ᠳᠠᠪᠤᠳᠤᠭᠠᠷ ᠪᠦᠯᠦᠭ ᠪᠤᠷᠤᠪᠠᠯᠭᠠᠰᠤᠨ ᠤ ᠰᠠᠭᠤᠷᠢᠨ ᠭᠠᠵᠠᠷ | ᠭᠤᠷᠪᠡ᠂ ᠠᠷᠠᠳᠴᠢᠯᠠᠯ ᠤᠨ ᠪᠠᠶᠢᠭᠤᠯᠣᠯᠳᠠ | 1941 ᠣᠨ ᠤ 11 ᠰᠠᠷ᠎ᠠ ᠳᠤ᠂ ᠪᠣᠷᠣᠪᠠᠯᠭᠠᠰᠣ ᠶᠢ ᠴᠢᠯᠦᠭᠡᠯᠡᠭᠰᠡᠨ ᠤ ᠳᠠᠷᠠᠭ᠎ᠠ ᠼᠣᠣ ᠳ᠋ᠦᠩ ᡁᠢ᠂ ᠦ᠋ ᠽᠢ ᠮᠢᠩ ᠨᠠᠷ ᠵᠦᠪᠳᠡᠯᠴᠡᠬᠡᠤᠨ ᠮᠣᠩᠭᠤᠯ ᠤᠨ | ᠠᠵᠢᠯ ᠤᠨ ᠵᠦᠪᠯᠡᠯ ᠢ ᠪᠠᠶᠢᠭᠤᠯᠵᠣ᠂ ᠼᠣᠣ ᠳ᠋ᠦᠩ ᡁᠢ ᠶᠢ ᠡᠷᠬᠢᠯᠡᠭᠴᠢ ᠪᠠᠷ᠂ ᠣᠣᠯ ᠤᠨ ᠠᠮᠣᠷ ᠢ ᠬᠠᠮᠠᠭᠠᠯᠠᠬᠤ ᠳᠦᠷᠪᠡᠳᠣᠭᠡᠷ ᠪᠠᠲᠯᠢᠶᠤᠨ ᠤ ᠨᠢᠭᠡᠳᠦᠭᠡᠷ | ᠰᠣᠮᠣᠨ ᠤ ᠳᠠᠷᠤᠭ᠎ᠠ ᠬᠡᠰᠢᠭᠪᠡᠶᠠᠨ ︵ᠬᠣ᠋ ᠸᠧᠢ ᠴᠧᠩ︶ ᠢ ᠳᠡᠳ᠋ ᠡᠷᠬᠢᠯᠡᠭᠴᠢ ᠪᠠᠷ ᠳᠤᠮᠢᠯᠠᠨ᠂ ᠨᠠᠰᠤᠨᠵᠢᠷᠭᠠᠯ᠂ ᠪᠠᠢ ᠳᠣᠷᠵᠢ᠂ ᠱᠢ ᠾᠧ ᠽᠧ᠂ ᠯᠣ᠋ ᠶᠢᠨ ᠬᠣ᠋᠂ | ᠹᠧᠩ ᠦ᠋ ᠪᠣᠣ᠂ ᠱᠢ ᠵᠦᠩ ᠴᠢᠩ ᠵᠡᠷᠬᠡ ᠬᠡᠰᠢᠬᠦᠤᠨ ᠲᠠᠢ ᠪᠠᠶᠢᠪᠠ᠃ ᠡᠨᠡ ᠨᠢ ᠪᠣᠷᠣᠪᠠᠯᠭᠠᠰᠣᠨ ᠤ ᠠᠷᠠᠳᠴᠢᠯᠠᠯ ᠢᠶᠠᠷ ᠵᠠᠰᠠᠭ ᠪᠠᠶᠢᠭᠤᠯᠣᠭᠰᠠᠨ ᠠᠩᠬᠠᠨ ᠤ | ᠳᠣᠷᠰᠢᠯᠳᠠ ᠪᠣᠯᠬᠤ ᠶᠣᠮ᠃ | 1942 ᠣᠨ ᠤ ᠬᠠᠪᠣᠷ᠂ ᠪᠤᠷᠤᠪᠠᠯᠭᠠᠰᠤᠨ ᠤ ᠮᠤᠩᠭᠤᠯ ᠤᠨ ᠠᠵᠢᠯ ᠤᠨ ᠵᠦᠪᠯᠡᠯ ᠢ ᠪᠤᠷᠤᠪᠠᠯᠭᠠᠰᠤ ᠶᠢᠨ ᠬᠤᠯᠪᠤᠭ᠎ᠠ ᠠᠪᠬᠤ ᠱᠲ᠋ᠠᠪ ᠤᠨ ᠭᠠᠵᠠᠷ ᠬᠡᠵᠤ | ᠬᠠᠯᠠᠨ ᠨᠡᠷᠡᠯᠡᠵᠤ᠂ ᠳᠡᠮᠡᠢ ᠤᠳᠠᠯ ᠦᠬᠡᠢ ᠳᠠᠬᠢᠭᠠᠤᠨ ᠪᠤᠷᠤᠪᠠᠯᠭᠠᠰᠤᠨ ᠤ ᠹᠦᠭᠤᠸᠠᠨ ᠤ ᠭᠠᠵᠠᠷ ᠬᠡᠵᠤ ᠦᠬᠡᠷᠡᠴᠢᠯᠡᠬᠡᠤᠨ᠂ ᠬᠠᠮᠤᠭ ᠰᠡᠬᠦᠯ ᠳᠤ ᠨᠢ | ᠪᠤᠷᠤᠪᠠᠯᠭᠠᠰᠤᠨ ᠤ ᠴᠡᠷᠢᠭ ᠵᠠᠰᠠᠭ ᠠᠷᠠᠤᠨ ᠤᠨ ᠬᠤᠯᠪᠤᠭᠠᠳᠤ ᠬᠤᠷᠠᠯ ᠬᠡᠵᠤ ᠨᠠᠷᠠ ᠬᠠᠯᠠᠵᠠᠢ᠃ | 1945 ᠤᠨ ᠤ 2 ᠰᠠᠷ᠎ᠠ ᠳᠤ᠂ ᠶᠡᠭᠡ ᠵᠣᠣ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠪᠠᠶᠢᠭᠤᠯᠣᠭᠳᠠᠭᠰᠠᠨ ᠤ ᠳᠠᠷᠠᠭ᠎ᠠ ᠠᠷᠠᠳᠴᠢᠯᠠᠯᠳᠣ ᠵᠠᠰᠠᠭ ᠤᠨ ᠡᠷᠭᠡ | ᠶᠢᠨ ᠪᠠᠶᠢᠭᠤᠯᠣᠯᠳᠠ ᠪᠠᠨ ᠴᠢᠩᠭᠠᠳᠬᠠᠬᠤ ᠶᠢᠨ ᠳᠦᠯᠦᠭᠡ ᠪᠣᠷᠣᠪᠠᠯᠭᠠᠰᠣᠨ ᠤ ᠴᠡᠷᠢᠭ ᠵᠠᠰᠠᠭ ᠠᠷᠠᠳ ᠤᠨ ᠬᠤᠯᠪᠣᠭᠠᠳᠣ ᠬᠤᠷᠡᠯ ᠤᠨ ᠨᠠᠷ᠎ᠡ ᠶᠢ ᠦᠭᠡᠷᠡᠴᠢᠯᠡᠭᠡᠳ | ᠪᠣᠷᠣᠪᠠᠯᠭᠠᠰᠣᠨ ᠤ ᠮᠣᠩᠭᠤᠯ ᠬᠢᠳᠠᠳ ᠦᠪᠡᠷᠳᠡᠭᠡᠨ ᠵᠠᠰᠠᠬᠤ ᠬᠤᠯᠪᠣᠭᠠᠳᠣ ᠬᠤᠷᠡᠯ ᠪᠤᠯᠭᠠᠵᠤ᠂ ᠱᠠᠨ— ᠭᠠᠨ— ᠨᠢᠩ ᠬᠢᠵᠠᠭᠠᠷ ᠤᠷᠤᠨ ᠤ ᠮᠣᠩᠭᠤᠯ | ᠦᠨᠳᠣᠰᠣᠳᠡᠨ ᠤ ᠠᠩᠬᠠᠳᠠᠭᠴᠢ ᠦᠪᠡᠷᠳᠡᠭᠡᠨ ᠵᠠᠰᠠᠬᠤ ᠣᠷᠣᠨ ᠪᠠᠶᠢᠭᠤᠯᠣᠭᠳᠠᠭᠰᠠᠨ ᠪᠠᠶᠢᠨ᠎ᠠ᠃ ᠬᠤᠯᠪᠣᠭᠠᠳᠣ ᠬᠤᠷᠡᠯ ᠤᠨ ᠡᠷᠬᠢᠯᠡᠭᠴᠢ ᠸᠠᠩ ᠳ᠋ᠧ ᠱᠧᠩ᠂ ᠳᠡᠳ᠋ | ᠡᠷᠬᠢᠯᠡᠭᠴᠢ ᠦᠯᠵᠡᠶᠢᠪᠠᠳᠣ ᠪᠠᠶᠢᠵᠤ᠂ ᠦᠪᠡᠷᠳᠡᠭᠡᠨ ᠵᠠᠰᠠᠬᠤ ᠬᠤᠷᠡᠯ ᠤᠨ ᠳᠣᠣᠷ᠎ᠠ ᠵᠠᠩᠭᠠᠨ ᠰᠢᠯᠢ᠂ ᠣᠳᠣᠷ ᠤᠨ ᠬᠤᠭᠤᠯᠠᠢ᠂ ᠳᠠᠷᠢᠶᠠᠨ ᠰᠢᠯᠢ᠂ ᠪᠣᠷᠣᠳᠣᠯᠣᠭᠠᠢ | ᠵᠡᠷᠭᠡ ᠲᠦᠷᠪᠡᠨ ᠵᠠᠰᠠᠭ ᠵᠠᠬᠢᠷᠭᠠᠨ ᠤ ᠳᠤᠰᠬᠤᠨ ᠭᠠᠷᠭᠠᠵᠡᠢ᠃ 1946 ᠣᠨ ᠳᠤ᠂ ᠯᠢᠨ ᠪᠥᠸᠧ ᠴᠢᠦᠢ ᠳᠡᠷᠢᠭᠦᠯᠡᠭᠴᠢ ᠱᠠᠨ— ᠭᠠᠨ— ᠨᠢᠩ ᠬᠢᠵᠠᠭᠠᠷ | ᠤᠷᠤᠨ ᠤ ᠭᠤᠷᠪᠠᠳᠣᠭᠠᠷ ᠬᠤᠭᠤᠴᠠᠭᠠᠨ ᠤ ᠵᠦᠪᠯᠡᠯᠭᠡᠨ ᠤ ᠬᠤᠷᠡᠯ ᠳᠡᠭᠡᠷ᠎ᠡ ᠭᠢᠭᠰᠡᠨ ︽ᠣᠯᠣᠰ ᠳᠦᠷᠦ ᠶᠢᠨ ᠠᠵᠢᠯ ᠤᠨ ᠮᠡᠳᠡᠭᠦᠯᠦᠯᠳᠠ︾ ᠳᠡᠭᠡᠨ᠄ ︽ᠴᠦᠭᠡᠨ | ᠳᠣᠭᠠᠳᠣ ᠦᠨᠳᠣᠰᠣᠳᠡᠨ ᠤ ᠡᠷᠬᠡᠳᠤ ᠠᠷᠠᠳ ᠨᠢ ᠡᠩ ᠤᠨ ᠡᠷᠡᠭᠳᠡᠢ ᠡᠮᠡᠭᠳᠡᠢ ᠡᠷᠬᠡᠳᠤ ᠠᠷᠠᠳ ᠲᠠᠢ ᠠᠳᠠᠯᠢᠬᠠᠨ ᠳᠡᠭᠡᠷ᠎ᠡ ᠳᠣᠷᠠᠳᠣᠭᠰᠠᠨ ᠠᠯᠢᠪᠠ ᠴᠢᠯᠦᠭᠡᠳᠣ ᠡᠷᠭᠡ | ᠮᠡᠳᠡᠯ ᠢ ᠡᠳ᠋ᠯᠡᠭᠦ ᠠᠴᠠ ᠭᠠᠳᠠᠨ᠎ᠠ ᠪᠠᠰᠠ ᠴᠦᠭᠡᠨ ᠳᠣᠭᠠᠳᠣ ᠦᠨᠳᠣᠰᠣᠳᠡᠨ ᠤ ᠦᠪᠡᠷᠳᠡᠬᠡᠨ ᠵᠠᠰᠠᠬᠤ ᠣᠷᠣᠨ ᠪᠠᠶᠢᠭᠤᠯᠵᠤ ᠪᠤᠯᠤᠨ᠎ᠠ᠂ ᠵᠢᠱᠢᠶᠠᠯᠠᠪᠡᠯ ᠭᠤᠷᠪᠡᠨ | ᠬᠢᠵᠠᠭᠠᠷ᠂ ᠭᠤᠸᠠᠨᠵᠦ᠋ᠩ ᠤᠨ ᠬᠤᠳᠤᠩᠴᠤᠤᠨ ᠤᠨ ᠰᠢᠶᠠᠩ ᠪᠠ ᠪᠣᠷᠣᠪᠠᠯᠭᠠᠰᠣᠨ ᠤ ᠮᠤᠩᠭᠤᠯᠴᠤᠤᠨ ᠤᠨ ᠦᠪᠡᠷᠳᠡᠬᠡᠨ ᠵᠠᠰᠠᠬᠤ ᠣᠷᠣᠨ ᠵᠡᠷᠭᠡ ᠶᠢ ᠪᠠᠶᠢᠭᠤᠯᠵᠣ | ᠪᠣᠯᠬᠤ ᠶᠣᠮ︾ ᠬᠡᠵᠣ ᠮᠠᠭᠠᠤᠨᠯᠠᠯᠳᠠ ᠬᠢᠵᠠᠢ᠃ ᠡᠨᠡ ᠨᠢ ᠪᠣᠷᠣᠪᠯᠭᠠᠰᠣᠨ ᠤ ᠮᠣᠩᠭᠤᠯ ᠬᠢᠳᠠᠳ ᠦᠪᠡᠷᠳᠡᠭᠡᠨ ᠵᠠᠰᠠᠬᠤ ᠬᠤᠯᠪᠣᠭᠠᠳᠣ ᠬᠤᠷᠡᠯ ᠤᠨ ᠦᠨᠳᠣᠰᠣᠳᠡᠨ ᠤ | ᠦᠪᠡᠷᠳᠡᠭᠡᠨ ᠵᠠᠰᠠᠬᠤ ᠳᠤ ᠦᠵᠡᠭᠦᠯᠦᠭᠰᠡᠨ ᠬᠤᠪᠢ ᠨᠡᠮᠡᠷᠢ ᠶᠢ ᠭᠦᠢᠴᠡᠳ ᠨᠣᠳᠠᠯᠠᠭᠰᠠᠨ ᠪᠠᠶᠢᠨ᠎ᠠ᠃ | | | ᠢᠷᠡᠯᠳᠠ᠄ ᠲᠠᠯ᠎ᠠ ᠨᠣᠳᠤᠭ ᠤᠨ ᠬᠤᠪᠢᠰᠬᠠᠯ ᠤᠨ ᠲᠡᠣᠬᠡ ᠣᠯᠪᠠᠭ᠎ᠠ |