲᠣᠯᠠᠭᠠᠨ ᠰᠢᠨᠡᠯᠡᠵᠣ ᠴᠠᠭᠠᠯᠠᠬᠤ ᠶᠢ ᠡᠷᠬᠢᠮᠯᠡᠳᠡᠭ᠃ ᠣᠳᠤᠭ ᠤᠨ ᠡᠮᠦᠨᠡᠳᠦ ᠬᠤᠰᠢᠭᠤᠨ ᠤ ᠾᠧᠩ ᠺᠠᠩ ᠰᠣᠪᠢᠯᠠᠯᠳᠠ ᠶᠢᠨ ᠬᠦᠷᠢᠶᠡᠯᠡᠩ ᠳᠤ ᠬᠠᠷᠢᠨ 41 ᠨᠠᠰᠣᠳᠠᠳ ᠬᠠᠮᠳᠦ ᠪᠠᠷ ᠰᠢᠨᠡᠯᠡᠵᠣ᠂ ᠡᠶᠡᠯᠰᠡᠭ ᠨᠠᠶᠢᠷ ᠲᠠᠢ ᠠᠭᠤᠷ ᠠᠮᠢᠰᠬᠤᠯ ᠤᠨ ᠲᠣᠮᠳᠠ ᠰᠢᠨ᠎ᠡ ᠵᠢᠯ ᠢᠶᠠᠨ ᠣᠭᠳᠣᠭᠰᠠᠨ ᠪᠠᠶᠢᠨ᠎ᠠ᠃     ᠾᠧᠩ ᠺᠠᠩ ᠰᠣᠪᠢᠯᠠᠯᠳᠠ ᠶᠢᠨ ᠬᠦᠷᠢᠶᠡᠯᠡᠩ ᠳᠤ ᠳ᠋ᠧᠩᠯᠣ ᠡᠯᠭᠦᠵᠣ ᠦᠩᠭᠡᠳᠦ ᠪᠦᠰᠡ ᠨᠠᠮᠢᠷᠠᠭᠤᠯᠣᠨ ᠵᠢᠯ ᠴᠠᠭᠠᠨ ᠰᠠᠷ᠎ᠠ ᠶᠢᠨ ᠠᠭᠤᠷ ᠠᠮᠢᠰᠬᠤᠯ ᠪᠢᠯᠬᠠᠮ᠎ᠠ ᠪᠠᠶᠢᠪᠠ᠃ ᠵᠠᠩ ᠱᠦ ᠪᠣᠣ ᠨᠠᠰᠣᠳᠠᠨ ᠤ ᠴᠢᠷᠠᠢ ᠳᠤ ᠵᠣᠯ ᠵᠢᠷᠭᠠᠯᠳᠦ ᠢᠨᠢᠶᠠᠮᠰᠦᠭᠯᠡᠯ ᠪᠢᠯᠬᠠᠵᠣ᠂ ︽ᠬᠡᠳᠦᠶᠢᠪᠡᠷ ᠭᠡᠷ ᠲᠤ ᠪᠠᠨ ᠰᠢᠨᠡᠯᠡᠭᠰᠡᠨ ᠦᠭᠡᠢ ᠪᠣᠯᠪᠠᠴᠤ ᠠᠳᠡ ᠶᠡᠭᠡ ᠬᠦᠷ ᠬᠦᠭᠵᠢᠶᠡᠨ ᠲᠠᠢ ᠪᠠᠶᠢᠨ᠎ᠠ︾ ᠭᠡᠵᠣ ᠪᠡᠶᠡᠷᠳᠡᠢ ᠬᠡᠯᠡᠵᠣ ᠪᠠᠶᠢᠪᠠ᠃ ᠾᠧᠩ ᠺᠠᠩ ᠰᠣᠪᠢᠯᠠᠯᠳᠠ ᠶᠢᠨ ᠬᠦᠷᠢᠶᠡᠯᠠᠩ ᠨᠢ ᠨᠠᠰᠣᠳᠠᠶᠢᠴᠣᠳ ᠲᠤ ᠰᠢᠨ᠎ᠡ ᠵᠢᠯ  ᠤᠨ ᠬᠤᠭᠤᠯᠠ ᠣᠮᠳᠠ ᠶᠢ ᠡᠯᠪᠡᠭ ᠲᠡᠯᠪᠡᠭ ᠪᠡᠯᠡᠳᠬᠡᠭᠰᠡᠨ ᠪᠣᠯᠬᠤᠷ ᠡᠯ᠎ᠡ ᠵᠣᠶᠢᠯ ᠤᠨ ᠠᠮᠳᠠᠳᠠᠢ ᠢᠳᠡᠭᠡᠨ ᠰᠢᠷᠡᠭᠡ ᠲᠦᠬᠦᠷᠡᠩ ᠪᠠᠶᠢᠪᠠ᠃     ᠼᠦᠢ ᠯᠠᠨ ᠹᠠᠩ ᠨᠠᠰᠣᠳᠠᠨ ᠰᠡᠳᠬᠢᠯ ᠲᠣᠭᠳᠣᠯᠣᠨ ᠬᠡᠯᠡᠭᠦ ᠳᠤ ᠪᠠᠨ᠄ ︽ᠬᠡᠣᠭᠡᠳ ᠤᠳ ᠪᠦᠷ ᠶᠠᠭᠠᠷᠠᠣ ᠪᠣᠯᠬᠤᠷ ᠠᠳᠡ ᠰᠢᠨᠡᠯᠡᠭᠦ ᠳᠤ ᠪᠠᠰᠠ ᠮᠠᠰᠢ ᠲᠦᠬᠦᠮ ᠪᠠᠶᠢᠨ᠎ᠡ᠂ ᠡᠶᠢᠮᠣ ᠣᠯᠠᠨ ᠨᠠᠰᠣᠳᠠᠶᠢᠴᠣᠳ ᠲᠠᠢ ᠬᠠᠮᠳᠦ ᠰᠠᠶᠢᠬᠠᠨ ᠪᠠᠶᠢᠨ᠎ᠠ︾ ᠭᠡᠵᠣ ᠪᠠᠶᠢᠯ᠎ᠠ᠃ ᠰᠣᠪᠢᠯᠠᠯᠳᠠ ᠶᠢᠨ ᠬᠦᠷᠢᠶᠡᠯᠡᠩ ᠤᠨ ᠠᠵᠢᠯᠳᠠᠳ ᠨᠠᠰᠣᠳᠠᠶᠢᠴᠣᠳ ᠤᠨ ᠲᠦᠷᠦᠯ ᠰᠠᠳᠣᠨ ᠲᠠᠢ ᠠᠳᠠᠯᠢ ᠪᠠᠷ ᠬᠠᠵᠠᠭᠤ ᠳᠤᠨᠢ ᠬᠠᠨᠢ ᠪᠣᠯᠵᠣ ᠬᠠᠷᠠᠭᠠᠯᠵᠠᠨ ᠪᠣᠯᠭᠤᠭᠠᠵᠣ ᠪᠠᠶᠢᠯ᠎ᠠ᠃ ᠲᠡᠳᠡ ᠢᠯᠡᠷᠬᠡᠶᠢᠯᠡᠭᠦ ᠳᠤ ᠪᠠᠨ ᠴᠠᠭᠠᠨ ᠰᠠᠷ᠎ᠠ ᠶᠢᠨ ᠬᠤᠭᠤᠴᠠᠭᠠᠨ ᠳᠤ ᠪᠢᠳᠡ ᠡᠩ ᠤᠨ ᠦᠶ᠎ᠡ ᠶᠢᠨ ᠬᠢᠨ ᠲᠠᠢ ᠠᠳᠠᠯᠢ ᠪᠠᠷ ᠬᠤᠭᠤᠯᠠ ᠵᠠᠭᠤᠰᠢ ᠶᠢ ᠡᠯᠪᠡᠭ ᠪᠡᠯᠡᠳᠬᠡᠵᠣ᠂ ᠲᠡᠳᠡᠨ ᠳᠤ ᠡᠯᠪᠡᠭ ᠪᠠᠶᠠᠯᠢᠭ᠂ ᠪᠠᠶᠠᠷ ᠪᠠᠶᠠᠰᠬᠤᠯᠠᠩ ᠲᠠᠢ᠂ ᠠᠮᠣᠷ ᠲᠦᠪᠰᠢᠨ ᠰᠠᠷ᠎ᠠ ᠰᠢᠨ᠎ᠡ ᠶᠢ ᠦᠩᠭᠡᠷᠡᠭᠦᠯᠬᠦ ᠶᠢ ᠪᠠᠳᠣᠯᠠᠵᠣ ᠪᠠᠶᠢᠨ᠎ᠠ ᠭᠡᠪᠡ᠃
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠬᠠᠮ ᠵᠠᠭᠤᠴᠢᠯᠠᠭᠤᠷ ᠤᠨ ᠲᠦᠪ