ᠪᠠᠶᠢᠭᠠᠯᠢ ᠶᠢᠨ ᠭᠠᠢ ᠭᠠᠮᠰᠢᠭ — ᠦᠶᠡᠷ ᠤᠰᠤᠳᠤᠯ
ᠨᠡᠶᠢᠲᠡᠯᠡᠭᠰᠡᠨ ᠴᠠᠭ᠄
2025/2/19
     1991 — 2009 ᠤᠨ ᠪᠤᠯᠳᠠᠯ᠎ᠠ᠂ ᠤᠳᠤᠭ ᠤᠨ ᠡᠮᠤᠨᠡᠳᠤ ᠬᠤᠰᠢᠭᠤᠨ ᠤ ᠳᠤᠮᠳᠠᠴᠢ ᠳᠤᠨᠳᠠᠰᠤ 249.8 ᠮᠢᠯᠢᠮᠧᠲᠷ ᠪᠠᠶᠢᠵᠤ᠂ ᠬᠠᠭᠠᠰ ᠠᠴᠠ ᠳᠡᠬᠡᠭᠰᠢᠬᠢ ᠨᠢ 7 ~ 9 ᠰᠠᠷ᠎ᠠ ᠳᠤ ᠲᠦᠪᠯᠡᠷᠡᠵᠤ᠂ ᠳᠤᠨᠳᠠᠰᠤ ᠶᠢᠨ ᠴᠢᠨᠠᠷ ᠨᠢ ᠤᠯᠠᠩᠬᠢ ᠳᠤ ᠪᠠᠨ ᠲᠦᠷ ᠴᠠᠭ ᠤᠨ ᠴᠢᠨᠠᠷᠳᠠᠢ᠂ ᠬᠡᠪᠴᠢᠶ᠎ᠡ ᠨᠢ ᠪᠠᠭ᠎ᠠ᠂ ᠴᠠᠭ ᠨᠢ ᠤᠬᠤᠷ᠂ ᠬᠦᠴᠤᠯᠡᠴᠠ ᠨᠢ ᠶᠡᠭᠡ᠂ ᠠᠳᠠᠯᠢ ᠪᠤᠰᠤ ᠬᠡᠮᠵᠢᠶᠡᠨ ᠤ ᠦᠶᠡᠷ ᠤᠨ ᠤᠰᠤᠨ ᠤ ᠭᠠᠮᠰᠢᠭ ᠠᠮᠠᠷᠬᠠᠨ ᠡᠬᠦᠰᠳᠡᠭ᠃ 1 ᠡᠳᠤᠷ ᠤᠨ ᠬᠠᠮᠤᠭ ᠤᠨ ᠶᠡᠭᠡ ᠳᠤᠨᠳᠠᠰᠤ ᠨᠢ 80.4 ᠮᠢᠯᠢᠮᠧᠲᠷ ︵1998 ᠤᠨ ᠤ 7 ᠰᠠᠷ᠎ᠠ ᠶᠢᠨ 5︶ ᠬᠦᠷᠪᠡ᠃ 2002 ᠤᠨ ᠤ 6 ᠰᠠᠷ᠎ᠠ ᠶᠢᠨ 8 ᠤ ᠡᠳᠤᠷ᠂ ᠡᠳᠤᠷ ᠤᠨ ᠳᠤᠨᠳᠠᠰᠤ 60.8 ᠮᠢᠯᠢᠮᠧᠲᠷ ᠲᠤ ᠬᠦᠷᠴᠠᠢ᠃ 2008 ᠤᠨ ᠤ 8 ᠰᠠᠷ᠎ᠠ ᠶᠢᠨ 16 ᠤ ᠡᠳᠤᠷ᠂ ᠡᠳᠤᠷ ᠤᠨ ᠳᠤᠨᠳᠠᠰᠤ ᠨᠢ 65.4 ᠮᠢᠯᠢᠮᠧᠲᠷ ᠪᠤᠯᠤᠭᠰᠡᠨ ᠪᠠᠶᠢᠨ᠎ᠠ᠃     1998 ᠤᠨ ᠤ 7 ᠰᠠᠷ᠎ᠠ ᠶᠢᠨ 4 ~ 5 ᠤ ᠡᠳᠤᠷ᠂ ᠪᠦᠬᠦ ᠬᠤᠰᠢᠭᠤᠨ ᠳᠤ ᠦᠶᠡᠷ ᠤᠨ ᠤᠰᠤᠨ ᠤ ᠭᠠᠮᠰᠢᠭ ᠡᠬᠦᠰᠴᠤ᠂ ᠠᠵᠤ ᠠᠬᠤᠢ ᠶᠢᠨ ᠰᠢᠭᠤᠤᠨ ᠬᠤᠬᠢᠷᠠᠯ 17 ᠲᠦᠮᠡᠨ ᠲᠦᠬᠦᠷᠢᠭ ᠲᠤ ᠬᠦᠷᠴᠠᠢ᠃ 2001 ᠤᠨ ᠤ 8 ~ 9 ᠰᠠᠷ᠎ᠠ ᠪᠤᠯᠳᠠᠯᠠᠬᠢ ᠦᠷᠬᠦᠯᠵᠢᠯᠡᠭᠰᠡᠨ ᠬᠡᠳᠤᠨ ᠤᠳᠠᠭ᠎ᠠ ᠶᠢᠨ ᠳᠤᠨᠳᠠᠰᠤ ᠨᠢ ᠪᠦᠬᠦ ᠬᠤᠰᠢᠭᠤᠨ ᠳᠤ ᠦᠶᠡᠷ ᠤᠨ ᠤᠰᠤᠨ ᠤ ᠭᠠᠮᠰᠢᠭ ᠤᠴᠠᠷᠠᠭᠤᠯᠵᠤ᠂ 2496 ᠬᠦᠮᠤᠨ ᠭᠠᠮᠰᠢᠭᠳᠠᠨ᠂ 1 ᠬᠦᠮᠤᠨ ᠦᠬᠦᠵᠤ᠂ ᠡᠪᠳᠡᠯᠡᠭᠰᠡᠨ ᠬᠡᠷ ᠪᠠᠶᠢᠰᠢᠩ 1287 ᠳᠠᠰᠤᠯᠭ᠎ᠠ᠂ ᠨᠤᠷᠠᠭᠰᠡᠨ ᠬᠡᠷ ᠪᠠᠶᠢᠰᠢᠩ 738 ᠳᠠᠰᠤᠯᠭ᠎ᠠ ᠪᠤᠯᠵᠠᠢ᠃ 2002 ᠤᠨ ᠤ 6 ᠰᠠᠷ᠎ᠠ ᠶᠢᠨ 7 ~ 9 ᠪᠤᠯᠳᠠᠯ᠎ᠠ᠂ ᠦᠷᠬᠦᠯᠵᠢᠯᠡᠨ ᠶᠡᠭᠡ ᠪᠤᠷᠤᠭᠠᠨ ᠤᠷᠤᠵᠤ᠂ ᠵᠤᠤᠬ᠎ᠠ ᠳᠤ ᠬᠢ ᠳᠤᠨᠳᠠᠰᠤ ᠨᠢ 142.5 ᠮᠢᠯᠢᠮᠧᠲᠷ ᠬᠦᠷᠴᠤ᠂ 195000 ᠮᠤ᠋ ᠡᠪᠡᠰᠤ ᠪᠡᠯᠴᠢᠬᠡᠷ᠂ 1525.5 ᠮᠤ᠋ ᠳᠠᠷᠢᠮᠠᠯ ᠤᠰᠤᠨ  ᠳᠤ ᠠᠪᠳᠠᠵᠤ᠂ 23 ᠬᠡᠰᠡᠭ ᠭᠠᠵᠠᠷ ᠶᠡᠬᠦᠷᠡᠨ᠂ ᠫᠧᠩ ᠬᠤᠷᠢᠶ᠎ᠠ 32 ᠬᠡᠰᠡᠭ ᠡᠪᠳᠡᠯᠡᠭᠳᠡᠨ᠂ 80 ᠮᠠᠯ ᠦᠬᠦᠵᠤ᠂ 86 ᠡᠷᠤᠬᠡ ᠶᠢᠨ 238 ᠬᠦᠮᠤᠨ ᠭᠠᠮᠰᠢᠭᠳᠠᠵᠠᠢ᠃ ᠴᠠᠷᠳᠠᠮᠠᠯ ᠵᠠᠮ ᠢ ᠰᠡᠳᠡᠯᠤᠨ᠂ ᠭᠤᠷᠪᠠᠳᠤᠭᠠᠷ ᠳᠡᠰ ᠤᠨ ᠵᠠᠰᠠᠮᠠᠯ ᠵᠠᠮ ᠨᠢ ᠤᠯᠠᠨ ᠭᠠᠵᠠᠷ ᠡᠪᠳᠡᠯᠡᠭᠳᠡᠨ᠂ ᠪᠦᠬᠦ ᠬᠤᠰᠢᠭᠤᠨ ᠤ ᠰᠤᠮᠤ᠂ ᠭᠠᠴᠠᠭ᠎ᠠ  ᠶᠢᠨ ᠵᠠᠰᠠᠮᠠᠯ ᠵᠠᠮ ᠠᠳᠠᠯᠢ ᠪᠤᠰᠤ ᠬᠡᠮᠵᠢᠶ᠎ᠡ ᠪᠠᠷ ᠡᠪᠳᠡᠯᠡᠭᠳᠡᠨ᠂ ᠠᠵᠤ ᠠᠬᠤᠢ ᠶᠢᠨ ᠰᠢᠭᠤᠤᠨ ᠬᠤᠬᠢᠷᠠᠯ ᠭᠤᠷᠪᠠᠨ ᠵᠠᠭᠤ ᠭᠠᠷᠤᠢ ᠲᠦᠮᠡᠨ ᠲᠦᠬᠦᠷᠢᠭ ᠲᠤ ᠬᠦᠷᠴᠡᠢ᠃2008 ᠤᠨ ᠤ 8 ᠰᠠᠷ᠎ᠠ ᠶᠢᠨ 16 ᠤ ᠡᠳᠤᠷ᠂ ᠤᠯᠵᠠᠴᠢ ᠪᠠᠯᠭᠠᠰᠤᠨ ᠳᠤᠭᠤᠷᠢᠭ ᠲᠤ ᠠᠭᠠᠳᠠᠷ ᠪᠤᠷᠤᠭᠠᠨ ᠤᠷᠤᠵᠤ᠂ ᠡᠳᠤᠷ ᠤᠨ ᠳᠤᠨᠳᠠᠰᠤ ᠶᠢᠨ ᠬᠡᠮᠵᠢᠶ᠎ᠡ 65.4 ᠮᠢᠯᠢᠮᠧᠲᠷ ᠪᠤᠯᠵᠤ᠂ ᠴᠠᠭ ᠤᠨ ᠬᠠᠮᠤᠭ ᠤᠨ ᠶᠡᠭᠡ ᠳᠤᠨᠳᠠᠰᠤ 41.3 ᠮᠢᠯᠢᠮᠧᠲᠷ ᠪᠤᠯᠵᠤ᠂ ᠰᠢᠷᠤᠬᠦᠨ ᠪᠤᠷᠤᠭᠠᠨ ᠤ ᠨᠦᠯᠤᠬᠡᠯᠡᠯ ᠢᠶᠠᠷ ᠤᠯᠵᠠᠴᠢ ᠪᠠᠯᠭᠠᠰᠤᠨ ᠤ ᠰᠠᠭᠤᠭᠠᠯᠢ ᠠᠷᠠᠤᠨ ᠤᠨ ᠳᠤᠭᠤᠷᠢᠭ ᠤᠨ 133 ᠡᠷᠤᠬᠡ ᠶᠢᠨ 419 ᠬᠦᠮᠤᠨ ᠠᠳᠠᠯᠢ ᠪᠤᠰᠤ ᠬᠡᠮᠵᠢᠶᠡᠨ ᠤ ᠤᠰᠤᠳᠤᠯ ᠳᠤ ᠤᠴᠠᠷᠠᠵᠤ᠂ 4 ᠰᠠᠭᠤᠭᠠᠯᠢ ᠠᠷᠠᠤᠨ ᠤᠨ ᠬᠡᠷ ᠤᠨ ᠬᠡᠷᠡᠮ ᠨᠢ ᠨᠤᠷᠠᠭᠰᠡᠨ ᠪᠠᠶᠢᠨ᠎ᠠ᠃                ᠢᠷᠡᠯᠳᠠ᠄ ᠣᠳᠤᠭ ᠤᠨ ᠡᠮᠦᠨᠡᠳᠦ ᠬᠤᠰᠢᠭᠤᠨ ᠤ ᠣᠶᠢᠯᠠᠯᠭ᠎ᠠ
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ