ᠵᠠᠰᠠᠭ ᠤᠨ ᠤᠷᠳᠤᠨ ᠤ ᠠᠵᠢᠯ ᠤᠨ ᠢᠯᠡᠳᠭᠡᠯ | | —— 2025 ᠤᠨ ᠤ 1 ᠰᠠᠷ᠎ᠠ ᠶᠢᠨ 14 ᠤ ᠡᠳᠥᠷ ᠤᠳᠤᠭ ᠤᠨ ᠡᠮᠥᠨᠡᠳᠤ ᠬᠤᠰᠢᠭᠤᠨ ᠤ ᠠᠷᠪᠠᠨ ᠨᠢᠭᠡᠳᠥᠭᠡᠷ | ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠦᠷᠪᠡᠳᠦᠭᠡᠷ ᠬᠤᠷᠠᠯᠳᠤᠭᠠᠨ ᠲᠡᠭᠡᠷ᠎ᠡ | | ᠤᠳᠤᠭ ᠤᠨ ᠡᠮᠤᠨᠡᠳᠤ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠤ ᠬᠤᠰᠢᠭᠤ ᠲᠠᠷᠤᠭ᠎ᠠ | ᠶᠠᠩ ᠶᠢᠩ ᠰᠢᠨ | | ᠲᠦᠯᠦᠭᠡᠯᠡᠭᠴᠢᠳ ᠡ᠄ | ᠡᠳᠦᠭᠡ ᠪᠢ᠂ ᠬᠤᠰᠢᠭᠤ ᠠᠷᠠᠳ ᠤᠨ ᠵᠠᠰᠠᠭ ᠤᠨ ᠣᠷᠳᠣᠨ ᠢ ᠲᠦᠯᠦᠭᠡᠯᠡᠨ ᠶᠡᠭᠡ ᠬᠤᠷᠠᠯ ᠳᠤ ᠠᠵᠢᠯ ᠤᠨ ᠢᠯᠡᠳᠬᠡᠯ ᠬᠢᠶ᠎ᠡ᠂ ᠲᠦᠯᠦᠭᠡᠯᠡᠭᠴᠢᠳ ᠬᠢᠨᠠᠨ | ᠵᠦᠪᠯᠡᠵᠣ᠂ ᠣᠯᠣᠰ ᠲᠦᠷᠦ ᠶᠢᠨ ᠵᠦᠪᠯᠡᠯᠭᠡᠨ ᠤ ᠭᠡᠰᠢᠭᠦᠳ ᠪᠣᠯᠣᠨ ᠰᠣᠯᠠ ᠣᠷᠣᠯᠴᠠᠭᠰᠠᠳ ᠰᠠᠨᠠᠯ ᠢᠶᠠᠨ ᠲᠡᠪᠰᠢᠭᠦᠯᠭᠦ ᠪᠣᠯᠪᠠᠤ᠃ | ᠨᠢᠭᠡ᠂ 2024 ᠣᠨ ᠤ ᠠᠵᠢᠯ ᠤᠨ ᠡᠷᠬᠢᠴᠡᠭᠦᠯᠦᠯ | 2024 ᠪᠣᠯ ᠪᠦᠬᠦᠳᠠ ᠨᠠᠶᠢᠷᠠᠮᠳᠠᠬᠤ ᠳᠤᠮᠳᠠᠳᠤ ᠠᠷᠠᠤᠨ ᠣᠯᠣᠰ ᠪᠠᠶᠢᠭᠤᠯᠣᠭᠳᠠᠭᠰᠠᠨ 75 ᠵᠢᠯ ᠤᠨ ᠣᠢ᠂ ︽ᠠᠷᠪᠠᠨ ᠲᠦᠷᠪᠡᠳᠦᠭᠡᠷ ᠲᠠᠪᠣᠨ ᠵᠢᠯ︾ | ᠤᠨ ᠲᠦᠯᠦᠪᠵᠢᠭᠦᠯᠭᠡ ᠶᠢᠨ ᠬᠡᠷᠡᠭᠵᠢᠭᠦᠯᠦᠯᠳᠡ ᠶᠢᠨ ᠵᠠᠩᠬᠢᠯᠠᠭ᠎ᠠ ᠶᠢᠨ ᠵᠢᠯ ᠮᠦᠨ᠂ ᠪᠦᠬᠦ ᠬᠤᠰᠢᠭᠤ ᠪᠠᠷ ᠢᠶᠠᠨ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ | ᠲᠣᠮᠳᠠᠳᠦ ᠣᠯᠣᠰ ᠤᠨ ᠤᠨᠴᠠᠯᠢᠭᠳᠤ ᠨᠡᠶᠢᠭᠡᠮ ᠵᠢᠷᠦᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠬᠤ ᠶᠢ ᠪᠠᠷᠢᠮᠳᠠᠯᠠᠨ᠂ ᠨᠠᠮ ᠤᠨ ᠬᠤᠷᠢᠳᠣᠭᠠᠷ ᠶᠡᠭᠡ | ᠬᠤᠷᠠᠯ ᠪᠣᠯᠣᠨ ᠬᠤᠷᠢᠳᠣᠭᠠᠷ ᠬᠤᠭᠤᠴᠠᠭᠠᠨ ᠤ ᠬᠤᠶᠠᠳᠣᠭᠠᠷ᠂ ᠭᠤᠷᠪᠠᠳᠣᠭᠠᠷ ᠪᠦᠬᠦᠳᠡ ᠬᠤᠷᠠᠯᠳᠣᠭᠠᠨ ᠤ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠣᠣᠱᠯᠠᠭᠤᠯᠵᠣ᠂ | ᠶᠡᠷᠦᠩᠬᠡᠢ ᠱᠦᠵᠢ ᠰᠢ ᠶᠢᠨ ᠫᠢᠩ ᠤᠨ ᠦᠪᠦᠷ ᠮᠣᠩᠭᠤᠯ ᠳᠤ ᠦᠭᠭᠦᠭᠰᠡᠨ ᠴᠢᠬᠤᠯᠠ ᠵᠢᠭᠠᠪᠦᠷᠢ ᠶᠢᠨ ᠵᠣᠷᠢᠭ ᠰᠠᠨᠠᠭ᠎ᠠ ᠶᠢ ᠬᠢᠨᠠᠮᠠᠭᠠᠢ ᠨᠠᠶᠢᠳᠠᠪᠦᠷᠢᠵᠢᠭᠤᠯᠣᠨ᠂ | ᠲᠣᠮᠳᠠᠳᠦ ᠶᠢᠨ ᠦᠨᠳᠦᠰᠦᠳᠡᠨ ᠤ ᠬᠠᠮᠳᠦ ᠶᠢᠨ ᠴᠣᠭᠴᠠ ᠶᠢᠨ ᠣᠬᠠᠮᠰᠠᠷ ᠢ ᠪᠠᠬᠢᠵᠢᠭᠦᠯᠬᠦ ᠠᠵᠢᠯ ᠢᠶᠠᠷ ᠭᠤᠣᠯ ᠰᠢᠵᠢᠮ ᠪᠣᠯᠭᠠᠵᠣ᠂ ︽ᠲᠦᠷᠪᠡᠨ ᠣᠷᠣᠨ︾ ᠤ | ᠪᠠᠶᠢᠭᠤᠯᠣᠯᠳᠠ ᠪᠠᠷ ᠭᠠᠷᠳᠠᠴᠠ ᠪᠣᠯᠭᠠᠨ᠂ ᠦᠪᠡᠷᠳᠡᠭᠡᠨ ᠵᠠᠰᠠᠬᠤ ᠣᠷᠣᠨ ᠤ ︽ᠬᠤᠶᠠᠷ ᠶᠡᠭᠡ ᠶᠠᠪᠣᠳᠠᠯ︾ ᠢ ᠪᠦᠬᠦ ᠬᠦᠴᠦᠨ ᠢᠶᠠᠷ ᠰᠠᠶᠢᠳᠦᠷ ᠬᠢᠵᠣ ᠂ | ︽ᠵᠢᠷᠭᠤᠭᠠᠨ ᠢᠨᠵᠧᠨᠧᠷᠢᠩ︾ ᠢ ᠠᠬᠢᠭᠤᠯᠤᠨ᠂ ᠬᠤᠳᠠ ᠶᠢᠨ ︽ᠭᠤᠷᠪᠠᠨ ᠲᠦᠷᠪᠡ︾ ᠶᠢᠨ ᠬᠠᠷᠠᠯᠳᠠ ᠡᠭᠦᠷᠭᠡ ᠶᠢ ᠨᠠᠶᠢᠳᠠᠪᠤᠷᠢᠵᠢᠭᠤᠯᠵᠤ᠂ ︽ᠭᠠᠷᠮᠠᠭᠠᠶᠢᠯᠠᠨ | ᠲᠠᠪᠰᠢᠬᠤ ᠣᠳᠤᠭ ᠤᠨ ᠡᠮᠦᠨᠡᠳᠦ ᠬᠤᠰᠢᠭᠤᠨ︾ ᠤ ᠲᠦᠷᠢ ᠲᠦᠷᠬᠦ ᠶᠢ ᠨᠡᠩ ᠢᠯᠡᠷᠡᠬᠦᠯᠤᠨ᠂ ᠴᠢᠨᠠᠷᠯᠢᠭ ᠬᠦᠭᠵᠢᠯᠳᠡ ᠶᠢ ᠯᠠᠪᠳᠠᠭᠤᠨ ᠪᠠᠳᠣᠳᠠᠢ ᠠᠬᠢᠭᠤᠯᠪᠠ᠃ | ᠨᠢᠭᠡ ᠵᠢᠯ ᠤᠨ ᠲᠣᠷᠰᠢ᠂ ᠲᠣᠶᠢᠯ ᠤᠨ ᠬᠢᠯᠪᠠᠷ ᠪᠣᠰᠣ ᠪᠠᠶᠢᠳᠠᠯ ᠲᠣᠣᠷ᠎ᠠ ᠪᠢᠳᠠ ᠲᠣᠭᠳᠠᠭᠤᠨ ᠢ ᠲᠡᠷᠢᠭᠦᠨ ᠳᠤ ᠲᠠᠯᠪᠢᠨ᠂ ᠲᠣᠭᠳᠠᠭᠤᠨ ᠤ ᠲᠣᠮᠳᠠ | ᠣᠷᠣᠭᠰᠢᠯᠡᠨ ᠲᠠᠪᠰᠢᠪᠠ᠃ ᠵᠢᠱᠢᠯᠳᠡ ᠠᠴᠠ ᠬᠡᠳᠦᠷᠡᠭᠰᠡᠨ ᠡᠯ᠎ᠡ ᠲᠦᠷᠦᠯ ᠤᠨ ᠨᠠᠷᠢᠨ ᠪᠣᠳᠣᠯᠢᠶᠠᠨᠳᠠᠢ ᠪᠠᠶᠢᠳᠠᠯ ᠢ ᠯᠠᠪᠳᠠᠭᠤᠨ ᠪᠠᠳᠣᠳᠠᠢ ᠠᠷᠭᠠᠴᠠᠵᠣ᠂ ᠠᠵᠣ | ᠠᠬᠤᠢ ᠶᠢ ᠪᠦᠬᠦ ᠬᠦᠴᠦᠨ ᠢᠶᠠᠷ ᠬᠦᠭᠡᠭᠡᠴᠡᠯᠳᠣᠨ᠂ ᠬᠡᠯᠪᠡᠷᠢ ᠶᠢᠨ ᠬᠤᠪᠢᠷᠠᠭᠠᠯᠳᠠ ᠶᠢ ᠠᠬᠢᠭᠤᠯᠵᠣ᠂ ︽ᠲᠦᠷᠦᠯ ᠵᠣᠶᠢᠯ ᠢ ᠰᠢᠪᠳᠣᠯᠣᠨ ᠠᠵᠣ ᠣᠶᠢᠯᠠᠰ ᠢ | ᠰᠢᠯᠢᠳᠡᠭᠵᠢᠭᠦᠯᠵᠣ᠂ ᠨᠠᠶᠢᠳᠠᠪᠦᠷᠢᠵᠢᠭᠤᠯᠣᠯᠳᠠ ᠶᠢ ᠠᠳᠬᠤᠨ᠂ ᠴᠢᠳᠠᠪᠬᠢ ᠶᠢ ᠳᠡᠬᠡᠭᠰᠢᠯᠡᠬᠦᠯᠬᠦ︾ ᠰᠢᠪᠳᠣᠯᠣᠯᠳᠠ ᠶᠢᠨ ᠣᠨ ᠤ ᠡᠭᠦᠷᠭᠡ ᠪᠠᠨ ᠠᠮᠵᠢᠯᠳᠠᠳᠠᠢ | ᠪᠡᠶᠡᠯᠡᠭᠦᠯᠦᠨ᠂ ᠬᠦᠭᠵᠢᠯᠳᠡ ᠶᠢᠨ ᠬᠤᠷᠳᠣᠴᠠ ᠶᠢ ᠪᠦᠬᠦ ᠬᠤᠳᠠ ᠶᠢᠨ ᠲᠡᠷᠢᠭᠦᠨ ᠤ ᠡᠩᠨᠡᠬᠡᠨ ᠳᠤ ᠪᠠᠳᠣᠯᠠᠵᠣ᠂ ᠣᠷᠣᠨ ᠨᠣᠳᠤᠭ ᠤᠨ ᠦᠢᠯᠠᠳᠪᠦᠷᠢᠯᠡᠯ ᠤᠨ | ᠶᠡᠷᠦᠩᠬᠡᠢ ᠦᠷᠳᠡᠭ 286.3 ᠳ᠋ᠦᠩᠰᠢᠭᠤᠷ ᠲᠦᠬᠦᠷᠢᠭ ᠲᠤ ᠬᠦᠷᠦᠨ᠂ 6.5% ᠪᠠᠷ ᠨᠡᠮᠡᠭᠳᠡᠵᠣ᠂ ᠬᠡᠪᠴᠢᠶᠡᠵᠢᠯ ᠠᠴᠠ ᠲᠡᠭᠡᠭᠰᠢᠬᠢ ᠠᠵᠣ ᠦᠢᠯᠠᠳᠪᠦᠷᠢ ᠶᠢᠨ | ᠨᠡᠮᠡᠭᠳᠡᠯ ᠦᠷᠳᠡᠭ 9% ᠪᠠᠷ ᠨᠡᠮᠡᠭᠳᠡᠨ᠂ ᠲᠣᠭᠳᠠᠮᠠᠯ ᠬᠦᠷᠦᠩᠭᠡ ᠶᠢᠨ ᠪᠡᠯᠡ ᠣᠷᠣᠭᠤᠯᠣᠯᠳᠠ 28.8% ᠪᠠᠷ ᠨᠡᠮᠡᠭᠳᠡᠵᠣ᠂ ᠦᠷᠭᠦᠯᠵᠢᠯᠡᠨ 4 ᠵᠢᠯ 25% ᠠᠴᠠ | ᠲᠡᠭᠡᠭᠰᠢᠬᠢ ᠦᠨᠳᠦᠷ ᠬᠤᠷᠳᠣᠴᠠᠳᠦ ᠨᠡᠮᠡᠭᠳᠡᠯ ᠢ ᠪᠠᠳᠤᠯᠠᠵᠤ᠂ ᠨᠡᠶᠢᠭᠡᠮ ᠤᠨ ᠬᠡᠷᠡᠭᠯᠡᠭᠡᠨ ᠤ ᠵᠢᠵᠢᠭᠯᠡᠨ ᠪᠣᠷᠣᠯᠠᠭᠤᠯᠭ᠎ᠠ ᠶᠢᠨ ᠶᠡᠷᠦᠩᠬᠡᠢ ᠦᠷᠳᠡᠭ ᠢ 29.85 | ᠳ᠋ᠦᠩᠰᠢᠭᠤᠷ ᠲᠦᠬᠦᠷᠢᠭ ᠪᠡᠶᠡᠯᠡᠭᠦᠯᠣᠨ᠂ 7% ᠪᠠᠷ ᠨᠡᠮᠡᠭᠳᠡᠵᠣ᠂ ᠡᠩ ᠤᠨ ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠣᠷᠣᠯᠭ᠎ᠠ ᠶᠢ 31.55 | ᠳ᠋ᠦᠩᠰᠢᠭᠤᠷ ᠲᠦᠬᠦᠷᠢᠭ ᠪᠡᠶᠡᠯᠡᠭᠦᠯᠣᠨ᠂ 53.6% ᠪᠠᠷ ᠨᠡᠮᠡᠭᠳᠡᠵᠣ᠂ ᠮᠠᠯᠵᠢᠬᠤ ᠲᠠᠷᠢᠶᠠᠯᠠᠬᠤ ᠣᠷᠣᠨ ᠤ ᠰᠠᠭᠤᠭᠠᠯᠢ ᠠᠷᠠᠳ ᠤᠨ ᠬᠦᠮᠦᠨ ᠲᠣᠮᠳᠠᠴᠢ ᠡᠵᠡᠮᠳᠡᠵᠣ | ᠪᠣᠯᠬᠤ ᠣᠷᠣᠯᠭ᠎ᠠ ᠶᠢ 30000 ᠲᠦᠭᠦᠷᠢᠭ ᠠᠴᠠ ᠲᠠᠪᠠᠭᠤᠯᠣᠨ᠂ 7% ᠪᠠᠷ ᠨᠡᠮᠡᠭᠳᠡᠵᠣ᠂ ᠬᠤᠳᠠ ᠪᠠᠯᠭᠠᠰᠣᠨ ᠤ ᠰᠠᠭᠤᠭᠠᠯᠢ ᠠᠷᠠᠳ ᠤᠨ ᠬᠦᠮᠦᠨ ᠲᠣᠮᠳᠠᠴᠢ | ᠡᠵᠡᠮᠳᠡᠵᠣ ᠪᠣᠯᠬᠤ ᠣᠷᠣᠯᠭ᠎ᠠ ᠶᠢ 59296 ᠲᠦᠭᠦᠷᠢᠭ ᠪᠡᠶᠡᠯᠡᠭᠦᠯᠦᠨ᠂ 5% ᠨᠡᠮᠡᠭᠳᠡᠵᠣ᠂ R& D ᠵᠠᠷᠣᠳᠠᠯ ᠤᠨ ᠶᠡᠷᠦᠩᠬᠡᠢ ᠬᠡᠮᠵᠢᠶ᠎ᠡ ᠪᠠ ᠬᠦᠴᠤᠯᠡᠴᠠ | ᠨᠡᠮᠡᠭᠳᠡᠯ ᠬᠤᠷᠳᠣᠴᠠ ᠪᠦᠬᠦ ᠬᠤᠳᠠ ᠳᠤ ᠲᠡᠷᠢᠭᠦᠯᠡᠨ᠂ ᠲᠣᠮᠳᠠᠳᠦ ᠣᠯᠣᠰ ᠤᠨ ᠪᠠᠷᠠᠭᠤᠨ ᠣᠷᠣᠨ ᠤ ᠵᠠᠭᠤᠨ ᠬᠦᠴᠦᠷᠭᠡᠭ ᠬᠤᠰᠢᠭᠤ ᠰᠢᠶᠡᠨ ᠤ 74 ᠳ᠋ᠣᠭᠡᠷ ᠲᠤ | ᠲᠠᠪᠰᠢᠵᠣ᠂ ᠬᠤᠰᠢᠭᠤ ᠬᠡᠪᠴᠢᠶᠠᠨ ᠤ ᠠᠵᠣ ᠠᠬᠤᠢ ᠶᠢᠨ ᠣᠶᠠᠨ ᠬᠠᠳᠠᠨ ᠴᠢᠨᠠᠷ᠂ ᠬᠦᠭᠵᠢᠯᠳᠡ ᠶᠢᠨ ᠠᠮᠢᠵᠢᠷᠠᠯ ᠤᠨ ᠬᠦᠴᠦᠨ ᠢ ᠲᠣᠪᠣᠶᠢᠮ᠎ᠠ ᠢᠯᠡᠷᠡᠭᠦᠯᠪᠡ᠃ | ᠨᠢᠭᠡ ᠵᠢᠯ ᠤᠨ ᠲᠣᠷᠰᠢ᠂ ᠦᠷᠢᠰᠦᠯᠳᠦᠭᠡᠨ ᠲᠣᠶᠢᠯ ᠤᠨ ᠰᠢᠷᠦᠭᠦᠨ ᠪᠠᠶᠢᠳᠠᠯ ᠲᠣᠣᠷ᠎ᠠ ᠪᠢᠳᠡ ᠬᠦᠴᠢᠷ ᠢ ᠰᠦᠷᠦᠨ᠂ ᠪᠡᠷᠭᠡ ᠶᠢ ᠲᠠᠪᠠᠵᠣ ᠠᠮᠵᠢᠯᠳᠠ ᠣᠯᠪᠠ᠃ | ᠴᠢᠨᠠᠷᠯᠢᠭ ᠬᠦᠭᠵᠢᠯᠳᠡ ᠶᠢᠨ ᠪᠣᠭᠤᠮᠢ ᠬᠢᠵᠠᠭᠠᠷᠯᠠᠯ ᠤᠨ ᠠᠰᠠᠭᠤᠳᠠᠯ ᠤᠨ ᠲᠣᠭᠤᠷᠢᠨ ᠳᠤ ᠲᠦᠭᠵᠢᠷᠡᠯ᠂ ᠬᠦᠴᠢᠷᠳᠡᠯ ᠢ ᠲᠣᠭᠤᠯᠣᠨ᠂ ᠴᠢᠬᠤᠯᠠ ᠶᠠᠪᠣᠳᠠᠯ᠂ ᠪᠡᠷᠭᠡ | ᠶᠠᠪᠣᠳᠠᠯ ᠢ ᠪᠦᠳᠦᠭᠡᠪᠡ᠃ ᠭᠠᠵᠠᠷ ᠲᠣᠣᠷᠠᠬᠢ ᠣᠰᠣᠨ ᠤ ᠬᠡᠳᠦ ᠠᠰᠢᠭᠯᠠᠯᠳᠠ ᠶᠢᠨ ᠵᠠᠰᠠᠯᠳᠠ ᠶᠢᠨ 4 ᠶᠡᠭᠡ ᠲᠦᠷᠦᠯ ᠤᠨ 9 ᠲᠠᠯ᠎ᠠ ᠶᠢᠨ 14 ᠵᠣᠶᠢᠯ ᠤᠨ | ᠬᠡᠷᠡᠭᠯᠡᠯᠳᠡ ᠶᠢ ᠪᠠᠭᠠᠰᠬᠠᠬᠤ ᠲᠦᠷᠦ ᠶᠢᠨ ᠪᠣᠳᠣᠯᠭ᠎ᠠ ᠶᠢᠨ ᠠᠷᠭ᠎ᠠ ᠠᠪᠴᠠᠯ ᠠᠩᠬ᠎ᠠ ᠠᠯᠬᠤᠮ ᠤᠨ ᠪᠦᠳᠦᠮᠵᠢ ᠣᠯᠣᠨ᠂ ᠭᠠᠵᠠᠷ ᠲᠣᠣᠷᠠᠬᠢ ᠣᠰᠣᠨ ᠤ ᠬᠡᠳᠦ | ᠬᠡᠷᠡᠭᠯᠡᠯᠳᠡ ᠶᠢ 380 ᠲᠦᠮᠡᠨ ᠪᠣᠰᠤᠭ᠎ᠠ ᠲᠦᠷᠪᠡᠯᠵᠢᠨ ᠮᠧᠲᠷ ᠪᠠᠭᠠᠰᠬᠠᠵᠣ᠂ ᠣᠯᠵᠠᠴᠢ ᠪᠠᠯᠭᠠᠰᠣ᠂ ᠲᠠᠬᠢᠯᠳᠦ ᠶᠢᠨ ᠬᠡᠳᠦ ᠠᠰᠢᠭᠯᠠᠯᠳᠠ ᠶᠢᠨ ᠣᠷᠣᠨ ᠳᠤ | ᠣᠰᠣᠨ ᠲᠦᠪᠰᠢᠨ ᠤ ᠲᠡᠭᠡᠭᠰᠢᠯᠡᠯᠳᠡ ᠶᠢ ᠪᠡᠶᠡᠯᠡᠭᠦᠯᠦᠨ᠂ ᠬᠡᠷᠡᠭᠯᠡᠭᠦ ᠨᠦᠬᠦᠪᠦᠷᠢᠯᠡᠭᠦ ᠶᠢ ᠲᠡᠩᠴᠡᠭᠦᠷᠢᠰᠢᠭᠦᠯᠪᠡ᠃ ᠨᠣᠳᠤᠭ ᠪᠡᠯᠴᠢᠭᠡᠷ ᠢ ᠴᠡᠭᠴᠡᠵᠢᠬᠦᠯᠵᠤ | ︽ᠨᠢᠭᠡᠳᠦᠯᠳᠡᠢ ᠲᠡᠵᠢᠭᠡᠨ ᠬᠠᠮᠳᠦ ᠪᠠᠶᠠᠵᠢᠬᠤ︾ ᠬᠦᠭᠵᠢᠯᠳᠡ ᠶᠢᠨ ᠵᠠᠭᠪᠣᠷ ᠢ ᠬᠡᠷᠡᠭᠵᠢᠭᠦᠯᠣᠨ᠂ ᠨᠣᠳᠤᠭ ᠪᠡᠯᠴᠢᠭᠡᠷ ᠤᠨ ᠠᠮᠢ ᠠᠬᠤᠢ ᠶᠢᠨ ᠲᠡᠵᠢᠭᠡᠨ ᠦᠷᠡᠵᠢᠭᠦᠯᠭᠡ | ᠶᠢᠨ ︽ᠮᠠᠯᠵᠢᠯ ᠤᠨ ᠲᠠᠯᠠᠪᠠᠢ︾ ᠶᠢ ᠰᠦᠪᠡᠭᠴᠢᠯᠡᠨ ᠪᠠᠶᠢᠭᠤᠯᠵᠣ᠂ 39.6 ᠲᠦᠮᠡᠨ ᠲᠣᠯᠣᠭᠠᠢ ᠬᠡᠳᠦᠷᠡᠳᠡᠯ᠎ᠠ ᠮᠠᠯᠵᠢᠭᠰᠠᠨ ᠮᠠᠯ ᠢ ᠪᠦᠳᠦᠮᠵᠢᠳᠡᠢ ᠰᠢᠯᠵᠢᠭᠦᠯᠦᠨ᠂ | ᠨᠣᠳᠤᠭ ᠪᠡᠯᠴᠢᠭᠡᠷ ᠮᠠᠯ ᠤᠨ ᠲᠤᠭ᠎ᠠ ᠳᠤᠯᠤᠭᠠᠢ ᠶᠢᠨ ᠲᠡᠩᠴᠡᠭᠦᠷᠢᠰᠢᠭᠦᠯᠦᠯᠳᠡ ᠶᠢ ᠪᠡᠶᠡᠯᠡᠭᠦᠯᠵᠣ᠂ ᠨᠣᠳᠤᠭ ᠪᠡᠯᠴᠢᠭᠡᠷ ᠤᠨ ᠬᠡᠳᠦᠷᠡᠳᠠᠯ᠎ᠠ ᠮᠠᠯᠵᠢᠭᠰᠠᠨ ᠠᠰᠠᠭᠤᠳᠠᠯ | ᠤᠨ ᠳᠤᠷᠰᠢᠯᠳᠠ ᠶᠢᠨ ᠴᠡᠭ ᠱᠠᠳᠤᠴᠢ ᠴᠢᠨᠠᠷ ᠲᠠᠢ ᠪᠦᠳᠤᠮᠵᠢ ᠤᠯᠪᠠ᠃ ᠰᠢᠨ ᠵᠧᠦ ᠰᠠᠭᠤᠭᠠᠯᠢ ᠲᠣᠭᠤᠷᠢᠭ ᠤᠨ ᠬᠤᠶᠠᠳᠣᠭᠠᠷ ᠬᠤᠭᠤᠴᠠᠭ᠎ᠠ᠂ ᠰᠢᠤᠸᠠᠢ ᠹᠦ᠋ | ᠬᠤᠸᠠ ᠲᠢᠩ ᠭᠠᠵᠠᠷ ᠬᠦᠷᠦᠩᠭᠡ ᠶᠢᠨ ᠲᠡᠣᠭᠡ ᠶᠢᠨ ᠦᠯᠡᠳᠡᠭᠳᠡᠯ ᠠᠰᠠᠭᠤᠳᠠᠯ ᠢ ᠲᠣᠬᠢᠳᠠᠢ ᠰᠢᠢᠳᠪᠦᠷᠢᠯᠡᠨ᠂ ᠱᠠᠩᠬᠠᠢ ᠶᠢᠨ ᠰᠦᠮ᠎ᠡ ᠶᠢᠨ ᠨᠡᠭᠦᠳᠡᠯ ᠠᠷᠠᠳ ᠤᠨ | ᠲᠠᠪᠣᠳᠣᠭᠠᠷ ᠬᠤᠭᠤᠴᠠᠭᠠᠨ ᠤ ᠪᠠᠳᠣᠯᠠᠭ᠎ᠠ ᠶᠢᠨ ᠴᠢᠨᠠᠷᠳᠠᠢ ᠣᠷᠣᠨ ᠰᠠᠭᠤᠴᠠ ᠶᠢ ᠠᠮᠢᠳᠣᠯᠢᠭᠵᠢᠭᠤᠯᠵᠣ᠂ 10 ᠵᠢᠯ ᠣᠷᠬᠢᠭᠳᠠᠭᠰᠠᠨ ᠦᠯᠡᠳᠡᠭᠳᠡᠯ ᠪᠠᠷᠢᠯᠭ᠎ᠠ ᠶᠢ | ᠪᠠᠶᠢᠭᠤᠯᠣᠨ ᠲᠠᠭᠤᠰᠬᠠᠪᠠ᠃ ᠣᠯᠠᠨ ᠲᠦᠮᠡᠨ ᠤ ︽ᠦᠨᠡᠮᠯᠡᠯ ᠠᠪᠬᠤ ᠳᠤ ᠬᠦᠴᠢᠷᠳᠡᠢ︾ ᠠᠰᠠᠭᠤᠳᠠᠯ ᠤᠨ ᠲᠣᠰᠬᠠᠢ ᠲᠦᠷᠦᠯ ᠤᠨ ᠴᠡᠭᠴᠡᠯᠡᠯᠳᠡ ᠶᠢᠨ ᠠᠵᠢᠯ ᠢ | ᠯᠠᠪᠳᠠᠭᠤᠨ ᠢᠶᠠᠷ ᠠᠬᠢᠭᠤᠯᠣᠨ᠂ 2240 ᠠᠶᠢᠯ ᠡᠷᠦᠭᠡ ᠠᠰᠢᠭ ᠬᠦᠷᠳᠡᠪᠡ᠃ ᠠᠶᠣᠯᠭᠦᠢ ᠦᠢᠯᠠᠳᠪᠦᠷᠢᠯᠡᠯ ᠢ ᠦᠨᠳᠦᠰᠦᠨ ᠠᠴᠠ ᠨᠢ ᠵᠠᠰᠠᠬᠤ ᠰᠢᠪᠳᠣᠯᠣᠯᠳᠠ ᠶᠢᠨ | ᠭᠤᠷᠪᠠᠨ ᠵᠢᠯ ᠤᠨ ᠠᠵᠢᠯᠯᠠᠭᠠᠨ ᠢ ᠯᠠᠪᠳᠠᠭᠤᠨ ᠪᠠᠳᠣᠳᠠᠢ ᠦᠷᠨᠢᠭᠦᠯᠦᠨ᠂ ︽ᠪᠦᠬᠦ ᠣᠯᠣᠰ ᠤᠨ ᠨᠡᠭᠦᠷᠡᠰᠣᠨ ᠠᠭᠤᠷᠬᠠᠢ ᠶᠢᠨ ᠠᠶᠣᠯᠭᠦᠢ ᠦᠢᠯᠠᠳᠪᠦᠷᠢᠯᠠᠯ ᠤᠨ | ᠭᠤᠣᠯᠳᠠᠯᠭᠠᠳᠦ ᠰᠢᠶᠠᠨ︾ ᠤ ᠨᠡᠷᠡᠰ ᠠᠴᠠ ᠭᠠᠷᠪᠠ᠃ | ᠨᠢᠭᠡ ᠵᠢᠯ ᠤᠨ ᠲᠣᠷᠰᠢ᠂ ᠠᠮᠵᠢᠯᠳᠠ ᠶᠢᠨ ᠲᠦᠯᠦᠭᠡ ᠠᠯᠭᠠᠰᠠᠯ ᠦᠭᠡᠢ ᠵᠢᠳᠭᠦᠨ᠂ ᠰᠢᠷᠭᠠᠭᠤ ᠠᠵᠢᠯᠯᠠᠨ ᠪᠣᠳᠠᠳᠠᠢ ᠬᠢᠵᠣ᠂ ᠦᠨᠳᠦᠷ ᠪᠦᠳᠦᠮᠵᠢ ᠣᠯᠪᠠ᠃ | ᠦᠪᠦᠷ ᠮᠣᠩᠭᠤᠯ ᠤᠨ ᠪᠠᠷᠠᠭᠤᠨ ᠪᠡᠶ᠎ᠡ ᠶᠢᠨ ᠣᠷᠳᠣᠰ ᠤᠨ ᠨᠡᠭᠦᠷᠡᠰᠣ ᠮᠠᠯᠳᠠᠭᠰᠠᠨ ᠠᠴᠠ ᠪᠣᠯᠵᠣ ᠲᠣᠷᠣᠭᠰᠢ ᠰᠠᠭᠤᠭᠰᠠᠨ ᠣᠷᠣᠨ ᠤ 4GW ᠰᠢᠨ᠎ᠡ ᠡᠨᠧᠷᠬᠢ | ᠶᠢᠨ ᠰᠠᠭᠤᠷᠢᠨ ᠭᠠᠵᠠᠷ ᠤᠨ ᠲᠦᠷᠦᠯ ᠵᠣᠶᠢᠯ ᠢ ᠪᠠᠶᠢᠭᠤᠯᠣᠨ ᠲᠣᠣᠷ ᠲᠤ ᠨᠡᠶᠢᠯᠡᠬᠦᠯᠤᠨ᠂ ᠯᠠᠨ ᠬᠠᠢ ᠨᠠᠷᠠᠨ ᠡᠨᠧᠷᠬᠢ ᠶᠢᠨ ᠴᠠᠬᠢᠯᠭᠠᠨ ᠦᠷᠳᠡᠭᠡ 2 ᠰᠠᠷ᠎ᠠ ᠶᠢᠨ | ᠳᠤᠳᠤᠷ᠎ᠠ ᠲᠦᠪ ᠲᠧᠯᠸᠢᠰ ᠢᠶᠠᠷ ᠭᠤᠷᠪᠠ ᠤᠳᠠᠭ᠎ᠠ ᠨᠡᠪᠳᠡᠷᠡᠬᠦᠯᠦᠭᠳᠡᠵᠤ᠂ ᠪᠦᠬᠦ ᠣᠷᠣᠨ ᠤ ᠬᠦᠴᠦᠳᠡᠯ ᠦᠭᠡᠷᠡᠴᠢᠯᠡᠭᠦ ᠪᠠᠭᠳᠠᠭᠠᠮᠵᠢ ᠪᠠᠷ ᠬᠠᠮᠤᠭ ᠶᠡᠭᠡ ᠲᠠᠩ | ᠴᠣᠭᠴᠠᠳᠦ ᠴᠠᠬᠢᠯᠭᠠᠨ ᠬᠦᠷᠭᠡᠭᠦ ᠢᠨᠵᠧᠨᠧᠷᠢᠩ ᠢ ᠲᠦᠬᠦᠷᠴᠢᠯᠡᠨ ᠪᠠᠶᠢᠭᠤᠯᠪᠠ᠃ ᠦᠪᠡᠷᠳᠡᠭᠡᠨ ᠵᠠᠰᠠᠬᠤ ᠣᠷᠣᠨ ᠤ ᠠᠩᠬᠠᠳᠠᠭᠴᠢ ᠬᠤᠰᠢᠭᠤ ᠰᠢᠶᠠᠨ ᠤ ᠲᠡᠰ ᠤᠨ | ᠴᠢᠳᠠᠪᠦᠷᠢᠳᠠᠨ ᠤ ᠪᠦᠯᠦᠭᠯᠡᠯ ᠪᠠᠶᠢᠭᠤᠯᠤᠭᠳᠠᠨ ᠡᠷᠤᠬᠡ ᠰᠡᠬᠦᠵᠤ᠂ ︽ᠣᠳᠤᠭ ᠤᠨ ᠡᠮᠦᠨᠡᠳᠦ ᠬᠤᠰᠢᠭᠤᠨ ᠤ ᠯᠠᠵᠣᠣ ᠶᠢᠨ ᠰᠢᠨᠵᠢᠯᠡᠭᠡ ᠮᠡᠷᠭᠡᠵᠢᠯ ᠤᠨ ᠬᠦᠷᠢᠶᠡᠯᠡᠩ︾ | ᠨᠢ ᠣᠯᠣᠰ ᠤᠨ ᠲᠡᠰ ᠤᠨ ᠰᠢᠨᠵᠢᠯᠡᠭᠡ ᠮᠡᠷᠭᠡᠵᠢᠯ ᠤᠨ ᠬᠦᠷᠢᠶᠡᠯᠡᠩ ᠤᠨ ᠱᠠᠩᠨᠠᠯ ᠢ ᠬᠦᠷᠳᠡᠵᠣ᠂ ᠱᠠᠩᠬᠠᠢ ᠶᠢᠨ ᠰᠦᠮ᠎ᠠ ᠠᠵᠤ ᠠᠬᠤᠢ ᠶᠢᠨ ᠨᠡᠬᠡᠬᠡᠯᠳᠠ ᠶᠢᠨ | ᠤᠷᠤᠨ ᠬᠤᠳᠠ ᠶᠢᠨ ᠳᠡᠰ ᠤᠨ ᠪᠤᠬᠢᠷᠳᠤᠯ ᠦᠬᠡᠢ ᠬᠦᠷᠢᠶᠡᠯᠡᠩ ᠳᠤᠭᠤᠷᠢᠭ ᠢ ᠠᠮᠵᠢᠯᠳᠠᠳᠠᠢ ᠴᠤᠭᠴᠠᠯᠠᠵᠤ᠂ ︽ᠨᠠᠮ ᠤᠨ ᠪᠠᠶᠢᠭᠤᠯᠣᠯᠳᠠ ᠪᠠᠷ ᠳᠠᠶᠢᠴᠢᠯᠠᠨ᠂ | ᠣᠷᠣᠨ ᠠᠯᠣᠰᠯᠠᠨ ᠬᠤᠯᠪᠤᠭᠠᠯᠠᠵᠤ᠂ ᠨᠢᠭᠡᠳᠦᠯᠳᠡᠢ ᠪᠠᠶᠢᠭᠤᠯᠣᠨ ᠬᠠᠮᠳᠦ ᠪᠠᠶᠠᠵᠢᠬᠤ︾᠂ ︽ᠭᠤᠷᠪᠠᠨ ᠱᠠᠳᠦ ᠭᠤᠷᠪᠠᠨ ᠱᠠᠳᠣᠯᠠᠯ ᠤᠨ ᠨᠣᠳᠤᠭ ᠤᠨ ᠴᠢᠳᠠᠪᠦᠷᠢᠳᠠᠨ | ᠤ ᠪᠦᠬᠦ ᠬᠡᠯᠬᠢᠶᠡᠵᠢᠯ ᠤᠨ ᠬᠦᠮᠦᠵᠢᠯ ᠪᠣᠯᠪᠠᠰᠣᠷᠠᠯ ᠤᠨ ᠰᠢᠰᠲ᠋ᠧᠮ ᠤᠨ ᠪᠠᠶᠢᠭᠤᠯᠣᠯᠳᠠ︾ ᠨᠢ ᠪᠦᠬᠦ ᠣᠯᠣᠰ ᠤᠨ ᠬᠦᠳᠡᠭᠡ ᠲᠣᠰᠬᠤᠨ ᠢ ᠬᠦᠭᠵᠢᠭᠦᠯᠣᠨ | ᠮᠠᠨᠳᠣᠭᠤᠯᠬᠤ ᠦᠢᠯᠡᠳᠦᠯᠭᠡ ᠶᠢᠨ ᠨᠡᠶᠢᠳᠡᠯᠢᠭ ᠵᠢᠱᠢᠶ᠎ᠠ ᠪᠠᠷ ᠰᠣᠩᠭᠤᠭᠳᠠᠪᠠ᠃ ︽ᠣᠷᠳᠣᠰ ᠤᠨ ᠲᠠᠯ᠎ᠠ ᠨᠣᠳᠤᠭ ᠤᠨ ᠠᠯᠠᠭᠠᠳᠠᠬᠤ ᠪᠦᠮᠪᠦᠭᠡ︾ ᠳᠠᠶᠠᠭᠠᠷᠰᠢᠯ | ᠬᠠᠯᠠᠮᠰᠢᠯ ᠪᠤᠯᠵᠤ᠂ ᠪᠦᠬᠦ ᠰᠦᠯᠵᠢᠶᠡᠨ ᠤ ᠬᠠᠯᠠᠭᠤᠷᠠᠯ ᠲᠠᠷᠬᠠᠯᠳᠠ 30 ᠳ᠋ᠦᠩᠰᠢᠭᠤᠷ ᠣᠳᠠᠭ᠎ᠠ ᠠᠴᠠ ᠲᠠᠪᠠᠨ᠂ ᠰᠢᠨᠬᠤᠸᠠ ᠬᠤᠷᠢᠶ᠎ᠠ ᠶᠢᠨ ︽ᠪᠦᠬᠦᠳᠡ | ᠨᠠᠶᠢᠷᠠᠮᠳᠠᠬᠤ ᠲᠣᠮᠳᠠᠳᠦ ᠠᠷᠠᠳ ᠣᠯᠣᠰ ᠪᠠᠶᠢᠭᠤᠯᠣᠭᠳᠠᠭᠰᠠᠨ 75 ᠵᠢᠯ ᠤᠨ ᠣᠢ ᠶᠢ ᠲᠡᠮᠳᠡᠭᠯᠡᠭᠦ ᠪᠡᠶ᠎ᠡ ᠶᠢᠨ ᠲᠠᠮᠢᠷ ᠤᠨ ᠬᠡᠷᠡᠯ ᠰᠠᠴᠣᠷᠠᠩᠭᠤᠢ ᠬᠡᠷᠡᠴᠢᠯᠡᠯ︾ ᠢᠶᠠᠷ | ᠰᠣᠩᠭᠤᠭᠳᠠᠵᠣ᠂ ᠦᠪᠡᠷᠳᠡᠭᠡᠨ ᠵᠠᠰᠠᠬᠤ ᠣᠷᠣᠨ ᠤ ᠬᠦᠳᠡᠭᠡ ᠲᠣᠰᠬᠤᠨ ᠤ ᠬᠡᠪ ᠰᠣᠷᠳᠠᠯ ᠤᠨ ᠪᠣᠯᠪᠠᠰᠣᠨ ᠤ ᠨᠡᠶᠢᠳᠡᠯᠢᠭ ᠵᠢᠱᠢᠶ᠎ᠡ ᠪᠠᠷ ᠦᠨᠡᠯᠡᠭᠳᠡᠨ᠂ | ᠦᠨᠳᠦᠰᠦᠳᠡᠨ ᠨᠦᠭᠦᠳ ᠬᠠᠮᠳᠦ ᠪᠠᠷ ᠪᠦᠯᠬᠦᠮᠳᠡᠨ ᠲᠠᠪᠰᠢᠬᠤ᠂ ᠬᠠᠮᠳᠦ ᠪᠠᠷ ᠴᠡᠴᠡᠭᠯᠡᠨ ᠬᠦᠭᠵᠢᠬᠦ ᠵᠣᠷᠢᠭ ᠰᠠᠨᠠᠭ᠎ᠠ ᠶᠢ ᠢᠯᠡᠷᠡᠭᠦᠯᠪᠡ᠃ | ᠨᠢᠭᠡ ᠵᠢᠯ ᠤᠨ ᠲᠣᠷᠰᠢ᠂ ᠪᠢᠳᠡ ᠨᠢᠭᠡᠳᠦᠯᠳᠡᠢ ᠲᠦᠯᠦᠪᠵᠢᠭᠦᠯᠦᠨ ᠨᠡᠶᠢᠳᠡ ᠳᠤ ᠨᠢ ᠬᠠᠷᠠᠭᠠᠯᠵᠠᠵᠣ ᠬᠦᠭᠵᠢᠯᠳᠡ ᠶᠢ ᠠᠬᠢᠭᠤᠯᠣᠭᠠᠳ᠂ ᠡᠯ᠎ᠡ ᠲᠦᠷᠦᠯ ᠤᠨ | ᠠᠵᠢᠯ ᠰᠢᠨ᠎ᠡ ᠠᠬᠢᠴᠠ᠂ ᠰᠢᠨ᠎ᠡ ᠪᠦᠳᠦᠮᠵᠢ ᠣᠯᠪᠠ᠃ | ︵ᠨᠢᠭᠡ︶ ᠭᠤᠶᠢᠪᠢᠰᠢ ᠦᠬᠡᠢ ᠪᠠᠷ ᠲᠦᠷᠦᠯ ᠵᠣᠶᠢᠯ ᠢ ᠠᠬᠢᠭᠤᠯᠣᠨ ᠪᠡᠯᠡ ᠣᠷᠣᠭᠤᠯᠣᠯᠳᠠ ᠶᠢ ᠲᠣᠭᠳᠠᠪᠦᠷᠢᠵᠢᠭᠤᠯᠵᠣ᠂ ᠠᠵᠣ ᠦᠢᠯᠠᠳᠪᠦᠷᠢ ᠪᠠᠷ ᠬᠤᠰᠢᠭᠤ | ᠪᠠᠨ ᠬᠦᠴᠦᠷᠬᠡᠭᠵᠢᠭᠦᠯᠪᠡ᠃ 500 ᠲᠦᠮᠡᠨ ᠲᠦᠬᠦᠷᠢᠭ ᠠᠴᠠ ᠲᠡᠭᠡᠭᠰᠢᠬᠢ ᠭᠤᠣᠯᠳᠠᠯᠭᠠᠳᠦ ᠲᠦᠷᠦᠯ ᠵᠣᠶᠢᠯ ᠢ 75 ᠬᠡᠷᠡᠭᠵᠢᠭᠦᠯᠦᠨ᠂ 140.1 ᠳ᠋ᠦᠩᠰᠢᠭᠤᠷ | ᠲᠦᠬᠦᠷᠢᠭ ᠤᠨ ᠪᠡᠯᠡ ᠣᠷᠣᠭᠤᠯᠣᠯᠳᠠ ᠶᠢ ᠪᠡᠶᠡᠯᠡᠭᠦᠯᠪᠡ᠃ ᠰᠢᠨ᠎ᠡ ᠪᠠᠷ ᠬᠦᠭᠵᠢᠭᠰᠡᠨ ᠠᠵᠣ ᠣᠶᠢᠯᠠᠰ ᠢ ᠬᠦᠴᠦᠷᠭᠡᠭᠵᠢᠭᠦᠯᠦᠨ᠂ ᠷᠦᠨ ᠶᠠᠩ ᠤᠨ ᠠᠵᠣ | ᠦᠢᠯᠠᠳᠪᠦᠷᠢ ᠶᠢᠨ ᠴᠠᠬᠢᠭᠤᠷ᠂ ᠣᠯᠠᠨ ᠲᠠᠯᠠᠰᠳᠦ ᠴᠠᠬᠢᠭᠤᠷ ᠤᠨ ᠬᠡᠰᠡᠭ ᠪᠦᠯᠦᠭ ᠢ ᠨᠢ ᠪᠠᠶᠢᠭᠤᠯᠣᠨ ᠲᠠᠭᠤᠰᠬᠠᠵᠣ᠂ ᠱᠧᠨ᠋ᠵᠧᠨ ᠤ ᠡᠨᠧᠷᠬᠢ ᠶᠢᠨ ᠨᠠᠷᠠᠨ ᠡᠨᠧᠷᠬᠢ | ᠪᠠᠷ ᠣᠰᠣᠳᠦ᠋ᠷᠦᠭᠴᠢ ᠦᠢᠯᠠᠳᠬᠦ ᠲᠦᠷᠦᠯ ᠵᠣᠶᠢᠯ ᠢ ᠲᠣᠬᠢᠷᠠᠭᠤᠯᠣᠨ ᠲᠣᠷᠰᠢᠵᠣ᠂ ᠣᠯᠣᠰ ᠤᠨ ᠴᠠᠬᠢᠯᠭᠠᠨ ᠤ ᠷᠦᠨ ᠶᠠᠩ ᠤᠨ 50 ᠲᠦᠮᠡᠨ ᠺᠢᠯᠣᠸᠠᠲ | ᠪᠤᠬᠢᠷᠳᠣᠯ ᠦᠬᠡᠢ ᠴᠠᠬᠢᠯᠭᠠᠨ ᠬᠠᠩᠭᠠᠯᠭ᠎ᠠ ᠶᠢᠨ ᠲᠦᠷᠦᠯ ᠵᠦᠢᠯ ᠢ ᠲᠣᠣᠷ ᠲᠤ ᠨᠠᠶᠢᠯᠡᠭᠦᠯᠵᠣ᠂ ᠴᠠᠩ ᠴᠧᠩ᠂ ᠤᠯᠤᠰ ᠤᠨ ᠴᠠᠬᠢᠯᠭᠠᠨ ᠤ ᠱᠤᠸᠠᠩ ᠸᠧᠢ ᠶᠢᠨ | 500 ᠺᠢᠯᠣᠸᠣᠯᠲ ᠬᠦᠴᠤᠳᠠᠯ ᠲᠡᠭᠡᠭᠰᠢᠯᠡᠭᠦᠯᠬᠦ ᠦᠷᠳᠡᠭᠡ ᠶᠢ ᠠᠰᠢᠭᠯᠠᠯᠳᠠ ᠳᠤ ᠣᠷᠣᠭᠤᠯᠣᠨ᠂ ᠨᠢᠭᠡᠨᠳᠡ ᠪᠠᠶᠢᠭᠤᠯᠤᠭᠰᠠᠨ᠂ ᠪᠠᠶᠢᠭᠤᠯᠵᠣ ᠪᠠᠶᠢᠭ᠎ᠠ ᠰᠢᠨ᠎ᠡ | ᠡᠨᠧᠷᠬᠢ ᠶᠢᠨ ᠲᠦᠷᠦᠯ ᠵᠣᠶᠢᠯ ᠤᠨ ᠬᠡᠪᠴᠢᠶᠡᠵᠢᠯ 5GW ᠲᠤ ᠬᠦᠷᠴᠤ᠂ ᠴᠠᠬᠢᠯᠭᠠᠨ ᠭᠠᠷᠭᠠᠬᠤ ᠬᠡᠮᠵᠢᠶ᠎ᠡ ᠴᠠᠭ ᠪᠦᠷᠢ 3 ᠳ᠋ᠦᠩᠰᠢᠭᠤᠷ ᠺᠢᠯᠣᠸᠠᠲ ᠲᠤ ᠬᠦᠷᠪᠡ᠃ | ᠣᠯᠠᠮᠵᠢᠯᠠᠯᠳᠦ ᠡᠨᠧᠷᠬᠢ ᠶᠢ ᠦᠷᠭᠦᠯᠵᠢᠯᠡᠨ ᠬᠦᠭᠵᠢᠭᠦᠯᠵᠣ᠂ ᠬᠠᠷᠴᠠᠭᠠᠢ ᠬᠦᠯᠦᠭ 1 ᠨᠣᠮᠧᠷᠳᠦ ᠨᠠᠭᠦᠷᠡᠰᠣᠨ ᠠᠭᠤᠷᠬᠠᠢ ᠶᠢᠨ ᠪᠠᠷᠢᠯᠭ᠎ᠠ ᠶᠢ ᠡᠬᠢᠯᠡᠭᠦᠯᠦᠨ᠂ 7 | ᠰᠠᠭᠤᠷᠢ ᠨᠢᠭᠡᠨᠳᠡ ᠪᠠᠶᠢᠭᠤᠯᠣᠭᠳᠠᠭᠰᠠᠨ ᠨᠡᠭᠦᠷᠡᠰᠣᠨ ᠠᠭᠤᠷᠬᠠᠢ ᠪᠦᠬᠦ ᠵᠢᠯ ᠢᠶᠠᠷ ᠪᠦᠷᠢᠨ ᠳᠠᠭᠠᠭᠠᠴᠠᠳᠠᠢ ᠦᠢᠯᠡᠳᠪᠦᠷᠢᠯᠡᠵᠣ᠂ ᠾᠧᠩ ᠺᠦᠨ ᠤ ᠬᠤᠶᠠᠳᠣᠭᠠᠷ | ᠬᠤᠭᠤᠴᠠᠭᠠᠨ ᠤ 130 ᠲᠦᠮᠡᠨ ᠲᠣᠨ ᠬᠡᠤᠷᠰᠢᠬᠦᠯᠬᠦ ᠲᠦᠷᠦᠯ ᠵᠣᠶᠢᠯ ᠤᠨ ᠬᠡᠤᠷᠰᠢᠬᠦᠯᠬᠦ ᠨᠦᠭᠦᠴᠡᠯ ᠢ ᠪᠦᠷᠢᠳᠦᠭᠦᠯᠦᠨ᠂ ᠨᠡᠭᠦᠷᠡᠰᠦ ᠬᠢᠮᠢ ᠶᠢᠨ ᠠᠵᠣ | ᠦᠢᠯᠠᠳᠪᠦᠷᠢ ᠶᠢᠨ ᠭᠠᠷᠣᠯᠳᠠ 120 ᠲᠦᠮᠡᠨ ᠲᠣᠨ ᠳᠤ ᠬᠦᠷᠪᠡ︔ ᠲᠢᠶᠠᠨ ᠯᠢ ᠹᠧᠩ ᠤᠨ 20 ᠲᠦᠮᠡᠨ ᠲᠣᠨ LNG ᠤᠨ ᠲᠦᠷᠦᠯ ᠵᠣᠶᠢᠯ ᠠᠰᠢᠭᠯᠠᠯᠳᠠ | ᠳᠤ ᠣᠷᠣᠨ᠂ ᠰᠢᠳᠠᠮᠠᠬᠠᠢ ᠭᠡᠢ᠂ LNG ᠤᠨ ᠭᠠᠷᠣᠯᠳᠠ ᠶᠢᠨ ᠬᠡᠮᠵᠢᠶ᠎ᠡ ᠲᠣᠰᠪᠦᠷᠢ᠂ 70 ᠳ᠋ᠦᠩᠰᠢᠭᠤᠷ ᠪᠣᠰᠤᠭ᠎ᠠ ᠲᠦᠷᠪᠡᠯᠵᠢᠨ ᠮᠧᠲᠷ᠂ 100 ᠲᠦᠮᠡᠨ ᠲᠣᠨ | ᠳᠤ ᠬᠦᠷᠪᠡ︔ ᠢᠯᠴᠢ ᠶᠢᠨ ᠴᠠᠬᠢᠯᠭᠠᠨ ᠭᠠᠷᠭᠠᠯᠳᠠ ᠴᠠᠭ ᠪᠦᠷᠢ 406 ᠳ᠋ᠦᠩᠰᠢᠭᠤᠷ ᠺᠢᠯᠣᠸᠠᠲ ᠲᠤ ᠬᠦᠷᠪᠡ᠃ ᠬᠤᠶᠠᠳᠤᠭᠠᠷ ᠠᠵᠤ ᠤᠶᠢᠯᠡᠰ ᠤᠨ ᠨᠡᠮᠡᠭᠳᠡᠯ | ᠦᠷᠳᠡᠭ ᠵᠢᠱᠢᠯᠳᠠ ᠪᠠᠷ ᠠᠳᠠᠯᠢ ᠬᠤᠭᠤᠴᠠᠭᠠᠨ ᠤ ᠬᠢ ᠠᠴᠠ 8.3% ᠪᠠᠷ ᠨᠡᠮᠡᠭᠳᠡᠪᠡ᠃ | ︵ᠬᠤᠶᠠᠷ︶ ᠭᠤᠶᠢᠪᠢᠰᠢ ᠦᠬᠡᠢ ᠪᠠᠷ ᠪᠠᠬᠢᠵᠢᠭᠦᠯᠦᠯᠳᠡ ᠶᠢ ᠡᠷᠡᠰ ᠪᠠᠷᠢᠮᠳᠠᠯᠠᠨ ᠬᠦᠴᠦᠷᠬᠡᠭᠵᠢᠯ ᠮᠠᠨᠳᠣᠯ ᠢ ᠠᠬᠢᠭᠤᠯᠵᠣ᠂ ᠮᠠᠯᠵᠢᠬᠤ ᠲᠠᠷᠢᠶᠠᠯᠠᠬᠤ ᠣᠷᠣᠨ ᠤ | ᠬᠦᠭᠵᠢᠯᠳᠡ ᠶᠢ ᠲᠦᠷᠭᠡᠳᠬᠡᠪᠡ᠃ ︽ᠨᠢᠬᠡᠳᠣᠭᠡᠷ ᠠᠵᠣ ᠦᠢᠯᠡᠰ ᠢ ᠲᠠᠬᠢᠨ ᠱᠣᠭᠤᠬᠤ︾ ᠠᠵᠢᠯᠯᠠᠭᠠᠨ ᠢ ᠭᠦᠨᠵᠡᠭᠡᠢ ᠠᠬᠢᠭᠤᠯᠣᠨ᠂ ︽ᠠᠷᠪᠠ ᠵᠠᠭᠤ ᠮᠢᠩᠭ᠎ᠠ | ᠲᠦᠮᠡ ᠳ᠋ᠦᠩᠰᠢᠭᠤᠷ︾ ᠤᠨ ᠢᠨᠵᠧᠨᠧᠷᠢᠩ ᠢ ᠪᠠᠳᠣᠳᠠᠢ ᠠᠬᠢᠭᠤᠯᠵᠣ᠂ 8816 ᠲᠦᠮᠡᠨ ᠲᠦᠬᠦᠷᠢᠭ ᠤᠨ ᠠᠵᠣ ᠣᠶᠢᠯᠠᠰ ᠢ ᠬᠦᠭᠵᠢᠭᠦᠯᠬᠦ ᠪᠡᠯᠡ ᠮᠦᠩᠭᠦ ᠶᠢ | ᠨᠠᠶᠢᠳᠠᠪᠦᠷᠢᠵᠢᠭᠤᠯᠣᠨ᠂ ︽ᠦᠬᠡᠷ ᠮᠠᠯ ᠤᠨ ᠪᠤᠷᠤᠯᠠᠭᠤᠯᠤᠯᠳᠠ ᠶᠢ ᠵᠤᠷᠢᠭᠵᠢᠭᠤᠯᠬᠤ ᠪᠠᠷ ᠮᠠᠯᠴᠢᠨ ᠳᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠬᠦ ᠲᠦᠰᠤᠯ︾ ᠢ | ᠳᠤᠭᠳᠠᠭᠠᠵᠤ᠂ ᠪᠦᠬᠦ ᠣᠯᠣᠰ ᠤᠨ ᠬᠦᠳᠡᠭᠡ ᠲᠣᠰᠬᠤᠨ ᠤ ᠶᠡᠷᠦᠩᠬᠡᠶᠢᠯᠡᠭᠰᠡᠨ ᠴᠢᠨᠠᠷᠳᠠᠢ ᠦᠭᠡᠷᠡᠴᠢᠯᠡᠯᠳᠡ ᠶᠢᠨ ᠲᠣᠷᠰᠢᠯᠳᠠ ᠶᠢᠨ ᠴᠡᠭ ᠤᠨ ᠲᠣᠷᠰᠢᠯᠳᠡ᠂ ᠬᠠᠮᠳᠦ | ᠶᠢᠨ ᠠᠵᠣ ᠠᠬᠤᠢ ᠶᠢᠨ ᠠᠵᠣ ᠣᠶᠢᠯᠠᠰ ᠤᠨ ᠬᠦᠷᠢᠶᠡᠯᠡᠩ ᠵᠡᠷᠭᠡ ᠨᠢᠭᠡ ᠪᠦᠯᠦᠭ ᠲᠦᠷᠦᠯ ᠵᠣᠶᠢᠯ ᠲᠠᠭᠤᠷᠢᠶᠠᠯ ᠦᠵᠡᠭᠦᠯᠵᠣ᠂ ᠪᠦᠬᠦ ᠬᠤᠰᠢᠭᠤᠨ ᠤ ᠲᠠᠷᠢᠮᠠᠯ ᠤᠨ | ᠲᠠᠯᠠᠪᠠᠢ 106 ᠲᠦᠮᠡᠨ ᠮᠣ᠋ ᠬᠦᠷᠴᠦ᠂ ᠦᠨᠳᠦᠷ ᠪᠠᠷᠢᠮᠵᠢᠶᠡᠨ ᠤ ᠲᠠᠷᠢᠶ᠎ᠠ 3.78 ᠲᠦᠮᠡᠨ ᠮᠣ᠋ ᠬᠦᠷᠤᠨ᠂ ᠠᠮᠣ ᠪᠣᠳᠠᠭᠠᠨ ᠤ ᠣᠨᠠᠯᠳᠠ ᠶᠢ 2.8 ᠳ᠋ᠦᠩᠰᠢᠭᠤᠷ | ᠵᠢᠩ ᠳᠤ ᠲᠣᠭᠳᠠᠪᠦᠷᠢᠵᠢᠭᠤᠯᠵᠣ᠂ ᠯᠠᠵᠣᠣ᠂ ᠲᠠᠷᠪᠣᠰ ᠵᠡᠷᠭᠡ ᠵᠢᠮᠢᠰ ᠨᠣᠭᠤᠭᠠᠨ ᠤ ᠭᠠᠷᠣᠯᠳᠠ 21 ᠲᠦᠮᠡᠨ ᠲᠣᠨ ᠬᠦᠷᠴᠦ᠂ ᠮᠠᠯ ᠤᠨ ᠲᠤᠭ᠎ᠠ ᠲᠣᠯᠣᠭᠠᠢ 225 | ᠲᠦᠮᠡᠨ ᠪᠣᠳᠠᠭᠠᠯᠢ ᠳᠤ ᠬᠦᠷᠦᠨ᠂ ᠵᠢᠯ ᠤᠨ ᠠᠯᠠᠰᠢᠨ ᠮᠠᠯ ᠤᠨ ᠪᠣᠷᠣᠯᠠᠭᠤᠯᠭ᠎ᠠ 130 ᠲᠦᠮᠡᠨ ᠲᠣᠯᠣᠭᠠᠢ ᠳᠤ ᠬᠦᠷᠴᠦ᠂ ᠣᠳᠤᠭ ᠤᠨ ᠡᠮᠦᠨᠡᠳᠦ ᠬᠤᠰᠢᠭᠤᠨ ᠤ | ᠮᠠᠯ ᠤᠨ ᠮᠢᠬ᠎ᠠ ᠪᠦᠬᠦ ᠣᠷᠣᠨ ᠤ ᠭᠠᠵᠠᠷ ᠵᠦᠢ ᠶᠢᠨ ᠢᠯᠡᠳᠬᠡᠯ ᠳᠠᠩᠰᠠᠯᠠᠯᠲᠠ ᠶᠢᠨ ᠠᠵᠣ ᠠᠬᠤᠢ ᠶᠢᠨ ᠴᠢᠨᠠᠷᠯᠢᠭ ᠬᠦᠭᠵᠢᠯᠳᠡ ᠳᠤ ᠬᠦᠴᠦᠨ ᠨᠡᠮᠡᠷᠢᠯᠡᠭᠰᠡᠨ | ᠠᠷᠪᠠᠨ ᠶᠡᠭᠡ ᠨᠡᠶᠢᠳᠡᠯᠢᠭ ᠵᠢᠱᠢᠶ᠎ᠡ ᠪᠠᠷ ᠰᠣᠩᠭᠤᠭᠳᠠᠨ᠂ ᠪᠣᠷᠣᠪᠠᠯᠭᠠᠰᠣ ᠪᠠᠯᠭᠠᠰᠣ ︽ᠲᠣᠮᠳᠠᠳᠦ ᠣᠯᠣᠰ ᠤᠨ ᠦᠵᠡᠰᠭᠦᠯᠡᠩᠳᠦ ᠰᠠᠶᠢᠬᠠᠨ ᠲᠣᠰᠬᠤᠨ | ᠪᠠᠯᠭᠠᠰᠣᠨ ᠤ ᠰᠢᠯᠭᠠᠷᠠᠭᠤᠯᠣᠯᠳᠠ︾ ᠶᠢᠨ ᠬᠦᠳᠡᠭᠡ ᠲᠣᠰᠬᠤᠨ ᠢ ᠬᠦᠭᠵᠢᠭᠦᠯᠦᠨ ᠮᠠᠨᠳᠣᠭᠤᠯᠬᠤ ᠲᠠᠭᠤᠷᠢᠶᠠᠯ ᠱᠠᠩᠨᠠᠯ ᠢ ᠬᠦᠷᠳᠡᠵᠣ᠂ ᠪᠦᠬᠦ ᠬᠤᠰᠢᠭᠤᠨ ᠤ 68 | ᠭᠠᠴᠠᠭ᠎ᠠ ᠲᠣᠰᠬᠤᠨ ᠤ ᠬᠠᠮᠳᠦ ᠶᠢᠨ ᠠᠵᠣ ᠠᠬᠤᠢ ᠶᠢᠨ ᠣᠷᠣᠯᠭ᠎ᠠ ᠴᠦᠮ 25 ᠲᠦᠮᠡᠨ ᠲᠦᠬᠦᠷᠢᠭ ᠢ ᠲᠠᠪᠠᠨ᠂ ᠨᠢᠭᠡᠳᠦᠭᠡᠷ ᠠᠵᠣ ᠣᠶᠢᠯᠠᠰ ᠤᠨ ᠨᠡᠮᠡᠭᠳᠡᠯ | ᠦᠷᠳᠡᠭ ᠵᠢᠱᠢᠯᠳᠠ ᠪᠠᠷ ᠠᠳᠠᠯᠢ ᠬᠤᠭᠤᠴᠠᠭᠠᠨ ᠤ ᠬᠢ ᠠᠴᠠ 5.1% ᠪᠠᠷ ᠨᠡᠮᠡᠭᠳᠡᠪᠡ᠃ | ︵ᠭᠤᠷᠪᠠ︶ ᠭᠤᠶᠢᠪᠢᠰᠢ ᠦᠬᠡᠢ ᠪᠠᠷ ᠰᠣᠶᠣᠯ ᠵᠢᠭᠤᠯᠴᠢᠯᠠᠯ ᠢ ᠲᠠᠰᠣᠷᠠᠯᠳᠠ ᠦᠭᠡᠢ ᠬᠦᠭᠵᠢᠭᠦᠯᠦᠨ ᠬᠡᠷᠡᠭᠯᠡᠭᠡ ᠶᠢ ᠠᠬᠢᠭᠤᠯᠵᠣ᠂ ᠬᠦᠭᠵᠢᠯᠳᠡ ᠶᠢᠨ | ᠠᠮᠢᠵᠢᠷᠠᠯ ᠤᠨ ᠬᠦᠴᠦᠨ ᠢ ᠪᠦᠳᠦᠮᠵᠢᠳᠡᠢ ᠪᠠᠳᠠᠷᠠᠭᠤᠯᠪᠠ᠃ 1000 ᠲᠦᠮᠡᠨ ᠲᠦᠬᠦᠷᠢᠭ ᠤᠨ ᠲᠣᠰᠬᠠᠢ ᠲᠦᠷᠦᠯ ᠤᠨ ᠪᠡᠯᠡ ᠮᠦᠩᠭᠦ ᠪᠠᠷ ᠰᠣᠶᠣᠯ ᠵᠢᠭᠤᠯᠴᠢᠯᠠᠯ | ᠤᠨ ᠣᠶᠢᠯᠠᠰ ᠤᠨ ᠬᠦᠭᠵᠢᠯᠳᠡ ᠶᠢ ᠲᠡᠮᠵᠢᠨ᠂ ︽ᠭᠠᠷᠮᠠᠭᠠᠶᠢᠯᠠᠨ ᠲᠠᠪᠰᠢᠬᠤ ᠣᠳᠤᠭ ᠤᠨ ᠡᠮᠦᠨᠡᠳᠦ ᠬᠤᠰᠢᠭᠤ · ᠵᠣᠯ ᠵᠢᠷᠭᠠᠯ ᠢ ᠬᠠᠮᠳᠦ ᠪᠠᠷ ᠡᠳ᠋ᠯᠡᠭᠦ︾ | ᠨᠡᠶᠢᠳᠡ ᠶᠢᠨ ᠰᠣᠶᠣᠯ ᠤᠨ ᠦᠢᠯᠡᠴᠢᠯᠡᠭᠡᠨ ᠤ ᠨᠡᠷᠡᠳᠦ ᠲᠡᠮᠳᠡᠭ ᠢ ᠪᠣᠢ ᠪᠣᠯᠭᠠᠨ᠂ ︽1 + 6︾ ᠬᠤᠪᠢᠰᠬᠠᠯᠳᠦ ᠬᠦᠮᠦᠵᠢᠯ ᠪᠣᠯᠪᠠᠰᠣᠷᠠᠯ ᠤᠨ ᠰᠢᠰᠲ᠋ᠧᠮ ᠢ | ᠦᠷᠭᠡᠳᠬᠡᠨ ︽1 + 8︾ ᠪᠣᠯᠭᠠᠵᠣ᠂ ︽ᠬᠤᠪᠢᠰᠬᠠᠯᠳᠦ ᠰᠣᠶᠣᠯ ᠢᠶᠠᠷ ᠦᠪᠦᠷ ᠮᠣᠩᠭᠤᠯ ᠱᠠᠨᠰᠢ ᠶᠢ ᠲᠠᠶᠢᠴᠢᠯᠠᠬᠤ︾ ᠣᠷᠳᠣᠰ · ᠶᠠᠨ ᠠᠨ · ᠲᠥᠩ | ᠴᠤᠸᠠᠨ ᠤ ᠬᠤᠪᠢᠰᠬᠠᠯᠳᠦ ᠰᠣᠶᠣᠯ ᠵᠢᠭᠤᠯᠴᠢᠯᠠᠯ ᠤᠨ ᠭᠤᠷᠪᠠᠨ ᠬᠤᠳᠠ ᠬᠤᠯᠪᠣᠭᠠᠯᠠᠨ ᠬᠦᠳᠡᠯᠦᠯᠴᠡᠬᠦ ᠵᠡᠷᠭᠡ ᠠᠵᠢᠯᠯᠠᠭᠠᠨ ᠢ 16 ᠲᠠᠯᠠᠪᠠᠢ ᠣᠳᠠᠭ᠎ᠠ᠂ ᠰᠣᠶᠣᠯ | ᠢᠶᠠᠷ ᠠᠷᠠᠳ ᠢ ᠬᠠᠷᠠᠭᠠᠯᠵᠠᠬᠤ ᠠᠵᠢᠯᠯᠠᠭᠠᠨ ᠢ 231 ᠲᠠᠯᠠᠪᠠᠢ ᠣᠳᠠᠭ᠎ᠠ ᠡᠷᠬᠢᠯᠡᠵᠣ᠂ ︽ᠲᠠᠯ᠎ᠠ ᠨᠣᠳᠤᠭ ᠤᠨ ᠬᠤᠪᠢᠰᠬᠠᠯ ᠤᠨ ᠲᠡᠤᠬᠡ ᠣᠯᠪᠠᠭ᠎ᠠ︾ ᠶᠢ ᠪᠦᠬᠦ | ᠣᠯᠣᠰ ᠤᠨ ᠰᠣᠶᠣᠯ ᠤᠨ ᠦᠪ ᠤᠨ ᠵᠢᠭᠤᠯᠴᠢᠯᠠᠯ ᠤᠨ ᠵᠠᠮ ᠱᠤᠭᠤᠮ ᠤᠨ ᠬᠤᠷᠢᠨ ᠬᠦᠴᠦᠷᠬᠡᠭ ᠲᠤ ᠣᠷᠣᠭᠤᠯᠣᠨ᠂ ︽ᠪᠠᠶᠠᠰᠤᠯ ᠲᠠᠢ ᠪᠦᠵᠢᠭᠯᠡᠶ᠎ᠡ︾ ᠣᠮᠠᠷᠠᠳᠦ | ᠶᠢᠨ ᠲᠠᠪᠣᠨ ᠮᠣᠵᠢ ᠣᠷᠣᠨ ᠤ ᠪᠦᠵᠢᠭ ᠤᠨ ᠣᠷᠣᠯᠳᠣᠭᠠᠨ ᠤ ᠨᠢᠭᠡᠳᠦᠭᠡᠷ ᠲᠡᠰ ᠤᠨ ᠱᠠᠩᠨᠠᠯ ᠢ ᠬᠦᠷᠳᠡᠪᠡ᠃ ᠪᠦᠬᠦ ᠵᠢᠯ ᠳᠤ 155.4 ᠲᠦᠮᠡᠨ ᠬᠦᠮᠦᠨ | ᠣᠳᠠᠭ᠎ᠠ ᠶᠢᠨ ᠵᠢᠭᠤᠯᠴᠢᠯᠠᠭᠰᠠᠳ ᠢ ᠬᠦᠯᠢᠶᠡᠵᠣ᠂ 27.2 ᠳ᠋ᠦᠩᠰᠢᠭᠤᠷ ᠲᠦᠭᠦᠷᠢᠭ ᠤᠨ ᠶᠡᠷᠦᠩᠬᠡᠢ ᠣᠷᠣᠯᠭ᠎ᠠ ᠶᠢ ᠪᠡᠶᠡᠯᠡᠭᠦᠯᠵᠣ᠂ ᠲᠣᠰᠪᠦᠷᠢ 11%᠂ 14. | 2% ᠢᠶᠠᠷ ᠨᠡᠮᠡᠭᠳᠡᠪᠡ᠃ ᠲᠦᠷᠪᠡᠳᠦᠭᠡᠷ ᠣᠳᠠᠭᠠᠨ ᠤ ᠪᠦᠬᠦ ᠣᠯᠣᠰ ᠤᠨ ᠲᠡᠤᠭᠡ ᠶᠢᠨ ᠲᠣᠷᠠᠰᠬᠠᠯᠳᠦ ᠵᠣᠶᠢᠯᠠᠰ ᠤᠨ ᠨᠡᠶᠢᠳᠡᠮ ᠪᠠᠶᠢᠴᠠᠭᠠᠯᠳᠠ ᠶᠢ ᠴᠢᠨᠠᠷᠯᠢᠭ | ᠦᠷᠨᠢᠭᠦᠯᠣᠨ᠂ 4 ᠪᠠᠭᠤᠷᠢ ᠶᠢᠨ ᠬᠠᠮᠠᠭᠠᠯᠠᠯᠳᠠ ᠶᠢᠨ ᠲᠦᠷᠦᠯ ᠵᠣᠶᠢᠯ ᠢ ᠬᠡᠷᠡᠭᠵᠢᠭᠦᠯᠵᠣ᠂ ᠲᠡᠣᠭᠡ ᠶᠢᠨ ᠲᠣᠷᠠᠰᠬᠠᠯᠳᠦ ᠵᠣᠶᠢᠯᠠᠰ ᠤᠨ ᠬᠠᠮᠠᠭᠠᠯᠠᠯᠳᠠ ᠶᠢᠨ | ᠲᠣᠭᠳᠠᠴᠠ ᠶᠢ ᠲᠠᠰᠣᠷᠠᠯᠳᠠ ᠦᠭᠡᠢ ᠪᠠᠶᠢᠭᠤᠯᠣᠨ ᠲᠡᠭᠦᠯᠳᠡᠷᠵᠢᠭᠦᠯᠪᠡ᠃ 40 ᠭᠠᠷᠣᠢ ᠲᠠᠯᠠᠪᠠᠢ ᠣᠳᠠᠭ᠎ᠠ ᠶᠢᠨ ᠬᠡᠷᠡᠭᠯᠡᠭᠡ ᠶᠢ ᠠᠬᠢᠭᠤᠯᠬᠤ ᠠᠵᠢᠯᠯᠠᠭᠠᠨ ᠡᠷᠬᠢᠯᠡᠵᠣ᠂ | 595 ᠲᠦᠮᠡᠨ ᠲᠦᠬᠦᠷᠢᠭ ᠤᠨ ᠬᠡᠷᠡᠭᠯᠡᠭᠡᠨ ᠤ ᠨᠦᠬᠦᠪᠦᠷᠢ ᠪᠡᠯᠡ ᠮᠦᠩᠭᠦ ᠵᠠᠷᠣᠴᠠᠭᠤᠯᠣᠨ᠂ 8000 ᠭᠠᠷᠣᠢ ᠲᠦᠮᠡᠨ ᠲᠦᠬᠦᠷᠢᠭ ᠤᠨ ᠪᠣᠷᠣᠯᠠᠭᠤᠯᠭ᠎ᠠ ᠶᠢᠨ | ᠨᠡᠮᠡᠭᠳᠡᠯ ᠢ ᠲᠠᠶᠢᠴᠢᠯᠠᠪᠠ᠃ | ︵ᠲᠦᠷᠪᠡ︶ ᠭᠤᠶᠢᠪᠢᠰᠢ ᠦᠬᠡᠢ ᠪᠠᠷ ᠬᠠᠮᠠᠭᠠᠯᠠᠯᠳᠠ ᠶᠢ ᠡᠷᠡᠰ ᠴᠢᠬᠤᠯᠠᠴᠢᠯᠠᠨ ᠵᠠᠰᠠᠯᠳᠠ ᠶᠢ ᠴᠢᠩᠭᠠᠳᠬᠠᠵᠣ᠂ ᠠᠮᠢ ᠠᠬᠤᠢ ᠣᠷᠴᠢᠨ ᠲᠣᠭᠤᠷᠢᠨ ᠢ | ᠦᠷᠭᠦᠯᠵᠢᠯᠡᠨ ᠰᠠᠶᠢᠵᠢᠷᠠᠭᠤᠯᠪᠠ᠃ ︽ᠭᠤᠷᠪᠠᠨ ᠣᠮᠠᠷᠠᠳᠦ︾ ᠶᠢᠨ ᠢᠨᠵᠧᠨᠧᠷᠢᠩ᠂ ᠬᠠᠳᠣᠨ ᠲᠣᠬᠤᠢ᠂ ᠮᠣᠣᠠᠣᠰᠦ ᠶᠢᠨ ᠡᠯᠡᠰᠦᠷᠬᠡᠭ ᠭᠠᠵᠠᠷ ᠤᠨ ᠪᠣᠭᠤᠮᠳᠠ | ᠰᠢᠪᠳᠣᠯᠬᠤ ᠲᠠᠶᠢᠯᠠᠯᠳᠣᠭᠠᠨ ᠢ ᠯᠠᠪᠳᠠᠭᠤᠨ ᠪᠠᠳᠣᠳᠠᠢ ᠠᠬᠢᠭᠤᠯᠣᠨ᠂ ᠡᠯᠡᠰᠦᠷᠭᠡᠭᠵᠢᠯ ᠭᠠᠵᠠᠷ ᠤᠨ ᠶᠡᠷᠦᠩᠭᠡᠢ ᠵᠠᠰᠠᠯᠳᠠ ᠶᠢ 104.5 ᠲᠦᠮᠡᠨ ᠮᠣ᠋ ᠪᠡᠶᠡᠯᠡᠭᠦᠯᠵᠣ᠂ | ᠰᠠᠯᠬᠢᠨ ᠴᠠᠬᠢᠯᠭᠠᠨ ᠨᠠᠷᠠᠨ ᠡᠨᠧᠷᠬᠢ ᠪᠠᠷ ᠡᠯᠡᠰᠦ ᠵᠠᠰᠠᠬᠤ ᠮᠠᠰᠢᠨ ᠴᠤᠭᠴᠠᠯᠠᠪᠤᠷᠢ ᠶᠢ 445 ᠲᠦᠮᠡᠨ ᠺᠢᠯᠤᠸᠠᠲ ᠪᠠᠶᠢᠷᠢᠯᠠᠭᠤᠯᠣᠨ᠂ 35 ᠬᠤᠷᠰᠢᠶᠠᠵᠢᠯ᠂ 1.2 | ᠲᠦᠮᠡᠨ ᠮᠠᠯᠴᠢᠨ ᠲᠠᠷᠢᠶᠠᠴᠢᠳ ᠢ ᠵᠣᠬᠢᠶᠠᠨ ᠪᠠᠶᠢᠭᠤᠯᠣᠨ ︽ᠬᠦᠳᠡᠯᠮᠦᠷᠢᠯᠡᠭᠦ ᠪᠠᠷ ᠲᠡᠳᠬᠦᠮᠵᠢ ᠶᠢ ᠣᠷᠣᠯᠠᠭᠤᠯᠬᠤ︾ ᠳᠤ ᠤᠷᠤᠯᠴᠠᠭᠤᠯᠵᠤ᠂ ᠰᠢᠨᠬᠤᠸᠠ ᠬᠤᠷᠢᠶ᠎ᠠ᠂ | ᠠᠷᠠᠳ ᠤᠨ ᠰᠦᠯᠵᠢᠶ᠎ᠡ ᠵᠡᠷᠭᠡ 20 ᠭᠠᠷᠣᠢ ᠭᠤᠣᠯ ᠵᠠᠭᠤᠴᠢᠯᠠᠭᠤᠷ ᠤᠨ ᠲᠡᠮᠵᠢᠯᠭᠡ ᠣᠬᠠᠭᠤᠯᠭ᠎ᠠ ᠶᠢ ᠬᠦᠷᠳᠡᠪᠡ᠃ ︽ᠵᠠᠭᠤᠨ ᠲᠦᠮᠡᠨ ᠮᠣ᠋ ᠬᠠᠷᠭᠠᠨ᠎ᠠ ᠲᠠᠷᠢᠬᠤ | ᠠᠵᠢᠯᠯᠠᠭᠠᠨ︾ ᠢ ᠦᠷᠨᠢᠭᠦᠯᠦᠨ᠂ ᠰᠢᠨ᠎ᠡ ᠨᠡᠮᠡᠭᠳᠡᠭᠰᠡᠨ ᠬᠠᠷᠭᠠᠨ᠎ᠠ ᠶᠢᠨ ᠲᠠᠯᠠᠪᠠᠢ 25 ᠲᠦᠮᠡᠨ ᠮᠣ᠋ ᠳᠤ ᠬᠦᠷᠴᠦ᠂ ᠬᠠᠷᠭᠠᠨ᠎ᠠ ᠶᠢᠨ ᠠᠵᠣ ᠣᠶᠢᠯᠠᠰ ᠤᠨ | ᠰᠣᠳᠣᠯᠭᠠᠨ ᠤ ᠲᠦᠪ ᠢ ᠠᠰᠢᠭᠯᠠᠯᠳᠠ ᠳᠤ ᠣᠷᠣᠭᠤᠯᠣᠨ ᠠᠵᠢᠯᠯᠠᠭᠤᠯᠵᠣ᠂ ︽ᠠᠮᠢ ᠠᠬᠤᠢ ᠶᠢᠨ ᠠᠵᠣ ᠣᠶᠢᠯᠠᠰᠴᠢᠯᠡᠯᠳᠡ᠂ ᠠᠵᠣ ᠣᠶᠢᠯᠠᠰ ᠤᠨ ᠠᠮᠢ | ᠠᠬᠤᠶᠢᠴᠢᠯᠠᠯᠳᠠ︾ ᠶᠢᠨ ᠠᠯᠬᠤᠮ ᠢ ᠲᠠᠰᠣᠷᠠᠯᠳᠠ ᠦᠭᠡᠢ ᠲᠦᠷᠭᠡᠳᠬᠡᠪᠡ᠃ ᠪᠦᠬᠦ ᠬᠤᠳᠠ ᠶᠢᠨ ᠠᠩᠬᠠᠳᠠᠭᠴᠢ ᠪᠣᠬᠢᠷ ᠣᠰᠣ ᠰᠢᠢᠳᠪᠦᠷᠢᠯᠡᠬᠦ ᠣᠶᠢᠯᠠᠳᠪᠦᠷᠢ ᠶᠢᠨ | ᠦᠯᠡᠳᠡᠭᠳᠡᠯ ᠣᠰᠣ ᠶᠢᠨ ᠨᠤᠭᠤ ᠭᠠᠵᠠᠷ ᠤᠨ ᠴᠡᠪᠡᠷᠰᠢᠭᠦᠯᠦᠯᠳᠡ ᠶᠢᠨ ᠭᠤᠭᠴᠣᠭᠠᠨ ᠤ ᠠᠰᠢᠭᠯᠠᠯᠳᠠ ᠶᠢᠨ ᠢᠨᠵᠧᠨᠧᠷᠢᠩ ᠢ ᠪᠠᠶᠢᠭᠤᠯᠣᠨ 67 ᠮᠠᠰᠢᠨ ᠬᠤᠳᠳᠤᠭ ᠢ | ᠣᠷᠣᠯᠠᠭᠤᠯᠵᠣ᠂ ᠲᠠᠬᠢᠨ ᠠᠰᠢᠭᠯᠠᠯᠳᠠ ᠶᠢᠨ ᠣᠰᠣ ᠶᠢ ᠬᠤᠳᠠ ᠶᠢᠨ ᠴᠡᠴᠡᠷᠯᠢᠭᠵᠢᠬᠦᠯᠬᠡ ᠳᠤ ᠬᠡᠷᠡᠭᠯᠡᠭᠦ ︽ᠣᠰᠣᠨ ᠤ ᠡᠬᠢ ᠰᠣᠷᠪᠣᠯᠵᠢ︾ ᠪᠣᠯᠭᠠᠪᠠ᠃ ᠵᠢᠯ ᠤᠨ | ᠪᠣᠬᠢᠷᠳᠣᠯ ᠢ ᠰᠡᠷᠭᠡᠶᠢᠯᠡᠭᠦ ᠰᠢᠪᠳᠣᠯᠣᠯᠳᠠ ᠶᠢᠨ ᠡᠭᠦᠷᠭᠡ ᠪᠠᠨ ᠠᠮᠵᠢᠯᠳᠠᠳᠠᠢ ᠪᠡᠶᠡᠯᠡᠭᠦᠯᠦᠨ᠂ ᠬᠤᠶᠠᠳᠣᠭᠠᠷ ᠡᠭᠡᠯᠵᠢ ᠶᠢᠨ ᠦᠪᠡᠷᠳᠡᠭᠡᠨ ᠵᠠᠰᠠᠬᠤ ᠣᠷᠣᠨ ᠤ ᠣᠷᠴᠢᠨ | ᠬᠠᠮᠠᠭᠠᠯᠠᠯᠳᠠ ᠶᠢᠨ ᠱᠠᠭᠠᠷᠳᠠᠨ ᠪᠠᠶᠢᠴᠠᠭᠠᠯᠳᠠ ᠪᠠᠷ ᠰᠢᠯᠵᠢᠭᠦᠯᠦᠨ ᠰᠢᠢᠳᠪᠦᠷᠢᠯᠡᠭᠦᠯᠦᠭᠰᠡᠨ ᠵᠠᠬᠢᠳᠠᠯ ᠰᠣᠷᠪᠣᠯᠵᠢᠯᠠᠭ᠎ᠠ ᠶᠢ ᠪᠦᠬᠦᠨ ᠢ ᠪᠡᠶᠡᠯᠡᠭᠦᠯᠵᠣ᠂ ᠪᠦᠬᠦ | ᠬᠤᠰᠢᠭᠤᠨ ᠤ ᠠᠭᠠᠷ ᠤᠨ ᠴᠡᠪᠡᠷᠴᠡ᠂ ᠬᠦᠷᠦᠰᠦ ᠰᠢᠷᠣᠢ᠂ ᠣᠰᠣᠨ ᠤ ᠠᠮᠢ ᠠᠬᠤᠢ ᠣᠷᠴᠢᠨ ᠲᠣᠭᠤᠷᠢᠨ ᠤ ᠶᠠᠰᠦ ᠴᠢᠨᠠᠷ ᠢ ᠦᠷᠭᠦᠯᠵᠢᠯᠡᠨ ᠰᠠᠶᠢᠵᠢᠷᠠᠭᠤᠯᠪᠠ᠃ | ︵ᠲᠠᠪᠤ︶ ᠭᠤᠶᠢᠪᠢᠰᠢ ᠦᠬᠡᠢ ᠪᠠᠷ ᠦᠭᠡᠷᠡᠴᠢᠯᠡᠯᠳᠡ ᠶᠢ ᠡᠷᠡᠰ ᠴᠢᠩᠭ᠎ᠠ ᠠᠳᠬᠤᠬᠤ ᠶᠢ ᠪᠠᠷᠢᠮᠳᠠᠯᠠᠨ ᠣᠷᠴᠢᠨ ᠲᠣᠭᠤᠷᠢᠨ ᠢ ᠰᠢᠯᠢᠳᠡᠭᠵᠢᠭᠦᠯᠵᠣ᠂ | ᠭᠠᠷᠮᠠᠭᠠᠶᠢᠯᠠᠨ ᠲᠠᠪᠰᠢᠬᠤ ᠪᠠᠶᠢᠳᠠᠯ ᠢ ᠨᠡᠩ ᠢᠯᠡᠷᠡᠭᠦᠯᠪᠡ᠃ 98 ᠲᠦᠷᠦᠯ ᠤᠨ ᠵᠢᠯ ᠤᠨ ᠦᠭᠡᠷᠡᠴᠢᠯᠡᠯᠳᠡ ᠶᠢᠨ ᠡᠭᠦᠷᠭᠡ ᠪᠠᠨ ᠪᠦᠬᠦᠨ ᠢ ᠪᠡᠶᠡᠯᠡᠬᠦᠯᠪᠡ᠃ | ︽ᠬᠦᠴᠦᠷᠭᠡᠭ ᠭᠠᠴᠠᠭ᠎ᠠ ᠲᠣᠰᠬᠤᠨ ᠪᠠᠭᠤᠷᠢ ᠭᠠᠴᠠᠭ᠎ᠠ ᠲᠣᠰᠬᠤᠨ ᠢᠶᠠᠨ ᠲᠠᠶᠢᠴᠢᠯᠠᠬᠤ︾᠂ ︽ᠪᠡᠯᠡ ᠮᠦᠩᠭᠦ ᠨᠡᠮᠡᠬᠦ ᠭᠠᠵᠠᠷ ᠰᠢᠷᠣᠢ︾ ᠶᠢᠨ ︽ᠣᠷᠣᠨ | ᠠᠯᠣᠰᠯᠠᠭᠰᠠᠨ ᠬᠤᠯᠪᠣᠭᠠᠯᠠᠯ︾ ᠤᠨ ᠬᠦᠭᠵᠢᠯᠳᠡ ᠶᠢᠨ ᠵᠠᠭᠪᠣᠷ ᠢ ᠪᠣᠢ ᠪᠣᠯᠭᠠᠵᠣ᠂ ᠬᠠᠮᠳᠦ ᠶᠢᠨ ᠠᠵᠣ ᠠᠬᠤᠢ ᠶᠢᠨ ᠡᠵᠡᠩᠨᠡᠯᠳᠡ ᠶᠢᠨ ᠴᠢᠨᠠᠷᠳᠠᠢ ᠣᠷᠣᠯᠭ᠎ᠠ ᠶᠢ | 4300 ᠲᠦᠮᠡᠨ ᠲᠦᠬᠦᠷᠢᠭ ᠠᠴᠠ ᠳᠠᠪᠠᠭᠤᠯᠪᠠ᠃᠂ ᠲᠠᠯ᠎ᠠ ᠨᠣᠳᠤᠭ ᠤᠨ ᠠᠯᠠᠭᠠᠳᠠᠬᠤ ᠪᠦᠮᠪᠦᠭᠡ ᠶᠢᠨ ︽ᠣᠷᠣᠯᠳᠣᠭᠠᠨ +︾ ᠠᠵᠣ ᠠᠬᠤᠢ ᠶᠢᠨ ᠵᠠᠬ᠎ᠠ | ᠲᠡᠯᠭᠡᠭᠦᠷ ᠤᠨ ᠠᠮᠢᠵᠢᠷᠠᠯ ᠤᠨ ᠬᠦᠴᠦᠨ ᠢ ᠪᠠᠳᠠᠷᠠᠭᠤᠯᠣᠨ᠂ ᠬᠤᠳᠠᠯᠳᠣᠭᠠᠴᠢᠨ ᠡᠷᠦᠭᠡ ᠶᠢᠨ ᠣᠷᠣᠯᠭ᠎ᠠ ᠶᠢ 3600 ᠲᠦᠮᠡᠨ ᠲᠦᠬᠦᠷᠢᠭ ᠨᠡᠮᠡᠭᠳᠡᠬᠦᠯᠪᠡ᠃ 5 | ᠣᠯᠣᠰ ᠤᠨ ᠦᠮᠴᠢᠯᠡᠯᠳᠦ ᠠᠵᠣ ᠠᠬᠤᠶᠢᠯᠠᠯ ᠵᠢᠯ ᠤᠨ ᠦᠭᠡᠷᠡᠴᠢᠯᠡᠯᠳᠡ ᠶᠢᠨ ᠡᠭᠦᠷᠭᠡ ᠪᠠᠨ ᠠᠮᠵᠢᠯᠳᠠᠳᠠᠢ ᠪᠡᠶᠡᠯᠡᠭᠦᠯᠣᠨ ᠴᠦᠮ ᠠᠰᠢᠭ ᠬᠤᠨᠵᠢᠪᠦᠷᠢ ᠤᠯᠪᠠ᠃ | ᠲᠠᠷᠢᠶᠠᠯᠠᠩ ᠤᠨ ᠣᠶᠢᠯᠠᠰ ᠤᠨ ᠣᠰᠣᠨ ᠤ ᠦᠨ᠎ᠡ ᠶᠢᠨ ᠶᠡᠷᠦᠩᠬᠡᠶᠢᠯᠡᠭᠰᠡᠨ ᠦᠭᠡᠷᠡᠴᠢᠯᠡᠯᠳᠡ᠂ ᠠᠵᠣ ᠣᠶᠢᠯᠠᠰ ᠰᠣᠷᠭᠠᠨ ᠬᠦᠮᠦᠵᠢᠯ ᠤᠨ ᠠᠭᠤᠰᠣᠯᠴᠠᠯ | ᠦᠢᠯᠡᠳᠦᠯᠭᠡ᠂ ᠭᠠᠵᠠᠷ ᠰᠢᠷᠣᠢ ᠶᠢᠨ ᠲᠠᠷᠬᠠᠢ ᠬᠡᠰᠡᠭᠯᠡᠯ ᠤᠨ ᠠᠰᠠᠭᠤᠳᠠᠯ ᠤᠨ ᠴᠡᠭᠴᠡᠯᠡᠯᠳᠡ ᠵᠡᠷᠭᠡ ᠨᠢᠭᠡᠳᠦᠭᠡᠷ ᠪᠦᠯᠦᠭ ᠤᠨ ᠦᠭᠡᠷᠡᠴᠢᠯᠡᠯᠳᠡ ᠶᠢ ᠪᠡᠶᠡᠯᠡᠭᠦᠯᠣᠨ᠂ | ᠬᠦᠭᠵᠢᠯᠳᠡ ᠲᠣᠮᠳᠠ ᠲᠣᠬᠢᠶᠠᠯᠳᠣᠭᠰᠠᠨ ᠠᠰᠠᠭᠤᠳᠠᠯ ᠢ ᠰᠢᠢᠳᠪᠦᠷᠢᠯᠡᠵᠣ᠂ ᠠᠵᠣ ᠠᠬᠤᠢ ᠶᠢᠨ ᠬᠦᠭᠵᠢᠯᠳᠡ ᠶᠢᠨ ᠲᠠᠯᠳᠠ ᠬᠦᠴᠦᠨ ᠢ ᠪᠠᠳᠠᠷᠠᠭᠤᠯᠪᠠ᠃ ︽5.0 | ᠲᠦᠰᠦᠪ︾ ᠤᠨ ᠬᠤᠳᠠᠯᠳᠤᠭ᠎ᠠ ᠡᠵᠡᠩᠨᠡᠯᠳᠡ ᠶᠢᠨ ᠣᠷᠴᠢᠨ ᠢ ᠰᠢᠯᠢᠳᠡᠭᠵᠢᠭᠦᠯᠬᠦ ᠠᠵᠢᠯᠯᠠᠭᠠᠨ ᠤ ᠦᠭᠡᠷᠡᠴᠢᠯᠡᠯᠳᠡ ᠶᠢ ᠬᠡᠷᠡᠭᠵᠢᠭᠦᠯᠦᠨ᠂ ᠱᠠᠩᠬᠠᠢ ᠶᠢᠨ ᠰᠦᠮ᠎ᠡ | ᠠᠵᠣ ᠠᠬᠤᠢ ᠶᠢᠨ ᠨᠡᠭᠡᠭᠡᠯᠳᠡ ᠶᠢᠨ ᠣᠷᠣᠨ ᠤ ᠵᠠᠰᠠᠭ ᠤᠨ ᠶᠠᠪᠣᠳᠠᠯ ᠤᠨ ᠦᠢᠯᠡᠴᠢᠯᠡᠭᠡᠨ ᠤ ᠬᠤᠪᠢᠶᠠᠷᠢ ᠲᠦᠪ ᠪᠣᠯᠣᠨ ᠠᠷᠠᠳ ᠲᠤ ᠲᠦᠭᠦᠮ ᠦᠵᠡᠭᠦᠯᠬᠦ | ᠪᠠᠷᠢᠮᠵᠢᠶᠡᠴᠢᠯᠠᠭᠰᠠᠨ 85 ᠦᠢᠯᠡᠴᠢᠯᠡᠭᠡᠨ ᠤ ᠦᠷᠳᠡᠭᠡ ᠶᠢ ᠪᠠᠶᠢᠭᠤᠯᠵᠣ᠂ ︽ᠨᠢᠭᠡ ᠰᠦᠯᠵᠢᠶ᠎ᠡ ᠪᠠᠷ ᠨᠡᠶᠢᠳᠡᠮ ᠭᠦᠢᠴᠡᠳᠬᠡᠬᠦ︾ ᠨᠣᠷᠮ᠎ᠠ ᠶᠢ 98% ᠲᠤ ᠬᠦᠷᠭᠡᠨ᠂ | ᠴᠠᠭ ᠬᠢᠵᠠᠭᠠᠷᠯᠠᠨ ᠭᠦᠢᠴᠡᠳᠬᠡᠭᠰᠡᠨ ᠨᠣᠷᠮ᠎ᠠ 100% ᠳᠤ ᠬᠦᠷᠴᠦ᠂ ᠣᠯᠠᠨ ᠲᠦᠮᠡᠨ ᠤ ᠬᠠᠨᠣᠮᠵᠢ ᠶᠢᠨ ᠨᠣᠷᠮ᠎ᠠ ᠶᠢ 98% ᠠᠴᠠ ᠲᠠᠪᠠᠭᠤᠯᠪᠠ᠃ ᠮᠠᠯᠴᠢᠨ | ᠲᠠᠷᠢᠶᠠᠴᠢᠳ ᠤᠨ ᠣᠷᠣᠨ ᠰᠠᠭᠤᠴᠠ ᠶᠢᠨ ᠭᠠᠵᠠᠷ ᠤᠨ ᠡᠷᠭᠡ ᠶᠢᠨ ᠲᠠᠩᠰᠠᠯᠠᠯᠳᠠ ᠶᠢᠨ ᠦᠨᠡᠮᠯᠡᠯ ᠣᠯᠭᠤᠭᠰᠠᠨ ᠨᠣᠷᠮ᠎ᠠ ᠶᠢ 95% ᠳᠤ ᠬᠦᠷᠭᠡᠨ᠂ ᠪᠦᠬᠦ ᠬᠤᠳᠠ | ᠳᠤ ᠪᠠᠨ ᠲᠡᠷᠢᠭᠦᠯᠡᠵᠣ᠂ ᠴᠠᠬᠢᠯᠭᠠᠨ ᠬᠦᠴᠦᠨ ᠤ ᠲᠦᠬᠦᠭᠡᠷᠦᠮᠵᠢ ᠶᠢᠨ ︽ᠲᠦᠰᠦᠯ ᠶᠣᠰᠣᠭᠠᠷ ᠭᠠᠵᠠᠷ ᠬᠠᠩᠭᠠᠬᠤ + ᠭᠠᠵᠠᠷ ᠠᠪᠣᠮᠠᠭᠴᠠ ᠪᠠᠷᠢᠯᠭ᠎ᠠ ᠡᠬᠢᠯᠡᠭᠦᠯᠬᠦ︾ | ᠰᠢᠨᠡᠴᠢ ᠦᠢᠯᠡᠴᠢᠯᠡᠭᠡ ᠶᠢ ᠪᠦᠬᠦ ᠣᠷᠣᠨ ᠳᠤ ᠣᠷᠢᠳᠠᠪᠡᠷ ᠪᠡᠶᠡᠯᠡᠭᠦᠯᠵᠣ᠂ ︽ᠢᠳᠡᠭᠡᠮᠵᠢ ᠶᠢᠨ ᠴᠢᠳᠠᠪᠬᠢ ᠪᠠᠷ ᠠᠮᠢᠵᠢᠷᠠᠯ ᠤᠨ ᠬᠦᠴᠦᠨ ᠪᠣᠯᠭᠠᠭᠰᠠᠨ ᠬᠦᠳᠡᠭᠡ | ᠲᠣᠰᠬᠤᠨ ᠢ ᠬᠦᠭᠵᠢᠭᠦᠯᠣᠨ ᠮᠠᠨᠳᠣᠭᠤᠯᠬᠤ ᠰᠢᠨ᠎ᠡ ᠬᠠᠭᠤᠳᠠᠰᠣ ᠶᠢᠨ ᠪᠢᠴᠢᠭᠯᠡᠯ︾ ᠨᠢ ᠪᠦᠬᠦ ᠣᠯᠣᠰ ᠤᠨ ᠰᠢᠯᠢᠳᠡᠭ ᠢᠳᠡᠭᠡᠮᠵᠢ ᠶᠢᠨ ᠵᠢᠱᠢᠶ᠎ᠡ ᠪᠠᠷ ᠦᠨᠡᠯᠡᠭᠳᠡᠪᠡ᠃ | ᠪᠦᠬᠦ ᠵᠢᠯ ᠳᠤ ᠰᠢᠨ᠎ᠡ ᠪᠠᠷ ᠨᠡᠮᠡᠭᠳᠡᠭᠰᠡᠨ ᠡᠵᠡᠩᠨᠡᠯᠳᠡ ᠶᠢᠨ ᠭᠤᠣᠯ ᠴᠣᠭᠴᠠ 1409 ᠡᠷᠦᠭᠡ ᠳᠤ ᠬᠦᠷᠤᠨ᠂ 5.5% ᠪᠠᠷ ᠨᠡᠮᠡᠭᠳᠡᠵᠣ᠂ ᠬᠤᠳᠠᠯᠳᠣᠭᠠᠴᠢᠨ | ᠣᠷᠢᠵᠣ ᠪᠡᠯᠡ ᠣᠷᠣᠭᠤᠯᠣᠭᠰᠠᠨ ᠪᠡᠯᠡ ᠮᠦᠩᠭᠦ 125 ᠳ᠋ᠦᠩᠰᠢᠭᠤᠷ ᠲᠦᠭᠦᠷᠢᠭ ᠬᠦᠷᠦᠨ᠂ ᠠᠳᠠᠯᠢ ᠬᠤᠭᠤᠴᠠᠭᠠᠨ ᠤ ᠬᠢ ᠠᠴᠠ 4.2% ᠨᠡᠮᠡᠭᠳᠡᠵᠣ᠂ ᠪᠣᠳᠠᠳᠠᠢ | ᠬᠡᠷᠡᠭᠯᠡᠭᠰᠡᠨ ᠭᠠᠳᠠᠭᠠᠳᠦ ᠪᠡᠯᠡ ᠮᠦᠩᠭᠦ 7.5 ᠳ᠋ᠦᠩᠰᠢᠭᠤᠷ ᠲᠦᠬᠦᠷᠢᠭ ᠲᠤ ᠬᠦᠷᠦᠨ᠂ ᠪᠦᠬᠦ ᠬᠤᠳᠠ ᠳᠤ ᠪᠠᠨ ᠬᠤᠶᠠᠳᠣᠭᠠᠷ ᠲᠤ ᠣᠷᠣᠪᠠ᠃ | ︵ᠵᠢᠷᠭᠤᠭ᠎ᠠ︶ ᠭᠤᠶᠢᠪᠢᠰᠢ ᠦᠬᠡᠢ ᠪᠠᠷ ᠰᠠᠭᠤᠷᠢ ᠪᠠᠨ ᠴᠢᠩᠭᠠᠤᠨᠬᠠᠨ ᠳᠤᠳᠠᠭᠤᠳᠠᠯ ᠢᠶᠠᠨ ᠨᠦᠬᠦᠪᠤᠷᠢᠯᠡᠵᠤ᠂ ᠬᠤᠳᠠ ᠬᠦᠳᠡᠭᠡ ᠶᠢᠨ ᠶᠠᠰᠤ ᠴᠢᠨᠠᠷ ᠢ ᠳᠡᠰ | ᠳᠡᠪᠰᠢᠬᠦᠯᠪᠡ᠃ ᠱᠠᠩᠬᠠᠢ ᠶᠢᠨ ᠰᠦᠮ᠎ᠠ ᠪᠠᠯᠭᠠᠰᠤ᠂ ᠪᠤᠷᠤᠪᠠᠯᠭᠠᠰᠤ ᠪᠠᠯᠭᠠᠰᠤ᠂ ᠨᠠᠩᠰᠤ ᠪᠠᠯᠭᠠᠰᠤ ᠶᠢᠨ ᠤᠯᠤᠰ ᠤᠨ ᠨᠤᠳᠤᠭ ᠳᠡᠪᠢᠰᠬᠡᠷ ᠤᠨ ᠤᠷᠤᠨ ᠵᠠᠢ ᠶᠢᠨ | ᠲᠦᠯᠤᠪᠵᠢᠬᠦᠯᠬᠡ ᠶᠢᠨ ᠪᠦᠳᠤᠮᠵᠢ ᠴᠤᠬᠤᠯᠠᠪᠤᠷᠢ ᠤᠯᠤᠨ ᠬᠡᠷᠡᠭᠯᠡᠯᠳᠠ ᠳᠤ ᠤᠷᠤᠵᠤ᠂ ᠬᠠᠷᠴᠠᠭᠠᠢ ᠬᠦᠯᠦᠭ ᠮᠠᠯ ᠲᠠᠷᠢᠶᠠᠯᠠᠩ ᠤᠨ ᠪᠦᠳᠤᠬᠡᠭᠳᠡᠬᠦᠨ ᠤ ᠠᠷᠠᠯᠵᠢᠶᠠᠨ | ᠤ ᠵᠠᠬ᠎ᠠ ᠲᠡᠯᠭᠡᠭᠦᠷ ᠢ ᠳᠤᠭᠳᠠᠭᠰᠠᠨ ᠬᠤᠭᠤᠴᠠᠭᠠᠨ ᠳᠤ ᠪᠠᠶᠢᠭᠤᠯᠤᠨ᠂ ︽ᠳᠤᠯᠠᠭᠠᠨ ᠬᠤᠳᠠ ᠶᠢᠨ ᠴᠤᠭᠯᠠᠭ᠎ᠠ ᠵᠠᠬ᠎ᠠ︾ ᠤᠷᠤᠭᠰᠢᠳᠠᠢ ᠨᠡᠬᠡᠬᠡᠭᠳᠡᠵᠤ᠂ ᠪᠦᠬᠦ | ᠬᠤᠳᠠ ᠶᠢᠨ ᠠᠩᠬᠠᠳᠠᠭᠴᠢ ᠵᠢᠵᠢᠭ ᠬᠡᠯᠪᠡᠷᠢ ᠶᠢᠨ ᠬᠤᠭ ᠨᠤᠪᠰᠢ ᠶᠢ ᠰᠢᠳᠠᠭᠠᠬᠤ ᠵᠢᠱᠢᠶ᠎ᠡ ᠦᠵᠡᠬᠦᠯᠬᠦ ᠲᠦᠷᠤᠯ ᠵᠦᠢᠯ ᠢ ᠡᠬᠢᠯᠡᠬᠦᠯᠵᠤ ᠠᠵᠢᠯᠯᠠᠭᠤᠯᠤᠨ᠂ | ᠳᠤᠭᠤᠭᠠᠨ ᠬᠡᠷ ᠤᠨ ᠬᠤᠭ ᠨᠤᠪᠰᠢ ᠶᠢ ᠰᠢᠢᠤᠨᠪᠤᠷᠢᠯᠡᠬᠦ ᠲᠦᠬᠦᠬᠡᠷᠤᠮᠵᠢ ᠶᠢ ᠪᠦᠬᠦ ᠳᠠᠯ᠎ᠠ ᠪᠠᠷ ᠡᠬᠢᠯᠡᠬᠦᠯᠤᠨ ᠬᠡᠷᠡᠭᠯᠡᠵᠤ᠂ ︽ᠴᠡᠴᠡᠭᠳᠤ ᠬᠦᠷᠢᠶᠡᠯᠡᠩ︾ ᠠᠮᠢ ᠠᠬᠤᠢ | ᠶᠢᠨ ᠤᠷᠭᠤᠮᠠᠯ ᠤᠨ ᠤᠷᠳᠤᠨ ᠢᠶᠠᠷ ᠬᠤᠳᠠ ᠶᠢᠨ ᠴᠢᠨᠠᠷ ᠴᠢᠨᠰᠠᠭ᠎ᠠ ᠶᠢ ᠳᠡᠬᠡᠭᠰᠢᠯᠡᠬᠦᠯᠤᠨ᠂ ᠤᠳᠤ ᠦᠶ᠎ᠡ ᠶᠢᠨ ᠶᠡᠷᠤᠩᠬᠡᠶᠢᠯᠡᠭᠰᠡᠨ ᠤᠶᠢᠯᠡᠴᠢᠯᠡᠬᠡᠨ ᠤ ᠬᠡᠯᠪᠡᠷᠢ ᠶᠢᠨ | ᠪᠤᠳᠠᠰ ᠤᠨ ᠬᠦᠢᠯᠬᠡᠬᠡᠨ ᠤ ᠬᠦᠷᠢᠶᠡᠯᠡᠩ ᠢ ᠲᠦᠷᠬᠡᠤᠨᠬᠡᠨ ᠪᠠᠶᠢᠭᠤᠯᠵᠤ᠂ ᠬᠤᠳᠠ ᠶᠢᠨ ᠰᠠᠭᠤᠷᠢ ᠲᠦᠬᠦᠬᠡᠷᠤᠮᠵᠢ ᠶᠢᠨ ᠴᠢᠳᠠᠪᠬᠢ ᠶᠢ ᠡᠳᠤᠷ ᠢᠷᠡᠬᠦᠶ᠎ᠡ | ᠳᠡᠬᠦᠯᠳᠡᠷᠵᠢᠬᠦᠯᠪᠡ᠃ ᠪᠠᠷᠠᠭᠤᠨ ᠬᠡᠰᠡᠭ ᠤᠨ ᠳᠡᠮᠤᠷ ᠵᠠᠮ ᠢ ᠪᠦᠬᠦ ᠳᠠᠯ᠎ᠠ ᠪᠠᠷ ᠡᠬᠢᠯᠡᠬᠦᠯᠤᠨ᠂ ᠴᠠᠩ ᠴᠧᠩ ᠴᠠᠬᠢᠯᠭᠠᠨ ᠤᠶᠢᠯᠡᠳᠪᠤᠷᠢ ᠶᠢᠨ ᠳᠤᠰᠬᠠᠢ ᠱᠤᠭᠤᠮ ᠢ | ᠳᠡᠷᠬᠡ ᠨᠡᠪᠳᠡᠷᠡᠬᠦᠯᠵᠤ᠂ 28.5 ᠺᠢᠯᠤᠮᠧᠲᠷ ᠤᠨ ᠳᠡᠮᠤᠷ ᠵᠠᠮ ᠢ ᠰᠢᠨ᠎ᠠ ᠪᠠᠷ ᠪᠠᠶᠢᠭᠤᠯᠪᠠ᠃ ᠠᠭᠠᠷ ᠠᠶᠠᠯᠠᠯ ᠤᠨ ᠬᠡᠷᠡᠭᠰᠡᠯ ᠤᠨ ᠵᠢᠯᠤᠭᠤᠴᠢ ᠶᠢᠨ | ᠪᠤᠯᠪᠠᠰᠤᠷᠠᠭᠤᠯᠤᠯ ᠤᠨ ᠳᠤᠬᠠᠶᠢᠯᠠᠭᠰᠡᠨ ᠠᠵᠢᠯ ᠢ ᠦᠷᠨᠢᠬᠦᠯᠵᠤ᠂ ᠳᠤᠤᠷ᠎ᠠ ᠨᠢᠰᠤᠯᠳᠠ ᠶᠢᠨ ᠠᠵᠤ ᠠᠬᠤᠢ ᠶᠢᠨ ᠰᠢᠨ᠎ᠠ ᠴᠢᠨᠠᠷ ᠤᠨ ᠤᠶᠢᠯᠡᠤᠨᠪᠤᠷᠢᠯᠡᠯ ᠤᠨ ᠬᠦᠴᠤᠨ | ᠢ ᠡᠬᠢᠯᠡᠬᠦᠯᠪᠡ᠃ 1.64 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠨ ᠳᠤᠯᠠᠭᠠᠯᠠᠭ᠎ᠠ᠂ ᠬᠡᠢ ᠬᠠᠩᠭᠠᠯᠭ᠎ᠠ᠂ ᠤᠰᠤ ᠬᠠᠩᠭᠠᠯᠭ᠎ᠠ᠂ ᠴᠠᠬᠢᠯᠭᠠᠨ ᠬᠠᠩᠭᠠᠯᠭ᠎ᠠ | ᠶᠢᠨ ︽ᠳᠤᠯᠠᠭᠠᠨ ᠢᠨᠵᠧᠨᠧᠷᠢᠩ︾ ᠤᠨ ᠪᠠᠶᠢᠭᠤᠯᠤᠯᠳᠠ ᠶᠢ ᠴᠤᠭᠴᠠᠵᠢᠭᠤᠯᠵᠤ ᠠᠬᠢᠭᠤᠯᠤᠨ᠂ ᠪᠦᠬᠦ ᠬᠤᠳᠠ ᠶᠢᠨ ᠳᠡᠷᠢᠬᠦᠨ ᠤ ᠡᠩᠨᠡᠬᠡᠨ ᠳᠤ ᠪᠦᠬᠦ ᠳᠠᠯ᠎ᠠ ᠪᠠᠷ | ᠪᠡᠶᠡᠯᠡᠬᠦᠯᠵᠤ᠂ ᠮᠠᠯᠵᠢᠬᠤ ᠳᠠᠷᠢᠶᠠᠯᠠᠬᠤ ᠤᠷᠤᠨ ᠤ ᠴᠡᠪᠡᠷ ᠳᠤᠯᠠᠭᠠᠯᠠᠭ᠎ᠠ ᠶᠢᠨ ᠢᠨᠵᠧᠨᠧᠷᠢᠩ ᠢ ᠯᠠᠪᠳᠠᠭᠤᠨ ᠠᠬᠢᠭᠤᠯᠤᠨ᠂ ᠤᠷᠤᠨ ᠨᠤᠳᠤᠭ ᠤᠨ ᠴᠡᠪᠡᠷ ᠡᠨᠧᠷᠬᠢ | ᠪᠠᠷ ᠪᠦᠬᠦ ᠬᠤᠰᠢᠭᠤᠨ ᠤ 98% ᠶᠢᠨ ᠮᠠᠯᠴᠢᠨ ᠳᠠᠷᠢᠶᠠᠴᠢᠨ ᠳᠤ ᠠᠰᠢᠭ ᠬᠦᠷᠳᠡᠬᠡᠵᠤ᠂ ︽ᠬᠠᠶᠢᠷ᠎ᠠ ᠬᠠᠯᠠᠮᠵᠢ ᠬᠦᠷᠬᠡᠬᠦ ᠨᠡᠬᠦᠷᠡᠰᠤ︾ ᠶᠢ 6439 ᠲᠤᠨ᠂ | ᠲᠦᠪᠯᠡᠷᠡᠩᠬᠦᠢ ᠳᠤᠯᠠᠭᠠᠯᠠᠭ᠎ᠠ ᠬᠠᠩᠭᠠᠬᠤ ᠨᠡᠬᠦᠷᠡᠰᠤ ᠶᠢ 20 ᠲᠦᠮᠡᠨ ᠲᠤᠨ ᠬᠠᠩᠭᠠᠵᠤ ᠠᠷᠠᠤᠨ ᠤᠯᠠᠨ ᠤ ᠳᠤᠯᠠᠭᠠᠨ ᠡᠪᠤᠯᠵᠢᠬᠦ ᠶᠢ ᠬᠦᠴᠤᠳᠠᠢ ᠪᠠᠳᠤᠯᠠᠪᠠ᠃ | ᠬᠦᠳᠡᠭᠡ ᠳᠤᠰᠬᠤᠨ ᠤ ᠵᠠᠰᠠᠮᠠᠯ ᠵᠠᠮ ᠢ 142.6 ᠺᠢᠯᠤᠮᠧᠲᠷ ᠰᠢᠨ᠎ᠠ ᠪᠠᠷ ᠪᠠ ᠦᠷᠬᠦᠯᠵᠢᠯᠡᠨ ᠪᠠᠶᠢᠭᠤᠯᠤᠨ᠂ ᠵᠢᠷᠠ ᠪᠠᠷᠠᠭᠤᠨ ᠵᠡᠬᠡᠯᠢ᠂ ᠠᠵᠢᠨᠠᠢ ᠵᠠᠮ ᠤᠨ 2 | ᠵᠤᠷᠪᠤᠰ ᠮᠤᠬᠤᠷ ᠵᠠᠮ ᠢ ᠨᠡᠪᠳᠡᠷᠡᠬᠦᠯᠵᠤ᠂ 4.7 ᠲᠦᠮᠡᠨ ᠬᠠᠪᠳᠠᠭᠠᠢ ᠲᠦᠷᠪᠡᠯᠵᠢᠨ ᠮᠧᠲᠷ ᠤᠨ ᠨᠤᠭᠤᠭᠠᠵᠢᠭᠤᠯᠤᠯᠳᠠ ᠶᠢ ᠰᠢᠨ᠎ᠠ ᠪᠠᠷ ᠨᠡᠮᠡᠭᠳᠡᠬᠦᠯᠤᠨ᠂ 3 | ᠬᠠᠭᠤᠴᠢᠨ ᠰᠠᠭᠤᠭᠠᠯᠢ ᠳᠤᠭᠤᠷᠢᠭ ᠢ ᠰᠠᠯᠪᠢᠨ ᠵᠠᠰᠠᠵᠤ ᠦᠬᠡᠷᠡᠴᠢᠯᠡᠨ ᠪᠠᠶᠢᠭᠤᠯᠵᠤ᠂ ᠬᠤᠳᠠ ᠶᠢᠨ ᠲᠤᠤᠷ ᠬᠤᠭᠤᠯᠠᠢ ᠶᠢ 73.9 ᠺᠢᠯᠤᠮᠧᠲᠷ ᠳᠡᠪᠢᠰᠤᠨ᠂ 342 | ᠲᠦᠬᠦᠷ ᠪᠠᠳᠤᠯᠠᠭ᠎ᠠ ᠶᠢᠨ ᠴᠢᠨᠠᠷᠳᠠᠢ ᠤᠷᠤᠨ ᠰᠠᠭᠤᠴᠠ ᠶᠢ ᠰᠢᠪᠠᠭ᠎ᠠ ᠳᠠᠳᠠᠭᠤᠯᠤᠨ ᠡᠷᠤᠬᠡ ᠳᠤ ᠲᠦᠷᠢᠶᠡᠰᠤᠯᠡᠬᠦᠯᠵᠤ᠂ ᠰᠦᠢᠤᠨᠬᠡᠯ ᠦᠬᠡᠢ ᠪᠠᠷ ᠨᠠᠶᠢᠳᠠ ᠶᠢᠨ | ᠮᠠᠰᠢᠨ ᠳᠤ ᠰᠠᠭᠤᠬᠤ ᠲᠦᠷᠤ ᠶᠢᠨ ᠪᠤᠳᠤᠯᠭ᠎ᠠ ᠶᠢ ᠪᠦᠬᠦ ᠳᠠᠯ᠎ᠠ ᠪᠠᠷ ᠬᠡᠷᠡᠭᠵᠢᠬᠦᠯᠤᠨ᠂ ᠬᠤᠳᠠ ᠶᠢᠨ ᠠᠴᠢᠶᠠᠯᠠᠬᠤ ᠴᠢᠳᠠᠪᠤᠷᠢ᠂ ᠠᠮᠢᠳᠤᠷᠠᠨ ᠤᠷᠤᠰᠢᠬᠤ ᠳᠠᠭᠠᠯᠠᠮᠵᠢ | ᠤᠯᠠᠮ ᠳᠡᠬᠡᠭᠰᠢᠯᠡᠪᠡ᠃ | ︵ᠳᠤᠯᠤᠭ᠎ᠠ︶ ᠭᠤᠶᠢᠪᠢᠰᠢ ᠦᠬᠡᠢ ᠪᠠᠷ ᠠᠰᠢᠭ ᠵᠢᠷᠭᠠᠯ ᠢ ᠨᠡᠮᠡᠭᠳᠡᠬᠦᠯᠤᠨ ᠪᠠᠳᠤᠯᠠᠭ᠎ᠠ ᠶᠢ ᠴᠢᠩᠭᠠᠤᠨᠬᠠᠵᠤ᠂ ᠠᠷᠠᠤᠨ ᠤᠨ ᠠᠮᠢᠳᠤᠷᠠᠯ ᠤᠨ ᠠᠵᠢᠯ ᠢ ᠬᠠᠨᠤᠮᠵᠢ | ᠲᠠᠢ ᠰᠤᠳᠤᠨ ᠪᠡᠶᠡᠯᠡᠬᠦᠯᠪᠡ᠃ ᠠᠷᠠᠤᠨ ᠤᠨ ᠠᠮᠢᠳᠤᠷᠠᠯ ᠤᠨ ᠵᠠᠷᠤᠯᠭ᠎ᠠ ᠶᠢ ᠡᠳ᠋ ᠤᠨ ᠵᠠᠰᠠᠭ ᠤᠨ ᠵᠠᠷᠤᠯᠭ᠎ᠠ ᠶᠢᠨ 75% ᠠᠴᠠ ᠳᠡᠬᠡᠭᠰᠢᠬᠢ ᠶᠢ ᠡᠵᠡᠯᠡᠬᠦᠯᠪᠡ᠃ | ᠬᠤᠳᠠ ᠪᠠᠯᠭᠠᠰᠤᠨ ᠤ 900 ᠬᠦᠮᠤᠨ ᠳᠤ ᠰᠢᠨ᠎ᠠ ᠪᠠᠷ ᠠᠵᠢᠯ ᠤᠯᠭᠤᠨ᠂ 3307 ᠮᠠᠯᠴᠢᠨ ᠳᠠᠷᠢᠶᠠᠴᠢᠨ ᠢ ᠰᠢᠯᠵᠢᠬᠦᠯᠤᠨ ᠠᠵᠢᠯ ᠤᠯᠭᠤᠵᠤ᠂ ᠬᠦᠴᠢᠷᠳᠠᠯᠳᠠᠢ | ᠤᠯᠠᠨ ᠲᠦᠮᠡᠨ ᠤ ᠦᠨᠳᠤᠰᠤᠨ ᠠᠮᠢᠳᠤᠷᠠᠯ ᠢ ᠪᠦᠳᠤᠮᠵᠢᠳᠠᠢ ᠪᠠᠳᠤᠯᠠᠨ᠂ ᠳᠠᠬᠢᠨ ᠶᠠᠳᠠᠭᠤᠷᠠᠬᠤ ᠶᠢ ᠰᠡᠷᠬᠡᠶᠢᠯᠡᠬᠦ ᠬᠢᠨᠠᠨ ᠪᠠᠶᠢᠴᠠᠭᠠᠯᠳᠠ ᠪᠠ ᠲᠦᠪᠯᠡᠷᠡᠩᠬᠦᠢ ᠪᠠᠷ | ᠬᠠᠪᠰᠤᠷᠤᠨ ᠳᠡᠤᠨᠬᠦᠬᠦ ᠠᠵᠢᠯ ᠢ ᠬᠦᠳᠡᠯᠤᠩᠬᠦᠢ ᠦᠷᠨᠢᠬᠦᠯᠵᠤ᠂ ᠨᠠᠶᠢᠬᠡᠮ ᠤᠨ ᠪᠠᠳᠤᠯᠠᠭ᠎ᠠ ᠶᠢ ᠨᠠᠩ ᠪᠠᠬᠢᠵᠢᠬᠦᠯᠪᠡ᠃ ᠲᠦᠷᠪᠡᠳᠤᠬᠡᠷ ᠪᠠᠭ᠎ᠠ ᠰᠤᠷᠭᠠᠭᠤᠯᠢ᠂ | ᠬᠤᠶᠠᠳᠤᠭᠠᠷ ᠳᠤᠮᠳᠠᠳᠤ ᠰᠤᠷᠭᠠᠭᠤᠯᠢ ᠵᠡᠷᠬᠡ 6 ᠰᠤᠷᠭᠠᠭᠤᠯᠢ ᠶᠢ ᠵᠠᠰᠠᠵᠤ ᠦᠬᠡᠷᠡᠴᠢᠯᠡᠨ᠂ 93 ᠨᠠᠷᠠ ᠨᠢᠬᠡᠳᠤᠬᠡᠷ ᠹᠷᠤᠨᠲ ᠤᠨ ᠪᠠᠭᠰᠢ ᠶᠢ ᠤᠷᠢᠨ ᠠᠪᠴᠢᠷᠠᠵᠤ᠂ | ᠳᠡᠬᠡᠳᠤ ᠳᠤᠮᠳᠠᠳᠤ ᠶᠢᠨ ᠰᠢᠯᠭᠠᠯᠳᠠ ᠪᠠᠷ ᠨᠢᠬᠡᠳᠤᠬᠡᠷ ᠪᠦᠯᠦᠭ ᠤᠨ ᠵᠢᠩᠬᠢᠨᠢ ᠠᠩᠬᠢ ᠳᠤ ᠤᠷᠤᠭᠰᠠᠨ ᠨᠤᠷᠮ᠎ᠠ ᠪᠠ ᠬᠦᠮᠤᠨ ᠤ ᠳᠤᠭ᠎ᠠ 300% ᠠᠴᠠ ᠳᠡᠬᠡᠭᠰᠢ | ᠨᠡᠮᠡᠭᠳᠡᠨ᠂ ᠠᠩᠬ᠎ᠠ ᠳᠤᠮᠳᠠᠳᠤ ᠶᠢᠨ ᠰᠢᠯᠭᠠᠯᠳᠠ ᠪᠠᠷ ᠬᠤᠳᠠ ᠶᠢᠨ ᠨᠢᠬᠡᠳᠤᠬᠡᠷ ᠳᠤᠮᠳᠠᠳᠤ ᠰᠤᠷᠭᠠᠭᠤᠯᠢ ᠳᠤ ᠡᠯᠰᠡᠭᠳᠡᠭᠰᠡᠨ ᠬᠦᠮᠤᠨ ᠤ ᠳᠤᠭ᠎ᠠ ᠶᠢᠨ ᠡᠵᠡᠯᠡᠬᠦ | ᠬᠠᠷᠢᠴᠠᠯ ᠨᠢ ᠪᠠᠷᠠᠭᠤᠨ ᠬᠡᠰᠡᠭ ᠤᠨ ᠬᠤᠰᠢᠭᠤ ᠳᠤᠭᠤᠷᠢᠭ ᠤᠨ ᠨᠢᠬᠡᠳᠤᠬᠡᠷ ᠲᠤ ᠤᠷᠤᠵᠤ᠂ ︽ᠰᠤᠷᠬᠤ ᠠᠴᠠ ᠰᠤᠷᠭᠠᠭᠤᠯᠢ ᠲᠠᠢ︾ ᠠᠴᠠ ︽ᠰᠤᠷᠬᠤ ᠠᠴᠠ | ᠰᠢᠯᠢᠳᠡᠭ ᠰᠤᠷᠭᠠᠭᠤᠯᠢ ᠲᠠᠢ︾ ᠳᠡᠶᠢᠰᠢ ᠯᠠᠪᠳᠠᠭᠤᠨ ᠢᠶᠠᠷ ᠳᠡᠪᠰᠢᠪᠠ᠃ ᠡᠮᠴᠢᠯᠡᠬᠡᠨ ᠤ ᠬᠠᠮᠳᠤ ᠶᠢᠨ ᠴᠤᠭᠴᠠ ᠶᠢ ᠪᠦᠬᠦ ᠳᠠᠯ᠎ᠠ ᠪᠠᠷ ᠳᠡᠯᠬᠡᠷᠡᠬᠦᠯᠤᠨ᠂ ᠬᠤᠰᠢᠭᠤ | ᠠᠷᠠᠤᠨ ᠤᠨ ᠡᠮᠨᠡᠯᠬᠡ ᠶᠢᠨ ᠬᠤᠷᠢᠶ᠎ᠠ ᠬᠤᠶᠠᠳᠤᠭᠠᠷ ᠳᠡᠰ ᠤᠨ ᠬᠦᠬᠡ ᠵᠡᠷᠬᠡ ᠶᠢᠨ ᠡᠮᠨᠡᠯᠬᠡ ᠶᠢᠨ ᠬᠤᠷᠢᠶ᠎ᠠ ᠪᠤᠯᠤᠨ ᠳᠡᠰ ᠳᠡᠪᠰᠢᠵᠤ᠂ ᠱᠠᠩᠬᠠᠢ ᠶᠢᠨ ᠰᠦᠮ᠎ᠠ ᠶᠢᠨ | ᠭᠤᠤᠯᠳᠠᠯᠭᠠᠳᠤ ᠡᠮᠨᠡᠯᠬᠡ ᠶᠢᠨ ᠬᠤᠷᠢᠶ᠎ᠠ ᠪᠠᠶᠢᠭᠤᠯᠤᠭᠳᠠᠵᠤ ᠬᠡᠷᠡᠭᠯᠡᠯᠳᠠ ᠳᠤ ᠤᠷᠤᠨ᠂ ᠡᠮ ᠡᠮᠴᠢᠯᠡᠬᠡᠨ ᠤ ᠳᠤᠰᠬᠠᠢ ᠮᠡᠷᠬᠡᠵᠢᠯ ᠤᠨ ᠴᠢᠳᠠᠪᠤᠷᠢᠳᠠᠨ ᠢ 112 ᠤᠷᠢᠨ | ᠠᠪᠴᠢᠷᠠᠵᠤ᠂ ᠪᠡᠬᠡᠵᠢᠩ᠂ ᠱᠠᠩᠬᠠᠢ ᠵᠡᠷᠬᠡ ᠭᠠᠵᠠᠷ ᠤᠨ ᠳᠤᠰᠬᠠᠢ ᠮᠡᠷᠬᠡᠵᠢᠯᠳᠠᠨ ᠢ 149 ᠬᠦᠮᠤᠨ ᠤᠳᠠᠭ᠎ᠠ ᠤᠶᠠᠨ ᠴᠢᠨᠠᠷᠳᠠᠢ ᠤᠷᠤᠭᠤᠯᠵᠤ ᠠᠪᠴᠢᠷᠠᠨ᠂ ᠡᠮ | ᠡᠮᠴᠢᠯᠡᠭᠡ ᠡᠷᠡᠬᠦᠯ ᠬᠠᠮᠠᠭᠠᠯᠠᠯ ᠤᠨ ᠬᠦᠷᠢᠶᠡᠨ ᠤ ᠠᠩᠬᠠᠳᠠᠭᠴᠢ ᠳ᠋ᠤᠺᠲ᠋ᠤᠷ ᠤᠨ ᠳᠤᠰᠬᠠᠢ ᠮᠡᠷᠬᠡᠵᠢᠯᠳᠠᠨ ᠤ ᠠᠵᠢᠯᠯᠠᠬᠤ ᠦᠷᠳᠡᠭᠡ ᠶᠢ ᠪᠠᠶᠢᠭᠤᠯᠵᠤ᠂ ᠭᠤᠤᠯᠯᠠᠭᠴᠢ | ᠡᠮᠴᠢ ᠶᠢ ᠦᠨᠳᠤᠰᠤᠨ ᠱᠠᠳᠤᠨ ᠳᠤ ᠪᠠᠭᠤᠯᠭᠠᠨ ᠠᠷᠠᠤᠨ ᠤᠯᠠᠨ ᠳᠤ 1.3 ᠲᠦᠮᠡᠨ ᠬᠦᠮᠤᠨ ᠤᠳᠠᠭ᠎ᠠ ᠤᠶᠢᠯᠡᠴᠢᠯᠡᠨ᠂ ᠠᠷᠠᠤᠨ ᠲᠦᠮᠡᠨ ᠬᠡᠷ ᠤᠨ ᠢᠶᠠᠨ ᠳᠡᠷᠬᠡᠳᠠ | ᠡᠪᠡᠤᠨᠴᠢᠨ ᠦᠵᠡᠬᠦᠯᠬᠦ ᠳᠤ ᠨᠠᠩ ᠡᠮᠴᠢᠯᠡᠭᠡ ᠶᠢᠨ ᠪᠠᠳᠤᠯᠠᠭ᠎ᠠ ᠲᠠᠢ ᠪᠤᠯᠪᠠ᠃ ᠬᠤᠳᠠ ᠬᠦᠳᠡᠭᠡ ᠶᠢᠨ ᠨᠠᠰᠤᠵᠢᠯ ᠤᠨ ᠤᠶᠢᠯᠡᠴᠢᠯᠡᠬᠡᠨ ᠤ ᠲᠦᠬᠦᠬᠡᠷᠤᠮᠵᠢ ᠶᠢᠨ | ᠪᠦᠷᠬᠦᠴᠠ ᠶᠢᠨ ᠨᠤᠷᠮ᠎ᠠ 100% ᠳᠤ ᠬᠦᠷᠴᠤ᠂ ᠨᠠᠰᠤᠳᠠᠶᠢᠴᠤᠤᠨ ᠢ ᠳᠤᠰᠠᠯᠠᠬᠤ ᠬᠤᠭᠤᠯᠠᠨ ᠤ ᠤᠶᠢᠯᠡᠴᠢᠯᠡᠭᠡ ᠶᠢᠨ ᠪᠦᠷᠬᠦᠴᠠ ᠳᠠᠰᠤᠷᠠᠯᠳᠠ ᠦᠬᠡᠢ | ᠦᠷᠬᠡᠳᠤᠨ᠂ ᠪᠦᠬᠦ ᠬᠤᠳᠠ ᠶᠢᠨ ᠬᠡᠪᠴᠢᠶᠠᠨ ᠳᠤ ᠮᠠᠯᠵᠢᠬᠤ ᠳᠠᠷᠢᠶᠠᠯᠠᠬᠤ ᠤᠷᠤᠨ ᠤ ᠬᠦᠷᠰᠢ ᠵᠡᠷᠬᠡᠯᠡᠳᠡᠭᠡ ᠬᠠᠷᠢᠯᠴᠠᠨ ᠬᠠᠪᠰᠤᠷᠤᠯᠴᠠᠬᠤ ᠨᠠᠰᠤᠵᠢᠯ ᠤᠨ | ᠤᠶᠢᠯᠡᠴᠢᠯᠡᠬᠡᠨ ᠤ ᠵᠠᠭᠪᠤᠷ ᠢ ᠤᠷᠢᠳᠠᠪᠠᠷ ᠬᠡᠷᠡᠭᠵᠢᠬᠦᠯᠵᠤ᠂ ︽ᠦᠳᠡᠯᠪᠡᠯ ᠠᠰᠠᠷᠠᠮᠵᠢ ᠲᠠᠢ ᠪᠠᠶᠢᠬᠤ︾ ᠶᠢ ᠨᠠᠩ ᠴᠢᠨᠰᠠᠭ᠎ᠠ ᠲᠠᠢ ᠪᠤᠯᠭᠠᠪᠠ᠃ ᠬᠠᠷᠢᠶᠠᠳᠤ ᠤᠷᠤᠨ | ᠳᠤᠳᠤᠷᠠᠬᠢ ︽ᠭᠠᠳᠠᠨᠠᠬᠢ ᠶᠢᠨ ᠮᠠᠰᠢᠨ ᠳᠡᠷᠬᠡᠨ ᠤ ᠡᠵᠡᠯᠡᠬᠦ ᠨᠤᠷᠮ᠎ᠠ ᠦᠨᠳᠤᠷ︾ ᠠᠰᠠᠭᠤᠳᠠᠯ ᠢ ᠪᠦᠳᠤᠮᠵᠢᠳᠠᠢ ᠰᠢᠢᠤᠨᠪᠤᠷᠢᠯᠡᠪᠡ᠃ ᠠᠷᠠᠤᠨ ᠤᠨ | ᠲᠦᠯᠤᠬᠡᠯᠡᠭᠴᠢᠤᠨ ᠤᠨ ᠪᠢᠯᠧᠲ ᠦᠭᠴᠤ ᠳᠤᠭᠳᠠᠭᠠᠭᠰᠡᠨ 10 ᠲᠦᠷᠤᠯ ᠤᠨ ᠠᠷᠠᠤᠨ ᠤᠨ ᠠᠮᠢᠳᠤᠷᠠᠯ ᠤᠨ ᠪᠤᠳᠠᠳᠤ ᠶᠠᠪᠤᠳᠠᠯ ᠢ ᠪᠦᠬᠦᠨ ᠢ ᠪᠡᠶᠡᠯᠡᠬᠦᠯᠵᠤ᠂ ᠬᠠᠷ᠎ᠠ | ᠪᠦᠯᠦᠭᠳᠡᠨ ᠢ ᠦᠬᠡᠶᠢᠰᠬᠡᠨ ᠬᠠᠷᠬᠢᠰ ᠬᠦᠴᠤᠨ ᠢ ᠠᠷᠢᠯᠭᠠᠬᠤ ᠶᠢ ᠪᠠᠶᠢᠩᠭᠤ ᠦᠷᠨᠢᠬᠦᠯᠤᠨ᠂ ᠤᠳᠠᠰᠤ ᠴᠢᠮᠡᠭᠡ ᠰᠦᠯᠵᠢᠶᠡᠨ ᠤ ᠮᠡᠬᠡᠯᠡᠯ ᠤᠨ ᠬᠡᠷᠡᠭ ᠢ ᠠᠳᠠᠯᠢ | ᠬᠤᠭᠤᠴᠠᠭᠠᠨ ᠤ ᠬᠢ ᠠᠴᠠ 30% ᠪᠠᠷ ᠪᠠᠭᠤᠷᠠᠭᠤᠯᠪᠠ᠃ | ︵ᠨᠠᠢᠮᠠ︶ ᠭᠤᠶᠢᠪᠢᠰᠢ ᠦᠬᠡᠢ ᠪᠠᠷ ᠠᠵᠢᠯ ᠤᠨ ᠰᠤᠷᠳᠠᠯ ᠢᠶᠠᠨ ᠬᠤᠪᠢᠷᠠᠭᠤᠯᠤᠨ ᠪᠦᠳᠤᠮᠵᠢ ᠶᠢ ᠳᠡᠬᠡᠭᠰᠢᠯᠡᠬᠦᠯᠵᠤ᠂ ᠳᠤᠰ ᠪᠡᠶ᠎ᠡ ᠶᠢᠨ ᠪᠠᠶᠢᠭᠤᠯᠤᠯᠳᠠ ᠪᠠᠨ | ᠳᠠᠰᠤᠷᠠᠯᠳᠠ ᠦᠬᠡᠢ ᠴᠢᠩᠭᠠᠤᠨᠬᠠᠪᠠ᠃ ᠰᠢ ᠶᠢᠨ ᠫᠢᠩ ᠤᠨ ᠰᠢᠨ᠎ᠠ ᠴᠠᠭ ᠦᠶ᠎ᠡ ᠶᠢᠨ ᠳᠤᠮᠳᠠᠳᠤ ᠤᠯᠤᠰ ᠤᠨ ᠤᠨᠴᠠᠯᠢᠭᠳᠤ ᠨᠠᠶᠢᠬᠡᠮ ᠵᠢᠷᠤᠮ ᠤᠨ ᠦᠵᠡᠯ ᠰᠠᠨᠠᠭᠠᠨ | ᠤ ᠭᠤᠤᠯ ᠰᠡᠳᠤᠪᠳᠤ ᠬᠦᠮᠤᠵᠢᠯ ᠤᠨ ᠪᠦᠳᠤᠮᠵᠢ ᠶᠢ ᠪᠠᠬᠢᠵᠢᠬᠦᠯᠤᠨ᠂ ᠨᠠᠮ ᠤᠨ ᠰᠠᠬᠢᠯᠭ᠎ᠠ ᠪᠠᠳᠤ ᠶᠢᠨ ᠰᠤᠷᠤᠯᠴᠠᠯᠭ᠎ᠠ ᠬᠦᠮᠤᠵᠢᠯ ᠢ ᠬᠦᠨᠵᠡᠬᠡᠢ ᠦᠷᠨᠢᠬᠦᠯᠵᠤ᠂ | ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ᠂ ᠤᠯᠤᠰ ᠲᠦᠷᠤ ᠶᠢᠨ ᠵᠦᠪᠯᠡᠯᠬᠡᠨ ᠪᠠ ᠨᠠᠶᠢᠬᠡᠮ ᠤᠨ ᠡᠯ᠎ᠡ ᠡᠳᠡᠬᠡᠤᠨ ᠤᠨ ᠬᠢᠨᠠᠯᠳᠠ ᠶᠢ ᠤᠬᠠᠮᠰᠠᠷ ᠠᠴᠠ ᠪᠠᠨ | ᠬᠦᠯᠢᠶᠡᠨ᠂ ᠬᠢᠨᠠᠨ ᠪᠤᠳᠤᠯᠳᠠ ᠶᠢᠨ ᠬᠢᠨᠠᠯᠳᠠ ᠶᠢ ᠴᠢᠩᠭᠠᠤᠨᠬᠠᠵᠤ᠂ 201 ᠬᠤᠪᠢ ᠠᠷᠠᠤᠨ ᠤᠨ ᠲᠦᠯᠤᠬᠡᠯᠡᠭᠴᠢᠤᠨ ᠤᠨ ᠰᠠᠨᠠᠭᠤᠯᠭ᠎ᠠ ᠪᠠ ᠤᠯᠤᠰ ᠲᠦᠷᠤ ᠶᠢᠨ | ᠵᠦᠪᠯᠡᠯᠬᠡᠨ ᠤ ᠬᠡᠰᠢᠬᠦᠤᠨ ᠤᠨ ᠳᠤᠷᠠᠳᠤᠯᠭ᠎ᠠ ᠶᠢ ᠬᠠᠤᠯᠢ ᠶᠤᠰᠤᠭᠠᠷ ᠬᠦᠢᠴᠡᠤᠨᠬᠡᠨ᠂ ᠬᠦᠢᠴᠡᠤᠨᠬᠡᠯᠳᠠ ᠶᠢᠨ ᠨᠤᠷᠮ᠎ᠠ 100% ᠳᠤ ᠬᠦᠷᠴᠤ᠂ ᠠᠷᠠᠤᠨ ᠤᠨ | ᠲᠦᠯᠤᠬᠡᠯᠡᠭᠴᠢᠤᠨ ᠤᠨ ᠶᠡᠭᠡ ᠬᠤᠷᠠᠯ᠂ ᠤᠯᠤᠰ ᠲᠦᠷᠤ ᠶᠢᠨ ᠵᠦᠪᠯᠡᠯᠬᠡᠨ ᠲᠠᠢ ᠬᠠᠮᠵᠢᠯᠴᠠᠨ 25 ᠤᠳᠠᠭ᠎ᠠ ᠪᠠᠶᠢᠴᠠᠭᠠᠯᠳᠠ ᠰᠤᠳᠤᠯᠤᠯᠳᠠ ᠬᠢᠨ᠂ ᠵᠠᠰᠠᠭ ᠤᠨ | ᠤᠷᠳᠤᠨ ᠤ ᠠᠵᠢᠯ ᠢ 28 ᠤᠳᠠᠭ᠎ᠠ ᠳᠤᠰᠬᠠᠢ ᠮᠡᠳᠡᠬᠦᠯᠪᠡ᠃ ᠲᠦᠪ ᠤᠨ ᠨᠠᠢᠮᠠᠨ ᠳᠤᠭᠳᠠᠭᠠᠯ ᠢ ᠴᠢᠩᠭ᠎ᠠ ᠬᠡᠷᠡᠭᠵᠢᠬᠦᠯᠵᠤ᠂ ᠦᠨᠳᠤᠰᠤᠨ ᠱᠠᠳᠤᠨ ᠤ ᠳᠠᠷᠤᠭᠠᠰᠤ | ᠶᠢ ᠬᠦᠩᠬᠡᠷᠡᠬᠦᠯᠬᠦ ᠶᠢ ᠦᠷᠬᠦᠯᠵᠢᠯᠡᠨ ᠠᠬᠢᠭᠤᠯᠤᠨ᠂ ᠨᠠᠮ ᠵᠠᠰᠠᠭ ᠤᠨ ᠰᠢᠰᠲ᠋ᠧᠮ ᠤᠨ ᠬᠤᠷᠠᠯ ᠪᠠ ᠪᠢᠴᠢᠭ ᠮᠠᠲ᠋ᠧᠷᠢᠶᠡᠯ ᠢ ᠳᠤᠰᠪᠤᠷᠢ 5.4%᠂ 21.5% | ᠪᠠᠷ ᠪᠠᠭᠠᠰᠬᠠᠵᠤ᠂ ︽ᠲᠦᠷᠪᠡᠨ ᠨᠠᠵᠠᠭᠠᠢ ᠰᠤᠷᠳᠠᠯ︾ ᠢ ᠴᠦᠬᠦᠷᠠᠰᠢ ᠦᠬᠡᠢ ᠵᠠᠯᠠᠷᠠᠭᠤᠯᠵᠤ ᠵᠠᠰᠠᠨ᠂ ᠠᠷᠠᠤᠨ ᠤᠯᠠᠨ ᠤ ᠳᠡᠷᠬᠡᠳᠡᠬᠢ ᠲᠦᠪ ᠪᠤᠰᠤ ᠰᠤᠷᠳᠠᠯ ᠪᠠ | ᠢᠯᠵᠡᠷᠡᠯ ᠤᠨ ᠠᠰᠠᠭᠤᠳᠠᠯ ᠢ ᠲᠦᠪᠯᠡᠷᠡᠩᠬᠦᠢ ᠴᠡᠭᠴᠡᠯᠡᠬᠦ ᠠᠵᠢᠯ ᠢ ᠪᠠᠳᠤᠳᠠᠢ ᠦᠷᠨᠢᠬᠦᠯᠪᠠ᠃ ᠬᠠᠤᠯᠢ ᠶᠤᠰᠤᠭᠠᠷ ᠵᠠᠰᠠᠭ ᠶᠠᠪᠤᠭᠤᠯᠬᠤ ᠶᠢ ᠪᠠᠷᠢᠮᠳᠠᠯᠠᠨ᠂ ᠬᠡᠷᠡᠭ | ᠵᠦᠪᠯᠡᠬᠦ ᠰᠢᠢᠤᠨᠪᠤᠷᠢ ᠪᠤᠳᠤᠯᠭ᠎ᠠ ᠳᠤᠭᠳᠠᠭᠠᠬᠤ ᠶᠠᠪᠤᠴᠠ ᠶᠢ ᠲᠦᠷᠢᠮᠵᠢᠬᠦᠯᠵᠤ᠂ ︽ᠭᠤᠷᠪᠠᠨ ᠴᠢᠬᠤᠯᠠ ᠨᠢᠬᠡ ᠶᠡᠭᠡ︾ ᠶᠢᠨ ᠮᠡᠳᠡᠬᠦᠯᠤᠯᠳᠠ ᠪᠠ ᠵᠠᠰᠠᠭ ᠤᠨ | ᠶᠠᠪᠤᠳᠠᠯ ᠢ ᠢᠯᠡᠰᠢᠬᠦᠯᠬᠦ ᠲᠦᠷᠢᠮ ᠢ ᠴᠢᠩᠭ᠎ᠠ ᠬᠡᠷᠡᠭᠵᠢᠬᠦᠯᠤᠨ᠂ ᠵᠠᠰᠠᠭ ᠤᠨ ᠤᠷᠳᠤᠨ ᠤ ᠰᠢᠢᠤᠨᠪᠤᠷᠢ ᠪᠤᠳᠤᠯᠭ᠎ᠠ ᠶᠢ ᠨᠠᠩ ᠰᠢᠨᠵᠢᠯᠡᠬᠦ ᠤᠬᠠᠭᠠᠨᠴᠢ᠂ ᠠᠷᠠᠤᠨᠴᠢᠯᠡᠯ | ᠲᠠᠢ᠂ ᠲᠦᠷᠢᠮᠵᠢᠬᠦᠨ ᠪᠤᠯᠭᠠᠪᠠ᠃ | ᠡᠭᠦᠨ ᠠᠴᠠ ᠭᠠᠳᠠᠨ᠎ᠠ᠂ ᠣᠯᠣᠰ ᠤᠨ ᠪᠠᠳᠣᠯᠠᠨ ᠬᠠᠮᠠᠭᠠᠯᠠᠯᠳᠠ ᠶᠢᠨ ᠲᠠᠶᠢᠴᠢᠯᠠᠯᠳᠠ᠂ ᠴᠡᠷᠢᠭ ᠠᠴᠠ ᠬᠠᠯᠠᠭᠳᠠᠭᠰᠠᠳ᠂ ᠢᠳᠡᠭᠡᠨ ᠡᠮ ᠤᠨ ᠵᠣᠶᠢᠯᠠᠰ ᠤᠨ | ᠠᠮᠣᠷ ᠲᠦᠪᠰᠢᠨ᠂ ᠲᠤᠭ᠎ᠠ ᠪᠦᠷᠢᠳᠬᠡᠯ ᠲᠠᠩᠰᠠ ᠡᠪᠬᠡᠮᠡᠯ᠂ ᠴᠠᠭ ᠠᠭᠤᠷ ᠭᠠᠮᠰᠢᠭ ᠢ ᠪᠠᠭᠠᠰᠬᠠᠬᠤ᠂ ᠠᠵᠢᠯᠴᠢᠨ ᠤ ᠡᠪᠯᠡᠯ ᠵᠠᠯᠠᠭᠤᠴᠣᠳ ᠤᠨ ᠡᠪᠯᠡᠯ | ᠡᠮᠡᠭᠳᠠᠶᠢᠴᠣᠳ ᠤᠨ ᠬᠤᠯᠪᠣᠭ᠎ᠠ᠂ ᠦᠨᠳᠦᠰᠦᠳᠡᠨ ᠱᠠᠰᠢᠨ ᠰᠣᠷᠳᠠᠬᠤᠨ ᠵᠡᠷᠭᠡ ᠡᠯ᠎ᠡ ᠲᠦᠷᠦᠯ ᠤᠨ ᠠᠵᠢᠯ ᠴᠦᠮ ᠰᠢᠨ᠎ᠡ ᠠᠬᠢᠴᠠ ᠲᠠᠢ ᠪᠣᠯᠪᠠ᠃ | ᠡᠳᠡᠬᠡᠷ ᠠᠮᠵᠢᠯᠳᠠ ᠪᠦᠳᠤᠮᠵᠢ ᠪᠤᠯ ᠰᠢ ᠶᠢᠨ ᠫᠢᠩ ᠨᠦᠬᠦᠷ ᠢᠶᠠᠷ ᠲᠦᠪᠯᠡᠬᠦᠯᠦᠭᠰᠡᠨ ᠨᠠᠮ ᠤᠨ ᠲᠦᠪ ᠬᠤᠷᠢᠶ᠎ᠠ ᠶᠢᠨ ᠬᠦᠴᠤᠳᠤ ᠤᠳᠤᠷᠢᠳᠤᠯᠭ᠎ᠠ ᠶᠢᠨ ᠦᠷ᠎ᠠ | ᠳ᠋ᠦᠩ ᠮᠦᠨ᠂ ᠳᠡᠬᠡᠳᠤ ᠱᠠᠳᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠬᠠᠶᠢᠷ᠎ᠠ ᠬᠠᠯᠠᠮᠵᠢᠯᠠᠯ ᠪᠠ ᠨᠠᠷᠢᠯᠢᠭ ᠵᠢᠯᠤᠭᠤᠳᠤᠯᠭ᠎ᠠ ᠶᠢᠨ ᠦᠷ᠎ᠠ ᠳ᠋ᠦᠩ ᠮᠦᠨ᠂ | ᠪᠦᠬᠦ ᠬᠤᠰᠢᠭᠤᠨ ᠤ ᠠᠷᠠᠤᠨ ᠲᠦᠮᠡᠨ ᠬᠤᠰᠢᠭᠤ ᠨᠠᠮ ᠤᠨ ᠬᠤᠷᠢᠶᠠᠨ ᠤ ᠳᠠᠭᠠᠭᠤᠯᠭ᠎ᠠ ᠳᠤᠤᠷ᠎ᠠ ᠰᠡᠤᠨᠬᠢᠯ ᠨᠢᠬᠡᠳᠤᠨ ᠬᠦᠴᠤ ᠪᠠᠨ ᠬᠠᠮᠳᠤᠤᠨᠬᠠᠵᠤ ᠡᠷᠡᠯᠬᠡᠭᠯᠡᠨ | ᠤᠷᠤᠭᠰᠢᠯᠠᠭᠰᠡᠨ ᠤ ᠦᠷ᠎ᠠ ᠳ᠋ᠦᠩ ᠮᠦᠨ᠂ ᠬᠤᠰᠢᠭᠤ ᠠᠷᠠᠤᠨ ᠤᠨ ᠲᠦᠯᠤᠬᠡᠯᠡᠭᠴᠢᠤᠨ ᠤᠨ ᠶᠡᠭᠡ ᠬᠤᠷᠠᠯ᠂ ᠤᠯᠤᠰ ᠲᠦᠷᠤ ᠶᠢᠨ ᠵᠦᠪᠯᠡᠯᠬᠡᠨ ᠪᠠ ᠨᠠᠶᠢᠬᠡᠮ ᠤᠨ | ᠡᠯ᠎ᠡ ᠡᠳᠡᠬᠡᠤᠨ ᠤᠨ ᠪᠦᠳᠤᠮᠵᠢᠳᠠᠢ ᠬᠢᠨᠠᠯᠳᠠ᠂ ᠬᠦᠴᠤᠳᠠᠢ ᠳᠡᠮᠵᠢᠯᠬᠡ ᠶᠢᠨ ᠦᠷ᠎ᠠ ᠳ᠋ᠦᠩ ᠮᠦᠨ᠂ ᠠᠳᠡ ᠪᠢ ᠬᠤᠰᠢᠭᠤ ᠠᠷᠠᠳ ᠤᠨ ᠵᠠᠰᠠᠭ ᠤᠨ ᠣᠷᠳᠣᠨ ᠢ | ᠲᠦᠯᠦᠭᠡᠯᠡᠨ᠂ ᠪᠦᠬᠦ ᠬᠤᠰᠢᠭᠤᠨ ᠤ ᠣᠳᠤᠭ ᠤᠨ ᠡᠮᠦᠨᠡᠳᠦ ᠬᠤᠰᠢᠭᠤᠨ ᠤ ᠦᠭᠡᠷᠡᠴᠢᠯᠡᠯᠳᠡ ᠬᠦᠭᠵᠢᠯᠳᠡ ᠶᠢ ᠠᠩᠬᠠᠷᠣᠨ ᠬᠠᠯᠠᠮᠵᠢᠯᠠᠭᠰᠠᠭᠠᠷ ᠢᠷᠡᠭᠰᠡᠨ ᠪᠦᠬᠦ | ᠬᠤᠰᠢᠭᠤᠨ ᠤ ᠠᠷᠠᠤᠨ ᠲᠦᠮᠡᠨ ᠪᠠ ᠨᠡᠶᠢᠭᠡᠮ ᠤᠨ ᠡᠯ᠎ᠡ ᠡᠳᠡᠭᠡᠳ ᠤᠨ ᠬᠢᠨ ᠳᠤ ᠴᠢᠩ ᠰᠡᠳᠬᠢᠯ ᠤᠨ ᠲᠠᠯᠠᠷᠬᠠᠯ ᠪᠣᠯᠣᠨ ᠡᠷᠬᠢᠮ ᠲᠡᠭᠡᠳᠦ ᠬᠦᠨᠳᠦᠳᠬᠡᠯ ᠢᠶᠠᠨ | ᠲᠡᠪᠰᠢᠭᠦᠯᠵᠣ ᠪᠠᠶᠢᠨ᠎ᠠ︕ | ᠲᠦᠯᠤᠬᠡᠯᠡᠭᠴᠢᠤᠨ ᠡ᠂ ᠠᠮᠵᠢᠯᠳᠠ ᠪᠠᠨ ᠨᠤᠳᠠᠯᠠᠭᠤᠰᠢᠳᠠᠢ ᠪᠤᠯᠪᠠᠴᠤ ᠠᠰᠠᠭᠤᠳᠠᠯ ᠳᠤ ᠨᠠᠩ ᠵᠦᠪ ᠢᠶᠠᠷ ᠬᠠᠨᠳᠤᠬᠤ ᠴᠢᠬᠤᠯᠠᠳᠠᠢ᠃ 2024 ᠤᠨ ᠠᠴᠠ | ᠨᠠᠭᠠᠰᠢ᠂ ᠵᠠᠬ᠎ᠠ ᠳᠡᠯᠬᠡᠬᠦᠷ ᠤᠨ ᠪᠦᠳᠤᠮᠵᠢᠳᠠᠢ ᠬᠡᠷᠡᠭᠴᠡᠭᠡ ᠬᠦᠢᠴᠡᠤᠨ ᠪᠤᠰᠤ᠂ ᠨᠠᠶᠢᠬᠡᠮ ᠤᠨ ᠵᠢᠱᠢᠯᠳᠠ ᠪᠠᠭᠤᠷᠠᠢ ᠵᠡᠷᠬᠡ ᠨᠦᠯᠤᠬᠡ ᠠᠴᠠ ᠪᠤᠯᠵᠤ᠂ ᠪᠦᠬᠦ | ᠬᠤᠰᠢᠭᠤᠨ ᠤ ᠭᠤᠤᠯ ᠠᠵᠤ ᠤᠶᠢᠯᠡᠤᠨᠪᠤᠷᠢ ᠶᠢᠨ ᠤᠶᠢᠯᠡᠤᠨᠬᠦᠨ᠂ ᠮᠠᠯ ᠳᠠᠷᠢᠶᠠᠯᠠᠩ ᠤᠨ ᠪᠦᠳᠤᠬᠡᠭᠳᠡᠬᠦᠨ ᠤ ᠦᠨ᠎ᠠ ᠬᠠᠩᠰᠢ ᠳᠤᠤᠷ᠎ᠠ᠂ ᠠᠵᠤ ᠠᠬᠤᠢ ᠦᠨᠳᠤᠷ | ᠵᠤᠭᠰᠤᠴᠠ ᠠᠴᠠ ᠡᠬᠢᠯᠡᠵᠤ ᠰᠡᠬᠦᠯᠡᠷ ᠨᠢ ᠳᠠᠷᠤᠯᠳᠠ ᠳᠤ ᠤᠴᠠᠷᠠᠭᠠᠤᠨ ᠪᠦᠬᠦ ᠬᠤᠰᠢᠭᠤᠨ ᠤ ᠳᠤᠭᠳᠠᠭᠤᠨ ᠢᠶᠠᠷ ᠠᠬᠢᠭᠤᠯᠵᠤ ᠶᠠᠰᠤ ᠴᠢᠨᠠᠷ ᠢ ᠳᠡᠬᠡᠭᠰᠢᠯᠡᠬᠦᠯᠬᠦ | ᠰᠠᠭᠤᠷᠢ ᠬᠠᠷᠠᠬᠠᠨ ᠪᠠᠳᠤ ᠪᠠᠬᠢ ᠪᠤᠰᠤ᠂ ᠬᠡᠰᠡᠭ ᠠᠵᠤ ᠤᠶᠢᠯᠡᠤᠨᠪᠤᠷᠢ ᠶᠢᠨ ᠠᠵᠤ ᠠᠬᠤᠶᠢᠯᠠᠯ ᠵᠠᠬ᠎ᠠ ᠳᠡᠯᠬᠡᠬᠦᠷ ᠤᠨ ᠨᠦᠯᠤᠬᠡᠯᠡᠯ ᠠᠴᠠ ᠪᠤᠯᠵᠤ ᠬᠡᠪ ᠢᠶᠠᠷ | ᠠᠵᠢᠯᠯᠠᠵᠤ ᠤᠶᠢᠯᠡᠤᠨᠪᠤᠷᠢᠯᠡᠵᠤ ᠳᠠᠶᠢᠯᠬᠦ ᠦᠬᠡᠢ︔ ᠠᠮᠢ ᠠᠬᠤᠢ ᠤᠷᠴᠢᠨ ᠳᠤᠭᠤᠷᠢᠨ ᠮᠦᠨ ᠯᠠ ᠬᠡᠪᠡᠷᠡᠭ᠂ ᠬᠦᠭᠵᠢᠬᠦᠯᠤᠯᠳᠠ ᠬᠠᠮᠠᠭᠠᠯᠠᠯᠳᠠ ᠳᠤ ᠮᠦᠨ ᠴᠤ | ᠵᠤᠬᠢᠴᠠᠩᠭᠤᠢ ᠪᠤᠰᠤ ᠡᠯᠧᠮᠧᠨ᠋ᠲ ᠤᠷᠤᠰᠢᠵᠤ ᠪᠤᠢ᠃ ᠡᠬᠦᠨ ᠤ ᠬᠠᠮᠳᠤ᠂ ᠮᠠᠨ ᠤ ᠠᠵᠢᠯ ᠤᠨ ᠳᠤᠮᠳᠠ ᠴᠦᠬᠡᠨ ᠪᠤᠰᠤ ᠵᠦᠷᠢᠶ᠎ᠡ ᠪᠠ ᠬᠦᠷᠤᠯᠴᠠᠬᠦ ᠦᠬᠡᠢ ᠳᠠᠯ᠎ᠠ | ᠤᠷᠤᠰᠢᠵᠤ ᠪᠠᠶᠢᠬᠤ ᠶᠢ ᠰᠡᠷᠬᠡᠭ ᠢᠶᠠᠷ ᠳᠠᠨᠢᠬᠤ ᠬᠡᠷᠡᠭᠳᠠᠢ᠂ ᠭᠤᠤᠯᠳᠠᠭᠤ᠄ ᠬᠤᠪᠢᠰᠬᠠᠯᠳᠤ ᠰᠤᠶᠤᠯ᠂ ᠠᠯᠳᠠᠷᠰᠢᠯ ᠠᠵᠤ ᠠᠬᠤᠢ ᠪᠠ ᠪᠤᠬᠢᠷᠳᠤᠯ ᠦᠬᠡᠢ ᠠᠮᠢ ᠠᠬᠤᠢ | ᠶᠢᠨ ᠦᠷᠳᠡᠭ ᠢ ᠬᠦᠢᠴᠡᠤᠨ ᠪᠠᠳᠠᠷᠠᠭᠤᠯᠵᠤ ᠴᠢᠳᠠᠭ᠎ᠠ ᠦᠬᠡᠢ︔ ᠠᠷᠠᠤᠨ ᠤᠨ ᠠᠮᠢᠳᠤᠷᠠᠯ ᠤᠨ ᠤᠶᠢᠯᠡᠰ ᠤᠨ ᠬᠦᠭᠵᠢᠯᠳᠠ ᠪᠠ ᠠᠷᠠᠤᠨ ᠤᠯᠠᠨ ᠤ ᠬᠦᠰᠡᠯ | ᠡᠷᠡᠮᠡᠯᠵᠡᠯ ᠮᠦᠨ ᠯᠠ ᠵᠦᠷᠢᠶ᠎ᠡ ᠲᠠᠢ᠂ ᠴᠢᠨᠠᠷᠯᠢᠭ ᠰᠤᠷᠭᠠᠨ ᠬᠦᠮᠤᠵᠢᠯ᠂ ᠡᠮ ᠡᠮᠴᠢᠯᠡᠭᠡ᠂ ᠰᠤᠶᠤᠯ ᠵᠡᠷᠬᠡ ᠨᠠᠶᠢᠳᠠ ᠶᠢᠨ ᠤᠶᠢᠯᠡᠴᠢᠯᠡᠭᠡ ᠪᠠᠰᠠ ᠳᠤᠳᠠᠭᠤᠳᠠᠯ ᠲᠠᠢ︔ | ᠠᠶᠤᠯᠬᠦᠢ ᠤᠶᠢᠯᠡᠤᠨᠪᠤᠷᠢᠯᠡᠯ᠂ ᠳᠡᠤᠬᠡ ᠶᠢᠨ ᠳᠤᠷᠠᠰᠬᠠᠯᠳᠤ ᠵᠤᠶᠢᠯᠡᠰ ᠤᠨ ᠬᠠᠮᠠᠭᠠᠯᠠᠯᠳᠠ ᠵᠡᠷᠬᠡ ᠬᠦᠷᠢᠶ᠎ᠡ ᠴᠠᠷᠠᠭᠠᠨ ᠳᠤ ᠲᠦᠭᠰᠢᠬᠦᠷᠢ ᠪᠠᠰᠠ ᠯᠠ ᠤᠷᠤᠰᠢᠵᠤ᠂ | ᠮᠠᠯᠴᠢᠨ ᠳᠠᠷᠢᠶᠠᠴᠢᠨ ᠤ ᠵᠢᠬᠡᠯᠡᠯᠬᠡ ᠮᠦᠨ ᠪᠠᠭ᠎ᠠ ᠪᠤᠰᠤ︔ ᠤᠨᠴᠠ ᠵᠠᠷᠢᠮ ᠺᠠᠳ᠋ᠷ ᠤᠨ ᠠᠵᠢᠯ ᠤᠨ ᠰᠤᠷᠳᠠᠯ᠂ ᠴᠢᠳᠠᠪᠤᠷᠢ ᠶᠢᠨ ᠬᠡᠪ ᠪᠤᠯᠪᠠᠰᠤᠷᠠᠯ ᠤᠳᠤᠬᠢᠴᠢᠯᠠᠯᠳᠠ | ᠶᠢᠨ ᠪᠠᠶᠢᠭᠤᠯᠤᠯᠳᠠ ᠶᠢᠨ ᠱᠠᠭᠠᠷᠳᠠᠯᠭ᠎ᠠ ᠶᠢ ᠳᠠᠭᠠᠵᠤ ᠳᠠᠶᠢᠯᠬᠦ ᠦᠬᠡᠢ ᠪᠤᠢ᠃ ᠡᠳᠡᠬᠡᠷ ᠠᠰᠠᠭᠤᠳᠠᠯ ᠬᠦᠴᠢᠷᠳᠠᠯ ᠳᠤ ᠴᠢᠭᠯᠡᠬᠦᠯᠤᠨ᠂ ᠪᠢᠳᠠ ᠡᠷᠡᠰ ᠰᠢᠭᠤᠷᠬᠠᠢ | ᠤᠪᠤᠷ ᠢᠶᠠᠷ ᠪᠦᠳᠤᠮᠵᠢᠳᠠᠢ ᠬᠦᠴᠤᠳᠠᠢ ᠠᠷᠭ᠎ᠠ ᠠᠪᠴᠠᠯ ᠠᠪᠴᠤ᠂ ᠲᠦᠷᠤᠯ ᠲᠦᠷᠤᠯ ᠢᠶᠠᠷ ᠰᠢᠢᠤᠨᠪᠤᠷᠢᠯᠡᠨ᠂ ᠪᠦᠬᠦ ᠬᠤᠰᠢᠭᠤᠨ ᠤ ᠠᠷᠠᠤᠨ ᠤᠯᠠᠨ ᠤ ᠬᠦᠰᠡᠯ | ᠡᠷᠡᠮᠡᠯᠵᠡᠯ ᠢ ᠬᠦᠰᠡᠷᠳᠡᠬᠦᠯᠬᠦ ᠦᠬᠡᠢ︕ | ᠬᠤᠶᠠᠷ᠂ 2025 ᠤᠨ ᠤ ᠠᠵᠢᠯ ᠤᠨ ᠳᠤᠬᠢᠷᠠᠭᠤᠯᠭ᠎ᠠ | ᠲᠦᠯᠤᠬᠡᠯᠡᠭᠴᠢᠤᠨ ᠡ᠂ 2025 ᠤᠨ ᠪᠤᠯ ︽ᠠᠷᠪᠠᠨ ᠲᠦᠷᠪᠡᠳᠤᠬᠡᠷ ᠳᠠᠪᠤᠨ ᠵᠢᠯ︾ ᠤᠨ ᠲᠦᠯᠤᠪᠵᠢᠬᠦᠯᠬᠡ ᠶᠢᠨ ᠰᠢᠪᠳᠤᠯᠤᠯᠳᠠ ᠶᠢᠨ ᠵᠢᠯ᠂ ︽ᠠᠷᠪᠠᠨ | ᠳᠠᠪᠤᠳᠤᠭᠠᠷ ᠳᠠᠪᠤᠨ ᠵᠢᠯ︾ ᠤᠨ ᠲᠦᠯᠤᠪᠵᠢᠬᠦᠯᠬᠡ ᠶᠢᠨ ᠰᠦᠪᠡᠭᠴᠢᠯᠡᠯᠳᠠ ᠪᠠᠶᠢᠷᠢᠯᠠᠭᠤᠯᠤᠯᠳᠠ ᠶᠢᠨ ᠵᠢᠯ᠂ ᠮᠦᠨᠴᠤ ᠤᠳᠤᠭ ᠤᠨ ᠡᠮᠤᠨᠡᠳᠤ ᠬᠤᠰᠢᠭᠤᠨ ᠤ | ︽ᠲᠦᠷᠪᠡᠨ ᠤᠷᠤᠨ ᠤ ᠪᠠᠶᠢᠭᠤᠯᠤᠯᠳᠠ︾ ᠶᠢᠨ ᠳᠡᠰ ᠳᠡᠪᠰᠢᠯᠳᠠ ᠶᠢᠨ ᠵᠢᠯ ᠪᠤᠯᠤᠨ᠎ᠠ᠂ ᠦᠨᠤ ᠵᠢᠯ ᠤᠨ ᠵᠠᠰᠠᠭ ᠤᠨ ᠤᠷᠳᠤᠨ ᠤ ᠠᠵᠢᠯ ᠤᠨ ᠶᠡᠷᠤᠩᠬᠡᠢ ᠰᠡᠤᠨᠬᠢᠮᠵᠢ | ᠪᠤᠯ᠄ ᠰᠢ ᠶᠢᠨ ᠫᠢᠩ ᠤᠨ ᠰᠢᠨ᠎ᠠ ᠴᠠᠭ ᠦᠶ᠎ᠡ ᠶᠢᠨ ᠳᠤᠮᠳᠠᠳᠤ ᠤᠯᠤᠰ ᠤᠨ ᠤᠨᠴᠠᠯᠢᠭᠳᠤ ᠨᠠᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠨ᠂ | ᠨᠠᠮ ᠤᠨ ᠬᠤᠷᠢᠳᠤᠭᠠᠷ ᠶᠡᠭᠡ ᠬᠤᠷᠠᠯ ᠪᠠ ᠬᠤᠷᠢᠳᠤᠭᠠᠷ ᠬᠤᠭᠤᠴᠠᠭᠠᠨ ᠤ ᠬᠤᠶᠠᠳᠤᠭᠠᠷ ᠪᠦᠬᠦᠳᠠ ᠬᠤᠷᠠᠯ᠂ ᠭᠤᠷᠪᠠᠳᠤᠭᠠᠷ ᠪᠦᠬᠦᠳᠠ ᠬᠤᠷᠠᠯ ᠤᠨ ᠵᠤᠷᠢᠭ ᠰᠠᠨᠠᠭ᠎ᠠ | ᠶᠢ ᠪᠦᠬᠦ ᠳᠠᠯ᠎ᠠ ᠪᠠᠷ ᠳᠤᠤᠱᠯᠠᠭᠤᠯᠵᠤ᠂ ᠶᠡᠷᠤᠩᠬᠡᠢ ᠱᠦᠵᠢ ᠰᠢ ᠶᠢᠨ ᠫᠢᠩ ᠤᠨ ᠦᠪᠤᠷ ᠮᠤᠩᠭᠤᠯ ᠳᠤ ᠦᠭᠬᠦᠭᠰᠡᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ | ᠬᠦᠨᠵᠡᠬᠡᠢ ᠳᠤᠤᠱᠯᠠᠭᠤᠯᠤᠨ᠂ ᠲᠦᠪ᠂ ᠦᠪᠡᠷᠳᠡᠬᠡᠨ ᠵᠠᠰᠠᠬᠤ ᠤᠷᠤᠨ᠂ ᠬᠤᠳᠠ ᠪᠠ ᠪᠦᠬᠦ ᠬᠤᠰᠢᠭᠤᠨ ᠤ ᠠᠵᠤ ᠠᠬᠤᠢ ᠶᠢᠨ ᠠᠵᠢᠯ ᠤᠨ ᠬᠤᠷᠠᠯ ᠤᠨ | ᠪᠠᠶᠢᠷᠢᠯᠠᠭᠤᠯᠤᠯᠳᠠ ᠶᠤᠰᠤᠭᠠᠷ ᠳᠤᠭᠳᠠᠭᠤᠨ ᠤ ᠳᠤᠮᠳᠠ ᠠᠬᠢᠭᠤᠯᠵᠤ ᠰᠢᠨ᠎ᠠ ᠶᠢ ᠡᠬᠦᠳᠤᠨ ᠠᠵᠢᠯᠯᠠᠬᠤ ᠶᠢ ᠳᠡᠷᠢᠬᠦᠨ ᠳᠤ ᠳᠠᠯᠪᠢᠬᠤ ᠶᠢ ᠪᠠᠷᠢᠮᠳᠠᠯᠠᠨ᠂ ᠬᠦᠭᠵᠢᠯᠳᠠ | ᠪᠠ ᠠᠮᠤᠷ ᠲᠦᠪᠰᠢᠨ ᠢ ᠨᠠᠩ ᠰᠠᠶᠢᠨ ᠨᠢᠬᠡᠳᠤᠯᠳᠠᠢ ᠲᠦᠯᠤᠪᠵᠢᠬᠦᠯᠵᠤ᠂ ᠳᠤᠮᠳᠠᠳᠤ ᠶᠢᠨ ᠦᠨᠳᠤᠰᠤᠳᠠᠨ ᠤ ᠬᠠᠮᠳᠤ ᠶᠢᠨ ᠴᠤᠭᠴᠠ ᠶᠢᠨ ᠤᠬᠠᠮᠰᠠᠷ ᠤᠨ ᠪᠠᠬᠢᠵᠢᠯ | ᠢᠶᠠᠷ ᠭᠤᠤᠯ ᠱᠤᠭᠤᠮ ᠪᠤᠯᠭᠠᠨ᠂ ᠦᠬᠡᠷᠡᠴᠢᠯᠡᠯᠳᠠ ᠶᠢ ᠤᠯᠠᠮ ᠨᠢᠬᠡ ᠠᠯᠬᠤᠮ ᠪᠦᠬᠦ ᠳᠠᠯ᠎ᠠ ᠪᠠᠷ ᠬᠦᠨᠵᠡᠬᠡᠶᠢᠷᠡᠬᠦᠯᠬᠦ ᠪᠠᠷ ᠬᠦᠳᠡᠯᠬᠡᠭᠴᠢ ᠬᠦᠴᠤᠨ ᠪᠤᠯᠭᠠᠵᠤ᠂ | ︽ᠲᠦᠷᠪᠡᠨ ᠤᠷᠤᠨ︾ ᠤ ᠪᠠᠶᠢᠭᠤᠯᠤᠯᠳᠠ ᠶᠢᠨ ᠳᠡᠰ ᠳᠡᠪᠰᠢᠯᠳᠠ ᠪᠠᠷ ᠭᠠᠷᠳᠠᠴᠠ ᠪᠤᠯᠭᠠᠨ᠂ ᠬᠤᠶᠠᠷ ᠶᠡᠭᠡ ᠶᠠᠪᠤᠳᠠᠯ ᠢ ᠪᠦᠬᠦ ᠬᠦᠴᠤᠨ ᠢᠶᠠᠷ ᠰᠠᠶᠢᠳᠤᠷ | ᠪᠡᠶᠡᠯᠡᠬᠦᠯᠵᠤ᠂ ︽ᠵᠢᠷᠭᠤᠭᠠᠨ ᠢᠨᠵᠧᠨᠧᠷᠢᠩ︾ ᠢ ᠦᠷᠬᠦᠯᠵᠢᠯᠡᠨ ᠬᠡᠷᠡᠭᠵᠢᠬᠦᠯᠤᠨ᠂ ︽ᠵᠢᠷᠭᠤᠭᠠᠨ ᠠᠵᠢᠯᠯᠠᠭ᠎ᠠ︾ ᠶᠢ ᠪᠠᠳᠤᠳᠠᠢ ᠦᠷᠨᠢᠬᠦᠯᠵᠤ᠂ ᠬᠤᠳᠠ ᠶᠢᠨ | ︽ᠭᠤᠷᠪᠠᠨ ᠲᠦᠷᠪᠡ︾ ᠠᠵᠢᠯ ᠤᠨ ᠡᠬᠦᠷᠬᠡ ᠶᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠤᠨ᠂ ᠳᠤᠮᠳᠠᠳᠤ ᠤᠯᠤᠰ ᠤᠨ ᠮᠠᠶ᠋ᠢᠭ ᠤᠨ ᠤᠳᠤᠬᠢᠴᠢᠯᠠᠯᠳᠠ ᠶᠢᠨ | ᠭᠠᠷᠮᠠᠭᠠᠶᠢᠯᠠᠨ ᠳᠠᠪᠰᠢᠬᠤ ᠤᠳᠤᠭ ᠤᠨ ᠡᠮᠤᠨᠡᠳᠤ ᠬᠤᠰᠢᠭᠤᠨ ᠤ ᠵᠢᠪᠬᠤᠯᠠᠩᠳᠤ ᠬᠠᠭᠤᠳᠠᠰᠤ ᠶᠢ ᠴᠢᠷᠮᠠᠶᠢᠨ ᠪᠢᠴᠢᠭᠯᠡᠨ᠎ᠡ᠃ | ᠬᠤᠰᠢᠭᠤ ᠨᠠᠮ ᠤᠨ ᠬᠤᠷᠢᠶᠠᠨ ᠤ ᠠᠷᠪᠠᠳᠤᠭᠠᠷ ᠬᠤᠭᠤᠴᠠᠭᠠᠨ ᠤ ᠠᠷᠪᠠᠨ ᠨᠠᠢᠮᠠᠳᠤᠭᠠᠷ ᠤᠳᠠᠭᠠᠨ ᠤ ᠪᠦᠬᠦᠳᠠ ᠬᠤᠷᠠᠯ ᠵᠢᠴᠢ ᠪᠦᠬᠦ ᠬᠤᠰᠢᠭᠤᠨ ᠤ ᠠᠵᠤ | ᠠᠬᠤᠢ ᠶᠢᠨ ᠠᠵᠢᠯ ᠤᠨ ᠬᠤᠷᠠᠯ ᠤᠨ ᠪᠠᠶᠢᠷᠢᠯᠠᠭᠤᠯᠤᠯᠳᠠ ᠶᠤᠰᠤᠭᠠᠷ ᠠᠵᠤ ᠠᠬᠤᠢ ᠨᠠᠶᠢᠬᠡᠮ ᠤᠨ ᠬᠦᠭᠵᠢᠯᠳᠠ ᠶᠢᠨ ᠭᠤᠤᠯ ᠵᠢᠱᠢᠭᠰᠡᠨ ᠬᠠᠷᠠᠯᠳᠠ ᠪᠤᠯ᠄ ᠭᠠᠵᠠᠷ | ᠤᠷᠤᠨ ᠤ ᠤᠶᠢᠯᠡᠤᠨᠪᠤᠷᠢᠯᠡᠯ ᠤᠨ ᠶᠡᠷᠤᠩᠬᠡᠢ ᠦᠷᠳᠡᠭ ᠢ 6.5% ᠨᠡᠮᠡᠭᠳᠡᠬᠦᠯᠤᠨ᠂ 300 ᠳ᠋ᠦᠩᠰᠢᠭᠤᠷ ᠲᠦᠬᠦᠷᠢᠭ ᠤᠨ ᠪᠤᠭᠤᠮᠳᠠ ᠶᠢ ᠰᠢᠪᠳᠤᠯᠵᠤ᠂ ︽ᠠᠷᠪᠠᠨ | ᠲᠦᠷᠪᠡᠳᠤᠬᠡᠷ ᠳᠠᠪᠤᠨ ᠵᠢᠯ︾ ᠤᠨ ᠲᠦᠯᠤᠪᠵᠢᠬᠦᠯᠬᠡ ᠶᠢᠨ ᠬᠤᠭᠤᠴᠠᠭᠠᠨ ᠳᠤ ᠬᠢ ᠬᠤᠶᠠᠳᠠᠬᠢ ᠵᠠᠭᠤᠨ ᠳ᠋ᠦᠩᠰᠢᠭᠤᠷ ᠤᠨ ᠳᠡᠰ ᠤᠨ ᠳᠠᠪᠠᠯᠳᠠ ᠶᠢ ᠪᠡᠶᠡᠯᠡᠬᠦᠯᠤᠨ᠎ᠠ︔ | ᠬᠡᠪᠴᠢᠶᠡᠵᠢᠯ ᠠᠴᠠ ᠳᠡᠬᠡᠭᠰᠢᠬᠢ ᠠᠵᠤ ᠤᠶᠢᠯᠡᠤᠨᠪᠤᠷᠢ ᠶᠢᠨ ᠨᠡᠮᠡᠭᠳᠡᠯ ᠦᠷᠳᠡᠭ ᠢ 7.8% ᠨᠡᠮᠡᠭᠳᠡᠬᠦᠯᠤᠨ᠎ᠠ︔ ᠳᠤᠭᠳᠠᠮᠠᠯ ᠬᠦᠷᠤᠩᠬᠡ ᠶᠢᠨ ᠪᠡᠯᠡ ᠤᠷᠤᠭᠤᠯᠤᠯᠳᠠ | ᠶᠢ ᠦᠷᠬᠦᠯᠵᠢᠯᠡᠨ 2 ᠤᠷᠤᠨᠳᠤ ᠳᠤᠭ᠎ᠠ ᠶᠢᠨ ᠨᠡᠮᠡᠭᠳᠡᠴᠠ ᠪᠠᠷ ᠪᠠᠳᠤᠯᠠᠵᠤ 17.6% ᠨᠡᠮᠡᠭᠳᠡᠬᠦᠯᠤᠨ᠎ᠠ︔ ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ | ᠤᠷᠤᠯᠭ᠎ᠠ 50 ᠳ᠋ᠦᠩᠰᠢᠭᠤᠷ ᠲᠦᠬᠦᠷᠢᠭ ᠢ ᠰᠢᠪᠳᠤᠯᠤᠨ 58.48% ᠨᠡᠮᠡᠭᠳᠡᠬᠦᠯᠤᠨ᠎ᠠ︔ ᠨᠠᠶᠢᠬᠡᠮ ᠤᠨ ᠬᠡᠷᠡᠭᠯᠡᠬᠡᠨ ᠤ ᠪᠤᠳᠠᠰ ᠤᠨ ᠵᠢᠵᠢᠭᠯᠡᠨ ᠪᠤᠷᠤᠯᠠᠭᠤᠯᠬᠤ | ᠶᠡᠷᠤᠩᠬᠡᠢ ᠦᠷᠳᠡᠭ ᠢ 6% ᠨᠡᠮᠡᠭᠳᠡᠬᠦᠯᠤᠨ᠎ᠠ︔ ᠰᠠᠭᠤᠭᠠᠯᠢ ᠠᠷᠠᠤᠨ ᠤᠨ ᠤᠷᠤᠯᠭ᠎ᠠ ᠶᠢᠨ ᠨᠡᠮᠡᠭᠳᠡᠯ ᠪᠠ ᠠᠵᠤ ᠠᠬᠤᠢ ᠶᠢᠨ ᠨᠡᠮᠡᠭᠳᠡᠯ ᠢ ᠠᠳᠠᠯᠢ ᠪᠤᠯᠭᠠᠨ᠎ᠠ︔ | ᠠᠵᠢᠯ ᠠᠯᠳᠠᠯᠳᠠ ᠶᠢᠨ ᠨᠤᠷᠮ᠎ᠠ ᠶᠢ 4.5% ᠠᠴᠠ ᠳᠤᠷᠤᠭᠰᠢ ᠬᠢᠵᠠᠭᠠᠷᠯᠠᠨ᠎ᠠ︔ ᠦᠪᠡᠷᠳᠡᠬᠡᠨ ᠵᠠᠰᠠᠬᠤ ᠤᠷᠤᠨ᠂ ᠬᠤᠳᠠ ᠠᠴᠠ ᠪᠠᠭᠤᠯᠭᠠᠭᠰᠡᠨ ︽ᠠᠷᠪᠠᠨ | ᠲᠦᠷᠪᠡᠳᠤᠬᠡᠷ ᠳᠠᠪᠤᠨ ᠵᠢᠯ︾ ᠤᠨ ᠲᠦᠯᠤᠪᠵᠢᠬᠦᠯᠬᠡ ᠶᠢᠨ ᠡᠨᠧᠷᠬᠢ ᠶᠢᠨ ᠬᠤᠷᠤᠭᠳᠠᠯ ᠤᠨ ᠡᠷᠬᠡᠪᠰᠢ ᠪᠠᠭᠤᠷᠠᠭᠤᠯᠬᠤ ᠬᠠᠷᠠᠯᠳᠠ ᠶᠢ ᠪᠡᠶᠡᠯᠡᠬᠦᠯᠤᠨ᠎ᠠ᠃ ᠳᠡᠬᠡᠷᠡᠬᠢ | ᠬᠠᠷᠠᠯᠳᠠ ᠶᠢ ᠳᠤᠭᠳᠠᠭᠠᠭᠰᠡᠨ ᠨᠢ ᠲᠦᠪ᠂ ᠦᠪᠡᠷᠳᠡᠬᠡᠨ ᠵᠠᠰᠠᠬᠤ ᠤᠷᠤᠨ᠂ ᠬᠤᠳᠠ ᠶᠢᠨ ᠠᠵᠤ ᠠᠬᠤᠢ ᠶᠢᠨ ᠠᠵᠢᠯ ᠤᠨ ᠬᠤᠷᠠᠯ ᠤᠨ ᠵᠤᠷᠢᠭ ᠰᠠᠨᠠᠭ᠎ᠠ ᠪᠠ ᠮᠠᠨ | ᠤ ᠬᠤᠰᠢᠭᠤᠨ ᠤ ᠪᠤᠳᠠᠳᠤ ᠪᠠᠶᠢᠳᠠᠯ ᠲᠠᠢ ᠨᠠᠶᠢᠴᠡᠵᠤ᠂ ᠬᠦᠭᠵᠢᠯᠳᠠ ᠶᠢᠨ ᠱᠠᠭᠠᠷᠳᠠᠯᠭ᠎ᠠ ᠪᠠ ᠪᠤᠳᠠᠳᠤ ᠪᠤᠯᠤᠯᠴᠠᠭ᠎ᠠ ᠶᠢ ᠨᠢᠬᠡᠳᠤᠯᠳᠠᠢ ᠲᠦᠯᠤᠪᠵᠢᠬᠦᠯᠤᠨ᠂ ᠡᠯ᠎ᠡ | ᠳᠠᠯ᠎ᠠ ᠶᠢ ᠳᠠᠶᠢᠴᠢᠯᠠᠨ ᠬᠦᠭᠵᠢᠯᠳᠠ ᠶᠢᠨ ᠢᠳᠡᠪᠬᠢᠳᠤ ᠴᠢᠨᠠᠷ᠂ ᠰᠠᠨᠠᠭᠠᠴᠢᠯᠠᠭᠠᠳᠤ ᠴᠢᠨᠠᠷ᠂ ᠡᠬᠦᠳᠤᠯᠳᠤ ᠴᠢᠨᠠᠷ ᠢ ᠠᠤᠨᠬᠤᠬᠤ ᠳᠤ ᠠᠰᠢᠭᠳᠠᠢ ᠪᠠᠶᠢᠵᠤ᠂ | ︽ᠬᠦᠴᠤᠯᠡᠵᠤ ᠳᠠᠶᠢᠯᠬᠦ︾ ᠮᠦᠷᠳᠡᠬᠡᠨ ︽ᠬᠦᠢᠴᠡᠵᠤ ᠳᠠᠶᠢᠯᠬᠦ︾ ᠶᠢ ᠪᠠᠳᠤᠯᠠᠬᠤ ᠪᠤᠯᠤᠨ᠎ᠠ᠃ | ᠳᠡᠬᠡᠷᠡᠬᠢ ᠬᠠᠷᠠᠯᠳᠠ ᠶᠢ ᠪᠡᠶᠡᠯᠡᠬᠦᠯᠬᠦ ᠳᠤ ᠪᠢᠳᠠ 9 ᠳᠠᠯ᠎ᠠ ᠶᠢᠨ ᠠᠵᠢᠯ ᠢ ᠭᠤᠤᠯᠳᠠᠯᠭ᠎ᠠ ᠲᠠᠢ ᠰᠠᠶᠢᠳᠤᠷ ᠠᠤᠨᠬᠤᠨ᠎ᠠ᠄ | ︵ᠨᠢᠬᠡ︶ ᠪᠦᠳᠤᠮᠵᠢᠳᠠᠢ ᠪᠡᠯᠡ ᠤᠷᠤᠭᠤᠯᠤᠯᠳᠠ ᠶᠢ ᠦᠷᠬᠡᠤᠨᠬᠡᠨ᠂ ᠠᠵᠤ ᠠᠬᠤᠢ ᠶᠢᠨ ᠬᠦᠭᠵᠢᠯᠳᠠ ᠶᠢᠨ ᠨᠦᠬᠡᠴᠠ ᠬᠦᠴᠤᠨ ᠢ ᠴᠢᠩᠭᠠᠤᠨᠬᠠᠨ᠎ᠠ᠃ | ᠪᠦᠳᠤᠮᠵᠢᠳᠠᠢ ᠪᠡᠯᠡ ᠤᠷᠤᠭᠤᠯᠤᠯᠳᠠ ᠶᠢᠨ ᠵᠠᠩᠬᠢᠯᠠᠭ᠎ᠠ ᠶᠢᠨ ᠤᠶᠢᠯᠡᠳᠤᠯ ᠢ ᠬᠦᠢᠴᠡᠤᠨ ᠪᠠᠳᠠᠷᠠᠭᠤᠯᠤᠨ᠂ ᠰᠡᠤᠨᠬᠢᠯ ᠢᠶᠠᠨ ᠨᠢᠬᠡᠤᠨᠬᠡᠨ ᠬᠦᠴᠤ ᠪᠠᠨ ᠬᠠᠮᠳᠤᠤᠨᠬᠠᠵᠤ | ᠲᠦᠷᠤᠯ ᠵᠦᠢᠯ ᠢ ᠴᠢᠷᠮᠠᠶᠢᠨ ᠤᠯᠵᠤ᠂ ᠲᠦᠷᠤᠯ ᠵᠦᠢᠯ ᠢ ᠪᠠᠶᠢᠭᠤᠯᠤᠨ᠂ ᠲᠦᠷᠤᠯ ᠵᠦᠢᠯ ᠢ ᠤᠷᠤᠭᠤᠯᠤᠨ ᠠᠪᠴᠢᠷᠠᠨ᠎ᠠ᠃ | ᠲᠦᠷᠤ ᠶᠢᠨ ᠪᠤᠳᠤᠯᠭ᠎ᠠ ᠶᠢ ᠬᠦᠴᠤᠯᠡᠨ ᠨᠠᠶᠢᠳᠠᠪᠤᠷᠢᠵᠢᠭᠤᠯᠤᠨ᠎ᠠ᠃ ︽ᠴᠢᠬᠤᠯᠠ ᠶᠡᠭᠡ ᠲᠦᠷᠤᠯ ᠵᠦᠢᠯ ᠢ ᠲᠦᠯᠤᠪᠵᠢᠬᠦᠯᠬᠦ ᠠᠵᠢᠯᠯᠠᠭ᠎ᠠ︾ ᠶᠢ ᠬᠦᠨᠵᠡᠬᠡᠢ | ᠨᠠᠶᠢᠳᠠᠪᠤᠷᠢᠵᠢᠭᠤᠯᠤᠨ᠂ ︽ᠠᠷᠪᠠᠨ ᠳᠠᠪᠤᠳᠤᠭᠠᠷ ᠳᠠᠪᠤᠨ ᠵᠢᠯ︾ ᠤᠨ ᠲᠦᠯᠤᠪᠵᠢᠬᠦᠯᠬᠡ ᠶᠢ ᠰᠢᠨᠵᠢᠯᠡᠬᠦ ᠤᠬᠠᠭᠠᠨᠴᠢ ᠪᠠᠷ ᠨᠠᠶᠢᠷᠠᠭᠤᠯᠤᠨ ᠳᠤᠭᠳᠠᠭᠠᠵᠤ᠂ ︽ᠡᠪᠤᠯ | ᠰᠦᠪᠡᠭᠴᠢᠯᠡᠵᠤ ᠬᠠᠪᠤᠷ ᠠᠵᠢᠯᠯᠠᠬᠤ︾ ᠶᠢ ᠪᠠᠷᠢᠮᠳᠠᠯᠠᠨ᠂ ᠲᠦᠪ ᠤᠨ ᠲᠦᠰᠤᠪ ᠳᠤᠳᠤᠷᠠᠬᠢ ᠪᠡᠯᠡ ᠤᠷᠤᠭᠤᠯᠤᠯᠳᠠ᠂ ᠳᠤᠰᠬᠠᠢ ᠲᠦᠷᠤᠯ ᠤᠨ ᠦᠭᠴᠡᠬᠡᠨ ᠳᠡᠮᠳᠡᠭ | ᠪᠠ ᠤᠨᠴᠠ ᠤᠷᠳᠤ ᠬᠤᠭᠤᠴᠠᠭᠠᠨ ᠤ ᠤᠯᠤᠰ ᠤᠨ ᠤᠨᠴᠠᠭᠠᠢ ᠦᠭᠴᠡᠬᠡᠨ ᠤ ᠪᠡᠯᠡ ᠤᠷᠤᠭᠤᠯᠤᠯᠳᠠ ᠶᠢᠨ ᠤᠳᠤᠷᠢᠳᠤᠮᠵᠢ ᠶᠢ ᠤᠨᠤᠪᠴᠢᠳᠠᠢ ᠡᠵᠡᠮᠳᠡᠵᠤ᠂ | ︽ᠬᠤᠶᠠᠷ ᠰᠢᠨ᠎ᠠ︾ ︽ᠬᠤᠶᠠᠷ ᠴᠢᠬᠤᠯᠠ︾ ᠲᠦᠷᠤ ᠶᠢᠨ ᠪᠤᠳᠤᠯᠭ᠎ᠠ ᠶᠢᠨ ᠳᠤᠬᠢᠶᠠᠯ ᠪᠠ ᠲᠦᠪ᠂ ᠦᠪᠡᠷᠳᠡᠬᠡᠨ ᠵᠠᠰᠠᠬᠤ ᠤᠷᠤᠨ᠂ ᠬᠤᠳᠠ ᠶᠢᠨ ᠠᠵᠤ ᠠᠬᠤᠢ | ᠶᠢᠨ ᠠᠵᠢᠯ ᠤᠨ ᠬᠤᠷᠠᠯ ᠤᠨ ᠰᠢᠨ᠎ᠠ ᠨᠢᠬᠡ ᠤᠳᠠᠭᠠᠨ ᠤ ᠠᠰᠢᠭᠳᠠᠢ ᠲᠦᠷᠤ ᠶᠢᠨ ᠪᠤᠳᠤᠯᠭ᠎ᠠ ᠶᠢ ᠡᠵᠡᠮᠳᠡᠨ᠂ ᠰᠢᠨ᠎ᠠ ᠬᠡᠯᠪᠡᠷᠢ ᠶᠢᠨ ᠴᠠᠬᠢᠯᠭᠠᠨ ᠬᠦᠴᠤᠨ ᠤ | ᠰᠢᠰᠲ᠋ᠧᠮ᠂ ᠳᠤᠤᠷ᠎ᠠ ᠨᠡᠬᠦᠷᠡᠰᠤᠳᠦ᠋ᠷᠦᠭᠴᠢᠳᠤ ᠬᠦᠷᠢᠶᠡᠯᠡᠩ ᠳᠤᠭᠤᠷᠢᠭ ᠤᠨ ᠪᠠᠶᠢᠭᠤᠯᠤᠯᠳᠠ᠂ ᠳᠠᠬᠢᠯᠳᠠ ᠡᠨᠧᠷᠬᠢ ᠶᠢᠨ ᠤᠷᠤᠯᠠᠭᠤᠯᠤᠯᠳᠠ᠂ ᠨᠡᠬᠦᠷᠡᠰᠤ ᠴᠠᠬᠢᠯᠭᠠᠨ | ᠤ ᠳᠤᠤᠷ᠎ᠠ ᠨᠡᠬᠦᠷᠡᠰᠤᠳᠦ᠋ᠷᠦᠭᠴᠢᠳᠤ ᠦᠬᠡᠷᠡᠴᠢᠯᠡᠯᠳᠠ ᠵᠡᠷᠬᠡ ᠳᠤᠷᠰᠢᠯᠳᠠ ᠶᠢᠨ ᠳᠠᠪᠴᠠᠩ ᠤᠨ ᠬᠡᠯᠪᠡᠷᠢ ᠶᠢᠨ ᠲᠦᠷᠤ ᠶᠢᠨ ᠪᠤᠳᠤᠯᠭ᠎ᠠ ᠶᠢᠨ ᠳᠡᠮᠵᠢᠯᠬᠡ ᠶᠢ | ᠢᠳᠡᠪᠬᠢᠳᠠᠢ ᠴᠢᠷᠮᠠᠶᠢᠨ ᠤᠯᠵᠤ᠂ ᠲᠦᠷᠤ ᠶᠢᠨ ᠪᠤᠳᠤᠯᠭ᠎ᠠ ᠨᠢᠬᠡᠪᠤᠷᠢ ᠶᠢ ᠪᠤᠳᠠᠳᠠᠢ ᠲᠦᠷᠤᠯ ᠵᠦᠢᠯ ᠪᠤᠯᠭᠠᠨ ᠬᠤᠪᠢᠷᠠᠭᠤᠯᠬᠤ ᠪᠠᠷ ᠴᠢᠷᠮᠠᠶᠢᠨ᠎ᠠ᠃ | ᠲᠦᠷᠤᠯ ᠵᠦᠢᠯ ᠢ ᠴᠢᠷᠮᠠᠶᠢᠨ ᠠᠬᠢᠭᠤᠯᠤᠨ᠎ᠠ᠃ ︽ᠲᠦᠷᠤᠯ ᠵᠦᠢᠯ ᠢᠶᠠᠷ ᠭᠤᠤᠯ ᠪᠤᠯᠭᠠᠬᠤ︾ ᠢᠯᠡ ᠳᠤᠳᠤ ᠤᠳᠤᠷᠢᠳᠤᠮᠵᠢ ᠶᠢ ᠪᠠᠳᠤᠤᠨᠬᠠᠨ᠂ 500 | ᠲᠦᠮᠡᠨ ᠲᠦᠬᠦᠷᠢᠭ ᠠᠴᠠ ᠳᠡᠬᠡᠭᠰᠢᠬᠢ ᠴᠢᠬᠤᠯᠠ ᠲᠦᠷᠤᠯ ᠵᠦᠢᠯ ᠢ 146 ᠬᠡᠷᠡᠭᠵᠢᠬᠦᠯᠵᠤ᠂ ᠵᠢᠯ ᠤᠨ ᠳᠤᠳᠤᠷ᠎ᠠ 172 ᠳ᠋ᠦᠩᠰᠢᠭᠤᠷ ᠲᠦᠬᠦᠷᠢᠭ ᠠᠴᠠ | ᠳᠡᠬᠡᠭᠰᠢᠬᠢ ᠪᠡᠯᠡ ᠤᠷᠤᠭᠤᠯᠤᠯᠳᠠ ᠶᠢ ᠪᠡᠶᠡᠯᠡᠬᠦᠯᠤᠨ᠎ᠠ᠃ ᠦᠢᠯᠡᠴᠢᠯᠡᠭᠡ ᠲᠦᠷᠤᠯ ᠵᠦᠢᠯ ᠢ ᠳᠠᠭᠠᠬᠤ ᠶᠢ ᠪᠠᠷᠢᠮᠳᠠᠯᠠᠵᠤ᠂ ︽ᠤᠳᠤᠷᠢᠳᠤᠯᠭ᠎ᠠ ᠳᠠᠭᠠᠭᠠᠴᠢᠯᠠᠬᠤ + | ᠠᠵᠢᠯ ᠤᠨ ᠳᠤᠰᠬᠠᠢ ᠪᠠᠭ︾ ᠤᠨ ᠳᠤᠭᠳᠠᠴᠠ ᠶᠢ ᠬᠦᠨᠵᠡᠬᠡᠶᠢᠷᠡᠬᠦᠯᠤᠨ᠂ ᠪᠠᠶᠢᠭᠤᠯᠤᠯᠳᠠ ᠶᠢᠨ ᠤᠷᠴᠢᠨ ᠢ ᠰᠢᠯᠢᠳᠡᠭᠵᠢᠬᠦᠯᠵᠤ᠂ ᠪᠦᠬᠦ ᠶᠠᠪᠤᠴᠠ ᠶᠢᠨ ᠬᠢᠨᠠᠯᠳᠠ | ᠬᠠᠮᠢᠶᠠᠷᠤᠯᠳᠠ ᠶᠢ ᠴᠢᠩᠭᠠᠤᠨᠬᠠᠨ᠂ ᠲᠦᠷᠤᠯ ᠵᠦᠢᠯ ᠤᠨ ᠡᠮᠤᠨᠡᠬᠢ ᠬᠤᠭᠤᠴᠠᠭᠠᠨ ᠤ ᠠᠵᠢᠯ ᠢ ᠪᠤᠳᠠᠳᠠᠢ ᠠᠤᠨᠬᠤᠵᠤ᠂ ᠦᠷᠬᠦᠯᠵᠢᠯᠡᠨ ᠪᠠᠶᠢᠭᠤᠯᠬᠤ ᠲᠦᠷᠤᠯ ᠵᠦᠢᠯ | ᠢ ︽ᠬᠠᠪᠤᠷ ᠡᠬᠢᠯᠡᠮᠡᠭᠴᠠ ᠠᠵᠢᠯ ᠡᠬᠢᠯᠡᠬᠦᠯᠬᠦ︾ ᠪᠠᠷ ᠴᠢᠷᠮᠠᠶᠢᠨ᠂ ᠰᠢᠨ᠎ᠠ ᠪᠠᠷ ᠪᠠᠶᠢᠭᠤᠯᠬᠤ ᠲᠦᠷᠤᠯ ᠵᠦᠢᠯ ᠤᠨ ᠨᠢᠬᠡᠳᠤᠬᠡᠷ ᠤᠯᠠᠷᠢᠯ ᠳᠤ ᠪᠠᠷᠢᠯᠭ᠎ᠠ ᠡᠬᠢᠯᠡᠬᠦᠯᠬᠦ | ᠨᠤᠷᠮ᠎ᠠ ᠶᠢ 25% ᠠᠴᠠ ᠳᠠᠪᠠᠭᠤᠯᠤᠨ᠎ᠠ᠃ ᠪᠡᠯᠡ ᠮᠦᠩᠬᠦ ᠲᠦᠷᠤᠯ ᠵᠦᠢᠯ ᠢ ᠳᠠᠭᠠᠬᠤ ᠶᠢ ᠪᠠᠷᠢᠮᠳᠠᠯᠠᠨ᠂ ᠤᠯᠤᠰ᠂ ᠦᠪᠡᠷᠳᠡᠬᠡᠨ ᠵᠠᠰᠠᠬᠤ ᠤᠷᠤᠨ ᠤ ᠰᠢᠨ᠎ᠠ | ᠬᠡᠯᠪᠡᠷᠢ ᠶᠢᠨ ᠰᠠᠭᠤᠷᠢ ᠲᠦᠬᠦᠬᠡᠷᠤᠮᠵᠢ᠂ ᠠᠷᠠᠤᠨ ᠤᠨ ᠠᠮᠢᠳᠤᠷᠠᠯ ᠤᠨ ᠤᠶᠢᠯᠡᠰ ᠵᠡᠷᠬᠡ ᠲᠦᠷᠤᠯ ᠵᠦᠢᠯ ᠤᠨ ᠪᠠᠶᠢᠭᠤᠯᠤᠯᠳᠠ ᠶᠢ ᠳᠡᠮᠵᠢᠬᠦ ᠲᠦᠷᠤ ᠶᠢᠨ ᠪᠤᠳᠤᠯᠭ᠎ᠠ | ᠶᠢᠨ ᠳᠤᠬᠢᠶᠠᠯ ᠳᠤ ᠠᠩᠬᠠᠷᠤᠯ ᠢᠶᠠᠨ ᠲᠦᠪᠯᠡᠷᠡᠬᠦᠯᠵᠤ᠂ ᠵᠠᠰᠠᠭ ᠤᠨ ᠤᠷᠳᠤᠨ ᠤ ᠪᠡᠯᠡ ᠤᠷᠤᠭᠤᠯᠤᠯᠳᠠ ᠶᠢᠨ 88 ᠲᠦᠷᠤᠯ ᠵᠦᠢᠯ ᠢ ᠬᠡᠷᠡᠭᠵᠢᠬᠦᠯᠤᠨ᠂ | ᠭᠤᠤᠯᠳᠠᠯᠭᠠᠳᠤ ᠬᠦᠷᠢᠶ᠎ᠡ ᠴᠠᠷᠠᠭᠠᠨ ᠤ ᠳᠠᠪᠠᠭᠤᠯᠢᠭ ᠢᠶᠠᠨ ᠪᠠᠳᠠᠷᠠᠭᠤᠯᠤᠨ ᠳᠤᠳᠠᠭᠤᠳᠠᠯ ᠢᠶᠠᠨ ᠨᠦᠬᠦᠪᠤᠷᠢᠯᠡᠬᠦ ᠶᠢ ᠳᠡᠮᠵᠢᠵᠤ᠂ ᠵᠠᠰᠠᠭ ᠤᠨ ᠤᠷᠳᠤᠨ ᠤ ᠪᠡᠯᠡ | ᠤᠷᠤᠭᠤᠯᠤᠯᠳᠠ ᠶᠢᠨ ᠳᠠᠶᠢᠴᠢᠯᠠᠬᠤ ᠤᠶᠢᠯᠡᠳᠤᠯ ᠢ ᠦᠨᠡᠨᠬᠦ ᠰᠠᠶᠢᠳᠤᠷ ᠪᠠᠳᠠᠷᠠᠭᠤᠯᠤᠨ᠎ᠠ᠃ | ᠨᠠᠷᠢᠯᠢᠭ ᠤᠨᠤᠪᠴᠢᠳᠠᠢ ᠪᠠᠷ ᠴᠢᠷᠮᠠᠶᠢᠨ ᠠᠷᠠᠯᠵᠢᠶᠠᠴᠢᠨ ᠤᠷᠢᠨ᠎ᠠ᠃ ᠳᠤᠰ ᠪᠡᠶ᠎ᠡ ᠶᠢᠨ ᠬᠠᠷᠢᠴᠠᠩᠭᠤᠢ ᠳᠠᠪᠠᠭᠤᠯᠢᠭ ᠢᠶᠠᠨ ᠨᠠᠩ ᠰᠠᠶᠢᠨ ᠢᠶᠠᠷ ᠠᠭᠤᠳᠠᠯᠵᠤ | ᠠᠰᠢᠭᠯᠠᠨ᠂ ᠳᠠᠪᠠᠭᠤᠯᠢᠭ ᠤᠨ ᠬᠤᠪᠢᠷᠠᠭᠤᠯᠤᠯᠳᠠ᠂ ᠠᠬᠤᠢ ᠪᠠᠶᠢᠳᠠᠯ ᠤᠨ ᠬᠦᠳᠡᠯᠬᠡᠭᠴᠢ ᠬᠦᠴᠤᠨ ᠪᠠ ᠰᠠᠭᠤᠷᠢ ᠮᠦᠩᠬᠦᠨ ᠤ ᠴᠢᠳᠠᠪᠬᠢ ︽ᠭᠤᠷᠪᠠᠨ ᠵᠠᠩᠬᠢᠯᠠᠭ᠎ᠠ︾ | ᠶᠢ ᠡᠵᠡᠮᠳᠡᠵᠤ᠂ ᠡᠨᠧᠷᠬᠢ ᠶᠢᠨ ᠨᠡᠬᠡᠬᠡᠨ ᠬᠦᠭᠵᠢᠬᠦᠯᠤᠯᠳᠠ᠂ ᠤᠰᠤᠳᠦ᠋ᠷᠦᠭᠴᠢ ᠡᠨᠧᠷᠬᠢ ᠶᠢᠨ ᠶᠡᠷᠤᠩᠬᠡᠶᠢᠯᠡᠭᠰᠡᠨ ᠵᠢᠱᠢᠶ᠎ᠡ᠂ ᠤᠳᠤ ᠦᠶ᠎ᠡ ᠶᠢᠨ ᠨᠡᠬᠦᠷᠡᠰᠤ ᠬᠢᠮᠢ | ᠶᠢᠨ ᠠᠵᠤ ᠤᠶᠢᠯᠡᠤᠨᠪᠤᠷᠢ᠂ ᠳᠡᠬᠡᠳᠤ ᠳᠡᠰ ᠤᠨ ᠲᠦᠬᠦᠬᠡᠷᠤᠮᠵᠢ ᠤᠶᠢᠯᠡᠤᠨᠬᠡᠯ ᠵᠡᠷᠬᠡ ᠠᠬᠤᠢ ᠶᠢᠨ ᠳᠤᠭᠤᠷᠢᠨ ᠳᠤ ᠨᠠᠷᠢᠯᠢᠭ ᠤᠨᠤᠪᠴᠢᠳᠠᠢ ᠪᠠᠷ ᠪᠠᠶᠢᠷᠢ | ᠳᠤᠭᠳᠠᠭᠠᠵᠤ ᠭᠤᠤᠯᠳᠠᠯᠭ᠎ᠠ ᠲᠠᠢ ᠰᠢᠪᠳᠤᠯᠤᠨ᠂ ᠠᠷᠠᠯᠵᠢᠶᠠᠴᠢᠨ ᠤᠷᠢᠬᠤ ᠶᠠᠰᠤ ᠴᠢᠨᠠᠷ ᠢ ᠪᠦᠬᠦ ᠳᠠᠯ᠎ᠠ ᠪᠠᠷ ᠳᠡᠬᠡᠭᠰᠢᠯᠡᠬᠦᠯᠤᠨ᠎ᠠ᠃ ︽ᠤᠷᠤᠨ ᠬᠡᠪᠴᠢᠶᠡᠨ ᠤ | ᠬᠠᠮᠳᠤᠷᠠᠯᠴᠠᠭ᠎ᠠ ᠶᠢ ᠬᠦᠨᠵᠡᠬᠡᠶᠢᠷᠡᠬᠦᠯᠬᠦ ᠠᠵᠢᠯᠯᠠᠭ᠎ᠠ︾ ᠶᠢ ᠲᠦᠷᠬᠡᠤᠨᠬᠡᠨ ᠨᠠᠶᠢᠳᠠᠪᠤᠷᠢᠵᠢᠭᠤᠯᠵᠤ᠂ ︽ᠨᠢᠩ ᠳ᠋ᠦᠩ ᠲᠠᠢ ᠬᠠᠮᠳᠤᠷᠠᠯᠴᠠᠬᠤ︾ ᠤᠷᠤᠨ ᠪᠦᠰᠠ ᠶᠢᠨ | ᠬᠠᠮᠳᠤᠷᠠᠯᠴᠠᠭᠠᠨ ᠤ ᠰᠤᠯᠢᠯᠴᠠᠨ ᠰᠤᠳᠤᠯᠬᠤ ᠬᠤᠷᠠᠯ ᠢ ᠡᠷᠬᠢᠯᠡᠨ᠂ ᠨᠢᠩ ᠳ᠋ᠦᠩ ᠲᠠᠢ ᠬᠤᠯᠪᠤᠭᠠᠯᠠᠨ ᠨᠢᠬᠡ ᠴᠤᠭᠴᠠᠵᠢᠭᠰᠡᠨ ᠪᠦᠯᠬᠦᠮ ᠪᠠᠶᠢᠭᠤᠯᠬᠤ ᠬᠡᠯᠪᠡᠷᠢ ᠶᠢᠨ | ᠠᠷᠠᠯᠵᠢᠶᠠᠴᠢᠨ ᠤᠷᠢᠬᠤ ᠵᠠᠭᠪᠤᠷ ᠢ ᠳᠡᠬᠦᠯᠳᠡᠷᠵᠢᠬᠦᠯᠵᠤ᠂ ᠤᠯᠤᠰ ᠤᠨ ᠡᠨᠧᠷᠬᠢ ᠶᠢᠨ ᠪᠦᠯᠦᠭᠯᠡᠯ᠂ ᠳᠤᠮᠳᠠᠳᠤ ᠤᠯᠤᠰ ᠤᠨ ᠨᠡᠬᠦᠷᠡᠰᠤᠨ ᠪᠦᠯᠦᠭᠯᠡᠯ᠂ ᠨᠠᠷᠠᠨ ᠬᠡᠷᠡᠯ | ᠤᠨ ᠤᠰᠤᠳᠦ᠋ᠷᠦᠭᠴᠢ ᠡᠨᠧᠷᠬᠢ ᠵᠡᠷᠬᠡ ᠳᠤᠮᠤ ᠬᠡᠯᠪᠡᠷᠢ ᠶᠢᠨ ᠠᠵᠤ ᠠᠬᠤᠶᠢᠯᠠᠯ ᠤᠨ ᠪᠦᠯᠦᠭᠯᠡᠯᠴᠢᠯᠡᠭᠰᠡᠨ ᠪᠠᠶᠢᠷᠢᠯᠠᠭᠤᠯᠤᠯᠳᠠ᠂ ᠠᠵᠤ ᠤᠶᠢᠯᠡᠰᠵᠢᠭᠰᠡᠨ ᠬᠦᠭᠵᠢᠯᠳᠠ | ᠶᠢ ᠠᠬᠢᠭᠤᠯᠤᠨ᠂ ᠠᠷᠠᠯᠵᠢᠶᠠᠴᠢᠨ ᠤᠷᠢᠨ ᠪᠡᠯᠡ ᠳᠠᠳᠠᠵᠤ ᠪᠤᠳᠠᠳᠠᠶᠢᠵᠢᠭᠤᠯᠬᠤ ᠪᠡᠯᠡ ᠮᠦᠩᠬᠦ ᠶᠢ 132 ᠳ᠋ᠦᠩᠰᠢᠭᠤᠷ ᠲᠦᠬᠦᠷᠢᠭ ᠠᠴᠠ ᠳᠠᠪᠠᠭᠤᠯᠬᠤ ᠪᠠᠷ | ᠴᠢᠷᠮᠠᠶᠢᠨ᠎ᠠ᠃ | ︵ᠬᠤᠶᠠᠷ︶ ᠠᠵᠤ ᠤᠶᠢᠯᠡᠤᠨᠪᠤᠷᠢ ᠶᠢᠨ ᠶᠠᠰᠤ ᠴᠢᠨᠠᠷ ᠢ ᠳᠡᠬᠡᠭᠰᠢᠯᠡᠬᠦᠯᠬᠦ ᠶᠢ ᠳᠤᠪᠤᠶᠢᠯᠭᠠᠨ᠂ ᠬᠦᠭᠵᠢᠯᠳᠠ ᠶᠢᠨ ᠰᠠᠭᠤᠷᠢ ᠬᠦᠴᠤᠨ ᠤᠶᠠᠨ ᠬᠦᠴᠤᠨ ᠢ | ᠪᠠᠬᠢᠵᠢᠬᠦᠯᠤᠨ᠎ᠠ᠃ ᠠᠵᠤ ᠤᠶᠢᠯᠡᠤᠨᠪᠤᠷᠢ ᠶᠢᠨ ᠦᠨᠳᠤᠷ ᠳᠡᠰᠵᠢᠭᠰᠡᠨ᠂ ᠤᠶᠤᠨᠴᠢᠯᠠᠭᠰᠡᠨ᠂ ᠪᠤᠬᠢᠷᠳᠤᠯ ᠦᠬᠡᠢ ᠬᠦᠭᠵᠢᠯᠳᠠ ᠶᠢ ᠠᠬᠢᠭᠤᠯᠤᠨ᠂ ᠬᠦᠭᠵᠢᠯᠳᠠ ᠶᠢᠨ | ᠠᠷᠭ᠎ᠠ ᠬᠡᠯᠪᠡᠷᠢ ᠪᠠᠨ ᠬᠤᠪᠢᠷᠠᠭᠤᠯᠵᠤ᠂ ᠨᠡᠮᠡᠭᠳᠡᠯ ᠤᠨ ᠬᠦᠳᠡᠯᠬᠡᠭᠴᠢ ᠴᠢᠳᠠᠪᠬᠢ ᠶᠢ ᠬᠤᠪᠢᠷᠠᠭᠤᠯᠤᠨ᠎ᠠ᠃ | ᠤᠯᠠᠮᠵᠢᠯᠠᠯᠳᠤ ᠠᠵᠤ ᠤᠶᠢᠯᠡᠰ ᠤᠨ ᠳᠠᠯᠳᠠ ᠬᠦᠴᠤᠨ ᠢ ᠪᠠᠳᠠᠷᠠᠭᠤᠯᠬᠤ ᠶᠢ ᠠᠬᠢᠭᠤᠯᠤᠨ᠎ᠠ᠃ ᠠᠵᠤ ᠤᠶᠢᠯᠡᠤᠨᠪᠤᠷᠢ ᠶᠢᠨ ᠬᠦᠷᠢᠶᠡᠨ ᠤ 37 ᠭᠤᠤᠯᠳᠠᠯᠭᠠᠳᠤ | ᠲᠦᠷᠤᠯ ᠵᠦᠢᠯ ᠢ ᠬᠡᠷᠡᠭᠵᠢᠬᠦᠯᠤᠨ᠂ ᠵᠢᠯ ᠤᠨ ᠳᠤᠳᠤᠷ᠎ᠠ 117.7 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠯᠳᠠ ᠶᠢ ᠪᠡᠶᠡᠯᠡᠬᠦᠯᠤᠨ᠎ᠠ᠃ ᠾᠧᠩ ᠺᠦᠨ | 260 ᠲᠦᠮᠡᠨ ᠲᠤᠨ ᠤ ᠬᠡᠤᠷᠰᠢᠬᠦᠯᠬᠦ ᠲᠦᠷᠤᠯ ᠵᠦᠢᠯ᠂ ᠹᠠᠩ ᠢᠦᠢ ᠶᠢᠨ 20 ᠲᠦᠮᠡᠨ ᠲᠤᠨ ᠰᠢᠨ᠎ᠡ ᠬᠡᠯᠪᠡᠷᠢ ᠶᠢᠨ ᠪᠤᠷᠳᠤᠭᠤᠷ ᠵᠡᠷᠬᠡ ᠲᠦᠷᠤᠯ ᠵᠦᠢᠯ ᠢ | ᠠᠰᠢᠭᠯᠠᠯᠳᠠ ᠳᠤ ᠤᠷᠤᠭᠤᠯᠤᠨ ᠪᠦᠳᠤᠮᠵᠢ ᠭᠠᠷᠭᠠᠬᠤ ᠶᠢ ᠠᠬᠢᠭᠤᠯᠤᠨ᠎ᠠ᠃ ᠱᠠᠩᠬᠠᠢ ᠶᠢᠨ ᠰᠦᠮ᠎ᠠ ᠴᠠᠬᠢᠯᠭᠠᠨ ᠤᠶᠢᠯᠡᠤᠨᠪᠤᠷᠢ ᠶᠢᠨ ᠢᠯᠡᠬᠦᠴᠠ ᠢᠯᠴᠢ ᠶᠢᠨ | ᠠᠰᠢᠭᠯᠠᠯᠳᠠ᠂ ᠪᠡᠯᠠᠩ ᠨᠡᠬᠦᠷᠡᠰᠤᠨ ᠠᠭᠤᠷᠬᠠᠢ ᠵᠡᠷᠬᠡ ᠲᠦᠷᠤᠯ ᠵᠦᠢᠯ ᠤᠨ ᠭᠠᠷ ᠬᠦᠢᠴᠡᠤᠨᠬᠡᠯ ᠤᠨ ᠠᠬᠢᠴᠠ ᠶᠢ ᠲᠦᠷᠬᠡᠤᠨᠬᠡᠵᠤ᠂ ᠡᠷᠳᠡᠬᠡᠨ ᠠᠵᠢᠯ ᠡᠬᠢᠯᠡᠬᠦᠯᠤᠨ | ᠪᠠᠶᠢᠭᠤᠯᠤᠨ᠎ᠠ᠃ ᠱᠠᠩᠬᠠᠢ ᠶᠢᠨ ᠰᠦᠮ᠎ᠠ ᠠᠭᠤᠷᠬᠠᠢ ᠶᠢᠨ ᠤᠷᠤᠨ ᠤ ᠶᠡᠷᠤᠩᠬᠡᠢ ᠲᠦᠯᠤᠪᠵᠢᠬᠦᠯᠬᠡ ᠶᠢᠨ ᠵᠠᠰᠠᠨ ᠨᠠᠶᠢᠷᠠᠭᠤᠯᠤᠯᠳᠠ ᠶᠢ 3 ᠳ᠋ᠤᠭᠠᠷ ᠰᠠᠷ᠎ᠠ ᠳᠤ | ᠵᠦᠪᠰᠢᠶᠡᠷᠡᠬᠦᠯᠬᠦ ᠪᠠᠷ ᠴᠢᠷᠮᠠᠶᠢᠵᠤ᠂ 1000 ᠲᠦᠮᠡᠨ ᠲᠤᠨ ᠨᠡᠬᠦᠷᠡᠰᠤ ᠶᠢ ᠪᠤᠬᠢᠷᠳᠤᠯ ᠦᠬᠡᠢ ᠪᠠᠷ ᠬᠡᠤᠷᠰᠢᠬᠦᠯᠬᠦ ᠲᠦᠷᠤᠯ ᠵᠦᠢᠯ ᠢ 10 ᠳ᠋ᠤᠭᠠᠷ ᠰᠠᠷ᠎ᠠ ᠶᠢᠨ | ᠰᠡᠬᠦᠯᠴᠢ ᠠᠴᠠ ᠡᠮᠤᠨ᠎ᠡ ᠰᠢᠪᠳᠤᠯᠤᠯᠳᠠ ᠶᠢᠨ ᠴᠢᠨᠠᠷᠳᠠᠢ ᠠᠬᠢᠴᠠ ᠲᠠᠢ ᠪᠤᠯᠭᠠᠨ᠂ ᠬᠠᠷᠴᠠᠭᠠᠢ ᠬᠦᠯᠦᠭ ᠭᠤᠷᠪᠠᠳᠤᠭᠠᠷ ᠨᠤᠮᠧᠷᠳᠤ ᠨᠡᠬᠦᠷᠡᠰᠤᠨ ᠠᠭᠤᠷᠬᠠᠢ ᠶᠢ ᠵᠢᠯ | ᠤᠨ ᠳᠤᠳᠤᠷ᠎ᠠ ᠬᠢᠨᠡᠨ ᠵᠦᠪᠰᠢᠶᠡᠷᠡᠬᠦᠯᠵᠤ᠂ ᠨᠡᠬᠦᠷᠡᠰᠤᠨ ᠠᠭᠤᠷᠬᠠᠢ ᠶᠢᠨ ᠠᠵᠤ ᠠᠬᠤᠶᠢᠯᠠᠯ ᠤᠨ ᠪᠦᠷᠢᠨ ᠳᠠᠭᠠᠭᠠᠴᠠᠳᠤ ᠤᠶᠢᠯᠡᠤᠨᠪᠤᠷᠢᠯᠡᠯ ᠢ ᠪᠦᠬᠦ ᠬᠦᠴᠤᠨ ᠢᠶᠠᠷ | ᠪᠠᠳᠤᠯᠠᠨ᠎ᠠ᠃ ᠺᠧ ᠰᠧ᠂ ᠲᠢᠶᠠᠨ ᠯᠢ ᠹᠧᠩ ᠤᠨ LNG ᠤᠨ ᠲᠦᠷᠤᠯ ᠵᠦᠢᠯ ᠢ ᠬᠡᠷᠡᠭᠯᠡᠯᠳᠠ ᠳᠤ ᠤᠷᠤᠭᠤᠯᠬᠤ ᠶᠢ ᠲᠦᠷᠬᠡᠤᠨᠬᠡᠵᠤ ᠠᠬᠢᠭᠤᠯᠤᠨ᠂ 300 | ᠲᠦᠮᠡᠨ ᠲᠤᠨ LNG ᠤᠨ ᠠᠵᠤ ᠤᠶᠢᠯᠡᠰ ᠤᠨ ᠰᠦᠷᠦᠭᠵᠢᠯ ᠢ ᠪᠠᠶᠢᠭᠤᠯᠵᠤ᠂ ᠪᠦᠬᠦ ᠵᠢᠯ ᠳᠤ ᠰᠢᠳᠠᠮᠠᠬᠠᠢ ᠬᠡᠢ ᠶᠢᠨ ᠭᠠᠷᠤᠯᠳᠠ ᠶᠢ 71 ᠳ᠋ᠦᠩᠰᠢᠭᠤᠷ ᠪᠤᠰᠤᠭ᠎ᠠ | ᠲᠦᠷᠪᠡᠯᠵᠢᠨ ᠮᠧᠲᠷ᠂ LNG ᠤᠨ ᠭᠠᠷᠤᠯᠳᠠ ᠶᠢ 114 ᠲᠦᠮᠡᠨ ᠲᠤᠨ᠂ ᠴᠠᠬᠢᠯᠭᠠᠨ ᠭᠠᠷᠭᠠᠯᠳᠠ ᠶᠢ 400 ᠳ᠋ᠦᠩᠰᠢᠭᠤᠷ ᠭᠷᠠᠳᠦ᠋ᠰ ᠠᠴᠠ ᠳᠡᠬᠡᠭᠰᠢ | ᠳᠤᠭᠳᠠᠪᠤᠷᠢᠵᠢᠭᠤᠯᠬᠤ ᠶᠢ ᠪᠡᠶᠡᠯᠡᠬᠦᠯᠬᠦ ᠪᠠᠷ ᠴᠢᠷᠮᠠᠶᠢᠨ᠎ᠠ᠃ | ᠪᠤᠬᠢᠷᠳᠣᠯ ᠦᠬᠡᠢ ᠡᠨᠧᠷᠬᠢ ᠶᠢᠨ ᠠᠵᠤ ᠦᠢᠯᠡᠰ ᠤᠨ ᠰᠦᠷᠦᠭᠵᠢᠯ ᠢ ᠠᠬᠢᠭᠤᠯᠤᠨ᠎ᠠ᠃ ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠲᠡ ᠶᠢᠨ ᠣᠷᠣᠨ | ᠤ ᠪᠤᠬᠢᠷᠳᠣᠯ ᠦᠬᠡᠢ ᠴᠠᠬᠢᠯᠭᠠᠨ ᠤ ᠰᠢᠭᠤᠳ ᠬᠠᠩᠭᠠᠯᠭ᠎ᠠ ᠶᠢᠨ ᠵᠢᠱᠢᠶ᠎ᠡ ᠦᠵᠡᠬᠦᠯᠬᠦ ᠬᠦᠷᠢᠶᠡᠯᠡᠩ ᠲᠤᠭᠤᠷᠢᠭ ᠢ ᠪᠠᠶᠢᠭᠤᠯᠵᠤ᠂ ᠴᠠᠬᠢᠯᠭᠠᠨ ᠤ ᠨᠦᠬᠡᠴᠡ ᠶᠢ | ᠪᠤᠬᠢᠷᠳᠣᠯ ᠦᠬᠡᠢ ᠴᠠᠬᠢᠯᠭᠠᠨ ᠤ ᠳᠠᠭᠠᠭᠠᠴᠠ ᠪᠠᠷ ᠣᠷᠣᠯᠠᠭᠤᠯᠬᠤ ᠳᠠᠭᠤᠷᠢᠶᠠᠯ ᠢ ᠦᠷᠨᠢᠬᠦᠯᠦᠨ᠂ ᠡᠾᠧᠩ ᠺᠦᠨ ᠬᠢᠮᠢ ᠶᠢᠨ ᠠᠵᠤ ᠦᠢᠯᠡᠳᠪᠦᠷᠢ ᠶᠢᠨ 130 | ᠲᠦᠮᠡᠨ ᠳᠣᠨ ᠬᠡᠦᠷᠰᠢᠬᠦᠯᠬᠦ᠂ ᠶᠠ ᠬᠠᠢ ᠶᠢᠨ 60 ᠲᠦᠮᠡᠨ ᠳᠣᠨ LNG ᠦᠢᠯᠡᠳᠪᠦᠷᠢᠯᠡᠬᠦ ᠵᠡᠷᠭᠡ ᠬᠠᠳᠠᠭᠠᠯᠠᠯ ᠲᠦᠷᠦᠯ ᠵᠦᠢᠯ ᠤᠨ ᠰᠢᠨ᠎ᠡ ᠡᠨᠧᠷᠬᠢ ᠶᠢᠨ | ᠬᠡᠷᠡᠭᠯᠡᠯᠲᠡ ᠶᠢᠨ ᠳᠠᠯᠳᠠ ᠬᠦᠴᠦᠨ ᠢ ᠪᠠᠳᠠᠷᠠᠭᠤᠯᠤᠨ᠎ᠠ᠃ ᠷᠦᠨ ᠶᠠᠩ ᠤᠨ ᠠᠵᠤ ᠦᠢᠯᠡᠳᠪᠦᠷᠢ ᠶᠢᠨ ᠴᠠᠬᠢᠭᠤᠷ ᠤᠨ ᠲᠦᠷᠦᠯ ᠵᠦᠢᠯ ᠢ 2 ᠳ᠋ᠣᠭᠠᠷ ᠰᠠᠷ᠎ᠠ ᠳᠤ | ᠠᠰᠢᠭᠯᠠᠯᠲᠠ ᠳᠤ ᠣᠷᠣᠭᠤᠯᠬᠤ᠂ ᠣᠯᠠᠨ ᠲᠠᠯᠠᠰᠲᠤ ᠴᠠᠬᠢᠭᠤᠷ ᠤᠨ ᠲᠦᠷᠦᠯ ᠵᠦᠢᠯ ᠢ 6 ᠳ᠋ᠣᠭᠠᠷ ᠰᠠᠷ᠎ᠠ ᠳᠤ ᠠᠰᠢᠭᠯᠠᠯᠲᠠ ᠳᠤ ᠣᠷᠣᠭᠤᠯᠬᠤ᠂ ᠱᠧᠨ᠋ᠵᠧᠨ ᠤ | ᠡᠨᠧᠷᠬᠢ ᠶᠢᠨ ᠨᠠᠷᠠᠨ ᠡᠨᠧᠷᠬᠢ ᠪᠠᠷ ᠣᠰᠣᠳᠦ᠋ᠷᠦᠭᠴᠢ ᠦᠢᠯᠡᠳᠬᠦ ᠲᠦᠷᠦᠯ ᠵᠦᠢᠯ ᠢ 5 ᠳ᠋ᠣᠭᠠᠷ ᠰᠠᠷ᠎ᠠ ᠳᠤ ᠠᠰᠢᠭᠯᠠᠯᠲᠠ ᠳᠤ ᠣᠷᠣᠭᠤᠯᠬᠤ ᠶᠢ ᠠᠬᠢᠭᠤᠯᠤᠨ᠎ᠠ᠃ | ᠱᠧᠨᠵᠧᠨ ᠤ ᠡᠨᠧᠷᠬᠢ ᠶᠢᠨ ᠬᠤᠶᠠᠳᠣᠭᠠᠷ ᠬᠤᠭᠤᠴᠠᠭ᠎ᠠ᠂ ᠣᠯᠣᠰ ᠤᠨ ᠴᠠᠬᠢᠯᠭᠠᠨ ᠤ ᠷᠦᠨ ᠶᠠᠩ ᠤᠨ ᠬᠤᠶᠠᠳᠣᠭᠠᠷ ᠬᠤᠭᠤᠴᠠᠭ᠎ᠠ᠂ ᠳᠣᠮᠳᠠᠳᠣ ᠣᠯᠣᠰ ᠤᠨ | ᠴᠠᠬᠢᠯᠭᠠᠨ ᠤ ᠢᠨᠵᠧᠨᠧᠷᠢᠩ ᠤᠨ ᠰᠠᠯᠬᠢᠨ ᠬᠦᠴᠦ ᠨᠠᠷᠠᠨ ᠡᠨᠧᠷᠬᠢ ᠪᠠᠷ ᠣᠰᠣᠳᠦ᠋ᠷᠦᠭᠴᠢ ᠦᠢᠯᠡᠳᠬᠦ ᠶᠢ ᠴᠤᠭᠴᠠᠵᠢᠭᠤᠯᠬᠤ᠂ ᠣᠯᠣᠰ ᠤᠨ ᠡᠨᠧᠷᠬᠢ ᠶᠢᠨ | ᠪᠦᠯᠦᠭᠯᠡᠯ ᠤᠨ 200 ᠲᠦᠮᠡᠨ ᠳᠣᠨ CCUS ᠵᠡᠷᠭᠡ ᠲᠦᠷᠦᠯ ᠵᠦᠢᠯ ᠤᠨ ᠡᠮᠦᠨᠡᠬᠢ ᠬᠤᠭᠤᠴᠠᠭᠠᠨ ᠤ ᠭᠠᠷᠳᠠᠮ ᠢ ᠦᠳᠲᠡᠷ ᠬᠦᠢᠴᠡᠳᠬᠡᠵᠦ᠂ ᠡᠷᠲᠡᠬᠡᠨ | ᠪᠠᠷᠢᠯᠭ᠎ᠠ ᠡᠬᠢᠯᠡᠬᠦᠯᠬᠦ ᠪᠠᠷ ᠴᠢᠷᠮᠠᠶᠢᠨ᠎ᠠ᠃ ᠮᠠᠩᠬᠠᠲᠤ — ᠠᠯᠲᠠᠢ ᠬᠦᠷᠬᠦ ᠬᠤᠤᠰ ᠬᠦᠶᠦᠳᠡᠯ ᠤᠨ 500 ᠺᠢᠯᠣᠸᠤᠯᠲ᠂ ᠽᠠᠩ ᠶᠢᠨ ᠤ 220 ᠺᠢᠯᠣᠸᠣᠯᠲ | ᠴᠠᠬᠢᠯᠭᠠᠨ ᠬᠦᠴᠦᠳᠡᠯ ᠦᠬᠡᠷᠡᠴᠢᠯᠡᠬᠦ ᠢᠨᠵᠧᠨᠧᠷᠢᠩ ᠤᠨ ᠪᠠᠶᠢᠭᠤᠯᠤᠯᠲᠠ ᠶᠢ ᠲᠦᠷᠬᠡᠳᠬᠡᠵᠦ᠂ ᠴᠠᠬᠢᠯᠭᠠᠨ ᠲᠤᠤᠷ ᠤᠨ ᠪᠦᠷᠢᠯᠳᠦᠴᠡ ᠶᠢ ᠰᠢᠯᠢᠳᠡᠭᠵᠢᠬᠦᠯᠦᠨ | ᠲᠡᠬᠦᠯᠳᠡᠷᠵᠢᠬᠦᠯᠦᠨ᠎ᠡ᠃ ᠵᠢᠯ ᠤᠨ ᠲᠤᠲᠤᠷ᠎ᠠ ᠰᠢᠨ᠎ᠡ ᠡᠨᠧᠷᠬᠢ ᠶᠢᠨ ᠮᠠᠰᠢᠨ ᠴᠤᠭᠴᠠᠯᠠᠪᠤᠷᠢ ᠶᠢᠨ ᠪᠠᠭᠲᠠᠭᠠᠮᠵᠢ ᠶᠢ 6GW᠂ ᠲᠤᠬᠠᠢ ᠶᠢᠨ ᠭᠠᠵᠠᠷ ᠤᠨ ᠴᠠᠬᠢᠯᠭᠠᠨ | ᠤ ᠬᠡᠷᠡᠭᠯᠡᠯᠲᠡ ᠶᠢᠨ ᠬᠡᠮᠵᠢᠶ᠎ᠡ ᠶᠢ 20 ᠳ᠋ᠦᠩᠰᠢᠭᠤᠷ ᠭᠷᠠᠳᠦ᠋ᠰ ᠲᠤ ᠬᠦᠷᠬᠡᠬᠦ ᠪᠠᠷ ᠴᠢᠷᠮᠠᠶᠢᠨ᠎ᠠ᠃ | ᠬᠦᠷᠢᠶᠡᠯᠡᠩ ᠲᠤᠭᠤᠷᠢᠭ ᠤᠨ ᠠᠴᠢᠶᠠᠯᠠᠬᠤ ᠴᠢᠳᠠᠪᠤᠷᠢ ᠶᠢᠨ ᠳᠡᠭᠡᠭᠰᠢᠯᠡᠬᠦᠯᠦᠯᠲᠡ ᠶᠢ ᠠᠬᠢᠭᠤᠯᠤᠨ᠎ᠠ᠃ ᠱᠠᠩᠬᠠᠢ ᠶᠢᠨ ᠰᠦᠮ᠎ᠡ ᠠᠵᠤ ᠠᠬᠤᠢ ᠶᠢᠨ ᠨᠡᠭᠡᠭᠡᠯᠲᠡ | ᠶᠢᠨ ᠣᠷᠣᠨ ᠤ ᠰᠠᠭᠤᠷᠢ ᠳᠦᠬᠦᠬᠡᠷᠦᠮᠵᠢ ᠶᠢᠨ ᠴᠢᠨᠠᠷ ᠤᠨ ᠳᠡᠭᠡᠭᠰᠢᠯᠡᠬᠦᠯᠦᠯᠲᠡ ᠶᠢᠨ ᠠᠵᠢᠯᠯᠠᠭᠠᠨ ᠢ ᠬᠡᠷᠡᠭᠵᠢᠬᠦᠯᠵᠦ᠂ ᠣᠰᠣ᠂ ᠴᠠᠬᠢᠯᠭᠠᠨ᠂ ᠰᠢᠲᠠᠮᠠᠬᠠᠢ ᠬᠡᠢ᠂ | ᠵᠠᠮ ᠬᠠᠷᠢᠯᠴᠠᠭ᠎ᠠ᠂ ᠳᠣᠯᠠᠭᠠᠯᠠᠭ᠎ᠠ ᠶᠢᠨ ᠰᠠᠭᠤᠷᠢ ᠳᠦᠬᠦᠬᠡᠷᠦᠮᠵᠢ ᠪᠠ ᠰᠣᠷᠭᠠᠨ ᠬᠦᠮᠦᠵᠢᠯ ᠡᠮ ᠡᠮᠨᠡᠯᠭᠡ ᠶᠢᠨ ᠣᠯᠠᠨ ᠨᠠᠶᠢᠲᠠ ᠶᠢᠨ ᠦᠢᠯᠡᠴᠢᠯᠡᠬᠡᠨ ᠤ ᠬᠠᠩᠭᠠᠯᠭ᠎ᠠ | ᠶᠢ ᠰᠢᠯᠢᠳᠡᠭᠵᠢᠬᠦᠯᠦᠨ᠂ ᠬᠦᠷᠢᠶᠡᠯᠡᠩ ᠲᠤᠭᠤᠷᠢᠭ ᠤᠨ ᠣᠯᠠᠨ ᠨᠠᠶᠢᠲᠠ ᠶᠢᠨ ᠭᠤᠳᠣᠮ ᠬᠤᠭᠤᠯᠠᠢ᠂ ᠪᠤᠬᠢᠷ ᠣᠰᠣᠨ ᠤ ᠰᠢᠢᠳᠪᠦᠷᠢᠯᠡᠯᠲᠡ᠂ ᠬᠠᠲᠠᠭᠤ ᠪᠡᠶᠡᠲᠦ | ᠬᠠᠶᠠᠭᠳᠠᠮᠠᠯ ᠪᠤᠳᠠᠰ ᠤᠨ ᠰᠢᠢᠳᠪᠦᠷᠢᠯᠡᠯᠲᠡ ᠶᠢᠨ ᠢᠵᠢ ᠪᠦᠷᠢᠳᠦᠭᠰᠡᠨ ᠦᠢᠯᠡᠴᠢᠯᠡᠬᠡᠨ ᠤ ᠴᠢᠳᠠᠮᠵᠢ ᠶᠢ ᠳᠡᠬᠦᠯᠳᠡᠷᠵᠢᠬᠦᠯᠵᠦ᠂ ᠬᠦᠷᠢᠶᠡᠯᠡᠩ ᠲᠤᠭᠤᠷᠢᠭ ᠤᠨ | ᠠᠴᠢᠶᠠᠯᠠᠬᠤ ᠴᠢᠳᠠᠪᠤᠷᠢ ᠪᠠ ᠣᠷᠣᠰᠢᠨ ᠰᠠᠭᠤᠬᠤ ᠦᠢᠯᠡᠰ ᠪᠤᠰᠬᠠᠬᠤ ᠳᠤ ᠳᠣᠬᠢᠷᠠᠮᠵᠢᠲᠠᠢ ᠣᠷᠴᠢᠨ ᠠᠬᠤᠢ ᠶᠢ ᠪᠦᠬᠦ ᠲᠠᠯ᠎ᠠ ᠪᠠᠷ ᠳᠡᠭᠡᠭᠰᠢᠯᠡᠬᠦᠯᠦᠨ᠂ | ᠬᠤᠳᠠᠯᠳᠣᠭᠠᠴᠢᠨ ᠣᠷᠢᠵᠦ ᠪᠡᠯᠡ ᠲᠠᠲᠠᠬᠤ᠂ ᠲᠦᠷᠦᠯ ᠵᠦᠢᠯ ᠤᠨ ᠪᠠᠶᠢᠭᠤᠯᠤᠯᠲᠠ᠂ ᠠᠵᠤ ᠦᠢᠯᠡᠰ ᠤᠨ ᠬᠦᠭᠵᠢᠯᠲᠡ ᠳᠤ ᠣᠬᠢ ᠰᠠᠶᠢᠨ ᠨᠦᠬᠦᠴᠡᠯ | ᠪᠦᠷᠢᠯᠳᠤᠬᠦᠯᠤᠨ᠎ᠠ᠃ 2025 ᠣᠨ ᠤ ᠨᠡᠬᠡᠬᠡᠯᠳᠠ ᠶᠢᠨ ᠤᠷᠤᠨ ᠤ ᠦᠢᠯᠡᠳᠬᠦᠨ ᠤ ᠦᠷᠲᠡᠭ ᠢ 450 ᠳ᠋ᠦᠩᠰᠢᠭᠤᠷ ᠲᠦᠬᠦᠷᠢᠭ ᠠᠴᠠ ᠳᠠᠪᠠᠭᠤᠯᠤᠨ᠎ᠠ᠃ | ︵ᠭᠤᠷᠪᠠ︶ ᠦᠨᠳᠦᠰᠦ ᠪᠠᠨ ᠪᠠᠬᠢᠵᠢᠬᠦᠯᠦᠨ ᠰᠠᠭᠤᠷᠢ ᠪᠠᠨ ᠴᠢᠩᠭᠠᠳᠬᠠᠬᠤ ᠶᠢ ᠴᠢᠩᠭ᠎ᠠ ᠠᠳᠬᠤᠵᠤ᠂ ᠬᠦᠳᠡᠭᠡ ᠲᠤᠰᠬᠤᠨ ᠤ ᠬᠦᠭᠵᠢᠯ ᠮᠠᠨᠳᠣᠯ ᠢ | ᠯᠠᠪᠳᠠᠭᠤᠨ ᠪᠠᠲᠤᠲᠠᠢ ᠠᠬᠢᠭᠤᠯᠤᠨ᠎ᠠ᠃ ᠲᠦᠪ ᠤᠨ ᠬᠦᠳᠡᠭᠡ ᠳᠤᠰᠬᠤᠨ ᠤ ᠠᠵᠢᠯ ᠤᠨ ᠬᠤᠷᠠᠯ ᠤᠨ ᠵᠤᠷᠢᠭ ᠰᠠᠨᠠᠭ᠎ᠠ ᠶᠢ ᠬᠦᠨᠵᠡᠬᠡᠢ ᠲᠤᠤᠱᠯᠠᠭᠤᠯᠤᠨ | ᠨᠠᠶᠢᠲᠠᠪᠤᠷᠢᠵᠢᠭᠤᠯᠵᠤ᠂ ︽ᠮᠢᠩᠭ᠎ᠠ ᠲᠦᠮᠡ ᠶᠢᠨ ᠢᠨᠵᠧᠨᠧᠷᠢᠩ︾ ᠤᠨ ᠲᠤᠷᠰᠢᠯᠭ᠎ᠠ ᠶᠢ ᠰᠣᠷᠣᠯᠴᠠᠵᠤ ᠠᠰᠢᠭᠯᠠᠨ᠂ ᠮᠠᠯ ᠲᠠᠷᠢᠶᠠᠯᠠᠩ ᠤᠨ ᠦᠢᠯᠡᠰ ᠤᠨ ︽ᠠᠷᠪᠠ | ᠵᠠᠭᠤ ᠮᠢᠩᠭ᠎ᠠ ᠲᠦᠮᠡ ᠳ᠋ᠦᠩᠰᠢᠭᠤᠷ︾ ᠢᠨᠵᠧᠨᠧᠷᠢᠩ ᠤᠨ ᠴᠢᠨᠠᠷ ᠪᠦᠲᠦᠮᠵᠢ ᠶᠢ ᠬᠦᠨᠵᠡᠬᠡᠶᠢᠷᠡᠬᠦᠯᠵᠦ᠂ ᠣᠷᠣᠰᠢᠨ ᠰᠠᠭᠤᠷᠢᠰᠢᠬᠤ ᠦᠢᠯᠡᠰ ᠪᠤᠰᠬᠠᠬᠤ ᠳᠤ | ᠳᠣᠬᠢᠷᠠᠮᠵᠢᠲᠠᠢ ᠭᠤᠶᠢᠲᠠ ᠦᠵᠡᠰᠬᠦᠯᠡᠩᠲᠦ ᠬᠦᠳᠡᠭᠡ ᠲᠤᠰᠬᠤᠨ ᠢ ᠴᠤᠭᠴᠠᠯᠠᠨ᠎ᠠ᠃ | ᠣᠨᠠᠯᠲᠠ ᠶᠢ ᠲᠤᠭᠲᠠᠪᠤᠷᠢᠵᠢᠭᠤᠯᠤᠨ ᠬᠠᠩᠭᠠᠯᠭ᠎ᠠ ᠶᠢ ᠨᠡᠮᠡᠭᠳᠡᠬᠦᠯᠬᠦ ᠶᠢ ᠰᠠᠶᠢᠲᠤᠷ ᠠᠳᠬᠤᠨ᠎ᠠ᠃ 5000 ᠲᠦᠮᠡᠨ ᠲᠦᠬᠦᠷᠢᠭ ᠤᠨ ᠮᠠᠯ ᠲᠠᠷᠢᠶᠠᠯᠠᠩ ᠤᠨ | ᠦᠢᠯᠡᠰ ᠤᠨ ᠴᠢᠨᠠᠷᠯᠢᠭ ᠬᠦᠭᠵᠢᠯᠲᠡ ᠶᠢᠨ ᠳᠡᠮᠵᠢᠯᠬᠡ ᠶᠢᠨ ᠪᠡᠯᠡ ᠮᠦᠩᠭᠦ ᠶᠢ ᠦᠷᠬᠦᠯᠵᠢᠯᠡᠨ ᠲᠦᠬᠦᠷᠴᠢᠯᠡᠵᠦ᠂ 3.5 ᠲᠦᠮᠡᠨ ᠮᠣ᠋ ᠦᠨᠳᠦᠷ ᠪᠠᠷᠢᠮᠵᠢᠶᠠᠲᠤ | ᠲᠠᠷᠢᠶᠠᠨ ᠭᠠᠵᠠᠷ ᠢ ᠪᠠᠶᠢᠭᠤᠯᠤᠨ᠂ 10 ᠲᠦᠮᠡᠨ ᠮᠣ᠋ ᠵᠢᠮᠢᠰ ᠢᠳᠡᠰᠢᠨ ᠨᠣᠭᠤᠭ᠎ᠠ ᠶᠢᠨ ᠲᠠᠷᠢᠯᠲᠠ ᠶᠢ ᠬᠦᠭᠵᠢᠬᠦᠯᠵᠦ᠂ 10 ᠲᠦᠮᠡᠨ ᠮᠣ᠋ ᠡᠷᠳᠡᠨᠢ ᠰᠢᠰᠢ ᠶᠢᠨ | ᠣᠨᠠᠯᠲᠠ ᠶᠢᠨ ᠳᠡᠭᠡᠭᠰᠢᠯᠡᠬᠦᠯᠦᠯᠲᠡ᠂ 2.5 ᠲᠦᠮᠡᠨ ᠮᠣ᠋ ᠭᠠᠵᠠᠷ ᠰᠢᠷᠤᠢ ᠶᠢ ᠨᠠᠶᠢᠲᠠᠨ ᠬᠠᠮᠢᠶᠠᠷᠤᠭᠤᠯᠬᠤ ᠲᠦᠷᠦᠯ ᠵᠦᠢᠯ ᠢ ᠬᠡᠷᠡᠭᠵᠢᠬᠦᠯᠦᠨ᠂ ᠠᠮᠣ ᠪᠣᠳᠠᠭᠠᠨ ᠤ | ᠲᠠᠯᠠᠪᠠᠢ ᠶᠢ 40 ᠲᠦᠮᠡᠨ ᠮᠣ᠋ ᠳᠤ ᠲᠤᠭᠲᠠᠪᠤᠷᠢᠵᠢᠭᠤᠯᠵᠤ᠂ ᠣᠰᠣ ᠠᠷᠪᠢᠯᠠᠬᠤ ᠣᠰᠣᠯᠠᠯᠲᠠ ᠶᠢᠨ ᠲᠠᠯᠠᠪᠠᠢ ᠶᠢ 81 ᠲᠦᠮᠡᠨ ᠮᠤ᠋ ᠠᠴᠠ ᠳᠠᠪᠠᠭᠤᠯᠤᠨ᠎ᠠ᠃ | ᠠᠯᠠᠰᠢᠨ ᠮᠠᠯ ᠪᠠ ᠨᠣᠣᠯᠣᠭᠤᠷ ᠤᠨ ᠢᠮᠠᠭᠠᠨ ᠤ ᠡᠬᠦᠯᠳᠡᠷ ᠪᠤᠶᠢᠵᠢᠭᠤᠯᠬᠤ ᠳᠠᠯᠠᠪᠠᠢ ᠶᠢ ᠪᠠᠶᠢᠭᠤᠯᠤᠨ᠂ ᠮᠠᠯ ᠤᠨ ᠲᠤᠭ᠎ᠠ ᠶᠢ 230 ᠲᠦᠮᠡᠨ ᠲᠤᠯᠤᠭᠠᠢ ᠠᠴᠠ | ᠳᠠᠪᠠᠭᠤᠯᠵᠤ᠂ ᠪᠣᠷᠣᠯᠠᠭᠤᠯᠤᠯᠲᠠ ᠶᠢᠨ ᠬᠡᠮᠵᠢᠶ᠎ᠡ ᠶᠢ 134 ᠲᠦᠮᠡᠨ ᠲᠤᠯᠤᠭᠠᠢ ᠠᠴᠠ ᠳᠠᠪᠠᠭᠤᠯᠤᠨ᠎ᠠ᠃ ᠮᠠᠯ ᠲᠠᠷᠢᠶᠠᠯᠠᠩ ᠢ ᠬᠦᠴᠦᠷᠬᠡᠭᠵᠢᠬᠦᠯᠦᠨ ᠮᠠᠯᠴᠢᠨ | ᠲᠠᠷᠢᠶᠠᠴᠢᠳ ᠲᠤ ᠠᠰᠢᠭ ᠬᠦᠷᠲᠡᠬᠡᠬᠦ ᠨᠦᠬᠦᠪᠦᠷᠢ ᠶᠢ ᠪᠦᠷᠢᠨ ᠣᠯᠭᠤᠨ᠂ ᠮᠠᠯᠴᠢᠨ ᠲᠠᠷᠢᠶᠠᠴᠢᠳ ᠤᠨ ᠬᠦᠷᠦᠩᠭᠡ ᠶᠢᠨ ᠴᠢᠨᠠᠷᠲᠠᠢ ᠰᠢᠯᠵᠢᠬᠦᠯᠦᠯᠲᠡ ᠶᠢᠨ ᠴᠢᠨᠠᠷᠲᠠᠢ | ᠣᠷᠣᠯᠭ᠎ᠠ ᠶᠢ ᠦᠷᠬᠦᠯᠵᠢᠯᠡᠨ ᠳᠡᠭᠡᠭᠰᠢᠯᠡᠬᠦᠯᠦᠨ᠎ᠡ᠃ | ᠠᠵᠤ ᠠᠬᠤᠶᠢᠯᠠᠯ ᠢ ᠪᠤᠶᠢᠵᠢᠭᠤᠯᠤᠨ ᠬᠡᠯᠬᠢᠶᠡᠵᠢᠯ ᠢ ᠣᠷᠲᠣᠳᠬᠠᠬᠤ ᠶᠢ ᠰᠠᠶᠢᠲᠤᠷ ᠠᠳᠬᠤᠨ᠎ᠠ᠃ ᠣᠶᠣᠨᠴᠢ ᠲᠠᠷᠢᠶᠠᠯᠠᠩ ᠤᠨ ᠦᠢᠯᠡᠰ ᠤᠨ ᠰᠣᠳᠣᠯᠭᠠᠨ ᠤ | ᠲᠦᠪ᠂ ᠣᠶᠣᠨᠴᠢ ᠲᠠᠷᠢᠶᠠᠯᠠᠩ ᠤᠨ ᠦᠢᠯᠡᠰ ᠤᠨ ᠵᠢᠱᠢᠶ᠎ᠡ ᠦᠵᠡᠬᠦᠯᠬᠦ ᠰᠠᠭᠤᠷᠢᠨ ᠢ ᠴᠤᠭᠴᠠᠯᠠᠵᠤ᠂ 4 ᠠᠵᠤ ᠦᠢᠯᠡᠰ ᠤᠨ ᠬᠦᠴᠦᠷᠬᠡᠭ ᠪᠠᠯᠭᠠᠰᠣ᠂ 5 ᠠᠵᠤ | ᠦᠢᠯᠡᠰ ᠤᠨ ᠬᠦᠷᠢᠶᠡᠯᠡᠩ ᠢ ᠪᠠᠶᠢᠭᠤᠯᠤᠨ᠂ ᠲᠤᠭᠠᠴᠠᠯᠠᠭᠰᠠᠨ ᠡᠵᠡᠮᠰᠢᠯ ᠤᠨ ᠬᠦᠯᠡᠮᠵᠢ᠂ ᠣᠶᠣᠨᠴᠢᠯᠠᠭᠰᠠᠨ ᠬᠦᠯᠡᠮᠵᠢ ᠵᠡᠷᠭᠡ ᠮᠠᠯ ᠲᠠᠷᠢᠶᠠᠯᠠᠩ ᠤᠨ ᠦᠢᠯᠡᠰ ᠤᠨ | ᠳᠦᠬᠦᠬᠡᠷᠦᠮᠵᠢ ᠶᠢ ᠬᠦᠭᠵᠢᠬᠦᠯᠵᠦ᠂ ᠡᠷᠳᠡᠨᠢ ᠰᠢᠰᠢ᠂ ᠯᠠᠵᠤᠤ᠂ ᠠᠯᠠᠰᠢᠨ ᠮᠠᠯ ᠤᠨ ᠲᠤᠭᠠᠴᠠᠯᠠᠭᠰᠠᠨ ᠬᠠᠮᠢᠶᠠᠷᠤᠯᠲᠠ ᠶᠢᠨ ᠰᠢᠰᠲ᠋ᠧᠮ ᠢ ᠪᠠᠶᠢᠭᠤᠯᠤᠨ᠂ ᠡᠾᠧᠩ ᠺᠧ᠂ | ᠶᠢᠨ ᠨᠢᠦ᠂ ᠷᠧᠨ ᠷᠧᠨ ᠢ ᠵᠡᠷᠭᠡ ᠲᠤᠯᠤᠭᠠᠶᠢᠯᠠᠭᠴᠢ ᠠᠵᠤ ᠠᠬᠤᠶᠢᠯᠠᠯ ᠤᠨ ᠬᠦᠭᠵᠢᠨ ᠪᠤᠵᠠᠭᠠᠶᠢᠷᠠᠬᠤ ᠶᠢ ᠳᠡᠮᠵᠢᠵᠦ᠂ ᠮᠠᠯ ᠲᠠᠷᠢᠶᠠᠯᠠᠩ ᠤᠨ ᠦᠢᠯᠡᠰ ᠤᠨ | ᠦᠢᠯᠡᠳᠪᠦᠷᠢᠯᠡᠯ ᠡᠳ᠋ᠰᠢᠬᠦᠯᠦᠯᠲᠡ ᠪᠠ ᠪᠤᠷᠤᠯᠠᠭᠤᠯᠭ᠎ᠠ ᠶᠢᠨ ᠴᠢᠳᠠᠪᠤᠷᠢ ᠶᠢ ᠳᠡᠭᠡᠭᠰᠢᠯᠡᠬᠦᠯᠦᠨ᠎ᠡ᠃ ᠦᠨᠳᠦᠷ ᠪᠠᠷᠢᠮᠵᠢᠶᠠᠲᠤ ᠡᠪᠡᠰᠦᠨ ᠤ ᠤᠶᠢᠯᠡᠰ ᠤᠨ ᠬᠦᠷᠢᠶᠡᠯᠡᠩ | ᠲᠤᠭᠤᠷᠢᠭ᠂ ᠶᠢᠨ ᠨᠢᠦ ᠨᠣᠣᠯᠣᠭᠤᠷ ᠤᠨ ᠦᠢᠯᠡᠳᠪᠦᠷᠢ ᠶᠢᠨ ᠬᠤᠶᠠᠳᠣᠭᠠᠷ ᠬᠤᠭᠤᠴᠠᠭ᠎ᠠ᠂ ᠪᠤᠷᠤᠪᠠᠯᠭᠠᠰᠣ ᠶᠢᠨ ᠸᠧᠢ ᠨᠦᠩ ᠦᠢᠯᠡᠴᠢᠯᠡᠬᠡᠨ ᠤ ᠲᠦᠪ᠂ ᠳᠠᠬᠢᠯᠲᠤ | ᠳᠤ ᠬᠢ ᠠᠮᠢᠳᠣ ᠮᠠᠯ ᠤᠨ ᠠᠷᠠᠯᠵᠢᠶᠠᠨ ᠤ ᠵᠠᠬ᠎ᠠ ᠳᠡᠯᠬᠡᠬᠦᠷ ᠤᠨ ᠳᠡᠭᠡᠭᠰᠢᠯᠡᠬᠦᠯᠦᠯᠲᠡ ᠦᠬᠡᠷᠡᠴᠢᠯᠡᠯᠲᠡ ᠵᠡᠷᠭᠡ ᠭᠤᠤᠯᠳᠠᠯᠭᠠᠲᠤ ᠲᠦᠷᠦᠯ ᠵᠦᠢᠯ ᠢ ᠬᠡᠷᠡᠭᠵᠢᠬᠦᠯᠵᠦ᠂ | ᠴᠢᠶᠠᠩ ᠶᠢᠩ᠂ ᠴᠦᠨ ᠮᠣ᠋ ᠶᠣᠸᠡᠨ ᠵᠡᠷᠭᠡ ᠣᠯᠣᠰ ᠤᠨ ᠳᠡᠰ ᠤᠨ ᠲᠠᠷᠢᠶᠠᠯᠠᠩ ᠤᠨ ᠦᠢᠯᠡᠰ ᠤᠨ ᠳᠤᠯᠤᠭᠠᠶᠢᠯᠠᠭᠴᠢ ᠠᠵᠤ ᠠᠬᠤᠶᠢᠯᠠᠯ ᠢ ᠣᠷᠣᠭᠤᠯᠵᠣ ᠠᠪᠴᠢᠷᠠᠨ᠂ | ᠠᠵᠤ ᠠᠬᠤᠶᠢᠯᠠᠯ ᠠᠴᠠ ᠮᠠᠯᠴᠢᠨ ᠲᠠᠷᠢᠶᠠᠴᠢᠨ ᠢ ᠬᠠᠪᠰᠣᠷᠣᠨ ᠳᠡᠳᠬᠦᠬᠦ ᠠᠰᠢᠭ ᠲᠤᠰᠠ ᠶᠢᠨ ᠬᠤᠯᠪᠤᠭᠠᠲᠤ ᠲᠤᠭᠲᠠᠴᠠ ᠶᠢ ᠪᠠᠶᠢᠭᠤᠯᠵᠤ᠂ ᠪᠦᠬᠦᠶᠢᠯᠡ ᠭᠠᠴᠠᠭ᠎ᠠ | ᠳᠤᠰᠬᠤᠨ ᠪᠤᠯᠭᠠᠨ ᠤ ᠬᠠᠮᠳᠤ ᠶᠢᠨ ᠠᠵᠤ ᠠᠬᠤᠢ ᠶᠢᠨ ᠤᠷᠤᠯᠭ᠎ᠠ ᠶᠢ 30 ᠲᠦᠮᠡᠨ ᠲᠦᠬᠦᠷᠢᠭ ᠲᠤ ᠬᠦᠷᠬᠡᠬᠦ ᠪᠠᠷ ᠴᠢᠷᠮᠠᠶᠢᠨ᠂ ᠮᠠᠯᠴᠢᠨ ᠳᠠᠷᠢᠶᠠᠴᠢᠤᠨ ᠤᠨ | ᠤᠷᠤᠯᠭ᠎ᠠ ᠶᠢᠨ ᠨᠡᠮᠡᠭᠳᠡᠯ᠂ ᠪᠠᠶᠠᠵᠢᠬᠤ ᠢᠳᠡᠬᠡᠯ ᠢ ᠠᠷᠭ᠎ᠠ ᠰᠦᠪᠡᠭᠴᠢᠯᠡᠨ ᠳᠡᠬᠡᠭᠰᠢᠯᠡᠬᠦᠯᠤᠨ᠎ᠠ᠃ | ᠶᠠᠰᠣ ᠴᠢᠨᠠᠷ ᠤᠨ ᠳᠡᠭᠡᠭᠰᠢᠯᠡᠬᠦᠯᠦᠯᠲᠡ ᠶᠢ ᠰᠠᠶᠢᠲᠤᠷ ᠠᠳᠬᠤᠨ᠎ᠠ᠃ ᠣᠲᠤᠭ ᠤᠨ ᠡᠮᠦᠨᠡᠲᠦ ᠬᠤᠰᠢᠭᠤᠨ ᠤ ᠮᠠᠯ ᠤᠨ ᠮᠢᠬ᠎ᠠ᠂ ᠶᠡᠭᠡ ᠲᠤᠬᠤᠢ ᠶᠢᠨ ᠵᠢᠭᠠᠰᠣ | ᠵᠡᠷᠭᠡ ᠨᠡᠷ᠎ᠡ ᠲᠡᠮᠲᠡᠭ ᠤᠨ ᠠᠯᠳᠠᠷᠰᠢᠯ ᠪᠠ ᠨᠦᠯᠦᠬᠡᠯᠡᠬᠦ ᠬᠦᠴᠦᠨ ᠢ ᠦᠷᠬᠦᠯᠵᠢᠯᠡᠨ ᠦᠷᠬᠡᠳᠬᠡᠵᠦ᠂ ᠣᠲᠤᠭ ᠤᠨ ᠡᠮᠦᠨᠡᠲᠦ ᠬᠤᠰᠢᠭᠤᠨ ᠤ ᠣᠨᠴᠠᠯᠢᠭᠲᠤ ᠠᠯᠠᠰᠢᠨ | ᠦᠬᠡᠷ ᠤᠨ ᠨᠡᠷ᠎ᠡ ᠲᠡᠮᠲᠡᠭ ᠢ ᠲᠦᠬᠡᠮᠡᠯᠵᠢᠬᠦᠯᠦᠨ᠂ 2 ᠨᠡᠷᠡᠲᠦ ᠤᠨᠴᠠ ᠰᠢᠯᠢᠳᠡᠭ ᠰᠢᠨ᠎ᠡ ᠮᠠᠯ ᠲᠠᠷᠢᠶᠠᠯᠠᠩ ᠤᠨ ᠪᠦᠲᠦᠬᠡᠭᠳᠡᠬᠦᠨ ᠢ ᠬᠡᠷᠡᠴᠢᠯᠡᠬᠦᠯᠵᠦ᠂ ᠪᠦᠬᠦ ᠣᠯᠣᠰ | ᠤᠨ ᠶᠡᠭᠡ ᠳᠣᠮᠳᠠ ᠬᠤᠲᠠ ᠳᠤ 10 ᠪᠡᠶᠡᠴᠢᠯᠡᠨ ᠣᠶᠢᠯᠠᠭᠠᠬᠤ ᠳᠡᠯᠬᠡᠬᠦᠷ ᠢ ᠪᠠᠶᠢᠭᠤᠯᠤᠨ᠂ ᠳᠣᠮᠳᠠ ᠳᠡᠭᠡᠳᠦ ᠲᠡᠰ ᠤᠨ ᠵᠠᠬ᠎ᠠ ᠳᠡᠯᠬᠡᠬᠦᠷ ᠲᠤ ᠬᠠᠨᠳᠣᠭᠤᠯᠣᠭᠰᠠᠨ | ᠮᠠᠯ ᠲᠠᠷᠢᠶᠠᠯᠠᠩ ᠤᠨ ᠰᠢᠨ᠎ᠡ ᠪᠦᠲᠦᠬᠡᠭᠳᠡᠬᠦᠨ ᠢ ᠡᠭᠦᠳᠴᠦ᠂ ᠮᠠᠯ ᠲᠠᠷᠢᠶᠠᠯᠠᠩ ᠤᠨ ᠠᠵᠤ ᠦᠢᠯᠡᠰ ᠤᠨ ᠬᠦᠭᠵᠢᠯᠲᠡ ᠶᠢᠨ ᠠᠮᠢᠵᠢᠷᠠᠯ ᠤᠨ ᠬᠦᠴᠦᠨ ᠢ ᠲᠠᠰᠣᠷᠠᠯᠲᠠ | ᠦᠬᠡᠢ ᠪᠠᠳᠠᠷᠠᠭᠤᠯᠤᠨ᠎ᠠ᠃ ᠰᠠᠭᠤᠷᠢ ᠳᠦᠬᠦᠬᠡᠷᠦᠮᠵᠢ ᠶᠢ ᠮᠠᠯᠵᠢᠬᠤ ᠲᠠᠷᠢᠶᠠᠯᠠᠬᠤ ᠣᠷᠣᠨ ᠳᠡᠶᠢᠰᠢ ᠬᠦᠨᠵᠡᠬᠡᠶᠢᠷᠡᠬᠦᠯᠬᠦ ᠶᠢ ᠠᠬᠢᠭᠤᠯᠤᠨ᠂ ᠨᠤᠲᠤᠭ ᠤᠨ ᠪᠤᠯᠪᠠᠰᠣᠨ | ᠰᠣᠷᠲᠠᠯ ᠤᠨ ᠪᠠᠶᠢᠭᠤᠯᠤᠯᠲᠠ ᠶᠢᠨ ᠢᠨᠵᠧᠨᠧᠷᠢᠩ ᠢ ᠬᠡᠷᠡᠭᠵᠢᠬᠦᠯᠵᠤ᠂ 10 ᠣᠷᠣᠰᠢᠨ ᠰᠠᠭᠤᠷᠢᠰᠢᠬᠤ ᠣᠷᠴᠢᠨ ᠠᠬᠤᠢ ᠶᠢᠨ ᠳᠠᠭᠤᠷᠢᠶᠠᠯ ᠭᠠᠴᠠᠭ᠎ᠠ ᠲᠤᠰᠬᠤᠨ ᠢ | ᠪᠠᠶᠢᠭᠤᠯᠤᠨ᠂ ᠮᠠᠯᠵᠢᠬᠤ ᠳᠠᠷᠢᠶᠠᠯᠠᠬᠤ ᠤᠷᠤᠨ ᠤ ᠠᠬᠤᠢ ᠤᠷᠴᠢᠨ ᠢ ᠦᠷᠬᠦᠯᠵᠢᠯᠡᠨ ᠰᠠᠶᠢᠵᠢᠷᠠᠭᠤᠯᠤᠨ᠎ᠠ᠃ | ︵ᠳᠦᠷᠪᠡ︶ ᠳᠠᠯᠳᠠ ᠬᠦᠴᠦᠨ ᠢ ᠠᠭᠤᠲᠠᠯᠠᠨ ᠴᠢᠳᠠᠮᠵᠢ ᠶᠢ ᠦᠷᠬᠡᠳᠬᠡᠬᠦ ᠶᠢ ᠴᠢᠬᠤᠯᠠᠴᠢᠯᠠᠵᠤ᠂ ᠦᠢᠯᠡᠴᠢᠯᠡᠬᠡᠨ ᠤ ᠦᠢᠯᠡᠰ ᠤᠨ ᠳᠡᠰ ᠳᠡᠪᠰᠢᠯᠲᠡ ᠶᠢ | ᠠᠬᠢᠭᠤᠯᠤᠨ᠎ᠠ᠃ ᠰᠣᠶᠣᠯ ᠢᠶᠠᠷ ᠵᠢᠭᠤᠯᠴᠢᠯᠠᠯ ᠢ ᠠᠬᠢᠭᠤᠯᠬᠤ᠂ ᠵᠢᠭᠤᠯᠴᠢᠯᠠᠯ ᠢᠶᠠᠷ ᠰᠣᠶᠣᠯ ᠢ ᠢᠯᠡᠷᠡᠬᠦᠯᠬᠦ ᠶᠢ ᠪᠠᠷᠢᠮᠲᠠᠯᠠᠵᠤ᠂ ᠬᠤᠪᠢᠰᠬᠠᠯᠲᠤ ᠬᠦᠮᠦᠵᠢᠯ ᠤᠨ | ᠰᠣᠷᠣᠯᠴᠠᠯᠭ᠎ᠠ᠂ ᠲᠠᠯ᠎ᠠ ᠨᠣᠲᠤᠭ ᠤᠨ ᠠᠯᠠᠭᠠᠳᠠᠬᠤ ᠪᠦᠮᠪᠦᠭᠡ ᠳᠤ ᠳᠦᠰᠢᠭᠯᠡᠨ᠂ ᠰᠣᠶᠣᠯ ᠵᠢᠭᠤᠯᠴᠢᠯᠠᠯ ᠤᠨ ᠲᠦᠷᠦᠯ ᠵᠦᠢᠯ ᠤᠨ ᠪᠠᠶᠢᠭᠤᠯᠤᠯᠲᠠ᠂ ᠰᠢᠨ᠎ᠡ | ᠡᠵᠡᠩᠨᠡᠯᠲᠡ ᠶᠢᠨ ᠬᠡᠯᠪᠡᠷᠢ ᠶᠢᠨ ᠪᠤᠶᠢᠵᠢᠭᠤᠯᠤᠯᠲᠠ᠂ ᠬᠡᠷᠡᠭᠯᠡᠬᠡᠨ ᠤ ᠨᠡᠮᠡᠭᠳᠡᠯ ᠵᠡᠷᠭᠡ ᠲᠠᠯ᠎ᠠ ᠪᠠᠷ ᠰᠢᠪᠲᠤᠯᠬᠤ ᠪᠠᠷ ᠬᠦᠴᠦᠯᠡᠨ᠎ᠡ᠃ | ᠠᠯᠳᠠᠷᠰᠢᠯ ᠠᠵᠤ ᠠᠬᠤᠢ ᠶᠢᠨ ᠪᠠᠷᠢᠮᠵᠢᠶ᠎ᠠ ᠶᠢ ᠳᠡᠭᠡᠭᠰᠢᠯᠡᠬᠦᠯᠦᠨ ᠠᠬᠢᠭᠤᠯᠤᠨ᠎ᠠ᠃ ᠲᠠᠯ᠎ᠠ ᠨᠣᠲᠤᠭ ᠤᠨ ᠠᠯᠠᠭᠠᠳᠠᠬᠤ ᠪᠦᠮᠪᠦᠭᠡ ᠶᠢᠨ ᠣᠷᠣᠯᠳᠣᠭᠠᠨ ᠤ | ᠬᠡᠪᠴᠢᠶᠡᠵᠢᠯ ᠢ ᠳᠡᠭᠡᠭᠰᠢᠯᠡᠬᠦᠯᠵᠦ᠂ ᠲᠠᠯ᠎ᠠ ᠨᠣᠲᠤᠭ ᠤᠨ ᠠᠯᠠᠭᠠᠳᠠᠬᠤ ᠪᠦᠮᠪᠦᠭᠡ ᠶᠢᠨ ᠵᠠᠳᠠᠭᠠᠢ ᠭᠤᠤᠯ ᠲᠠᠯᠠᠪᠤᠷ ᠪᠠ ᠣᠶᠣᠨᠴᠢᠯᠠᠭᠰᠠᠨ ᠲᠠᠮᠢᠷ ᠤᠨ ᠴᠡᠴᠡᠷᠯᠢᠭ ᠢ | ᠪᠠᠶᠢᠭᠤᠯᠤᠨ᠂ ᠣᠯᠣᠰ ᠤᠨ ᠲᠡᠰ ᠤᠨ ᠠᠯᠠᠭᠠᠳᠠᠬᠤ ᠪᠦᠮᠪᠦᠭᠡ ᠶᠢᠨ ᠪᠤᠯᠪᠠᠰᠣᠷᠠᠯ ᠤᠨ ᠰᠠᠭᠤᠷᠢᠨ ᠢ ᠭᠤᠶᠤᠴᠢᠯᠠᠨ ᠮᠡᠳᠡᠬᠦᠯᠵᠦ᠂ ᠣᠷᠣᠯᠳᠣᠭᠠᠨ ᠤ ᠪᠡᠶ᠎ᠡ ᠶᠢᠨ ᠲᠠᠮᠢᠷ᠂ | ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠰᠠᠭᠤᠷᠢ ᠳᠦᠬᠦᠬᠡᠷᠦᠮᠵᠢ ᠶᠢ ᠲᠡᠬᠦᠯᠳᠡᠷᠵᠢᠬᠦᠯᠦᠨ᠂ ᠣᠷᠣᠯᠳᠣᠭᠠᠨ ᠤ ᠠᠴᠢᠶᠠᠯᠠᠪᠤᠷᠢ ᠶᠢᠨ ᠴᠢᠳᠠᠪᠤᠷᠢ ᠶᠢ ᠦᠨᠡᠨ ᠬᠦ | ᠳᠡᠭᠡᠭᠰᠢᠯᠡᠬᠦᠯᠦᠨ᠎ᠡ᠃ ᠣᠷᠣᠯᠳᠣᠭᠠᠨ ᠤ ᠰᠢᠷᠢᠰ ᠠᠵᠢᠯᠯᠠᠭᠠᠨ ᠢ ᠪᠠᠶᠢᠩᠭᠤᠵᠢᠭᠤᠯᠤᠨ ᠦᠷᠨᠢᠬᠦᠯᠵᠦ᠂ ᠪᠦᠬᠦ ᠣᠯᠣᠰ ᠤᠨ ᠴᠢᠨᠠᠷᠲᠠᠢ ᠠᠯᠠᠭᠠᠳᠠᠬᠤ ᠪᠦᠮᠪᠦᠭᠡ ᠶᠢᠨ | ᠣᠷᠢᠯᠭ᠎ᠠ ᠶᠢᠨ ᠣᠷᠣᠯᠳᠣᠭᠠᠨ ᠢ ᠦᠨᠳᠦᠷ ᠪᠠᠷᠢᠮᠵᠢᠶ᠎ᠠ ᠪᠠᠷ ᠡᠷᠬᠢᠯᠡᠨ᠂ ᠨᠢᠬᠡ ᠪᠦᠯᠦᠭ ᠦᠷᠲᠡᠬᠡᠯᠡᠯ ᠣᠷᠣᠯᠳᠣᠭᠠᠨ᠂ ᠲᠤᠭᠤᠷᠢᠯ ᠣᠷᠣᠯᠳᠣᠭᠠᠨ᠂ ᠴᠤᠮᠬᠠᠳᠬᠠᠯ | ᠣᠷᠣᠯᠳᠣᠭᠠᠨ ᠵᠡᠷᠭᠡ ᠣᠷᠣᠯᠳᠣᠭᠠᠨ ᠢ ᠣᠷᠲᠣ ᠬᠤᠭᠤᠴᠠᠭ᠎ᠠ ᠪᠠᠷ ᠡᠷᠬᠢᠯᠡᠬᠦ ᠶᠢ ᠠᠬᠢᠭᠤᠯᠤᠨ᠎ᠠ᠃ ᠣᠷᠣᠯᠳᠣᠭᠠᠨ ᠤ ᠰᠣᠶᠣᠯ ᠤᠨ ᠠᠭᠤᠯᠤᠭᠳᠠᠬᠤᠨ ᠢ ᠲᠠᠰᠣᠷᠠᠯᠲᠠ | ᠦᠬᠡᠢ ᠪᠠᠶᠠᠯᠢᠭᠵᠢᠭᠤᠯᠵᠤ᠂ ᠨᠡᠷ᠎ᠡ ᠲᠡᠮᠲᠡᠭ ᠤᠨ ᠦᠷᠲᠡᠭ ᠢ ᠦᠷᠬᠡᠳᠬᠡᠨ᠂ ᠬᠦᠳᠡᠭᠡ ᠲᠤᠰᠬᠤᠨ ᠤ ᠬᠦᠭᠵᠢᠯ ᠮᠠᠨᠳᠣᠯ᠂ ᠬᠤᠪᠢᠰᠬᠠᠯᠲᠤ ᠰᠣᠳᠣᠯᠭ᠎ᠠ | ᠰᠣᠷᠣᠯᠴᠠᠯᠭ᠎ᠠ ᠵᠢᠭᠤᠯᠴᠢᠯᠠᠯ᠂ ᠡᠷᠡᠬᠦᠯᠵᠢᠯ ᠰᠣᠪᠢᠯᠠᠯ᠂ ᠡᠯᠡᠰᠦ ᠮᠠᠩᠬᠠᠨ ᠤ ᠣᠶᠢᠯᠠᠭᠠᠯᠲᠠ ᠵᠡᠷᠭᠡ ᠲᠦᠷᠦᠯ ᠵᠦᠢᠯ ᠲᠠᠢ ᠬᠦᠨᠵᠡᠬᠡᠢ ᠠᠭᠤᠰᠣᠯᠴᠠᠭᠤᠯᠵᠤ᠂ ᠠᠵᠣ | ᠠᠬᠤᠢ ᠶᠢᠨ ᠬᠦᠭᠵᠢᠯᠲᠡ ᠶᠢ ᠣᠯᠠᠮ ᠨᠢᠬᠡ ᠠᠯᠬᠤᠮ ᠳᠠᠶᠢᠴᠢᠯᠠᠨ᠂ ᠦᠷ᠎ᠡ ᠠᠰᠢᠭ ᠤᠨ ᠬᠤᠪᠢᠷᠠᠭᠤᠯᠤᠯᠲᠠ ᠶᠢ ᠠᠬᠢᠭᠤᠯᠤᠨ᠎ᠠ᠃ | ᠰᠣᠶᠣᠯ ᠵᠢᠭᠤᠯᠴᠢᠯᠠᠯ ᠤᠨ ᠠᠭᠤᠰᠤᠯᠴᠠᠯ ᠤᠨ ᠬᠤᠷᠳᠣᠴᠠ ᠶᠢ ᠳᠡᠭᠡᠭᠰᠢᠯᠡᠬᠦᠯᠦᠨ ᠦᠷᠬᠡᠳᠬᠡᠨ᠎ᠡ᠃ ︽ᠣᠮᠠᠷᠠᠲᠤ ᠬᠢᠯᠢ ᠶᠢᠨ ᠰᠣᠶᠣᠯ ᠤᠨ ᠪᠠᠶᠢᠭᠤᠯᠤᠯᠲᠠ ᠶᠢ | ᠳᠡᠭᠡᠭᠰᠢᠯᠡᠬᠦᠯᠬᠦ ᠠᠵᠢᠯᠯᠠᠭᠠᠨ︾ ᠢᠶᠠᠷ ᠲᠤᠬᠢᠶᠠᠯ ᠪᠤᠯᠭᠠᠵᠤ᠂ ᠬᠤᠪᠢᠰᠬᠠᠯᠲᠤ ᠰᠤᠶᠤᠯ ᠤᠨ ᠠᠭᠤᠯᠤᠭᠳᠠᠬᠤᠨ ᠢ ᠬᠦᠨᠵᠡᠬᠡᠢ ᠠᠭᠤᠲᠠᠯᠠᠨ᠂ ᠶᠠᠨ ᠠᠨ᠂ ᠲᠦᠩ | ᠴᠣᠸᠡᠨ᠂ ᠶᠡᠭᠡ ᠮᠠᠰᠢᠩ᠂ ᠪᠤᠷᠤ ᠬᠤᠲᠠ ᠵᠡᠷᠭᠡ ᠬᠦᠷᠰᠢ ᠵᠡᠷᠭᠡᠯᠳᠡᠭᠡ ᠬᠤᠲᠠ ᠰᠢᠶᠡᠨ ᠯᠦᠭᠡ ᠶᠢᠨ ᠣᠷᠣᠨ ᠪᠦᠰᠡ ᠶᠢᠨ ᠣᠶᠠᠯᠳᠣᠭᠤᠯᠣᠯ ᠤᠨ ᠪᠦᠲᠦᠮᠵᠢ᠂ | ᠬᠠᠮᠲᠤᠷᠠᠯᠴᠠᠭᠠᠨ ᠤ ᠡᠷᠴᠢᠮ ᠢᠶᠠᠨ ᠬᠦᠨᠵᠡᠬᠡᠶᠢᠷᠡᠬᠦᠯᠵᠦ᠂ ᠵᠠᠮ ᠱᠣᠭᠤᠮ ᠢᠶᠠᠨ ᠨᠡᠪᠲᠡᠷᠡᠯᠴᠡᠬᠦᠯᠬᠦ᠂ ᠵᠢᠭᠤᠯᠴᠢᠯᠠᠭᠰᠠᠳ ᠤᠨ ᠢᠷᠡᠯᠲᠡ ᠪᠠᠨ ᠬᠠᠮᠲᠤᠪᠡᠷ ᠡᠳ᠋ᠯᠡᠬᠦ ᠨᠡᠩ | ᠶᠡᠭᠡ ᠪᠦᠲᠦᠮᠵᠢ ᠣᠯᠬᠤ ᠶᠢ ᠠᠬᠢᠭᠤᠯᠤᠨ᠎ᠠ᠃ 1000 ᠲᠦᠮᠡᠨ ᠲᠦᠬᠦᠷᠢᠭ ᠤᠨ ᠳᠤᠰᠬᠠᠢ ᠲᠦᠷᠤᠯ ᠤᠨ ᠪᠡᠯᠡ ᠮᠦᠩᠬᠦ ᠳᠤᠬᠢᠷᠠᠭᠤᠯᠵᠤ ᠰᠣᠶᠣᠯ ᠵᠢᠭᠤᠯᠴᠢᠯᠠᠯ | ᠤᠨ ᠠᠵᠤ ᠦᠢᠯᠡᠰ ᠤᠨ ᠴᠢᠨᠠᠷᠯᠢᠭ ᠬᠦᠭᠵᠢᠯᠲᠡ ᠶᠢ ᠠᠬᠢᠭᠤᠯᠤᠨ᠂ ︽ᠣᠲᠤᠭ ᠤᠨ ᠡᠮᠦᠨᠡᠲᠦ ᠬᠤᠰᠢᠭᠤ ᠪᠠᠷ ᠵᠤᠭᠠᠴᠠᠵᠤ ᠦᠨᠦᠷ ᠠᠮᠲᠠ ᠪᠠᠷ ᠦᠪᠡᠷ ᠢ ᠪᠠᠨ | ᠪᠠᠶᠠᠰᠬᠠᠬᠤ︾ ᠰᠣᠶᠣᠯ ᠵᠢᠭᠤᠯᠴᠢᠯᠠᠯ ᠤᠨ ᠨᠡᠷ᠎ᠡ ᠲᠡᠮᠲᠡᠭ ᠤᠨ ᠲᠤᠭᠤᠷᠢᠨ ᠳᠤ᠂ ᠪᠠᠶᠠᠨ ᠰᠢᠪᠡᠷ ᠤᠨ ᠵᠢᠭᠤᠯᠴᠢᠯᠠᠯ ᠤᠨ ᠣᠷᠣᠨ ᠢ ᠴᠢᠨᠠᠷᠯᠢᠭ ᠡᠵᠡᠩᠨᠡᠬᠦᠯᠵᠦ᠂ | ᠬᠡᠷᠡᠮ ᠤᠨ ᠭᠤᠤᠯ ᠤᠨ ᠵᠢᠭᠤᠯᠴᠢᠯᠠᠯ ᠤᠨ ᠣᠷᠣᠨ ᠤ ᠴᠠᠨᠠᠯᠠᠬᠤ ᠲᠠᠯᠠᠪᠠᠢ᠂ ᠴᠠᠬᠢᠷᠮ᠎ᠠ ᠶᠢᠨ ᠳᠠᠭᠤᠯᠠᠯᠲᠤ ᠲᠠᠯ᠎ᠠ ᠨᠤᠲᠤᠭ᠂ ᠰᠣᠪᠠᠭ ᠤᠨ ᠵᠠᠳᠠᠭᠠᠢ ᠣᠰᠣᠨ | ᠳᠡᠭᠡᠷᠡᠬᠢ ᠴᠡᠩᠬᠡᠯ ᠤᠨ ᠬᠦᠷᠢᠶᠡᠯᠡᠩ ᠤᠨ ᠬᠤᠶᠠᠳᠣᠭᠠᠷ ᠬᠤᠭᠤᠴᠠᠭᠠᠨ ᠤ ᠪᠠᠶᠢᠭᠤᠯᠤᠯᠲᠠ ᠶᠢᠨ ᠠᠬᠢᠴᠠ ᠶᠢ ᠲᠦᠷᠬᠡᠳᠬᠡᠨ᠂ ᠶᠡᠭᠡ ᠲᠤᠯᠤᠨ ᠵᠢᠭᠤᠯᠴᠢᠯᠠᠯ ᠤᠨ | ᠣᠷᠣᠨ ᠤ ᠵᠤᠭᠠᠴᠠᠯ ᠪᠡᠶᠡᠴᠢᠯᠡᠨ ᠣᠶᠢᠯᠠᠭᠠᠯᠲᠠ ᠶᠢ ᠪᠠᠶᠠᠯᠢᠭᠵᠢᠭᠤᠯᠵᠤ᠂ ᠬᠡᠶᠢᠲᠤ ᠪᠦᠮᠪᠦᠭᠡ᠂ ᠠᠭᠠᠷ ᠤᠨ ᠵᠤᠭᠠᠴᠠᠯ ᠵᠡᠷᠬᠡ ᠳᠣᠣᠷ᠎ᠠ ᠨᠢᠰᠦᠯᠲᠡ ᠶᠢᠨ ᠠᠵᠤ ᠠᠬᠤᠢ | ᠶᠢᠨ ᠲᠦᠷᠦᠯ ᠵᠦᠢᠯ ᠢ ᠦᠷᠨᠢᠬᠦᠯᠤᠨ᠎ᠠ᠃ ᠪᠦᠬᠦ ᠵᠢᠯ ᠤᠨ ᠵᠢᠭᠤᠯᠴᠢᠯᠠᠭᠰᠠᠳ ᠤᠨ ᠲᠤᠭ᠎ᠠ ᠶᠢ 165 ᠲᠦᠮᠡᠨ ᠬᠦᠮᠦᠨ ᠤᠳᠠᠭ᠎ᠠ ᠠᠴᠠ ᠳᠠᠪᠠᠭᠤᠯᠬᠤ ᠪᠠᠷ | ᠴᠢᠷᠮᠠᠶᠢᠵᠦ᠂ ᠰᠣᠶᠣᠯ ᠵᠢᠭᠤᠯᠴᠢᠯᠠᠯ ᠤᠨ ᠶᠡᠷᠦᠩᠬᠡᠶᠢᠯᠡᠭᠰᠡᠨ ᠣᠷᠣᠯᠭ᠎ᠠ ᠶᠢ 29 ᠳ᠋ᠦᠩᠰᠢᠭᠤᠷ ᠲᠦᠬᠦᠷᠢᠭ ᠠᠴᠠ ᠳᠡᠭᠡᠭᠰᠢ ᠪᠡᠶᠡᠯᠡᠬᠦᠯᠦᠨ᠎ᠡ᠃ | ᠬᠡᠷᠡᠭᠯᠡᠬᠡᠨ ᠤ ᠵᠠᠬ᠎ᠠ ᠳᠡᠯᠬᠡᠬᠦᠷ ᠤᠨ ᠴᠢᠨᠠᠷ ᠢ ᠳᠡᠭᠡᠭᠰᠢᠯᠡᠬᠦᠯᠦᠨ ᠪᠠᠭᠲᠠᠭᠠᠮᠵᠢ ᠶᠢ ᠦᠷᠬᠡᠳᠬᠡᠨ᠎ᠡ᠃ ᠬᠡᠷᠡᠭᠯᠡᠬᠡᠨ ᠤ ᠳᠠᠭᠠᠭᠠᠮᠠᠭᠠᠢ ᠲᠤᠭᠲᠠᠴᠠ ᠶᠢ | ᠲᠡᠬᠦᠯᠳᠡᠷᠵᠢᠬᠦᠯᠦᠨ ᠦᠷᠬᠡᠳᠬᠡᠵᠦ᠂ 1000 ᠲᠦᠮᠡᠨ ᠲᠦᠬᠦᠷᠢᠭ ᠤᠨ ᠬᠤᠰᠢᠭᠤ ᠱᠠᠲᠤᠨ ᠤ ᠬᠡᠷᠡᠭᠯᠡᠭᠡ ᠶᠢ ᠠᠬᠢᠭᠤᠯᠬᠤ ᠠᠵᠢᠯᠯᠠᠭᠠᠨ ᠤ ᠲᠤᠰᠬᠠᠢ ᠪᠡᠯᠡ ᠮᠦᠩᠬᠦ | ᠶᠢ ᠲᠦᠬᠦᠷᠴᠢᠯᠡᠨ᠂ ᠲᠤᠨᠤᠭ ᠳᠦᠬᠦᠬᠡᠷᠦᠮᠵᠢ ᠶᠢ ᠶᠡᠭᠡ ᠬᠡᠪᠴᠢᠶ᠎ᠡ ᠪᠠᠷ ᠰᠢᠨᠡᠴᠢᠯᠡᠬᠦ ᠪᠠ ᠬᠡᠷᠡᠭᠯᠡᠬᠡᠨ ᠤ ᠪᠤᠳᠠᠰ ᠤᠨ ᠬᠠᠭᠤᠴᠢᠨ ᠢᠶᠠᠷ ᠰᠢᠨ᠎ᠡ ᠶᠢ ᠰᠣᠯᠢᠬᠤ | ᠠᠵᠢᠯᠯᠠᠭᠠᠨ ᠢ ᠦᠷᠬᠦᠯᠵᠢᠬᠦᠶᠢᠴᠡ ᠰᠠᠶᠢᠲᠤᠷ ᠬᠢᠵᠦ᠂ ᠠᠷᠠᠳ ᠤᠨ ᠬᠠᠷᠠᠭᠠᠯᠵᠠᠯ ᠤᠨ ᠬᠡᠷᠡᠭᠯᠡᠬᠡᠨ ᠤ ᠨᠦᠬᠦᠪᠦᠷᠢ ᠶᠢᠨ ᠠᠵᠢᠯᠯᠠᠭᠠᠨ ᠤ ᠲᠦᠷᠦ ᠶᠢᠨ ᠪᠤᠳᠤᠯᠭ᠎ᠠ ᠶᠢᠨ | ᠦᠷᠬᠦᠯᠵᠢᠯᠡᠯ ᠢ ᠰᠠᠶᠢᠲᠤᠷ ᠬᠢᠨ᠎ᠠ᠃ ᠲᠠᠪᠤᠳᠣᠭᠠᠷ ᠬᠤᠭᠤᠴᠠᠭᠠᠨ ᠤ ᠣᠷᠳᠣᠰ ᠤᠨ ︽ᠬᠠᠲᠤᠨ ᠲᠤᠬᠤᠢ︾ ᠶᠢᠨ ᠰᠣᠶᠣᠯ ᠵᠢᠭᠤᠯᠴᠢᠯᠠᠯ ᠤᠨ ᠨᠠᠶᠢᠷ᠂ ᠲᠠᠯ᠎ᠠ | ᠨᠤᠲᠤᠭ ᠤᠨ ᠠᠯᠠᠭᠠᠳᠠᠬᠤ ᠪᠦᠮᠪᠦᠭᠡ ᠶᠢᠨ ᠬᠦᠭᠵᠢᠮ ᠤᠨ ᠨᠠᠶᠢᠷ ᠵᠡᠷᠭᠡ ᠰᠣᠶᠣᠯ ᠵᠢᠭᠤᠯᠴᠢᠯᠠᠯ ᠤᠨ ᠠᠵᠢᠯᠯᠠᠭᠠᠨ ᠢ ᠰᠠᠶᠢᠲᠤᠷ ᠡᠷᠬᠢᠯᠡᠨ᠂ ᠣᠲᠤᠭ ᠤᠨ ᠡᠮᠦᠨᠡᠲᠦ | ᠬᠤᠰᠢᠭᠤᠨ ᠤ ᠭᠤᠰᠤᠭᠤᠨ ᠢᠳᠡᠬᠡᠨ ᠤ ᠭᠤᠤᠯ ᠰᠡᠳᠦᠪᠲᠤ ᠵᠡᠬᠡᠯᠢ ᠳᠤᠭᠤᠷᠢᠭ ᠢ ᠪᠠᠶᠢᠭᠤᠯᠵᠤ᠂ ᠣᠷᠣᠨ ᠨᠣᠲᠤᠭ ᠤᠨ ᠣᠨᠴᠠᠯᠢᠭᠲᠤ ᠠᠮᠲᠠᠲᠤ ᠢᠳᠡᠬᠡᠨ ᠤ | ᠰᠣᠶᠣᠯ ᠤᠨ ᠲᠡᠮᠲᠡᠭ ᠢ ᠡᠬᠦᠳᠤᠨ᠎ᠡ᠃ ᠪᠦᠬᠦ ᠵᠢᠯ ᠤᠨ ᠨᠡᠶᠢᠬᠡᠮ ᠤᠨ ᠬᠡᠷᠡᠭᠯᠡᠭᠡᠨ ᠤ ᠪᠤᠳᠠᠰ ᠤᠨ ᠵᠢᠵᠢᠭᠯᠡᠨ ᠪᠣᠷᠣᠯᠠᠭᠤᠯᠭ᠎ᠠ ᠶᠢᠨ ᠶᠡᠷᠦᠩᠬᠡᠢ ᠦᠷᠲᠡᠭ ᠢ 30 | ᠳ᠋ᠦᠩᠰᠢᠭᠤᠷ ᠲᠦᠬᠦᠷᠢᠭ ᠠᠴᠠ ᠳᠠᠪᠠᠭᠤᠯᠬᠤ ᠪᠠᠷ ᠴᠢᠷᠮᠠᠶᠢᠨ᠎ᠠ᠃ | ︵ᠲᠠᠪᠤ︶ ᠠᠮᠢ ᠠᠬᠤᠢ ᠶᠢ ᠲᠡᠷᠢᠬᠦᠨ ᠳᠤ ᠲᠠᠯᠪᠢᠬᠤ ᠶᠢ ᠪᠠᠷᠢᠮᠲᠠᠯᠠᠵᠤ᠂ ᠪᠤᠬᠢᠷᠳᠣᠯ ᠦᠬᠡᠢ ᠬᠦᠭᠵᠢᠯᠲᠡ ᠶᠢᠨ ᠦᠨᠳᠦᠰᠦ ᠰᠣᠷᠪᠣᠯᠵᠢ ᠶᠢ ᠪᠠᠬᠢᠵᠢᠬᠦᠯᠦᠨ᠎ᠡ᠃ | ᠣᠶᠢᠵᠢᠭᠤᠯᠤᠯᠲᠠ ᠶᠢ ᠦᠷᠬᠡᠳᠬᠡᠬᠦ᠂ ᠪᠤᠬᠢᠷᠳᠣᠯ ᠢ ᠪᠠᠭᠠᠰᠬᠠᠬᠤ᠂ ᠨᠡᠬᠦᠷᠡᠰᠦᠳᠦ᠋ᠷᠦᠭᠴᠢ ᠶᠢᠨ ᠳᠠᠪᠬᠤᠷ ᠢᠰᠦᠯ ᠢ ᠪᠠᠭᠠᠰᠬᠠᠬᠤ ᠶᠢ ᠨᠢᠬᠡᠳᠦᠯᠲᠡᠢ ᠠᠬᠢᠭᠤᠯᠤᠨ᠂ | ᠴᠡᠯᠮᠡᠭ ᠳᠡᠭᠷᠢ ᠴᠡᠩᠬᠡᠭ ᠤᠰᠤ ᠴᠠᠪᠠᠷ ᠠᠭᠠᠷ ᠢᠶᠠᠨ ᠪᠠᠳᠤᠯᠠᠨ᠎ᠠ᠃ | ᠠᠮᠢ ᠠᠬᠤᠢ ᠶᠢᠨ ᠰᠡᠷᠬᠦᠬᠡᠯᠲᠡ ᠶᠢ ᠴᠠᠭ ᠢᠮᠠᠭᠲᠠ ᠰᠠᠶᠢᠲᠤᠷ ᠠᠳᠬᠤᠨ᠎ᠠ᠃ ︽ᠭᠤᠷᠪᠠᠨ ᠣᠮᠠᠷᠠᠲᠤ︾ ᠶᠢᠨ ᠢᠨᠵᠧᠨᠧᠷᠢᠩ᠂ ᠬᠠᠲᠤᠨ ᠲᠤᠬᠤᠢ ᠶᠢᠨ | ᠮᠣᠣᠠᠣᠰᠣ ᠶᠢᠨ ᠡᠯᠡᠰᠦᠷᠬᠡᠭ ᠭᠠᠵᠠᠷ ᠤᠨ ᠰᠢᠪᠲᠤᠯᠤᠯᠲᠠ ᠶᠢᠨ ᠳᠠᠶᠢᠯᠠᠯᠳᠣᠭᠠᠨ ᠢ ᠰᠠᠶᠢᠲᠤᠷ ᠬᠢᠵᠦ᠂ 337.7 ᠲᠦᠮᠡᠨ ᠮᠣ᠋ ᠡᠯᠡᠰᠦᠷᠬᠡᠭ ᠭᠠᠵᠠᠷ ᠤᠨ ᠵᠠᠰᠠᠯᠲᠠ᠂ | 475 ᠲᠦᠮᠡᠨ ᠺᠢᠯᠤᠸᠠᠲ ᠮᠠᠰᠢᠨ ᠴᠤᠭᠴᠠᠯᠠᠪᠤᠷᠢ ᠶᠢᠨ ᠰᠠᠯᠬᠢᠨ ᠴᠠᠬᠢᠯᠭᠠᠨ ᠨᠠᠷᠠᠨ ᠡᠨᠧᠷᠬᠢ ᠪᠠᠷ ᠡᠯᠡᠰᠦ ᠶᠢ ᠵᠠᠰᠠᠬᠤ ᠢᠨᠵᠧᠨᠧᠷᠢᠩ ᠢ ᠬᠡᠷᠡᠭᠵᠢᠬᠦᠯᠦᠨ᠂ ᠠᠮᠢ | ᠠᠬᠤᠢ ᠶᠢᠨ ᠠᠵᠤ ᠦᠢᠯᠡᠰᠴᠢᠯᠡᠭᠰᠡᠨ ᠬᠦᠭᠵᠢᠯᠲᠡ ᠶᠢ ᠠᠬᠢᠭᠤᠯᠵᠤ᠂ ᠠᠮᠢ ᠠᠬᠤᠢ ᠠᠵᠤ ᠠᠬᠤᠢ ᠶᠢ ᠵᠡᠷᠭᠡᠪᠡᠷ ᠬᠦᠭᠵᠢᠬᠦᠯᠬᠦ ᠶᠢ ᠪᠡᠶᠡᠯᠡᠬᠦᠯᠦᠨ᠎ᠡ᠃ ᠭᠤᠤᠯ | ᠭᠤᠷᠤᠬ᠎ᠠ ᠨᠠᠭᠤᠷ ᠪᠦᠷᠢᠳᠦ ᠶᠢᠨ ︽ᠳᠦᠷᠪᠡᠨ ᠳᠣᠷ᠎ᠠ ᠪᠠᠷ ᠢ ᠠᠷᠢᠯᠭᠠᠬᠤ︾ ᠠᠵᠢᠯᠯᠠᠭᠠᠨ ᠢ ᠬᠦᠨᠵᠡᠬᠡᠶᠢᠷᠡᠬᠦᠯᠦᠨ᠂ ᠭᠤᠤᠯ ᠭᠤᠷᠤᠬ᠎ᠠ ᠨᠠᠭᠤᠷ ᠪᠦᠷᠢᠳᠦ ᠶᠢᠨ | ᠠᠰᠠᠭᠤᠳᠠᠯ ᠤᠨ ᠬᠦᠳᠡᠯᠦᠩᠬᠦᠢ ᠰᠢᠢᠳᠪᠦᠷᠢᠯᠡᠯᠲᠡ ᠶᠢ ᠠᠬᠢᠭᠤᠯᠵᠤ᠂ 3 ᠲᠦᠮᠡᠨ ᠮᠣ᠋ ᠬᠦᠷᠦᠰᠦᠨ ᠤ ᠢᠳᠡᠭᠳᠡᠯ ᠤᠨ ᠶᠡᠷᠦᠩᠬᠡᠶᠢᠯᠡᠭᠰᠡᠨ ᠵᠠᠰᠠᠯᠲᠠ ᠶᠢ ᠰᠢᠨ᠎ᠡ ᠪᠠᠷ | ᠨᠡᠮᠡᠭᠳᠡᠬᠦᠯᠦᠨ᠎ᠡ᠃ ︽ᠪᠡᠯᠴᠢᠭᠡᠷ ᠢᠶᠠᠷ ᠮᠠᠯ ᠢ ᠲᠤᠭᠲᠠᠭᠠᠬᠤ᠂ ᠮᠠᠯ ᠪᠡᠯᠴᠢᠭᠡᠷ ᠢ ᠲᠡᠩᠴᠡᠬᠦᠷᠢᠰᠢᠬᠦᠯᠬᠦ︾ ᠲᠦᠷᠦ ᠶᠢᠨ ᠪᠤᠳᠤᠯᠭ᠎ᠠ ᠶᠢ ᠴᠢᠩᠭ᠎ᠠ ᠬᠡᠷᠡᠭᠵᠢᠬᠦᠯᠦᠨ᠂ | ᠰᠠᠶᠢᠨ ᠡᠬᠦᠯᠳᠡᠷ ᠢ ᠪᠣᠶᠢᠵᠢᠭᠤᠯᠬᠤ᠂ ᠣᠷᠣᠨ ᠬᠤᠪᠢᠶᠠᠨ ᠡᠬᠡᠯᠵᠢᠯᠡᠨ ᠮᠠᠯᠵᠢᠬᠤ ᠲᠡᠵᠢᠬᠡᠪᠦᠷᠢ ᠶᠢᠨ ᠵᠠᠭᠪᠤᠷ ᠢ ᠲᠦᠬᠡᠮᠡᠯᠵᠢᠬᠦᠯᠵᠦ᠂ ᠣᠯᠣᠰ ᠤᠨ ᠡᠪᠡᠰᠦᠨ ᠤ ᠠᠵᠤ | ᠦᠢᠯᠡᠰ ᠤᠨ ᠬᠦᠷᠢᠶᠡᠯᠡᠩ ᠲᠤᠭᠤᠷᠢᠭ ᠢ ᠠᠵᠢᠯᠯᠠᠭᠤᠯᠤᠨ᠂ ︽ᠲᠡᠵᠢᠬᠡᠯ ᠡᠪᠡᠰᠦᠨ ᠤ ᠪᠠᠩᠬᠢ︾ ᠶᠢᠨ ᠵᠠᠭᠪᠤᠷ ᠢ ᠰᠦᠪᠡᠭᠴᠢᠯᠡᠨ ᠬᠡᠷᠡᠭᠵᠢᠬᠦᠯᠵᠦ᠂ ᠠᠮᠢ ᠠᠬᠤᠢ | ᠶᠢᠨ ᠰᠡᠷᠬᠦᠬᠡᠯᠲᠡ ᠪᠠ ᠠᠵᠤ ᠦᠢᠯᠡᠰ ᠢᠶᠠᠷ ᠣᠷᠣᠯᠭ᠎ᠠ ᠶᠢ ᠨᠡᠮᠡᠭᠳᠡᠬᠦᠯᠬᠦ ᠬᠤᠤᠰ ᠢᠯᠠᠯᠲᠠ ᠶᠢ ᠪᠡᠶᠡᠯᠡᠬᠦᠯᠦᠨ᠎ᠡ᠃ ᠬᠠᠤᠯᠢ ᠪᠤᠰᠣ ᠪᠠᠷ ᠬᠠᠭᠠᠯᠪᠤᠷᠢᠯᠠᠬᠤ ︽ᠠᠷᠪᠠᠨ | 1︾ ᠶᠢᠨ ᠬᠠᠮᠢᠶᠠᠷᠤᠨ ᠡᠵᠡᠮᠳᠡᠬᠦ ᠠᠷᠭ᠎ᠠ ᠠᠪᠴᠠᠯ ᠢ ᠴᠢᠩᠭ᠎ᠠ ᠨᠠᠷᠢᠯᠢᠭ ᠨᠠᠶᠢᠲᠠᠪᠤᠷᠢᠵᠢᠭᠤᠯᠤᠨ᠂ ᠬᠢᠨᠠᠨ ᠬᠠᠮᠢᠶᠠᠷᠬᠤ ᠳᠠᠭᠠᠭᠠᠮᠠᠭᠠᠢ ᠲᠤᠭᠲᠠᠴᠠ ᠶᠢ ᠪᠠᠶᠢᠭᠤᠯᠵᠤ᠂ | ᠠᠮᠢ ᠠᠬᠤᠢ ᠶᠢᠨ ᠣᠷᠴᠢᠨ ᠲᠤᠭᠤᠷᠢᠨ ᠤ ᠶᠠᠰᠣ ᠴᠢᠨᠠᠷ ᠤᠨ ᠰᠠᠶᠢᠵᠢᠷᠠᠭᠤᠯᠤᠯᠲᠠ ᠶᠢ ᠬᠦᠴᠦᠯᠡᠨ ᠠᠬᠢᠭᠤᠯᠤᠨ᠎ᠠ᠃ | ᠡᠬᠦᠰᠦᠯ ᠠᠴᠠ ᠨᠢ ᠴᠡᠭᠴᠡᠯᠡᠨ ᠵᠠᠰᠠᠵᠤ ᠪᠤᠬᠢᠷᠳᠣᠯ ᠤᠨ ᠰᠡᠷᠬᠡᠶᠢᠯᠡᠯ ᠵᠠᠰᠠᠯᠲᠠ ᠶᠢ ᠠᠬᠢᠭᠤᠯᠤᠨ᠎ᠠ᠃ ᠴᠡᠯᠮᠡᠭ ᠲᠡᠭᠷᠢ᠂ ᠴᠡᠩᠬᠡᠭ ᠣᠰᠣ᠂ ᠴᠡᠯᠡᠭᠡᠷ ᠲᠠᠯ᠎ᠠ ᠶᠢᠨ | ᠬᠠᠮᠠᠭᠠᠯᠠᠯᠲᠠ ᠶᠢᠨ ᠳᠠᠶᠢᠨ ᠤ ᠢᠯᠠᠯᠲᠠ ᠶᠢ ᠡᠷᠡᠰ ᠣᠯᠵᠣ᠂ ᠬᠦᠷᠢᠶᠡᠯᠡᠩ ᠲᠤᠭᠤᠷᠢᠭ᠂ ᠬᠤᠲᠠ ᠪᠠᠯᠭᠠᠰᠣ᠂ ᠮᠠᠯᠵᠢᠬᠤ ᠲᠠᠷᠢᠶᠠᠯᠠᠬᠤ ᠣᠷᠣᠨ ᠤ ᠣᠷᠴᠢᠨ | ᠲᠤᠭᠤᠷᠢᠨ ᠤ ᠶᠡᠷᠦᠩᠬᠡᠶᠢᠯᠡᠭᠰᠡᠨ ᠵᠠᠰᠠᠯᠲᠠ ᠶᠢ ᠨᠢᠬᠡᠳᠦᠯᠲᠡᠢ ᠲᠦᠯᠤᠪᠵᠢᠬᠦᠯᠵᠤ ᠠᠬᠢᠭᠤᠯᠤᠨ᠂ ᠪᠤᠬᠢᠷᠳᠣᠯ ᠤᠨ ᠰᠡᠷᠬᠡᠶᠢᠯᠡᠯ ᠵᠠᠰᠠᠯᠲᠠ ᠶᠢᠨ ᠰᠢᠪᠲᠤᠯᠤᠯᠲᠠ ᠶᠢᠨ | ᠡᠬᠦᠷᠭᠡ ᠶᠢ ᠰᠠᠶᠢᠲᠤᠷ ᠬᠡᠷᠡᠭᠵᠢᠬᠦᠯᠵᠦ᠂ ᠴᠠᠬᠢᠯᠭᠠᠨ ᠬᠦᠳᠡᠯᠬᠡᠬᠦᠷᠲᠦ ᠠᠴᠢᠶᠠᠨ ᠤ ᠮᠠᠰᠢᠨ ᠤ ᠬᠡᠷᠡᠭᠯᠡᠯᠲᠡ ᠶᠢ ᠲᠦᠬᠡᠮᠡᠯᠵᠢᠬᠦᠯᠤᠨ᠂ ᠭᠤᠤᠯᠳᠠᠯᠭᠠᠲᠤ ᠠᠵᠢᠯ ᠲᠦᠷᠦᠯ | ᠤᠨ ᠭᠠᠳᠠᠭᠰᠢᠯᠠᠭᠤᠯᠤᠯᠲᠠ ᠶᠢ ᠪᠠᠭᠠᠰᠬᠠᠬᠤ ᠪᠦᠲᠦᠮᠵᠢ ᠶᠢᠨ ᠬᠢᠨᠠᠨ ᠰᠢᠯᠭᠠᠯᠲᠠ ᠶᠢ ᠳᠡᠭᠡᠭᠰᠢᠯᠡᠬᠦᠯᠦᠨ᠎ᠡ᠃ ᠣᠯᠵᠠᠴᠢ ᠪᠠᠯᠭᠠᠰᠣᠨ ᠤ ᠣᠰᠣᠨ ᠰᠣᠷᠪᠣᠯᠵᠢ ᠶᠢᠨ | ᠭᠠᠵᠠᠷ ᠤᠨ ᠪᠠᠴᠢᠮ ᠪᠠᠶᠢᠳᠠᠯ ᠢ ᠠᠷᠭᠠᠴᠠᠨ ᠣᠰᠣ ᠬᠠᠩᠭᠠᠬᠤ ᠢᠨᠵᠧᠨᠧᠷᠢᠩ ᠢ ᠬᠡᠷᠡᠭᠵᠢᠬᠦᠯᠦᠨ᠂ ᠭᠠᠵᠠᠷ ᠳᠣᠣᠷᠠᠬᠢ ᠣᠰᠣᠨ ᠤ ᠪᠤᠬᠢᠷᠳᠣᠯ ᠤᠨ ᠰᠡᠷᠬᠡᠶᠢᠯᠡᠯ | ᠵᠠᠰᠠᠯᠲᠠ᠂ ᠬᠦᠷᠦᠰᠦᠨ ᠤ ᠪᠤᠬᠢᠷᠳᠣᠯ ᠤᠨ ᠳᠠᠯᠳᠠ ᠬᠡᠮ ᠤᠨ ᠪᠠᠶᠢᠴᠠᠭᠠᠯᠲᠠ᠂ ᠠᠭᠠᠷ ᠤᠨ ᠪᠤᠬᠢᠷᠳᠣᠯ ᠤᠨ ᠬᠢᠨᠠᠨ ᠵᠠᠰᠠᠯᠲᠠ ᠶᠢᠨ ᠡᠯ᠎ᠡ ᠲᠦᠷᠦᠯ ᠤᠨ ᠠᠷᠭ᠎ᠠ | ᠠᠪᠴᠠᠯ ᠢ ᠨᠠᠷᠢᠯᠢᠭᠵᠢᠭᠤᠯᠤᠨ ᠨᠠᠶᠢᠲᠠᠪᠤᠷᠢᠵᠢᠭᠤᠯᠵᠤ᠂ ᠲᠦᠪ ᠪᠠ ᠡᠯ᠎ᠡ ᠱᠠᠲᠤᠨ ᠤ ᠣᠷᠴᠢᠨ ᠬᠠᠮᠠᠭᠠᠯᠠᠯᠲᠠ ᠶᠢᠨ ᠱᠠᠭᠠᠷᠳᠠᠨ ᠪᠠᠶᠢᠴᠠᠭᠠᠯᠲᠠ ᠶᠢᠨ ᠬᠠᠷᠢᠭᠤ | ᠲᠤᠰᠬᠠᠭᠰᠠᠨ ᠠᠰᠠᠭᠤᠳᠠᠯ ᠤᠨ ᠴᠡᠭᠴᠡᠯᠡᠯᠲᠡ ᠪᠠ ︽ᠲᠠᠪᠲᠠᠨ ᠬᠢᠨᠠᠯᠲᠠ︾ ᠶᠢ ᠪᠦᠬᠦ ᠬᠦᠴᠦᠨ ᠢᠶᠠᠷ ᠰᠠᠶᠢᠲᠤᠷ ᠠᠳᠬᠤᠨ᠂ ᠭᠤᠷᠪᠠᠳᠣᠭᠠᠷ ᠡᠬᠡᠯᠵᠢ ᠶᠢᠨ ᠲᠦᠪ | ᠤᠨ ᠣᠷᠴᠢᠨ ᠬᠠᠮᠠᠭᠠᠯᠠᠯᠲᠠ ᠶᠢᠨ ᠱᠠᠭᠠᠷᠳᠠᠨ ᠪᠠᠶᠢᠴᠠᠭᠠᠯᠲᠠ ᠶᠢ ᠣᠭᠲᠣᠬᠤ ᠪᠡᠯᠡᠳᠬᠡᠯ ᠠᠵᠢᠯ ᠢᠶᠠᠨ ᠰᠠᠶᠢᠲᠤᠷ ᠬᠢᠨ᠎ᠡ᠃ | ᠠᠷᠪᠢᠯᠠᠨ ᠭᠠᠮᠨᠠᠵᠤ ᠡᠷᠴᠢᠮᠵᠢᠬᠦᠯᠦᠨ ᠬᠦᠭᠵᠢᠯᠲᠡ ᠶᠢᠨ ᠣᠷᠣᠨ ᠵᠠᠢ ᠶᠢ ᠰᠣᠯᠠᠯᠠᠨ ᠭᠠᠷᠭᠠᠨ᠎ᠠ᠃ ᠨᠡᠬᠦᠷᠡᠰᠦ ᠴᠠᠬᠢᠯᠭᠠᠨ ᠤ ᠳᠣᠣᠷ᠎ᠠ ᠨᠡᠬᠦᠷᠡᠰᠦᠳᠦ᠋ᠷᠦᠭᠴᠢᠲᠦ | ᠦᠬᠡᠷᠡᠴᠢᠯᠡᠯᠲᠡ᠂ ᠠᠵᠤ ᠦᠢᠯᠡᠳᠪᠤᠷᠢ ᠶᠢᠨ ᠬᠠᠶᠠᠭᠳᠠᠮᠠᠯ ᠬᠡᠢ ᠶᠢᠨ ᠶᠡᠷᠦᠩᠬᠡᠶᠢᠯᠡᠭᠰᠡᠨ ᠠᠰᠢᠭᠯᠠᠯᠲᠠ ᠵᠡᠷᠭᠡ ᠡᠷᠬᠢᠯᠲᠡᠲᠦ ᠲᠦᠷᠦᠯ ᠵᠦᠢᠯ ᠤᠨ ᠪᠠᠶᠢᠭᠤᠯᠤᠯᠲᠠ ᠶᠢ | ᠦᠷᠨᠢᠬᠦᠯᠵᠦ᠂ ᠣᠯᠠᠮᠵᠢᠯᠠᠯᠲᠤ ᠠᠵᠢᠯ ᠲᠦᠷᠦᠯ ᠤᠨ ᠡᠨᠧᠷᠬᠢ ᠶᠢᠨ ᠬᠡᠷᠡᠭᠯᠡᠯᠲᠡ᠂ ᠣᠰᠣᠨ ᠤ ᠠᠰᠢᠭᠯᠠᠯᠲᠠ᠂ ᠨᠡᠬᠦᠷᠡᠰᠦᠳᠦ᠋ᠷᠦᠭᠴᠢ ᠶᠢᠨ ᠳᠠᠪᠬᠤᠷ ᠢᠰᠦᠯ ᠤᠨ | ᠭᠠᠳᠠᠭᠰᠢᠯᠠᠭᠤᠯᠤᠯᠲᠠ ᠵᠡᠷᠭᠡ ᠲᠠᠯ᠎ᠠ ᠪᠠᠷ ᠣᠯᠣᠰ ᠤᠨ ᠲᠡᠷᠢᠬᠦᠨ ᠤ ᠬᠢᠷᠢ ᠳᠦᠪᠰᠢᠨ ᠳᠤ ᠣᠷᠣᠬᠤ ᠶᠢ ᠠᠬᠢᠭᠤᠯᠤᠨ᠎ᠠ᠃ ︽ᠬᠠᠶᠠᠭᠳᠠᠮᠠᠯ ᠦᠬᠡᠢ ᠬᠤᠲᠠ︾ ᠶᠢᠨ | ᠪᠠᠶᠢᠭᠤᠯᠤᠯᠲᠠ ᠶᠢ ᠠᠬᠢᠭᠤᠯᠤᠨ᠂ 8 ᠰᠣᠳᠣᠨ ︽ᠬᠠᠶᠠᠭᠳᠠᠮᠠᠯ ᠢ ᠳᠠᠬᠢᠨ ᠠᠰᠢᠭᠯᠠᠬᠤ ᠨᠢᠬᠡᠴᠠ︾ ᠶᠢ ᠪᠠᠶᠢᠭᠤᠯᠵᠤ᠂ ᠬᠠᠶᠠᠭᠳᠠᠮᠠᠯ ᠪᠤᠬᠢᠷ ᠲᠤᠰᠤᠨ ᠰᠢᠪᠡᠷ ᠤᠨ | ᠰᠢᠢᠳᠪᠦᠷᠢᠯᠡᠯᠲᠡ᠂ ᠬᠠᠶᠠᠭᠳᠠᠮᠠᠯ ᠪᠤᠳᠠᠰ ᠤᠨ ᠶᠡᠷᠦᠩᠬᠡᠶᠢᠯᠡᠭᠰᠡᠨ ᠠᠰᠢᠭᠯᠠᠯᠲᠠ ᠵᠡᠷᠭᠡ 6 ᠲᠦᠷᠦᠯ ᠵᠦᠢᠯ ᠢ ᠬᠡᠷᠡᠭᠵᠢᠬᠦᠯᠦᠨ᠂ ᠠᠵᠤ ᠦᠢᠯᠡᠳᠪᠦᠷᠢ ᠶᠢᠨ ᠬᠠᠲᠠᠭᠤ | ᠪᠡᠶᠡᠲᠦ ᠬᠠᠶᠠᠭᠳᠠᠮᠠᠯ ᠪᠤᠳᠠᠰ᠂ ᠰᠢᠨ᠎ᠡ ᠬᠡᠯᠪᠡᠷᠢ ᠶᠢᠨ ᠬᠠᠶᠠᠭᠳᠠᠮᠠᠯ ᠪᠤᠳᠠᠰ ᠤᠨ ᠣᠷᠴᠢᠯ ᠠᠰᠢᠭᠯᠠᠯᠲᠠ ᠶᠢᠨ ᠬᠢᠷᠢ ᠳᠦᠪᠰᠢᠨ ᠢ ᠳᠡᠭᠡᠭᠰᠢᠯᠡᠬᠦᠯᠦᠨ᠎ᠡ᠃ ︽ᠣᠰᠣ | ᠪᠠᠷ ᠳᠦᠷᠪᠡ ᠶᠢ ᠲᠤᠭᠲᠠᠭᠠᠬᠤ︾ ᠵᠠᠷᠴᠢᠮ ᠢ ᠪᠦᠬᠦ ᠲᠠᠯ᠎ᠠ ᠪᠠᠷ ᠲᠤᠤᠱᠯᠠᠭᠤᠯᠵᠤ᠂ ︽ᠣᠰᠣ ᠠᠷᠪᠢᠯᠠᠬᠤ ᠠᠵᠢᠯᠯᠠᠭᠠᠨ︾ ᠢ ᠶᠠᠪᠤᠭᠳᠠᠭᠤᠯᠤᠨ᠂ ᠭᠠᠵᠠᠷ ᠳᠣᠣᠷᠠᠬᠢ | ᠣᠰᠣᠨ ᠤ ᠬᠡᠲᠦ ᠠᠰᠢᠭᠯᠠᠯᠲᠠ ᠶᠢᠨ ᠣᠷᠣᠨ ᠤ ᠵᠠᠰᠠᠯᠲᠠ ᠶᠢᠨ ᠠᠷᠭ᠎ᠠ ᠠᠪᠴᠠᠯ ᠢ ᠴᠢᠩᠭ᠎ᠠ ᠨᠠᠶᠢᠲᠠᠪᠤᠷᠢᠵᠢᠭᠤᠯᠵᠤ᠂ 2 ᠲᠦᠮᠡᠨ ᠮᠣ᠋ ᠶᠢᠨ ᠰᠡᠯᠬᠦᠨ ᠲᠠᠷᠢᠯᠲᠠ | ᠡᠬᠡᠯᠵᠢᠯᠡᠨ ᠲᠠᠷᠢᠯᠲᠠ ᠶᠢ ᠨᠠᠶᠢᠲᠠᠪᠤᠷᠢᠵᠢᠭᠤᠯᠤᠨ᠂ 4000 ᠢᠵᠢ ᠬᠤᠳᠳᠤᠭ ᠴᠠᠬᠢᠯᠭᠠᠨ ᠤ ᠬᠤᠤᠰ ᠡᠵᠡᠮᠳᠡᠯ ᠤᠨ ᠳᠦᠬᠦᠬᠡᠷᠦᠮᠵᠢ ᠶᠢ ᠣᠭᠰᠠᠷᠠᠵᠤ᠂ ᠭᠠᠵᠠᠷ | ᠳᠣᠣᠷᠠᠬᠢ ᠣᠰᠣᠨ ᠤ ᠠᠷᠠᠯᠵᠢᠶᠠᠨ ᠤ ᠳᠠᠪᠴᠠᠩ ᠢ ᠪᠠᠶᠢᠭᠤᠯᠵᠦ ᠳᠡᠬᠦᠯᠳᠡᠷᠵᠢᠬᠦᠯᠦᠨ᠂ ᠭᠠᠵᠠᠷ ᠳᠣᠣᠷᠠᠬᠢ ᠣᠰᠣᠨ ᠤ ᠬᠡᠲᠦ ᠠᠰᠢᠭᠯᠠᠯᠲᠠ ᠶᠢᠨ ᠣᠷᠣᠨ ᠤ | ᠠᠰᠢᠭᠯᠠᠯᠲᠠ ᠨᠦᠬᠦᠪᠦᠷᠢᠯᠡᠯ ᠤᠨ ᠲᠡᠩᠴᠡᠬᠦᠷᠢ ᠶᠢ ᠪᠡᠶᠡᠯᠡᠬᠦᠯᠵᠦ᠂ ᠶᠡᠷᠦ ᠶᠢᠨ ᠪᠤᠰᠤ ᠣᠰᠣᠨ ᠰᠣᠷᠪᠣᠯᠵᠢ ᠶᠢᠨ ᠠᠰᠢᠭᠯᠠᠯᠲᠠ ᠶᠢᠨ ᠨᠣᠷᠮ᠎ᠠ ᠶᠢ 90% ᠠᠴᠠ | ᠳᠠᠪᠠᠭᠤᠯᠤᠨ᠂ ᠡᠬᠢ ᠰᠣᠷᠪᠣᠯᠵᠢ ᠶᠢᠨ ᠠᠷᠪᠢᠯᠠᠯᠲᠠ ᠡᠷᠴᠢᠮᠵᠢᠬᠦᠯᠦᠯᠲᠡ ᠠᠰᠢᠭᠯᠠᠯᠲᠠ ᠶᠢᠨ ᠳᠦᠪᠰᠢᠨ ᠢ ᠪᠦᠬᠦ ᠲᠠᠯ᠎ᠠ ᠪᠠᠷ ᠳᠡᠭᠡᠭᠰᠢᠯᠡᠬᠦᠯᠦᠨ᠎ᠡ᠃ | ︵ᠵᠢᠷᠭᠤᠭ᠎ᠠ︶ ᠦᠬᠡᠷᠡᠴᠢᠯᠡᠯᠲᠡ ᠰᠢᠨᠡᠴᠢᠯᠡᠯᠲᠡ ᠶᠢ ᠬᠦᠨᠵᠡᠬᠡᠶᠢᠷᠡᠬᠦᠯᠵᠦ᠂ ᠬᠦᠭᠵᠢᠯᠲᠡ ᠶᠢᠨ ᠣᠷᠴᠢᠨ ᠠᠬᠤᠢ ᠶᠢᠨ ᠬᠦᠳᠡᠯᠬᠡᠬᠦ ᠬᠦᠴᠦᠨ ᠢ | ᠰᠢᠯᠢᠳᠡᠭᠵᠢᠬᠦᠯᠦᠨ᠎ᠡ᠃ ᠦᠬᠡᠷᠡᠴᠢᠯᠡᠯᠲᠡ ᠪᠠᠷ ᠬᠦᠭᠵᠢᠯᠲᠡ ᠶᠢᠨ ᠬᠦᠳᠡᠯᠬᠡᠬᠦ ᠬᠦᠴᠦᠨ ᠢ ᠬᠤᠷᠠᠮᠳᠣᠭᠤᠯᠬᠤ ᠶᠢ ᠪᠠᠷᠢᠮᠲᠠᠯᠠᠵᠤ᠂ ᠡᠬᠢ ᠰᠣᠷᠪᠣᠯᠵᠢ ᠬᠦᠴᠦᠨ ᠵᠦᠢᠯ | ᠤᠨ ᠰᠢᠯᠢᠳᠡᠭᠵᠢᠬᠦᠯᠦᠯᠲᠡ᠂ ᠦᠨᠳᠦᠷ ᠪᠦᠲᠦᠮᠵᠢᠲᠦ ᠲᠦᠪᠯᠡᠷᠡᠯ ᠢ ᠠᠬᠢᠭᠤᠯᠤᠨ᠂ ᠰᠢᠨ᠎ᠡ ᠬᠦᠭᠵᠢᠯᠲᠡ ᠶᠢᠨ ᠪᠠᠶᠢᠳᠠᠯ ᠳᠤ ᠨᠡᠩ ᠰᠠᠶᠢᠨ ᠦᠢᠯᠡᠴᠢᠯᠡᠨ | ᠠᠭᠤᠰᠤᠯᠴᠠᠨ᠎ᠠ᠃ | ᠦᠬᠡᠷᠡᠴᠢᠯᠡᠯᠲᠡ ᠶᠢᠨ ᠬᠦᠳᠡᠯᠬᠡᠬᠦ ᠬᠦᠴᠦᠨ ᠢ ᠪᠦᠬᠦ ᠲᠠᠯ᠎ᠠ ᠪᠠᠷ ᠪᠠᠳᠠᠷᠠᠭᠤᠯᠤᠨ᠎ᠠ᠃ ᠪᠠᠯᠭᠠᠰᠣᠨ ᠤ ᠡᠬᠦᠷᠭᠡ ᠬᠠᠷᠢᠭᠤᠴᠠᠯᠭ᠎ᠠ ᠶᠢᠨ ᠨᠠᠷᠢᠨ ᠳᠠᠩᠰᠠ ᠶᠢ ᠪᠦᠬᠦ | ᠲᠠᠯ᠎ᠠ ᠪᠠᠷ ᠪᠠᠶᠢᠭᠤᠯᠵᠤ᠂ ᠬᠡᠯᠪᠡᠷᠢᠴᠢ ᠦᠵᠡᠯ ᠢ ᠴᠡᠭᠴᠡᠯᠡᠨ ᠦᠨᠳᠦᠰᠦᠨ ᠱᠠᠲᠤᠨ ᠤ ᠳᠠᠷᠤᠭᠠᠰᠣ ᠶᠢ ᠬᠦᠩᠭᠡᠷᠡᠬᠦᠯᠬᠦ ᠶᠢ ᠡᠬᠦᠰᠦᠯ ᠲᠤᠭᠲᠠᠴᠠ ᠠᠴᠠ ᠦᠷᠬᠦᠯᠵᠢᠯᠡᠨ | ᠬᠦᠨᠵᠡᠬᠡᠶᠢᠷᠡᠬᠦᠯᠦᠨ᠎ᠡ᠃ ᠡᠳ᠋ ᠤᠨ ᠵᠠᠰᠠᠭ ᠤᠨ ᠲᠡᠭ ᠰᠠᠭᠤᠷᠢᠲᠦ ᠲᠦᠰᠦᠪ ᠤᠨ ᠦᠬᠡᠷᠡᠴᠢᠯᠡᠯᠲᠡ ᠶᠢ ᠬᠦᠨᠵᠡᠬᠡᠶᠢᠷᠡᠬᠦᠯᠦᠨ᠂ ︽ᠪᠠᠲᠤᠯᠠᠬᠤ ᠶᠤᠰᠤᠲᠠᠢ ᠶᠢ ᠨᠢ | ᠡᠷᠬᠡᠪᠰᠢ ᠪᠠᠲᠤᠯᠠᠵᠤ᠂ ᠬᠢᠵᠠᠭᠠᠷᠯᠠᠬᠤ ᠶᠤᠰᠤᠲᠠᠢ ᠶᠢ ᠨᠢ ᠪᠦᠬᠦᠨ ᠢ ᠬᠢᠵᠠᠭᠠᠷᠯᠠᠨ᠂ ᠪᠦᠲᠦᠮᠵᠢ ᠶᠢᠨ ᠬᠢᠨᠠᠨ ᠰᠢᠯᠭᠠᠯᠲᠠ ᠶᠢ ᠴᠢᠬᠤᠯᠠᠴᠢᠯᠠᠬᠤ︾ ᠪᠡᠯᠡ ᠮᠦᠩᠭᠦᠨ ᠤ | ᠬᠤᠪᠢᠶᠠᠷᠢᠯᠠᠯ ᠤᠨ ᠲᠤᠭᠲᠠᠴᠠ ᠶᠢ ᠪᠠᠶᠢᠭᠤᠯᠤᠨ᠎ᠠ᠃ ᠣᠯᠣᠰ ᠤᠨ ᠦᠮᠴᠢᠯᠡᠯᠲᠦ ᠠᠵᠤ ᠠᠬᠤᠶᠢᠯᠠᠯ ᠤᠨ ᠦᠬᠡᠷᠡᠴᠢᠯᠡᠯᠲᠡ ᠶᠢᠨ ᠬᠦᠨᠵᠡᠬᠡᠶᠢᠷᠡᠬᠦᠯᠤᠯᠳᠠ | ᠳᠡᠭᠡᠭᠰᠢᠯᠡᠬᠦᠯᠦᠯᠲᠡ ᠶᠢᠨ ᠠᠵᠢᠯᠯᠠᠭᠠᠨ ᠢ ᠴᠢᠨᠠᠷᠯᠢᠭ ᠪᠡᠶᠡᠯᠡᠬᠦᠯᠦᠨ᠂ 5 ᠬᠤᠰᠢᠭᠤ ᠬᠠᠷᠢᠶ᠎ᠠ ᠣᠯᠣᠰ ᠤᠨ ᠦᠮᠴᠢᠯᠡᠯᠲᠦ ᠠᠵᠤ ᠠᠬᠤᠶᠢᠯᠠᠯ ᠤᠨ ᠭᠤᠤᠯᠯᠠᠬᠤ ᠠᠵᠢᠯ | ᠢᠶᠠᠨ ᠬᠦᠴᠤᠷᠬᠡᠭᠵᠢᠬᠦᠯᠬᠦ᠂ ᠡᠳ᠋ ᠬᠦᠷᠦᠩᠬᠡ ᠪᠠᠨ ᠶᠡᠬᠡᠳᠬᠡᠬᠦ᠂ ᠡᠵᠡᠩᠨᠡᠯᠲᠡ ᠪᠠᠨ ᠰᠢᠯᠢᠳᠡᠭᠵᠢᠬᠦᠯᠬᠦ ᠶᠢ ᠳᠡᠮᠵᠢᠵᠦ᠂ ᠠᠰᠢᠭ ᠣᠯᠵᠠᠪᠤᠷᠢ ᠶᠢᠨ ᠶᠡᠷᠤᠩᠬᠡᠢ ᠦᠷᠳᠡᠭ ᠢ | ᠳ᠋ᠦᠩᠰᠢᠭᠤᠷ ᠲᠦᠬᠦᠷᠢᠭ ᠠᠴᠠ ᠳᠠᠪᠠᠭᠤᠯᠬᠤ ᠪᠠᠷ ᠴᠢᠷᠮᠠᠶᠢᠨ᠎ᠠ᠃ ᠠᠵᠤ ᠠᠬᠤᠶᠢᠯᠠᠯ ᠳᠤ ᠬᠤᠯᠪᠤᠭᠳᠠᠬᠤ ᠬᠠᠣᠯᠢ ᠬᠡᠷᠡᠭᠵᠢᠬᠦᠯᠦᠯᠲᠡ ᠶᠢ ᠳᠦᠷᠢᠮᠵᠢᠬᠦᠯᠬᠦ ᠲᠤᠰᠬᠠᠢ | ᠠᠵᠢᠯᠯᠠᠭᠠᠨ ᠢ ᠦᠷᠨᠢᠬᠦᠯᠦᠨ᠂ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠬᠦᠴᠦᠨ ᠢ ᠰᠢᠯᠢᠳᠡᠭᠵᠢᠬᠦᠯᠦᠨ ᠳᠡᠭᠡᠭᠰᠢᠯᠡᠬᠦᠯᠵᠦ᠂ ᠵᠠᠰᠠᠭ ᠵᠠᠬᠢᠷᠭᠠᠨ ᠤ ᠬᠠᠤᠯᠢ | ᠬᠡᠷᠡᠭᠵᠢᠬᠦᠯᠦᠯᠲᠡ ᠶᠢᠨ ᠴᠢᠨᠠᠷ ᠪᠦᠲᠦᠮᠵᠢ ᠶᠢ ᠪᠦᠬᠦ ᠲᠠᠯ᠎ᠠ ᠪᠠᠷ ᠳᠡᠭᠡᠭᠰᠢᠯᠡᠬᠦᠯᠦᠨ᠎ᠡ᠃ ︽ᠬᠡᠷᠡᠭᠯᠡᠬᠡᠨ ᠤ ᠲᠤᠰᠬᠠᠢ ᠮᠡᠷᠬᠡᠵᠢᠯ ᠤᠨ ᠴᠢᠳᠠᠪᠤᠷᠢᠲᠠᠨ ᠤ ᠡᠩᠨᠡᠭᠡᠨ ᠤ | ᠦᠬᠡᠷᠡᠴᠢᠯᠡᠯᠲᠡ ᠬᠠᠮᠢᠶᠠᠷᠤᠯᠲᠠ ᠶᠢᠨ ᠠᠷᠭ᠎ᠠ︾ ᠶᠢ ᠪᠦᠬᠦ ᠲᠠᠯ᠎ᠠ ᠪᠠᠷ ᠨᠠᠶᠢᠲᠠᠪᠤᠷᠢᠵᠢᠭᠤᠯᠤᠨ᠂ ᠴᠢᠳᠠᠪᠤᠷᠢᠲᠠᠨ ᠤ ᠬᠠᠮᠢᠶᠠᠷᠤᠯᠲᠠ᠂ ᠬᠡᠷᠡᠭᠯᠡᠯᠲᠡ ᠪᠠ ᠦᠨᠡᠯᠡᠯᠲᠡ | ᠶᠢᠨ ᠲᠤᠭᠲᠠᠴᠠ ᠶᠢ ᠲᠠᠰᠣᠷᠠᠯᠲᠠ ᠦᠬᠡᠢ ᠲᠡᠬᠦᠯᠳᠡᠷᠵᠢᠬᠦᠯᠵᠦ᠂ ᠴᠢᠳᠠᠪᠤᠷᠢᠲᠠᠨ ᠤ ᠡᠩᠨᠡᠭᠡᠨ ᠤ ᠬᠦᠳᠡᠯᠬᠡᠬᠦ ᠬᠦᠴᠦᠨ ᠠᠮᠢᠵᠢᠷᠠᠯ ᠤᠨ ᠬᠦᠴᠦᠨ ᠢ ᠣᠯᠠᠮ ᠨᠢᠬᠡ | ᠠᠯᠬᠤᠮ ᠪᠠᠳᠠᠷᠠᠭᠤᠯᠤᠨ᠎ᠠ᠃ ᠦᠨᠳᠦᠰᠦᠨ ᠱᠠᠲᠤᠨ ᠤ ᠵᠠᠰᠠᠯᠲᠠ᠂ ᠰᠣᠷᠭᠠᠨ ᠬᠦᠮᠦᠵᠢᠯ ᠰᠢᠨᠵᠢᠯᠡᠬᠦ ᠤᠬᠠᠭᠠᠨ ᠰᠣᠶᠣᠯ ᠡᠷᠡᠬᠦᠯ ᠬᠠᠮᠠᠭᠠᠯᠠᠯ᠂ ᠬᠠᠤᠯᠢ ᠴᠠᠭᠠᠵᠠ ᠶᠢᠨ | ᠵᠠᠰᠠᠭ ᠵᠠᠬᠢᠷᠭᠠᠨ ᠵᠡᠷᠭᠡ ᠡᠯ᠎ᠡ ᠬᠦᠷᠢᠶ᠎ᠡ ᠴᠠᠷᠠᠭᠠᠨ ᠤ ᠦᠬᠡᠷᠡᠴᠢᠯᠡᠯᠲᠡ ᠶᠢ ᠲᠦᠯᠦᠪᠵᠢᠬᠦᠯᠵᠦ ᠠᠬᠢᠭᠤᠯᠤᠨ᠂ ᠦᠬᠡᠷᠡᠴᠢᠯᠡᠯᠲᠡ ᠶᠢᠨ ᠪᠦᠲᠦᠮᠵᠢ ᠪᠠᠷ ᠴᠢᠨᠠᠷᠯᠢᠭ | ᠬᠦᠭᠵᠢᠯᠲᠡ ᠳᠤ ᠬᠦᠴᠦᠨ ᠨᠡᠮᠡᠷᠢᠯᠡᠨ᠎ᠡ᠃ | ᠰᠢᠨᠵᠢᠯᠡᠭᠡ ᠮᠡᠷᠬᠡᠵᠢᠯ ᠤᠨ ᠰᠢᠨᠡᠴᠢᠯᠡᠯᠲᠡ ᠶᠢᠨ ᠨᠦᠯᠦᠬᠡ ᠴᠢᠳᠠᠮᠵᠢ ᠶᠢ ᠠᠬᠢᠭᠤᠯᠤᠨ᠎ᠠ᠃ ᠰᠢᠨᠵᠢᠯᠡᠭᠡ ᠮᠡᠷᠬᠡᠵᠢᠯ ᠤᠨ ︽ᠰᠢᠪᠲᠤᠯᠤᠯᠲᠠ︾ ᠶᠢᠨ | ᠢᠨᠵᠧᠨᠧᠷᠢᠩ ᠢ ᠬᠦᠨᠵᠡᠬᠡᠢ ᠠᠬᠢᠭᠤᠯᠵᠤ᠂ 2200 ᠲᠦᠮᠡᠨ ᠲᠦᠬᠦᠷᠢᠭ ᠤᠨ ᠰᠢᠨᠵᠢᠯᠡᠭᠡ ᠮᠡᠷᠬᠡᠵᠢᠯ ᠤᠨ ᠰᠢᠨᠡᠴᠢᠯᠡᠯᠳᠠ ᠶᠢᠨ ᠵᠠᠷᠤᠳᠠᠯ ᠳᠤᠬᠢᠷᠠᠭᠤᠯᠤᠨ᠂ ᠱᠧᠨ᠋ᠵᠧᠨ | ᠤ ᠡᠨᠧᠷᠬᠢ ᠶᠢᠨ ᠨᠢᠬᠡᠳᠦᠬᠡᠷ ᠬᠤᠭᠤᠴᠠᠭ᠎ᠠ᠂ ᠷᠦᠨ ᠶᠠᠩ ᠤᠨ ᠠᠵᠤ ᠦᠢᠯᠡᠳᠪᠦᠷᠢ ᠶᠢᠨ ᠴᠠᠬᠢᠭᠤᠷ᠂ ᠣᠯᠠᠨ ᠲᠠᠯᠠᠰᠲᠤ ᠴᠠᠬᠢᠭᠤᠷ ᠵᠡᠷᠭᠡ ᠲᠦᠷᠦᠯ ᠵᠦᠢᠯ ᠤᠨ | ᠬᠡᠪᠴᠢᠶᠡᠵᠢᠯ ᠢᠶᠠᠨ ᠳᠡᠭᠡᠭᠰᠢᠯᠡᠬᠦᠯᠦᠨ ᠲᠤᠭ᠎ᠠ ᠪᠦᠷᠢᠳᠬᠡᠯ ᠳᠤ ᠣᠷᠣᠭᠤᠯᠬᠤ ᠶᠢ ᠠᠬᠢᠭᠤᠯᠵᠤ᠂ ᠳᠣᠮᠳᠠᠳᠣ ᠣᠯᠣᠰ ᠤᠨ ᠠᠭᠤᠷᠬᠠᠢ ᠶᠢᠨ ᠦᠢᠯᠡᠰ ᠤᠨ ᠶᠡᠭᠡ | ᠰᠣᠷᠭᠠᠭᠤᠯᠢ᠂ ᠬᠤᠸᠠ ᠵᠦᠩ ᠳᠠᠷᠢᠶᠠᠯᠠᠩ ᠤᠨ ᠶᠡᠭᠡ ᠰᠣᠷᠭᠠᠭᠤᠯᠢ ᠵᠡᠷᠭᠡ ᠳᠡᠭᠡᠳᠦ ᠰᠣᠷᠭᠠᠭᠤᠯᠢ ᠯᠤᠭ᠎ᠠ ᠶᠢᠨ ᠬᠠᠮᠲᠤᠷᠠᠯᠴᠠᠭ᠎ᠠ ᠪᠠᠨ ᠬᠦᠨᠵᠡᠬᠡᠶᠢᠷᠡᠬᠦᠯᠦᠨ᠂ | ᠨᠡᠬᠦᠷᠡᠰᠦ ᠬᠢᠮᠢ ᠶᠢᠨ ᠠᠵᠤ ᠦᠢᠯᠡᠳᠪᠦᠷᠢ ᠶᠢᠨ ᠬᠦᠷᠢᠶ᠎ᠡ ᠴᠠᠷᠠᠭ᠎ᠠ ᠪᠠ ᠮᠠᠯ ᠲᠠᠷᠢᠶᠠᠯᠠᠩ ᠤᠨ ᠦᠢᠯᠡᠰ ᠤᠨ ᠴᠠᠷᠠᠭᠠᠨ ᠤ ᠠᠺᠠᠳᠧᠮᠢᠴᠢ ᠡᠷᠳᠡᠮᠲᠡᠨ ᠤ ᠠᠵᠢᠯᠯᠠᠬᠤ | ᠦᠷᠲᠡᠭᠡᠨ ᠤ ᠪᠠᠶᠢᠭᠤᠯᠤᠯᠲᠠ ᠶᠢ ᠠᠬᠢᠭᠤᠯᠵᠤ᠂ ᠣᠷᠳᠣᠰ ᠤᠨ ᠲᠣᠷᠰᠢᠯᠲᠠ ᠶᠢᠨ ᠲᠠᠰᠤᠭ᠂ ᠨᠡᠬᠦᠷᠡᠰᠤᠳᠦ᠋ᠷᠦᠭᠴᠢ ᠶᠢ ᠰᠠᠭᠠᠷᠮᠠᠭᠵᠢᠭᠤᠯᠬᠤ ᠰᠤᠳᠤᠯᠭᠠᠨ ᠤ | ᠬᠦᠷᠢᠶᠡᠯᠡᠩ ᠵᠡᠷᠭᠡ ᠰᠣᠳᠣᠯᠭᠠᠨ ᠤ ᠪᠠᠶᠢᠭᠤᠯᠤᠮᠵᠢ ᠯᠤᠭ᠎ᠠ ᠲᠦᠷᠦᠯ ᠵᠦᠢᠯ ᠤᠨ ᠲᠤᠬᠠᠢ ᠬᠠᠮᠳᠤᠷᠠᠯᠴᠠᠭ᠎ᠠ ᠪᠠᠶᠢᠭᠤᠯᠬᠤ ᠶᠢ ᠢᠳᠡᠪᠬᠢᠲᠡᠢ ᠠᠬᠢᠭᠤᠯᠤᠨ᠂ ᠵᠢᠯ ᠤᠨ | ᠲᠤᠲᠣᠷ᠎ᠠ 2 ᠰᠢᠨᠵᠢᠯᠡᠭᠡ ᠮᠡᠷᠭᠡᠵᠢᠯ ᠤᠨ ᠰᠢᠨᠡᠴᠢᠯᠡᠯᠲᠡ ᠶᠢᠨ ᠳᠠᠪᠴᠠᠩ ᠢ ᠪᠠᠶᠢᠭᠤᠯᠵᠤ᠂ 3 ᠳᠡᠭᠡᠳᠦ ᠰᠢᠨ᠎ᠡ ᠮᠡᠷᠬᠡᠵᠢᠯ ᠤᠨ ᠠᠵᠤ ᠠᠬᠤᠶᠢᠯᠠᠯ ᠢ ᠪᠤᠶᠢᠵᠢᠭᠤᠯᠤᠨ᠂ | 10 ᠰᠢᠨᠵᠢᠯᠡᠭᠡ ᠮᠡᠷᠭᠡᠵᠢᠯ ᠤᠨ ᠬᠡᠯᠪᠡᠷᠢ ᠶᠢᠨ ᠳᠣᠮᠳᠠ ᠪᠠᠭ᠎ᠠ ᠠᠵᠤ ᠠᠬᠤᠶᠢᠯᠠᠯ ᠢ ᠬᠦᠮᠦᠷᠬᠡᠯᠡᠵᠦ᠂ ᠰᠣᠳᠣᠯᠭᠠᠨ ᠤ ᠵᠠᠷᠤᠳᠠᠯ ᠢ 10% ᠠᠴᠠ ᠳᠡᠭᠡᠭᠰᠢ | ᠨᠡᠮᠡᠭᠳᠡᠬᠦᠯᠦᠨ᠎ᠡ᠃ | ᠬᠤᠳᠠᠯᠳᠤᠭ᠎ᠠ ᠡᠵᠡᠩᠨᠡᠯᠳᠡ ᠶᠢᠨ ᠤᠷᠴᠢᠨ ᠨᠥᠭᠦᠴᠡᠯ ᠢ ᠥᠷᠭᠦᠯᠵᠢᠯᠡᠨ ᠰᠢᠯᠢᠳᠡᠭᠵᠢᠭᠦᠯᠥᠨ᠎ᠡ᠃ ︽ᠤᠴᠢᠷ ᠲᠠᠢ ᠪᠤᠯ ᠲᠤᠰᠬᠠᠨ᠂ ᠡᠰᠡᠪᠡᠯ ᠨᠥᠯᠥᠭᠡᠯᠡᠭᠦ | ᠥᠭᠡᠢ ᠪᠠᠶᠢᠬᠤ︾ ᠶᠤᠰᠤᠭᠠᠷ᠂ ᠠᠵᠤ ᠠᠬᠤᠶᠢᠯᠠᠯ ᠳᠤ ᠪᠠᠶᠢᠴᠠᠭᠠᠯᠳᠠ ᠬᠢᠭᠦ ᠲᠠᠪᠳᠠᠮᠵᠢ ᠪᠠᠨ ᠴᠡᠭᠴᠡᠯᠡᠨ ᠴᠥᠭᠡᠳᠭᠡᠵᠤ᠂ ᠠᠵᠤ ᠠᠬᠤᠶᠢᠯᠠᠯ ᠤᠨ ᠬᠡᠪ ᠤᠨ | ᠥᠢᠯᠡᠳᠪᠥᠷᠢᠯᠡᠯ ᠡᠵᠡᠩᠨᠡᠯᠳᠡ ᠶᠢ ᠬᠠᠷᠰᠢᠯᠡᠯ ᠥᠭᠡᠢ ᠪᠠᠷ ᠠᠵᠤ ᠠᠬᠤᠶᠢᠯᠠᠯ ᠳᠤ ᠬᠤᠯᠪᠤᠭᠳᠠᠬᠤ ᠬᠠᠤᠯᠢ ᠬᠡᠷᠡᠭᠵᠢᠭᠦᠯᠥᠯᠳᠡ ᠶᠢ ᠨᠡᠩ ᠡᠷᠭᠡ ᠲᠡᠭᠰᠢ ᠲᠥᠪ ᠭᠤᠤᠯᠴᠢ | ᠪᠤᠯᠭᠠᠨ᠎ᠠ᠃ ᠬᠤᠳᠠᠯᠳᠤᠭ᠎ᠠ ᠡᠵᠡᠩᠨᠡᠯᠳᠡ ᠶᠢᠨ ᠤᠷᠴᠢᠨ ᠨᠥᠭᠦᠴᠡᠯ ᠢ ᠰᠢᠯᠢᠳᠡᠭᠵᠢᠭᠦᠯᠭᠦ 6.0 ᠲᠥᠰᠥᠪ ᠢ ᠲᠤᠭᠳᠠᠭᠠᠵᠤ᠂ ᠵᠠᠰᠠᠭ ᠤᠨ ᠶᠠᠪᠤᠳᠠᠯ ᠤᠨ | ᠥᠢᠯᠡᠴᠢᠯᠡᠭᠡᠨ ᠤ ᠲᠢᠩᠬᠢᠮ ᠢ ᠲᠡᠰ ᠲᠡᠪᠰᠢᠭᠦᠯᠵᠤ ᠥᠭᠡᠷᠡᠴᠢᠯᠡᠨ᠂ ᠭᠥᠰᠥᠨᠥᠭᠴᠢᠯᠡᠭᠰᠡᠨ ︽ᠰᠠᠭᠤᠷᠢ ᠳ᠋ᠠᠶᠢᠲ᠋ᠠ︾ ᠲᠠᠪᠴᠠᠩ ᠤᠨ ᠪᠠᠶᠢᠭᠤᠯᠤᠯᠳᠠ ᠠᠰᠢᠭᠯᠠᠯᠳᠠ ᠶᠢ | ᠲᠡᠭᠦᠯᠳᠡᠷᠵᠢᠭᠦᠯᠵᠤ᠂ ᠵᠠᠰᠠᠭ ᠤᠨ ᠶᠠᠪᠤᠳᠠᠯ ᠤᠨ ᠥᠢᠯᠡᠴᠢᠯᠡᠭᠡ ᠶᠢ ᠨᠡᠩ ᠤᠨᠤᠪᠴᠢᠳᠠᠢ ᠪᠥᠳᠥᠮᠵᠢᠳᠠᠢ ᠪᠤᠯᠭᠠᠨ᠎ᠠ᠃ ︽ᠠᠵᠤ ᠠᠬᠤᠶᠢᠯᠠᠯ ᠳᠤ ᠲᠤᠰᠠᠯᠠᠬᠤ | ᠠᠵᠢᠯᠯᠠᠭ᠎ᠠ︾ ᠶᠢ ᠭᠥᠨᠵᠡᠭᠡᠢ ᠥᠷᠨᠢᠭᠦᠯᠥᠨ᠂ ᠤᠳᠤᠷᠢᠳᠤᠯᠭ᠎ᠠ ᠬᠤᠯᠪᠤᠭᠠᠯᠠᠨ ᠲᠠᠭᠠᠭᠠᠴᠢᠯᠠᠬᠤ᠂ ᠲᠥᠷᠥᠯ ᠵᠥᠢᠯ ᠢ ᠲᠠᠭᠠᠭᠤᠯᠤᠨ ᠭᠥᠢᠴᠡᠳᠭᠡᠭᠦ᠂ ᠬᠤᠯᠪᠤᠭᠠᠯᠠᠨ | ᠬᠢᠨᠠᠨ ᠴᠤᠬᠤᠯᠠᠪᠤᠷᠢᠯᠠᠬᠤ ᠶᠢ ᠴᠢᠩᠭᠠᠳᠬᠠᠵᠤ᠂ ︽ᠪᠥᠳᠥᠮᠵᠢ ᠰᠠᠶᠢᠳᠠᠢ ᠪᠠᠷ ᠤᠴᠢᠷ ᠪᠥᠳᠥᠭᠡᠭᠦ︾ ᠪᠥᠷᠭᠦᠴᠡ ᠶᠢᠨ ᠨᠡᠩ ᠥᠷᠭᠡᠨ ᠬᠡᠪᠴᠢᠶᠡᠨ ᠳᠤ ᠥᠢᠯᠡᠴᠢᠯᠡᠭᠦ᠂ | ︽ᠠᠵᠤ ᠠᠬᠤᠶᠢᠯᠠᠯ ᠳᠤ ᠵᠠᠬᠢᠶᠠᠯᠠᠭ᠎ᠠ ᠬᠠᠶᠢᠬᠤ︾ ᠠᠵᠢᠯᠯᠠᠭ᠎ᠠ ᠶᠢ ᠴᠢᠨᠠᠷᠵᠢᠭᠤᠯᠤᠨ ᠲᠡᠰ ᠲᠡᠪᠰᠢᠭᠦᠯᠵᠤ᠂ ᠠᠵᠤ ᠠᠬᠤᠶᠢᠯᠠᠯ ᠤᠨ ᠭᠠᠵᠠᠷ ᠠᠰᠢᠭᠯᠠᠯᠳᠠ᠂ | ᠴᠠᠬᠢᠯᠭᠠᠨ ᠬᠡᠷᠡᠭᠯᠡᠯᠳᠡ᠂ ᠠᠵᠢᠯᠴᠢᠨ ᠭᠥᠯᠥᠰᠥᠯᠡᠯᠳᠡ ᠵᠡᠷᠭᠡ ᠴᠢᠬᠤᠯᠠ ᠬᠡᠷᠡᠭᠴᠡᠭᠡ ᠶᠢ ᠪᠠᠳᠤᠯᠠᠨ᠂ ᠡᠵᠡᠩᠨᠡᠯᠳᠡ ᠶᠢᠨ ᠪᠡᠶᠡᠴᠢ ᠴᠤᠭᠴᠠ ᠳᠤ ᠥᠨᠡᠨ ᠪᠤᠳᠠᠳᠠᠢ | ᠭᠥᠭᠵᠢᠯᠳᠡ ᠶᠢᠨ ᠤᠷᠤᠨ ᠵᠠᠢ ᠬᠠᠩᠭᠠᠵᠤ᠂ ᠥᠨᠡᠨᠴᠢ ᠢᠳᠡᠭᠡᠮᠵᠢᠳᠡᠢ ᠪᠠᠷ ᠠᠵᠤ ᠠᠬᠤᠶᠢᠯᠠᠯᠳᠠᠨ ᠲᠠᠢ ᠬᠠᠷᠢᠴᠠᠨ᠂ ᠠᠵᠤ ᠠᠬᠤᠶᠢᠯᠠᠯ ᠤᠨ ᠬᠦᠭᠵᠢᠯᠳᠠ ᠶᠢ ᠦᠨᠡᠨᠬᠦ | ᠳᠡᠮᠵᠢᠵᠤ᠂ ᠠᠵᠤ ᠠᠬᠤᠶᠢᠯᠠᠯ ᠤᠨ ᠪᠡᠯᠡ ᠤᠷᠤᠭᠤᠯᠬᠤ᠂ ᠦᠷᠬᠡᠤᠨᠬᠡᠬᠦ᠂ ᠬᠦᠴᠤᠷᠬᠡᠭᠵᠢᠬᠦ ᠶᠢ ᠠᠬᠢᠭᠤᠯᠤᠨ᠎ᠠ᠃ | ︵ᠲᠤᠯᠤᠭ᠎ᠠ︶ ᠠᠵᠢᠯᠯᠠᠵᠤ ᠠᠮᠠᠷᠠᠬᠤ ᠶᠢᠨ ᠲᠤᠬᠢᠯᠢᠭ ᠲᠤ ᠠᠩᠬᠠᠷᠤᠯ ᠬᠠᠨᠳᠤᠭᠤᠯᠤᠨ᠂ ᠤᠷᠤᠨ ᠬᠡᠪᠴᠢᠶᠡᠨ ᠤ ᠵᠤᠬᠢᠴᠠᠩᠭᠤᠢ ᠭᠥᠭᠵᠢᠯᠳᠡ ᠶᠢ ᠨᠢᠭᠡᠳᠥᠯᠳᠡᠢ | ᠲᠥᠯᠥᠪᠯᠡᠨ᠎ᠡ᠃ ᠤᠷᠢᠳᠴᠢᠯᠠᠨ ᠲᠥᠯᠥᠪᠵᠢᠭᠦᠯᠵᠤ ᠴᠢᠨᠠᠷᠯᠢᠭ ᠪᠠᠶᠢᠭᠤᠯᠤᠨ ᠴᠢᠩᠭ᠎ᠠ ᠬᠠᠮᠢᠶᠠᠷᠴᠤ᠂ ᠬᠤᠰᠢᠭᠤ ᠤᠷᠤᠨ ᠬᠡᠪᠴᠢᠶᠡᠨ ᠤ ᠠᠴᠢᠶᠡᠯᠠᠬᠤ ᠲᠠᠳᠠᠬᠤ | ᠲᠠᠶᠢᠴᠢᠯᠠᠬᠤ ᠭᠥᠴᠥᠨ ᠢ ᠤᠯᠠᠮ ᠴᠢᠩᠭᠠᠳᠬᠠᠨ᠂ ᠴᠢᠨᠠᠷᠯᠢᠭ ᠭᠥᠭᠵᠢᠯᠳᠡ ᠳᠤ ᠲᠤᠯᠭᠠᠭᠤᠷᠢᠯᠠᠯ ᠭᠥᠴᠥᠨ ᠬᠠᠩᠭᠠᠨ᠎ᠠ᠃ | ᠬᠤᠳᠠ ᠪᠠᠯᠭᠠᠰᠤᠨ ᠤ ᠪᠠᠶᠢᠭᠤᠯᠤᠯᠳᠠ ᠬᠠᠮᠢᠶᠠᠷᠤᠯᠳᠠ ᠶᠢᠨ ᠲᠥᠪᠰᠢᠨ ᠢ ᠲᠡᠭᠡᠭᠰᠢᠯᠡᠭᠦᠯᠥᠨ᠎ᠡ᠃ ᠬᠤᠳᠠ ᠪᠠᠯᠭᠠᠰᠤᠨ ᠤ ᠳᠤᠯᠠᠭᠠᠯᠠᠮᠵᠢ ᠬᠠᠩᠭᠠᠯᠭ᠎ᠠ ᠪᠠ | ᠮᠠᠯᠵᠢᠬᠤ ᠲᠠᠷᠢᠶᠠᠯᠠᠬᠤ ᠤᠷᠤᠨ ᠤ ᠭᠤᠷᠪᠠ ᠶᠢ ᠢᠵᠢ ᠴᠤᠭᠴᠠᠵᠢᠭᠤᠯᠤᠭᠰᠠᠨ ᠪᠤᠬᠢᠷᠳᠤᠯ ᠥᠭᠡᠢ ᠲᠤᠯᠠᠭᠠᠯᠠᠭ᠎ᠠ ᠬᠠᠩᠭᠠᠯᠳᠠ ᠶᠢᠨ ᠢᠨᠵᠧᠨᠧᠷᠢᠩ ᠤᠨ ᠴᠢᠨᠠᠷ ᠢ | ᠪᠠᠬᠢᠵᠢᠬᠦᠯᠤᠨ ᠲᠡᠭᠡᠭᠰᠢᠯᠡᠭᠦᠯᠵᠤ᠂ ᠰᠢᠨ᠎ᠡ ᠢᠯᠴᠢ ᠶᠢᠨ ᠵᠤᠤᠬ᠎ᠠ ᠶᠢ 2 ᠰᠠᠭᠤᠷᠢ ᠪᠠᠶᠢᠭᠤᠯᠤᠨ᠂ ᠢᠯᠴᠢ ᠬᠠᠩᠭᠠᠯᠭ᠎ᠠ ᠶᠢᠨ ᠮᠠᠰᠢᠨ ᠴᠤᠭᠴᠠᠯᠠᠪᠤᠷᠢ ᠶᠢ 20 ᠰᠠᠭᠤᠷᠢ | ᠲᠡᠰ ᠲᠡᠪᠰᠢᠭᠦᠯᠵᠤ᠂ ᠢᠯᠴᠢ ᠬᠠᠩᠭᠠᠯᠭ᠎ᠠ ᠶᠢᠨ ᠬᠠᠭᠤᠴᠢᠨ ᠬᠤᠭᠤᠯᠠᠢ ᠶᠢ 56 ᠺᠢᠯᠤᠮᠧᠲᠷ ᠵᠠᠰᠠᠵᠤ ᠥᠭᠡᠷᠡᠴᠢᠯᠡᠨ᠂ ᠬᠡᠷᠡᠭᠯᠡᠭᠴᠢᠳ ᠤᠨ ᠲᠠᠭᠠᠷᠠᠵᠤ ᠭᠥᠷᠥᠵᠤ | ᠪᠠᠶᠢᠭᠰᠠᠨ ᠵᠡᠷᠭᠡ ᠠᠰᠠᠭᠤᠳᠠᠯ ᠢ ᠪᠥᠳᠥᠮᠵᠢᠳᠠᠢ ᠰᠢᠢᠳᠪᠥᠷᠢᠯᠡᠵᠤ᠂ ᠲᠥᠪᠯᠡᠷᠡᠩᠭᠦᠢ ᠪᠠᠷ ᠲᠤᠯᠠᠭᠠᠯᠠᠮᠵᠢ ᠬᠠᠩᠭᠠᠬᠤ ᠴᠢᠳᠠᠪᠬᠢ ᠶᠢ ᠬᠤᠳᠠ ᠭᠥᠳᠡᠭᠡᠨ ᠤ ᠠᠭᠤᠯᠵᠠᠷ | ᠤᠷᠤᠨ ᠭᠥᠷᠳᠡᠯ᠎ᠡ ᠥᠷᠭᠡᠳᠭᠡᠨ᠎ᠡ᠃ ᠬᠤᠳᠠ ᠶᠢᠨ ᠲᠤᠤᠷ ᠬᠤᠭᠤᠯᠠᠢ ᠶᠢᠨ ᠦᠬᠡᠷᠡᠴᠢᠯᠡᠯᠳᠠ ᠶᠢᠨ ᠠᠵᠢᠯ᠂ ᠬᠡᠥᠭᠡᠳ ᠪᠠᠭᠠᠴᠤᠳ ᠲᠤ ᠡᠭᠡᠯᠢᠳᠡᠢ ᠤᠷᠤᠨ ᠵᠠᠢ | ᠪᠠᠶᠢᠭᠤᠯᠬᠤ ᠠᠵᠢᠯ ᠢ ᠨᠢᠭᠡᠳᠥᠯᠳᠡᠢ ᠲᠥᠯᠥᠪᠵᠢᠭᠦᠯᠵᠤ ᠬᠡᠷᠡᠭᠵᠢᠭᠦᠯᠤᠨ᠂ ᠨᠡᠶᠢᠭᠡᠮ ᠤᠨ ᠭᠥᠷᠥᠩᠭᠡ ᠶᠢ ᠤᠯᠠᠨ ᠨᠡᠶᠢᠳᠡ ᠶᠢᠨ ᠠᠵᠢᠯ ᠥᠢᠯᠡᠰ ᠲᠤ ᠲᠠᠳᠠᠬᠤ ᠠᠵᠢᠯ | ᠢ ᠭᠥᠨᠵᠡᠭᠡᠢ ᠰᠦᠪᠡᠭᠴᠢᠯᠡᠵᠤ᠂ ᠠᠮᠢᠳᠤᠷᠠᠯ ᠤᠨ ᠬᠤᠭ ᠨᠤᠪᠰᠢ᠂ ᠢᠳᠡᠰᠢ ᠤᠤᠭᠤᠰᠢᠨ ᠥᠪᠳᠡᠯ ᠴᠥᠪᠤᠳᠠᠯ᠂ ᠪᠠᠷᠢᠯᠭ᠎ᠠ ᠶᠢᠨ ᠬᠠᠶᠠᠭᠳᠠᠯ ᠬᠡᠭᠡᠭᠳᠡᠯ ᠪᠤᠳᠠᠰ ᠢ | ᠶᠡᠷᠥᠩᠭᠡᠶᠢᠯᠡᠨ ᠵᠠᠰᠠᠬᠤ ᠴᠢᠳᠠᠪᠤᠷᠢ ᠶᠢ ᠪᠥᠭᠦ ᠲᠠᠯ᠎ᠠ ᠪᠠᠷ ᠲᠡᠭᠡᠭᠰᠢᠯᠡᠭᠦᠯᠥᠨ᠎ᠡ᠃ ᠰᠢᠨ᠎ᠡ ᠪᠠᠷ 216 ᠲᠥᠭᠦᠷ ᠪᠠᠳᠤᠯᠠᠭ᠎ᠠ ᠶᠢᠨ ᠴᠢᠨᠠᠷᠳᠤ ᠤᠷᠤᠨ ᠰᠠᠭᠤᠴᠠ | ᠪᠠᠶᠢᠭᠤᠯᠤᠨ᠂ ᠳ᠋ᠦᠩ ᠴᠧᠩ ᠬᠤᠸᠠ ᠹᠥ᠋ ᠰᠠᠭᠤᠴᠠ ᠬᠢᠭᠡᠳ ᠱᠤ᠋ ᠰᠢᠶᠠᠩ ᠮᠢᠩ ᠶᠤᠸᠠᠨ ᠰᠠᠭᠤᠴᠠ ᠵᠡᠷᠭᠡ ᠬᠤᠶᠠᠷ ᠰᠠᠭᠤᠭᠠᠯᠢ ᠲᠤᠭᠤᠷᠢᠭ ᠤᠨ ᠨᠡᠭᠡᠭᠡᠯᠳᠡ ᠬᠢᠵᠤ᠂ | ᠤᠯᠵᠠᠴᠢ ᠪᠠᠯᠭᠠᠰᠤᠨ ᠳᠤ ᠬᠢ ᠨᠡᠶᠢᠳᠡ ᠶᠢᠨ ᠲᠥᠷᠢᠶᠡᠰᠥᠨ ᠰᠠᠭᠤᠴᠠ ᠬᠢᠭᠡᠳ ᠱᠠᠩᠬᠠᠢ ᠶᠢᠨ ᠰᠥᠮ᠎ᠡ ᠪᠠᠯᠭᠠᠰᠤᠨ ᠳᠤ ᠬᠢ ᠲᠢᠶᠡᠨ ᠵᠢᠶᠥ᠋ᠨ ᠰᠠᠭᠤᠴᠠ ᠶᠢ | ᠰᠢᠨᠡᠳᠭᠡᠵᠤ ᠰᠡᠯᠪᠢᠨ᠂ ᠠᠷᠠᠳ ᠤᠯᠠᠨ ᠤ ᠲᠤᠬᠢᠯᠢᠭ ᠴᠢᠨᠠᠷᠯᠢᠭ ᠤᠷᠤᠨ ᠰᠠᠭᠤᠴᠠ ᠶᠢᠨ ᠱᠠᠭᠠᠷᠳᠠᠯᠭ᠎ᠠ ᠶᠢ ᠬᠠᠩᠭᠠᠨ᠎ᠠ᠃ | ᠬᠤᠳᠠ ᠪᠠᠯᠭᠠᠰᠤᠨ ᠤ ᠤᠨᠴᠠᠯᠢᠭᠳᠤ ᠭᠥᠭᠵᠢᠯᠳᠡ ᠶᠢ ᠡᠷᠴᠢᠮᠵᠢᠭᠦᠯᠥᠨᠡ᠃ ᠡᠯ᠎ᠡ ᠪᠠᠯᠭᠠᠰᠤᠨ ᠤ ᠪᠤᠳᠠᠳᠠᠢ ᠳᠤ ᠰᠠᠭᠤᠷᠢᠯᠠᠵᠤ᠂ ᠲᠠᠪᠠᠭᠤᠯᠢᠭ ᠢ ᠪᠠᠳᠠᠷᠠᠭᠤᠯᠤᠨ | ᠤᠨᠴᠠᠯᠢᠭ ᠢ ᠬᠠᠷᠠᠭᠤᠯᠤᠨ᠎ᠠ᠃ ᠤᠯᠵᠠᠴᠢ ᠪᠠᠯᠭᠠᠰᠤᠨ ᠤ ᠤᠷᠤᠨ ᠬᠡᠪᠴᠢᠶᠡᠨ᠎ᠡ ᠥᠢᠯᠡᠴᠢᠯᠡᠭᠦ ᠬᠡᠯᠪᠡᠷᠢ ᠶᠢᠨ ᠭᠤᠤᠯᠳᠠᠯᠭᠠᠳᠤ ᠪᠠᠯᠭᠠᠰᠤᠨ ᠤ ᠪᠠᠶᠢᠭᠤᠯᠤᠯᠳᠠ ᠶᠢ | ᠲᠡᠮᠵᠢᠵᠤ᠂ ᠠᠵᠤ ᠥᠢᠯᠡᠳᠪᠥᠷᠢ ᠶᠢᠨ ᠡᠵᠡᠩᠨᠡᠯᠳᠡ ᠶᠢᠨ ᠬᠡᠯᠪᠡᠷᠢ ᠶᠢ ᠨᠢ ᠪᠠᠶᠠᠯᠢᠭᠵᠢᠭᠤᠯᠤᠨ᠂ ᠥᠢᠯᠡᠴᠢᠯᠡᠭᠡᠨ ᠤ ᠥᠢᠯᠡᠰ ᠤᠨ ᠭᠥᠭᠵᠢᠯᠳᠡ ᠶᠢ ᠠᠬᠢᠭᠤᠯᠵᠤ᠂ | ᠰᠠᠭᠤᠭᠠᠯᠢ ᠠᠷᠠᠳ ᠤᠨ ᠠᠮᠢᠳᠤᠷᠠᠯ ᠤᠨ ᠲᠡᠰ ᠴᠢᠨᠠᠷᠵᠢᠯ ᠢ ᠲᠡᠭᠡᠭᠰᠢᠯᠡᠭᠦᠯᠥᠨ᠂ ᠭᠤᠤᠯᠳᠠᠯᠭᠠᠳᠤ ᠪᠠᠯᠭᠠᠰᠤᠨ ᠤ ᠶᠡᠷᠥᠩᠭᠡᠶᠢᠯᠡᠭᠰᠡᠨ ᠠᠴᠢᠶᠠᠯᠠᠬᠤ ᠴᠢᠳᠠᠪᠤᠷᠢ ᠶᠢ | ᠲᠠᠰᠤᠷᠠᠯᠳᠠ ᠥᠭᠡᠢ ᠴᠢᠩᠭᠠᠳᠬᠠᠨ᠎ᠠ᠃ ᠱᠠᠩᠬᠠᠢ ᠶᠢᠨ ᠰᠥᠮ᠎ᠡ ᠪᠠᠯᠭᠠᠰᠤᠨ ᠤ ᠠᠵᠤ ᠥᠢᠯᠡᠳᠪᠥᠷᠢ ᠶᠢᠨ ᠭᠥᠴᠥᠷᠭᠡᠭ ᠪᠠᠯᠭᠠᠰᠤᠨ ᠠᠴᠠ ᠶᠡᠷᠥᠩᠭᠡᠶᠢᠯᠡᠭᠰᠡᠨ | ᠭᠥᠴᠥᠷᠭᠡᠭ ᠪᠠᠯᠭᠠᠰᠤᠨ ᠲᠡᠶᠢᠰᠢᠬᠢ ᠰᠢᠯᠵᠢᠯᠳᠠ ᠶᠢ ᠲᠡᠮᠵᠢᠨ᠂ ︽ᠨᠠᠮ ᠤᠨ ᠪᠠᠶᠢᠭᠤᠯᠤᠯᠳᠠ ᠪᠠᠷ ᠲᠠᠶᠢᠴᠢᠯᠠᠨ᠂ ᠤᠷᠤᠨ ᠠᠯᠤᠰᠯᠠᠨ ᠬᠤᠯᠪᠤᠭᠠᠯᠠᠵᠤ᠂ ᠨᠢᠭᠡᠳᠥᠯᠳᠡᠢ | ᠪᠠᠶᠢᠭᠤᠯᠤᠨ ᠬᠠᠮᠳᠤ ᠪᠠᠶᠠᠵᠢᠬᠤ︾ ᠬᠠᠮᠳᠤ ᠶᠢᠨ ᠠᠵᠤ ᠠᠬᠤᠢ ᠶᠢᠨ ᠭᠥᠭᠵᠢᠯᠳᠡ ᠶᠢᠨ ᠵᠠᠭᠪᠤᠷ ᠢ ᠭᠥᠨᠵᠡᠭᠡᠶᠢᠷᠡᠭᠦᠯᠥᠨ᠂ ᠬᠤᠳᠠ ᠪᠠᠯᠭᠠᠰᠤᠨ ᠤ ᠰᠠᠭᠤᠷᠢ | ᠲᠥᠭᠦᠭᠡᠷᠤᠮᠵᠢ ᠶᠢᠨ ᠪᠠᠶᠢᠭᠤᠯᠤᠯᠳᠠ ᠶᠢ ᠴᠢᠩᠭᠠᠤᠨᠬᠠᠵᠤ᠂ ᠤᠯᠠᠨ ᠨᠡᠶᠢᠳᠡ ᠶᠢᠨ ᠥᠢᠯᠡᠴᠢᠯᠡᠭᠡᠨ ᠤ ᠲᠥᠪᠰᠢᠨ ᠢ ᠳᠡᠬᠡᠭᠰᠢᠯᠡᠬᠦᠯᠤᠨ᠂ ᠠᠵᠤ ᠥᠢᠯᠡᠰ ᠤᠨ | ᠭᠥᠭᠵᠢᠯᠳᠡ᠂ ᠬᠤᠳᠠ ᠪᠠᠯᠭᠠᠰᠤᠨ ᠤ ᠭᠥᠴᠥᠷᠭᠡᠭᠵᠢᠯ ᠬᠢᠭᠡᠳ ᠠᠷᠠᠳ ᠤᠯᠠᠨ ᠤ ᠴᠢᠨᠡᠭᠡᠯᠢᠭᠵᠢᠯ ᠢ ᠢᠵᠢ ᠴᠤᠭᠴᠠᠵᠢᠭᠤᠯᠤᠨ ᠭᠥᠭᠵᠢᠭᠦᠯᠥᠨ᠎ᠡ᠃ ᠪᠤᠷᠤᠪᠠᠯᠭᠠᠰᠤ | ᠪᠠᠯᠭᠠᠰᠤᠨ ᠤ ︽ᠰᠤᠳᠤᠯᠭ᠎ᠠ ᠰᠤᠷᠤᠯᠴᠠᠯᠭ᠎ᠠ᠂ ᠰᠤᠶᠤᠯ ᠵᠢᠭᠤᠯᠴᠢᠯᠠᠯ᠂ ᠠᠷᠠᠯᠵᠢᠶ᠎ᠠ ᠬᠤᠳᠠᠯᠳᠤᠭ᠎ᠠ᠂ ᠡᠷᠡᠭᠦᠯᠵᠢᠯ ᠰᠤᠪᠢᠯᠠᠯ︾ ᠢ ᠢᠵᠢ ᠴᠤᠭᠴᠠᠵᠢᠭᠤᠯᠤᠭᠰᠠᠨ | ᠬᠤᠪᠢᠰᠬᠠᠯᠳᠤ ᠪᠠᠯᠭᠠᠰᠤ ᠶᠢᠨ ᠴᠤᠭᠴᠠᠯᠠᠯᠳᠠ ᠶᠢ ᠲᠡᠮᠵᠢᠨ᠂ ᠮᠠᠯ ᠲᠠᠷᠢᠶᠠᠯᠠᠩ ᠤᠨ ᠪᠥᠳᠥᠭᠡᠭᠳᠡᠭᠦᠨ ᠤ ᠨᠠᠷᠢᠯᠢᠭ ᠡᠳ᠋ᠰᠢᠭᠦᠯᠥᠯᠳᠡ ᠶᠢᠨ ᠲᠤᠳᠠᠭᠤᠳᠠᠯ ᠢ ᠨᠢ | ᠦᠷᠬᠦᠯᠵᠢᠯᠡᠨ ᠨᠥᠭᠦᠪᠥᠷᠢᠯᠡᠵᠤ᠂ ᠤᠳᠤ ᠥᠶ᠎ᠡ ᠶᠢᠨ ᠮᠠᠯ ᠲᠠᠷᠢᠶᠠᠯᠠᠩ ᠤᠨ ᠪᠥᠳᠥᠭᠡᠭᠳᠡᠭᠦᠨ ᠤ ᠲᠠᠸᠠᠷ ᠤᠨ ᠰᠤᠯᠢᠯᠴᠠᠭᠠᠨ ᠤ ᠲᠠᠪᠴᠠᠩ ᠬᠢᠭᠡᠳ ᠭᠥᠷᠥᠭᠡᠨ | ᠲᠠᠮᠵᠢᠭᠤᠯᠬᠤ ᠪᠠᠷᠠᠭ᠎ᠠ ᠭᠥᠢᠯᠭᠡᠭᠡᠨ ᠤ ᠰᠢᠰᠲ᠋ᠧᠮ ᠢ ᠴᠤᠭᠴᠠᠯᠠᠨ᠂ ᠤᠳᠤ ᠥᠶ᠎ᠡ ᠶᠢᠨ ᠮᠠᠯ ᠲᠠᠷᠢᠶᠠᠯᠠᠩ ᠤᠨ ᠥᠢᠯᠡᠰ ᠬᠢᠭᠡᠳ ᠬᠤᠪᠢᠰᠬᠠᠯᠳᠤ ᠰᠤᠶᠤᠯ ᠵᠢᠭᠤᠯᠴᠢᠯᠠᠯ | ᠤᠨ ᠡᠬᠢ ᠰᠤᠷᠪᠤᠯᠵᠢ ᠶᠢᠨ ᠠᠭᠤᠰᠤᠯᠴᠠᠯ ᠢ ᠭᠥᠨᠵᠡᠭᠡᠶᠢᠷᠡᠭᠦᠯᠵᠤ᠂ ᠭᠥᠳᠡᠭᠡ ᠤᠷᠤᠨ ᠢ ᠭᠥᠴᠥᠷᠭᠡᠭᠵᠢᠭᠦᠯᠭᠦ ᠶᠢᠨ ᠬᠤᠪᠢᠰᠬᠠᠯᠳᠤ ᠲᠠᠭᠤᠷᠢᠶᠠᠯ ᠤᠷᠤᠨ ᠪᠤᠯᠭᠠᠨ | ᠴᠤᠭᠴᠠᠯᠠᠨ᠎ᠠ᠃ ᠨᠠᠩᠰᠤ ᠪᠠᠯᠭᠠᠰᠤᠨ ᠤ ᠤᠯᠤᠰ ᠤᠨ ᠲᠡᠰ ᠤᠨ ᠮᠠᠯ ᠲᠠᠷᠢᠶᠠᠯᠠᠩ ᠤᠨ ᠠᠵᠤ ᠥᠢᠯᠡᠰ ᠤᠨ ᠭᠥᠴᠥᠷᠭᠡᠭ ᠪᠠᠯᠭᠠᠰᠤᠨ ᠤ ᠴᠤᠭᠴᠠᠯᠠᠯᠳᠠ ᠶᠢ ᠲᠡᠮᠵᠢᠨ᠂ | ᠰᠢᠯᠢᠳᠡᠭ ᠡᠭᠦᠯᠳᠡᠷ ᠪᠤᠶᠢᠵᠢᠭᠤᠯᠬᠤ ᠠᠵᠢᠯ ᠬᠢᠭᠡᠳ ᠪᠡᠯᠴᠢᠭᠡᠷ ᠬᠤᠪᠢᠶᠠᠨ ᠰᠡᠯᠭᠦᠨ ᠮᠠᠯᠵᠢᠬᠤ ᠠᠵᠢᠯ ᠤᠨ ᠵᠠᠭᠪᠤᠷ ᠢ ᠲᠥᠭᠡᠮᠡᠯᠵᠢᠭᠦᠯᠵᠤ᠂ ᠬᠠᠰᠢᠶᠠᠯᠠᠨ ᠲᠡᠵᠢᠭᠡᠭᠦ | ᠪᠠ ᠮᠠᠰᠢᠨᠴᠢᠯᠠᠯᠳᠠ ᠲᠥᠭᠦᠷᠵᠢᠭᠦᠯᠭᠦ ᠳᠤ ᠬᠠᠨᠳᠤᠭᠤᠯᠤᠭᠰᠠᠨ ᠳᠡᠮᠵᠢᠯᠬᠡ ᠪᠠᠨ ᠲᠡᠭᠡᠭᠰᠢᠯᠡᠭᠦᠯᠥᠨ᠂ ᠮᠠᠯᠴᠢᠨ ᠳᠠᠷᠢᠶᠠᠴᠢᠨ ᠤ ᠠᠯᠠᠭᠠᠳᠠᠬᠤ ᠪᠦᠮᠪᠦᠭᠡ ᠶᠢᠨ | ᠤᠷᠤᠯᠳᠤᠭᠠᠨ ᠢ ᠦᠷᠬᠦᠯᠵᠢᠯᠡᠨ ᠬᠦᠭᠵᠢᠬᠦᠯᠵᠤ᠂ ᠭᠥᠳᠡᠭᠡ ᠲᠤᠰᠬᠤᠨ ᠢ ᠭᠥᠴᠥᠷᠭᠡᠭᠵᠢᠭᠦᠯᠭᠦ ᠶᠢᠨ ᠰᠤᠶᠤᠯ ᠤᠨ ᠨᠡᠷᠡᠳᠤ ᠲᠡᠮᠳᠡᠭ ᠢ ᠡᠭᠦᠳᠥᠨ᠎ᠡ᠃ | ᠰᠠᠭᠤᠷᠢ ᠲᠥᠭᠦᠭᠡᠷᠤᠮᠵᠢ ᠶᠢᠨ ᠲᠡᠰ ᠲᠡᠪᠰᠢᠭᠦᠯᠥᠯᠳᠡ ᠶᠢ ᠠᠬᠢᠭᠤᠯᠤᠨ᠎ᠠ᠃ ᠵᠠᠮ ᠬᠠᠷᠢᠯᠴᠠᠭᠠᠨ ᠤ ᠲᠤᠤᠷᠵᠢᠯ ᠢ ᠲᠡᠭᠦᠯᠳᠡᠷᠵᠢᠭᠦᠯᠵᠤ᠂ ᠤᠯᠵᠠᠴᠢ ᠠᠴᠠ | ᠱᠠᠩᠬᠠᠢ ᠶᠢᠨ ᠰᠥᠮ᠎ᠡ ᠭᠥᠷᠭᠦ ᠲᠡᠮᠤᠷ ᠵᠠᠮ ᠬᠢᠭᠡᠳ ᠪᠠᠷᠠᠭᠤᠨ ᠪᠡᠶ᠎ᠡ ᠶᠢᠨ ᠲᠠᠮᠤᠷ ᠵᠠᠮ ᠤᠨ ᠲᠤᠰᠬᠠᠢ ᠱᠤᠭᠤᠮ ᠤᠨ ᠪᠠᠶᠢᠭᠤᠯᠤᠯᠳᠠ ᠶᠢ ᠲᠥᠷᠭᠡᠳᠭᠡᠨ᠂ S26 | ᠱᠤᠭᠤᠮ ᠬᠢᠭᠡᠳ S37 ᠱᠤᠭᠤᠮ ᠤᠨ ᠲᠥᠷᠭᠡᠨ ᠵᠠᠮ ᠤᠨ ᠤᠳᠤᠭ ᠤᠨ ᠡᠮᠥᠨᠡᠳᠤ ᠬᠤᠰᠢᠭᠤᠨ ᠤ ᠬᠢᠵᠠᠭᠠᠷ ᠲᠤ ᠬᠢ ᠭᠡᠰᠡᠭ ᠤᠨ ᠪᠠᠶᠢᠭᠤᠯᠤᠯᠳᠠ ᠪᠡᠯᠡᠳᠭᠡᠯ ᠢ | ᠱᠠᠯᠠᠪᠳᠠᠭᠤᠯᠵᠤ᠂ ᠭᠥᠳᠡᠭᠡ ᠶᠢᠨ ᠵᠠᠮ ᠢ ᠥᠭᠡᠷᠡᠴᠢᠯᠡᠨ ᠰᠢᠨᠡᠳᠭᠡᠭᠦ ᠪᠠ ᠠᠮᠢ ᠨᠠᠰᠤᠨ ᠤ ᠠᠮᠤᠷ ᠲᠥᠪᠰᠢᠨ ᠢ ᠪᠠᠳᠤᠯᠠᠬᠤ ᠢᠨᠵᠧᠨᠧᠷᠢᠩ ᠢ ᠭᠡᠷᠡᠭᠵᠢᠭᠦᠯᠥᠨ᠂ ᠠᠷᠠᠳ | ᠤᠯᠠᠨ ᠤ ᠠᠶᠠᠨ ᠵᠠᠮ ᠤᠨ ᠠᠮᠤᠷ ᠲᠥᠪᠰᠢᠨ ᠤ ᠨᠥᠭᠦᠴᠡᠯ ᠢ ᠰᠢᠯᠢᠳᠡᠭᠵᠢᠭᠦᠯᠥᠨ᠎ᠡ᠃ ᠤᠰᠤᠨ ᠠᠰᠢᠭᠯᠠᠯᠳᠠ ᠶᠢᠨ ᠢᠨᠵᠧᠨᠧᠷᠢᠩ ᠢᠶᠠᠷ ᠠᠷᠠᠳ ᠢ ᠬᠠᠷᠠᠭᠠᠯᠵᠠᠨ᠂ | ᠶᠡᠭᠡ ᠲᠤᠬᠤᠢ᠂ ᠬᠡᠷᠡᠮ ᠤᠨ ᠭᠤᠤᠯ᠂ ᠬᠡᠴᠡᠭᠦᠥ ᠭᠤᠤᠯ ᠬᠢᠭᠡᠳ ᠮᠠᠯᠵᠢᠬᠤ ᠲᠠᠷᠢᠶᠠᠯᠠᠬᠤ ᠤᠷᠤᠨ ᠳᠤ ᠤᠰᠤ ᠤᠮᠳᠠ ᠬᠠᠩᠭᠠᠬᠤ ᠪᠠᠳᠤᠯᠠᠭ᠎ᠠ ᠶᠢᠨ ᠢᠨᠵᠧᠨᠧᠷᠢᠩ ᠢ | ᠬᠡᠷᠡᠭᠵᠢᠭᠦᠯᠵᠤ᠂ ᠤᠰᠤᠨ ᠳᠤ ᠬᠠᠮᠢᠶᠠᠳᠠᠬᠤ ᠬᠠᠮᠢᠶᠠᠷᠤᠯᠳᠠ ᠬᠢᠭᠡᠳ ᠤᠰᠤᠳᠤᠯ ᠢ ᠰᠡᠷᠭᠡᠶᠢᠯᠡᠨ ᠭᠠᠩ ᠲᠠᠢ ᠲᠡᠮᠡᠴᠡᠭᠦ ᠪᠠᠴᠢᠮ ᠠᠷᠭᠠᠴᠠᠯᠳᠠ ᠶᠢᠨ ᠴᠢᠳᠠᠮᠵᠢ ᠪᠠᠨ | ᠪᠥᠭᠦ ᠲᠠᠯ᠎ᠠ ᠪᠠᠷ ᠳᠡᠬᠡᠭᠰᠢᠯᠡᠬᠦᠯᠤᠨ᠎ᠠ᠃ ᠴᠠᠬᠢᠯᠭᠠᠨ ᠬᠠᠩᠭᠠᠯᠭ᠎ᠠ ᠶᠢᠨ ᠲᠤᠤᠷᠵᠢᠯ ᠪᠠᠶᠢᠭᠤᠯᠤᠯᠳᠠ ᠶᠢ ᠴᠢᠩᠭᠠᠳᠬᠠᠨ᠂ 4 ᠰᠠᠭᠤᠷᠢ ᠭᠥᠴᠥᠳᠡᠯ ᠬᠤᠪᠢᠰᠬᠠᠬᠤ | ᠥᠷᠳᠡᠭᠡ ᠨᠡᠮᠡᠵᠤ ᠪᠠᠶᠢᠭᠤᠯᠬᠤ ᠪᠤᠶᠤ ᠥᠭᠡᠷᠡᠴᠢᠯᠡᠨ ᠪᠠᠶᠢᠭᠤᠯᠵᠤ᠂ 772 ᠺᠢᠯᠥᠮᠧᠲᠷ ᠤᠨ ᠴᠠᠬᠢᠯᠭᠠᠨ ᠭᠥᠷᠭᠡᠯᠳᠡ ᠶᠢᠨ ᠵᠠᠮ ᠱᠤᠭᠤᠮ ᠢ ᠪᠤᠰᠬᠠᠵᠤ | ᠥᠭᠡᠷᠡᠴᠢᠯᠡᠵᠤ ᠨᠡᠪᠳᠡᠷᠡᠭᠦᠯᠥᠨ᠂ ᠤᠷᠤᠨ ᠬᠡᠪᠴᠢᠶᠡᠨ ᠤ ᠴᠠᠬᠢᠯᠭᠠᠨ ᠬᠠᠩᠭᠠᠯᠳᠠ ᠶᠢᠨ ᠲᠤᠭᠳᠠᠪᠤᠷᠢᠳᠤ ᠴᠢᠨᠠᠷ ᠢ ᠲᠡᠭᠡᠭᠰᠢᠯᠡᠭᠦᠯᠵᠤ᠂ ᠭᠤᠤᠯᠳᠠᠯᠭᠠᠳᠤ ᠲᠥᠷᠥᠯ | ᠵᠥᠢᠯ ᠬᠢᠭᠡᠳ ᠰᠠᠭᠤᠭᠠᠯᠢ ᠠᠷᠠᠳ ᠤᠨ ᠴᠠᠬᠢᠯᠭᠠᠨ ᠭᠡᠷᠡᠭᠯᠡᠭᠦ ᠠᠮᠤᠷ ᠲᠥᠪᠰᠢᠨ ᠢ ᠪᠠᠳᠤᠯᠠᠨ᠂ ︽ᠠᠷᠪᠠᠨ ᠲᠦᠷᠪᠡᠳᠤᠬᠡᠷ ᠳᠠᠪᠤᠨ ᠵᠢᠯ︾ ᠤᠨ ᠲᠦᠯᠤᠪᠵᠢᠬᠦᠯᠬᠡ | ᠶᠢᠨ ᠬᠤᠭᠤᠴᠠᠭᠠᠨ ᠳᠠᠬᠢ ᠴᠠᠬᠢᠯᠭᠠᠨ ᠬᠦᠴᠤᠨ ᠤ ᠲᠦᠬᠦᠬᠡᠷᠤᠮᠵᠢ ᠶᠢᠨ ᠪᠡᠯᠡ ᠤᠷᠤᠭᠤᠯᠤᠯᠳᠠ ᠶᠢ 40 ᠳ᠋ᠦᠩᠰᠢᠭᠤᠷ ᠲᠦᠬᠦᠷᠢᠭ ᠲᠤ ᠬᠦᠷᠬᠡᠨ᠎ᠡ᠃ | ︵ᠨᠠᠢᠮᠠ︶ ᠠᠷᠠᠳ ᠤᠯᠠᠨ ᠤ ᠭᠥᠰᠡᠯ ᠡᠷᠡᠮᠡᠯᠵᠡᠯ ᠳᠤ ᠨᠡᠶᠢᠴᠡᠭᠦᠯᠥᠨ᠂ ᠠᠷᠠᠳ ᠤᠨ ᠠᠮᠢᠳᠤᠷᠠᠯ ᠤᠨ ᠠᠰᠢᠭ ᠵᠢᠷᠭᠠᠯ ᠢ ᠥᠷᠭᠦᠯᠵᠢᠯᠡᠨ ᠨᠡᠮᠡᠭᠳᠡᠭᠦᠯᠥᠨ᠎ᠡ᠃ | ᠠᠷᠠᠳ ᠲᠥᠮᠡᠨ ᠢᠶᠠᠷ ᠲᠥᠪᠯᠡᠭᠦᠯᠭᠦ ᠭᠥᠭᠵᠢᠯᠳᠡ ᠶᠢᠨ ᠥᠵᠡᠯ ᠢ ᠴᠢᠩᠭ᠎ᠠ ᠪᠠᠷᠢᠮᠳᠠᠯᠠᠨ᠂ ᠠᠷᠠᠳ ᠤᠨ ᠠᠮᠢᠳᠤᠷᠠᠯ ᠳᠤ ᠬᠡᠷᠡᠭᠯᠡᠭᠦ ᠡᠩ ᠤᠨ ᠨᠡᠶᠢᠳᠡ ᠶᠢᠨ ᠡᠳ᠋ ᠤᠨ | ᠵᠠᠰᠠᠭ ᠤᠨ ᠲᠥᠰᠥᠪ ᠤᠨ ᠵᠠᠷᠤᠯᠭ᠎ᠠ ᠶᠢ ᠥᠷᠭᠦᠯᠵᠢᠯᠡᠨ 70% ᠠᠴᠠ ᠲᠡᠭᠡᠭᠰᠢ ᠪᠠᠳᠤᠯᠠᠵᠤ᠂ ᠪᠤᠯᠪᠠᠰᠤᠨ ᠬᠤᠳᠠ ᠶᠢᠨ ᠴᠤᠭᠴᠠᠯᠠᠯᠳᠠ ᠶᠢᠨ ᠥᠷ᠎ᠡ ᠪᠥᠳᠥᠭᠡᠯ | ᠢᠶᠠᠨ ᠪᠠᠬᠢᠵᠢᠬᠦᠯᠤᠨ᠎ᠠ᠃ | ᠨᠠᠶᠢᠭᠡᠮ ᠤᠨ ᠪᠠᠳᠤᠯᠠᠭ᠎ᠠ ᠶᠢ ᠲᠡᠭᠦᠯᠳᠡᠷᠵᠢᠭᠦᠯᠥᠨ ᠴᠢᠬᠢᠷᠠᠭᠵᠢᠭᠤᠯᠬᠤ ᠶᠢ ᠠᠬᠢᠭᠤᠯᠤᠨ᠎ᠠ᠃ ︽ᠠᠵᠢᠯ ᠤᠯᠤᠯᠳᠠ ᠶᠢ ᠠᠬᠢᠭᠤᠯᠬᠤ ᠠᠵᠢᠯᠯᠠᠭ᠎ᠠ︾ ᠶᠢ | ᠬᠦᠨᠵᠡᠬᠡᠢ ᠨᠠᠶᠢᠳᠠᠪᠤᠷᠢᠵᠢᠭᠤᠯᠵᠤ᠂ ᠤᠯᠠᠨ ᠨᠡᠶᠢᠳᠡ ᠶᠢᠨ ᠲᠠᠳᠤᠯᠭ᠎ᠠ ᠪᠤᠯᠪᠠᠰᠤᠷᠠᠯ ᠤᠨ ᠰᠠᠭᠤᠷᠢᠨ ᠢ ᠪᠠᠶᠢᠭᠤᠯᠤᠨ᠂ ᠤᠯᠠᠨ ᠠᠷᠭ᠎ᠠ ᠵᠠᠮ ᠢᠶᠠᠷ ᠠᠵᠢᠯ ᠤᠨ ᠪᠠᠶᠢᠷᠢ | ᠶᠢ ᠥᠷᠭᠡᠳᠭᠡᠨ ᠪᠠᠬᠢᠵᠢᠭᠦᠯᠵᠤ᠂ ᠲᠡᠭᠦᠰᠥᠭᠰᠡᠨ ᠤᠶᠤᠳᠠᠳ᠂ ᠬᠠᠯᠠᠭᠳᠠᠭᠰᠠᠨ ᠴᠡᠷᠢᠭ ᠬᠢᠭᠡᠳ ᠮᠠᠯᠴᠢᠨ ᠲᠠᠷᠢᠶᠠᠴᠢᠨ ᠭᠥᠴᠥ ᠶᠠᠪᠤᠭᠴᠢᠳ ᠵᠡᠷᠭᠡ ᠤᠨᠴᠠᠯᠠᠨ | ᠬᠠᠷᠠᠭᠠᠯᠵᠠᠬᠤ ᠴᠢᠬᠤᠯᠠᠳᠠᠢ ᠭᠥᠮᠥᠰ ᠤᠨ ᠠᠵᠢᠯ ᠤᠯᠤᠯᠳᠠ ᠶᠢ ᠨᠢᠭᠡᠳᠥᠯᠳᠡᠢ ᠲᠥᠯᠥᠪᠯᠡᠨ᠂ ᠵᠢᠯ ᠤᠨ ᠲᠤᠳᠤᠷ᠎ᠠ 700 ᠭᠠᠷᠤᠢ ᠭᠥᠮᠥᠨ ᠳᠤ ᠠᠵᠢᠯ ᠤᠨ ᠪᠠᠶᠢᠷᠢ | ᠬᠠᠩᠭᠠᠵᠤ᠂ ᠬᠤᠳᠠ ᠪᠠᠯᠭᠠᠰᠤᠨ ᠤ ᠠᠶᠢᠯ ᠪᠥᠭᠦᠨ ᠳᠤ ᠠᠵᠢᠯ ᠲᠠᠢ ᠭᠥᠮᠥᠨ ᠪᠠᠶᠢᠬᠤ ᠶᠢ ᠪᠠᠳᠤᠯᠠᠨ᠎ᠠ᠃ ᠨᠡᠶᠢᠭᠡᠮ ᠤᠨ ᠪᠠᠳᠤᠯᠠᠭ᠎ᠠ ᠶᠢ ᠴᠢᠨᠠᠷᠵᠢᠭᠤᠯᠤᠨ | ᠲᠥᠭᠡᠮᠡᠯᠵᠢᠭᠦᠯᠭᠦ ᠲᠤᠰᠬᠠᠢ ᠠᠵᠢᠯᠯᠠᠭ᠎ᠠ ᠥᠷᠨᠢᠭᠦᠯᠥᠨ᠂ ᠬᠤᠳᠠ ᠪᠠᠯᠭᠠᠰᠤᠨ ᠤ ᠨᠡᠶᠢᠭᠡᠮ ᠤᠨ ᠠᠪᠤᠷᠠᠨ ᠲᠤᠰᠠᠯᠠᠯᠳᠠ ᠶᠢᠨ ᠰᠢᠰᠲ᠋ᠧᠮ ᠢ ᠲᠡᠭᠦᠯᠳᠡᠷᠵᠢᠭᠦᠯᠵᠤ᠂ ᠡᠯ᠎ᠡ | ᠱᠠᠳᠤᠨ ᠤ ᠵᠥᠢᠯ ᠵᠥᠢᠯ ᠤᠨ ᠲᠤᠰᠠᠯᠠᠨ ᠲᠡᠳᠭᠦᠭᠦ ᠲᠥᠷᠥ ᠶᠢᠨ ᠪᠤᠳᠤᠯᠭ᠎ᠠ ᠶᠢ ᠬᠢᠨᠠᠮᠠᠭᠠᠢ ᠨᠠᠶᠢᠳᠠᠪᠤᠷᠢᠵᠢᠭᠤᠯᠤᠨ᠂ ᠡᠮ ᠡᠮᠨᠡᠯᠭᠡ ᠶᠢᠨ ᠲᠠᠭᠠᠳᠬᠠᠯ ᠬᠢᠭᠡᠳ | ᠨᠡᠶᠢᠭᠡᠮ ᠤᠨ ᠲᠠᠭᠠᠳᠬᠠᠯ ᠤᠨ ᠰᠠᠭᠤᠷᠢ ᠮᠥᠩᠭᠦᠨ ᠤ ᠬᠢᠨᠠᠯᠳᠠ ᠬᠠᠮᠢᠶᠠᠷᠤᠯᠳᠠ ᠶᠢᠨ ᠲᠤᠭᠳᠠᠴᠠ ᠶᠢ ᠪᠥᠷᠢᠨᠵᠢᠭᠦᠯᠵᠤ᠂ ᠠᠷᠠᠳ ᠲᠥᠮᠡᠨ ᠤ ᠡᠪᠡᠳᠴᠢᠨ ᠢᠶᠠᠨ | ᠥᠵᠡᠭᠦᠯᠭᠦ ᠵᠤᠭᠤᠰ ᠪᠠ ᠨᠠᠰᠤᠵᠢᠯ ᠠᠰᠠᠷᠠᠯᠳᠠ ᠶᠢᠨ ᠮᠥᠩᠭᠦ ᠶᠢ ᠨᠢ ᠰᠠᠶᠢᠳᠤᠷ ᠬᠠᠮᠠᠭᠠᠯᠠᠨ ᠲᠤᠬᠢᠳᠠᠢ ᠵᠠᠷᠤᠴᠠᠭᠠᠯᠠᠨᠠ᠃ | ᠰᠤᠷᠭᠠᠨ ᠭᠥᠮᠥᠵᠢᠯ ᠬᠢᠭᠡᠳ ᠡᠮ ᠡᠮᠴᠢᠯᠡᠭᠡᠨ ᠤ ᠲᠥᠳᠡ ᠨᠥᠭᠦᠴᠡᠯ ᠢ ᠪᠥᠷᠢᠳᠥᠭᠦᠯᠭᠦ ᠪᠠᠷ ᠴᠢᠷᠮᠠᠶᠢᠨ᠎ᠠ᠃ ᠰᠤᠷᠭᠠᠨ ᠬᠦᠮᠤᠵᠢᠯ ᠢ ᠠᠤᠨᠬᠤᠨ ᠬᠦᠭᠵᠢᠬᠦᠯᠬᠦ | ᠪᠤᠯ ᠳᠠᠷᠤᠢ ᠢᠷᠡᠬᠡᠳᠤᠢ ᠶᠢᠨ ᠬᠦᠭᠵᠢᠯᠳᠠ ᠶᠢ ᠰᠦᠪᠡᠭᠴᠢᠯᠡᠵᠤ ᠪᠠᠶᠢᠭ᠎ᠠ ᠶᠤᠮ᠂ ᠡᠨᠡ ᠪᠤᠯ ᠪᠢᠳᠠᠨ ᠤ ᠢᠮᠠᠭᠳᠠ ᠶᠢᠨ ᠤᠪᠤᠷ ᠰᠤᠷᠳᠠᠯ ᠪᠠ ᠵᠤᠷᠢᠯᠳᠠ ᠬᠠᠷᠠᠯᠳᠠ | ᠪᠤᠯᠤᠨ᠎ᠠ᠃ 2025 ᠤᠨ ᠳᠤ ᠦᠷᠬᠦᠯᠵᠢᠯᠡᠨ 2 ᠳ᠋ᠦᠩᠰᠢᠭᠤᠷ ᠭᠠᠷᠤᠢ ᠲᠥᠭᠦᠷᠢᠭ ᠤᠨ ᠲᠤᠰᠬᠠᠢ ᠪᠡᠯᠡ ᠮᠥᠩᠭᠦ ᠲᠥᠭᠦᠷᠵᠢᠭᠦᠯᠥᠨ ᠪᠡᠯᠡᠳᠴᠤ᠂ ᠰᠤᠷᠭᠠᠨ | ᠭᠥᠮᠥᠵᠢᠯ ᠤᠨ ᠴᠢᠨᠠᠷᠵᠢᠯ ᠲᠥᠪᠰᠢᠨ ᠢ ᠪᠥᠭᠦ ᠲᠠᠯ᠎ᠠ ᠪᠠᠷ ᠲᠡᠭᠡᠭᠰᠢᠯᠡᠭᠦᠯᠥᠨ᠂ ᠰᠤᠷᠭᠠᠨ ᠭᠥᠮᠥᠵᠢᠯ ᠵᠢᠭᠠᠨ ᠰᠤᠷᠭᠠᠯᠳᠠ ᠶᠢᠨ ᠴᠢᠳᠠᠪᠤᠷᠢᠳᠠᠨ 50 ᠭᠠᠷᠤᠢ ᠭᠥᠮᠥᠨ | ᠢ ᠡᠯᠰᠡᠵᠤ᠂ ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ ᠤ ᠲᠦᠬᠦᠬᠡᠷᠤᠮᠵᠢ ᠶᠢᠨ ᠪᠠᠷᠢᠮᠵᠢᠶᠠᠵᠢᠯ ᠢ 100% ᠳᠤ ᠬᠦᠷᠬᠡᠨ᠂ ︽ᠪᠥᠭᠦ ᠤᠯᠤᠰ ᠤᠨ | ᠬᠤᠰᠢᠭᠤ ᠰᠢᠶᠡᠨ ᠤ ᠬᠡᠪᠴᠢᠶᠡᠨ ᠳᠤ ᠬᠢ ᠠᠯᠪᠠᠨ ᠵᠢᠷᠤᠮ ᠤᠨ ᠰᠤᠷᠭᠠᠨ ᠭᠥᠮᠥᠵᠢᠯ ᠤᠨ ᠰᠢᠯᠢᠳᠡᠭ ᠲᠡᠩᠴᠡᠭᠦᠷᠢᠰᠢᠯᠳᠤ ᠭᠥᠭᠵᠢᠯᠳᠡ︾ ᠶᠢᠨ ᠬᠢᠨᠠᠨ ᠰᠢᠯᠭᠠᠯᠳᠠ | ᠶᠢ ᠲᠤᠭᠤᠯᠤᠨ᠎ᠠ᠃ ᠡᠮᠴᠢᠯᠡᠭᠡ ᠶᠢᠨ ᠬᠤᠯᠪᠤᠭᠠᠳᠤ ᠴᠤᠭᠴᠠ ᠬᠢᠭᠡᠳ ᠡᠮ ᠡᠮᠨᠡᠯᠭᠡ ᠶᠢᠨ ᠬᠠᠮᠳᠤ ᠶᠢᠨ ᠴᠤᠭᠴᠠ ᠶᠢᠨ ᠪᠠᠶᠢᠭᠤᠯᠤᠯᠳᠠ ᠶᠢ ᠭᠥᠨᠵᠡᠭᠡᠶᠢᠷᠡᠭᠦᠯᠵᠤ᠂ | ᠪᠤᠷᠤᠪᠠᠯᠭᠠᠰᠤ ᠪᠠᠯᠭᠠᠰᠤᠨ ᠤ ᠭᠤᠤᠯᠳᠠᠯᠭᠠᠳᠤ ᠡᠮᠨᠡᠯᠭᠡ ᠶᠢᠨ ᠬᠤᠷᠢᠶᠠᠨ ᠤ ᠪᠠᠶᠢᠭᠤᠯᠤᠯᠳᠠ ᠶᠢᠨ ᠲᠥᠷᠥᠯ ᠵᠥᠢᠯ ᠬᠢᠭᠡᠳ ᠨᠠᠩᠰᠤ ᠪᠠᠯᠭᠠᠰᠤᠨ ᠤ ᠭᠤᠤᠯᠳᠠᠯᠭᠠᠳᠤ | ᠡᠷᠡᠭᠦᠯ ᠬᠠᠮᠠᠭᠠᠯᠠᠯ ᠤᠨ ᠬᠤᠷᠢᠶ᠎ᠠ ᠶᠢ ᠲᠡᠰ ᠲᠡᠪᠰᠢᠭᠦᠯᠥᠨ ᠥᠭᠡᠷᠡᠴᠢᠯᠡᠭᠦ ᠲᠥᠷᠥᠯ ᠵᠥᠢᠯ ᠢ ᠬᠡᠷᠡᠭᠵᠢᠭᠦᠯᠤᠨ᠂ ᠥᠨᠳᠥᠰᠥᠨ ᠱᠠᠳᠤᠨ ᠳᠤ ᠬᠢ ᠡᠮᠴᠢᠯᠡᠭᠡ ᠡᠷᠡᠭᠦᠯ | ᠬᠠᠮᠠᠭᠠᠯᠠᠯ ᠤᠨ ᠲᠥᠭᠦᠭᠡᠷᠤᠮᠵᠢ ᠰᠢᠨᠡᠳᠭᠡᠭᠦ ᠠᠵᠢᠯ ᠢ ᠡᠬᠢᠯᠡᠭᠦᠯᠵᠤ᠂ ᠡᠮᠴᠢ ᠨᠠᠷ ᠤᠨ ᠡᠩᠨᠡᠭᠡᠨ ᠤ ᠴᠢᠳᠠᠪᠤᠷᠢ ᠲᠡᠭᠡᠭᠰᠢᠯᠡᠭᠦᠯᠭᠦ ᠭᠤᠷᠪᠠᠨ ᠵᠢᠯ ᠤᠨ ᠠᠵᠢᠯᠯᠠᠭ᠎ᠠ | ᠥᠷᠨᠢᠭᠦᠯᠥᠨ᠂ ᠦᠨᠳᠤᠰᠤᠨ ᠱᠠᠳᠤᠨ ᠳᠤ ᠡᠮᠴᠢᠯᠡᠬᠦᠯᠬᠦ ᠨᠤᠷᠮ᠎ᠠ ᠶᠢ 50% ᠳᠠᠪᠠᠭᠤᠯᠵᠤ᠂ ᠬᠤᠰᠢᠭᠤᠨ ᠳᠤᠳᠤᠷ᠎ᠠ ᠡᠮᠴᠢᠯᠡᠬᠦᠯᠬᠦ ᠨᠤᠷᠮ᠎ᠠ ᠶᠢ 90% | ᠳᠠᠪᠠᠭᠤᠯᠬᠤ ᠶᠢ ᠠᠬᠢᠭᠤᠯᠤᠨ᠂ ᠰᠢᠯᠢᠳᠡᠭ ᠰᠠᠶᠢᠨ ᠰᠤᠷᠭᠠᠨ ᠭᠥᠮᠥᠵᠢᠯ ᠬᠢᠭᠡᠳ ᠡᠮ ᠡᠮᠨᠡᠯᠭᠡ ᠶᠢ ᠬᠤᠰᠢᠭᠤ ᠨᠤᠳᠤᠭ ᠲᠤ ᠪᠠᠨ ᠤᠯᠠᠨ ᠲᠥᠮᠡᠨ ᠳᠤ ᠡᠳ᠋ᠯᠡᠭᠦᠯᠭᠦ | ᠪᠠᠷ ᠴᠢᠷᠮᠠᠶᠢᠨ᠎ᠠ᠃ | ᠤᠯᠠᠨ ᠨᠡᠶᠢᠳᠡ ᠶᠢᠨ ᠥᠢᠯᠡᠴᠢᠯᠡᠭᠡᠨ ᠤ ᠪᠥᠳᠥᠮᠵᠢᠳᠠᠢ ᠬᠠᠩᠭᠠᠯᠭ᠎ᠠ ᠶᠢ ᠠᠬᠢᠭᠤᠯᠤᠨ᠎ᠠ᠃ ᠨᠠᠰᠤᠳᠠᠳ ᠢ ᠠᠰᠠᠷᠠᠬᠤ ᠪᠤᠯᠤᠨ ᠨᠢᠯᠬᠠᠰ ᠢ ᠭᠥᠮᠥᠵᠢᠭᠦᠯᠭᠦ | ᠢᠨᠵᠧᠨᠧᠷᠢᠩ ᠢ ᠲᠥᠭᠡᠮᠡᠯᠵᠢᠭᠦᠯᠵᠤ᠂ ᠨᠠᠰᠤᠳᠠᠶᠢᠴᠤᠤᠯ ᠤᠨ ᠢᠳᠡᠭᠡ ᠪᠤᠳᠠᠭ᠎ᠠ᠂ ᠡᠷᠡᠭᠦᠯ ᠮᠡᠨᠳᠤ ᠬᠢᠭᠡᠳ ᠡᠮᠴᠢᠯᠡᠭᠡ ᠰᠤᠪᠢᠯᠠᠭ᠎ᠠ ᠶᠢ ᠤᠶᠠᠯᠳᠤᠭᠤᠯᠤᠭᠰᠠᠨ | ᠥᠢᠯᠡᠴᠢᠯᠡᠭᠡᠨ ᠤ ᠵᠠᠭᠪᠤᠷ ᠢ ᠲᠡᠯᠭᠡᠷᠡᠭᠦᠯᠥᠨ᠂ ᠨᠠᠰᠤᠳᠠᠶᠢᠴᠤᠳ ᠤᠨ ᠠᠵᠤ ᠠᠬᠤᠢ ᠶᠢ ᠭᠥᠴᠥᠯᠡᠨ ᠭᠥᠭᠵᠢᠭᠡᠵᠤ᠂ ︽15 ᠮᠢᠨᠥ᠋ᠲ ᠤᠨ ᠨᠠᠶᠢᠳᠠᠵᠤ | ᠬᠠᠷᠠᠭᠠᠯᠵᠠᠭᠤᠯᠬᠤ ᠥᠢᠯᠡᠴᠢᠯᠡᠭᠡᠨ ᠤ ᠲᠤᠭᠤᠷᠢᠭ︾ ᠴᠤᠭᠴᠠᠯᠠᠵᠤ᠂ ᠬᠡᠥᠭᠡᠳ ᠢ ᠲᠥᠷ ᠴᠠᠭ ᠤᠨ ᠪᠤᠶᠤ ᠴᠢᠯᠥᠭᠡᠨ ᠬᠤᠭᠤᠴᠠᠭᠠᠨ ᠤ ᠴᠢᠨᠠᠷ ᠲᠠᠢ ᠤᠷᠤᠯᠠᠨ | ᠬᠠᠷᠠᠭᠠᠯᠵᠠᠬᠤ ᠥᠢᠯᠡᠴᠢᠯᠡᠭᠡ ᠶᠢ ᠲᠡᠯᠭᠡᠷᠡᠭᠦᠯᠥᠨ᠂ ᠠᠷᠠᠳ ᠤᠯᠠᠨ ᠤ ᠬᠡᠥᠭᠡᠳ ᠨᠢᠯᠬᠠᠰ ᠢᠶᠠᠨ ᠬᠠᠷᠠᠭᠠᠯᠵᠠᠵᠤ ᠵᠠᠪᠳᠤᠬᠤ ᠥᠭᠡᠢ ᠪᠠᠶᠢᠬᠤ ᠭᠥᠴᠢᠷᠳᠡᠯ ᠢ ᠪᠥᠳᠥᠮᠵᠢ | ᠰᠠᠶᠢᠳᠠᠢ ᠰᠢᠢᠳᠪᠥᠷᠢᠯᠡᠨ᠎ᠡ᠃ ᠰᠤᠶᠤᠯ ᠢᠶᠠᠷ ᠠᠷᠠᠳ ᠢ ᠬᠠᠷᠠᠭᠠᠯᠵᠠᠬᠤ ᠢᠨᠵᠧᠨᠧᠷᠢᠩ ᠢ ᠬᠡᠷᠡᠭᠵᠢᠭᠦᠯᠵᠤ᠂ ︽15 ᠮᠢᠨᠥ᠋ᠲ ᠤᠨ ᠪᠤᠯᠪᠠᠰᠤᠨ ᠢ ᠥᠢᠯᠡᠳᠥᠯᠭᠡᠵᠢᠭᠦᠯᠭᠦ | ᠤᠶᠢᠯᠠᠴᠢᠯᠡᠭᠡᠨ ᠤ ᠲᠤᠭᠤᠷᠢᠭ︾ ᠴᠤᠭᠴᠠᠯᠠᠨ᠂ ᠲᠠᠯ᠎ᠠ ᠨᠤᠳᠤᠭ ᠤᠨ ᠠᠯᠠᠭᠠᠳᠠᠬᠤ ᠪᠥᠮᠪᠥᠭᠡᠨ ᠤ ᠰᠤᠶᠤᠯ ᠤᠨ ᠠᠵᠢᠯᠯᠠᠭ᠎ᠠ᠂ ᠪᠥᠭᠦ ᠠᠷᠠᠳ ᠢᠶᠠᠷ ᠨᠤᠮ ᠤᠩᠰᠢᠬᠤ | ᠠᠵᠢᠯᠯᠠᠭ᠎ᠠ ᠬᠢᠭᠡᠳ ᠮᠥᠽᠸᠢ ᠠᠴᠠ ᠡᠮᠥᠨᠡᠳᠤ ᠤᠳᠤᠭ ᠢᠶᠠᠨ ᠤᠶᠢᠯᠠᠭᠠᠬᠤ ᠠᠵᠢᠯᠯᠠᠭ᠎ᠠ ᠵᠡᠷᠭᠡ ᠶᠢ ᠢᠳᠡᠪᠬᠢᠳᠡᠢ ᠲᠥᠰᠥᠪᠯᠡᠨ ᠡᠷᠬᠢᠯᠡᠵᠤ᠂ ᠤᠯᠠᠨ ᠨᠡᠶᠢᠳᠡ ᠶᠢᠨ | ᠰᠤᠶᠤᠯ ᠤᠨ ᠥᠢᠯᠡᠴᠢᠯᠡᠭᠡ ᠶᠢᠨ ᠴᠢᠨᠠᠷᠵᠢᠯ ᠢ ᠲᠡᠭᠡᠭᠰᠢᠯᠡᠭᠦᠯᠥᠨ᠎ᠡ᠃ | ︵ᠶᠢᠰᠥ︶ ᠬᠤᠷᠢᠭ᠎ᠠ ᠱᠤᠭᠤᠮ ᠤᠨ ᠰᠡᠳᠬᠢᠮᠵᠢ ᠶᠢ ᠪᠠᠳᠤᠵᠢᠭᠤᠯᠵᠤ᠂ ᠲᠥᠪᠰᠢᠨ ᠲᠤᠭᠳᠠᠭᠤᠨ ᠭᠥᠭᠵᠢᠯᠳᠡ ᠶᠢᠨ ᠤᠷᠴᠢᠨ ᠢ ᠪᠤᠢ ᠪᠤᠯᠭᠠᠨ᠎ᠠ᠃ ᠴᠢᠨᠠᠷᠯᠢᠭ | ᠭᠥᠭᠵᠢᠭᠦᠯᠥᠯᠳᠡ ᠬᠢᠭᠡᠳ ᠠᠮᠤᠷ ᠲᠤᠭᠳᠠᠭᠤᠨ ᠢ ᠬᠠᠮᠳᠤ ᠳᠤ ᠨᠢ ᠪᠤᠳᠤᠯᠬᠢᠯᠠᠵᠤ᠂ ᠴᠢᠨᠠᠷᠯᠢᠭ ᠭᠥᠭᠵᠢᠯᠳᠡ ᠪᠠᠷ ᠥᠨᠳᠥᠷ ᠲᠥᠪᠰᠢᠨᠳᠤ ᠠᠮᠤᠷ ᠲᠤᠭᠳᠠᠭᠤᠨ ᠢ | ᠠᠬᠢᠭᠤᠯᠤᠨ᠂ ᠥᠨᠳᠥᠷ ᠲᠥᠪᠰᠢᠨᠳᠤ ᠠᠮᠤᠷ ᠲᠤᠭᠳᠠᠭᠤᠨ ᠢᠶᠠᠷ ᠴᠢᠨᠠᠷᠯᠢᠭ ᠭᠥᠭᠵᠢᠯᠳᠡ ᠶᠢ ᠲᠤᠯᠭᠠᠭᠤᠷᠢᠯᠠᠨ᠎ᠠ᠃ | ᠠᠶᠤᠯᠭᠦᠢ ᠥᠢᠯᠡᠳᠪᠥᠷᠢᠯᠡᠯ ᠢ ᠰᠠᠶᠢᠳᠤᠷ ᠴᠢᠬᠤᠯᠠᠴᠢᠯᠠᠨ᠎ᠠ᠃ 2025 ᠤᠨ ᠢ ᠠᠶᠤᠯᠬᠦᠢ ᠤᠶᠢᠯᠡᠤᠨᠪᠤᠷᠢᠯᠡᠯ ᠤᠨ ︽ᠨᠠᠷᠢᠯᠢᠭᠵᠢᠭᠤᠯᠤᠭᠰᠠᠨ ᠬᠠᠮᠢᠶᠠᠷᠤᠯᠳᠠ | ᠶᠢᠨ ᠤᠨ︾ ᠪᠤᠯᠭᠠᠨ ᠲᠤᠭᠳᠠᠭᠠᠵᠤ᠂ ︽ᠭᠤᠷᠪᠠᠨ ᠬᠠᠮᠢᠶᠠᠷᠤᠯᠳᠠ ᠭᠤᠷᠪᠠᠨ ᠡᠷᠭᠡᠪᠰᠢ︾ ᠶᠢᠨ ᠲᠤᠭᠳᠠᠭᠠᠯ ᠤᠳ ᠢ ᠴᠢᠩᠭ᠎ᠠ ᠨᠠᠶᠢᠳᠠᠪᠤᠷᠢᠵᠢᠭᠤᠯᠤᠨ᠂ ᠠᠶᠤᠯᠭᠦᠢ | ᠥᠢᠯᠡᠳᠪᠥᠷᠢᠯᠡᠯ ᠤᠨ ᠡᠬᠢ ᠠᠴᠠ ᠴᠡᠭᠴᠡᠯᠡᠭᠦ ᠭᠤᠷᠪᠠᠨ ᠵᠢᠯ ᠤᠨ ᠰᠢᠪᠳᠤᠯᠤᠯᠳᠠ ᠬᠢᠭᠡᠳ ᠬᠤᠳᠠ ᠪᠠᠯᠭᠠᠰᠤᠨ ᠤ ᠠᠶᠤᠯᠭᠦᠢ ᠭᠥᠭᠵᠢᠯᠳᠡ ᠶᠢᠨ ᠭᠤᠷᠪᠠᠨ ᠵᠢᠯ ᠤᠨ | ᠠᠵᠢᠯᠯᠠᠭ᠎ᠠ ᠶᠢ ᠯᠠᠪᠳᠠᠭᠤᠨ ᠠᠬᠢᠭᠤᠯᠵᠤ᠂ ᠤᠳᠤᠷᠢᠳᠤᠯᠭ᠎ᠠ ᠲᠠᠭᠠᠭᠠᠴᠢᠯᠠᠬᠤ ᠬᠠᠷᠢᠭᠤᠴᠠᠯᠭ᠎ᠠ᠂ ᠠᠵᠢᠯ ᠲᠥᠷᠥᠯ ᠤᠨ ᠬᠢᠨᠠᠨ ᠬᠠᠮᠢᠶᠠᠷᠬᠤ ᠬᠠᠷᠢᠭᠤᠴᠠᠯᠭ᠎ᠠ᠂ ᠠᠵᠤ | ᠠᠬᠤᠶᠢᠯᠠᠯ ᠤᠨ ᠪᠡᠶᠡᠴᠢ ᠴᠤᠭᠴᠠ ᠶᠢᠨ ᠬᠠᠷᠢᠭᠤᠴᠠᠯᠭ᠎ᠠ ᠶᠢ ᠱᠠᠳᠤ ᠲᠠᠷᠠᠭᠠᠯᠠᠭᠤᠯᠵᠤ ᠴᠢᠩᠭᠠᠳᠬᠠᠨ᠂ ᠠᠶᠤᠯᠭᠦᠢ ᠥᠢᠯᠡᠳᠪᠥᠷᠢᠯᠡᠯ ᠤᠨ ᠶᠡᠷᠥᠩᠭᠡᠶᠢᠯᠡᠨ ᠵᠠᠰᠠᠬᠤ | ᠴᠢᠳᠠᠮᠵᠢ ᠶᠢ ᠪᠥᠭᠦ ᠲᠠᠯ᠎ᠠ ᠪᠠᠷ ᠲᠡᠭᠡᠭᠰᠢᠯᠡᠭᠦᠯᠵᠤ᠂ ᠨᠤᠴᠢᠳᠠᠢ ᠤᠨᠴᠠ ᠶᠡᠭᠡ ᠠᠳᠡᠯ ᠡᠭᠦᠰᠭᠦ ᠶᠢ ᠲᠠᠰᠤ ᠰᠡᠷᠭᠡᠶᠢᠯᠡᠨ ᠪᠠᠷᠢᠮᠳᠠᠯᠠᠨ᠎ᠠ᠃ | ᠲᠥᠭᠰᠢᠭᠦᠷᠢ ᠠᠷᠢᠯᠭᠠᠬᠤ ᠠᠵᠢᠯ ᠢ ᠢᠮᠠᠭᠳᠠ ᠴᠢᠩᠳᠠᠯᠠᠨ ᠪᠠᠷᠢᠮᠳᠠᠯᠠᠨ᠎ᠠ᠃ ᠵᠠᠰᠠᠭ ᠤᠨ ᠤᠷᠳᠤᠨ ᠤ ᠥᠷᠢ ᠥᠭᠴᠡᠭᠡ᠂ ᠲᠥᠰᠥᠪ ᠲᠤᠭᠳᠠᠭᠠᠯᠳᠠ ᠬᠢᠭᠡᠳ | ᠵᠠᠷᠤᠯᠭ᠎ᠠ ᠭᠠᠷᠤᠯᠭ᠎ᠠ ᠶᠢᠨ ᠬᠠᠮᠢᠶᠠᠷᠤᠯᠳᠠ ᠶᠢ ᠴᠢᠩᠭᠠᠳᠬᠠᠵᠤ᠂ ᠥᠷᠢ ᠰᠢᠷᠢ ᠬᠤᠯᠠᠵᠤ ᠢᠯᠭᠠᠷᠠᠭᠤᠯᠬᠤ ᠠᠵᠢᠯ ᠢ ᠢᠮᠠᠭᠳᠠ ᠥᠷᠨᠢᠭᠦᠯᠥᠨ᠂ ᠠᠮᠤ ᠪᠤᠳᠠᠭ᠎ᠠ᠂ | ᠡᠨᠧᠷᠬᠢ ᠶᠢᠨ ᠰᠤᠷᠪᠤᠯᠵᠢ᠂ ᠭᠡᠷ ᠭᠠᠵᠠᠷ ᠭᠥᠷᠥᠩᠭᠡ ᠵᠡᠷᠭᠡ ᠶᠢᠨ ᠭᠥᠷᠢᠶ᠎ᠡ ᠴᠡᠷᠠᠭᠠᠨ ᠳᠤ ᠬᠢ ᠮᠥᠩᠭᠦᠨ ᠭᠥᠢᠯᠭᠡᠭᠡᠨ ᠤ ᠲᠥᠭᠰᠢᠭᠦᠷᠢ ᠰᠡᠷᠭᠡᠶᠢᠯᠡᠯᠳᠡ ᠶᠢ | ᠴᠢᠩᠭᠠᠳᠬᠠᠵᠤ᠂ ᠠᠵᠤ ᠠᠬᠤᠢ ᠶᠢᠨ ᠠᠮᠤᠷ ᠲᠥᠪᠰᠢᠨ ᠢ ᠪᠠᠳᠤᠯᠠᠨ᠎ᠠ᠃ ᠠᠷᠠᠳ ᠤᠯᠠᠨ ᠤ ᠲᠡᠷᠭᠡᠳᠡᠬᠢ ᠭᠠᠵᠢᠭᠤ ᠰᠤᠷᠳᠠᠯ ᠬᠢᠭᠡᠳ ᠢᠯᠵᠠᠷᠠᠯ ᠲᠤᠷᠤᠶᠢᠳᠠᠯ ᠤᠨ | ᠴᠡᠭᠴᠡᠯᠡᠯᠳᠡ᠂ ᠤᠷᠤᠨ ᠰᠠᠭᠤᠴᠠ ᠬᠢᠭᠡᠳ ᠠᠮᠢ ᠠᠬᠤᠢ ᠤᠷᠴᠢᠨ ᠲᠤᠭᠤᠷᠢᠨ ᠤ ᠴᠠᠷᠠᠭᠠᠨ ᠳᠤ ᠬᠢ ᠬᠠᠤᠯᠢ ᠵᠥᠷᠢᠴᠡᠭᠰᠡᠨ ᠠᠵᠢᠯᠯᠠᠭ᠎ᠠ ᠶᠢᠨ ᠲᠥᠪᠯᠡᠷᠡᠩᠭᠦᠢ | ᠴᠡᠭᠴᠡᠯᠡᠯᠳᠡ᠂ ᠡᠮ ᠡᠮᠴᠢᠯᠡᠭᠡᠨ ᠤ ᠰᠠᠭᠤᠷᠢ ᠮᠥᠩᠭᠦ ᠶᠢᠨ ᠲᠠᠯ᠎ᠠ ᠳᠤ ᠬᠢ ᠵᠠᠰᠠᠨ ᠴᠡᠭᠴᠡᠯᠡᠯᠳᠡ ᠵᠡᠷᠭᠡ ᠲᠤᠰᠬᠠᠢ ᠴᠡᠭᠴᠡᠯᠡᠯᠳᠡ ᠶᠢᠨ ᠭᠥᠴᠥᠯᠡᠴᠡ ᠪᠠᠨ | ᠴᠢᠩᠭᠠᠳᠬᠠᠵᠤ᠂ ᠤᠢ ᠰᠢᠭᠤᠢ ᠨᠤᠳᠤᠭ ᠪᠡᠯᠴᠢᠭᠡᠷ ᠭᠠᠵᠠᠷ ᠰᠢᠷᠥᠢ ᠶᠢᠨ ᠲᠤᠯᠪᠤᠳᠤ ᠵᠢᠷᠤᠭ ᠤᠨ ᠠᠰᠠᠭᠤᠳᠠᠯ ᠤᠨ ᠴᠡᠭᠴᠡᠯᠡᠯᠳᠡ ᠵᠡᠷᠭᠡ ᠭᠤᠤᠯᠳᠠᠯᠭᠠᠳᠤ ᠠᠵᠢᠯ ᠢ | ᠯᠠᠪᠳᠠᠭᠤᠯᠵᠤ ᠭᠥᠢᠴᠡᠳᠭᠡᠨ᠂ ᠲᠡᠥᠭᠡ ᠶᠢᠨ ᠲᠤᠷᠠᠰᠬᠠᠯᠳᠤ ᠵᠥᠢᠯᠡᠰ ᠤᠨ ᠠᠶᠤᠯᠭᠦᠢ ᠰᠡᠷᠭᠡᠶᠢᠯᠡᠯᠳᠡ ᠶᠢᠨ ᠭᠤᠷᠪᠠᠨ ᠵᠢᠯ ᠤᠨ ᠠᠵᠢᠯᠯᠠᠭ᠎ᠠ ᠥᠷᠨᠢᠭᠦᠯᠥᠨ᠎ᠡ᠃ | ᠴᠢᠩᠭ᠎ᠠ ᠵᠤᠷᠢᠭ ᠴᠢᠩᠳᠠ ᠰᠢᠢᠳᠪᠥᠷᠢ ᠪᠠᠷ ᠡᠯ᠎ᠡ ᠲᠥᠷᠥᠯ ᠤᠨ ᠵᠠᠰᠠᠨ ᠴᠡᠭᠴᠡᠯᠡᠯᠳᠡ ᠶᠢᠨ ᠠᠮᠵᠢᠯᠳᠠ ᠶᠢ ᠪᠠᠳᠤᠯᠠᠨ᠂ ᠰᠢᠰᠲ᠋ᠧᠮᠴᠢ ᠴᠢᠨᠠᠷ ᠲᠠᠢ ᠲᠥᠭᠰᠢᠭᠦᠷᠢ ᠶᠢ | ᠲᠠᠰᠤ ᠰᠡᠷᠭᠡᠶᠢᠯᠡᠨ᠎ᠡ᠃ | ᠨᠡᠶᠢᠭᠡᠮ ᠤᠨ ᠠᠮᠤᠷ ᠲᠤᠭᠳᠠᠭᠤᠨ ᠢ ᠪᠥᠭᠦ ᠭᠥᠴᠥᠨ ᠢᠶᠠᠷ ᠬᠠᠮᠠᠭᠠᠯᠠᠨ᠎ᠠ᠃ ᠲᠤᠮᠳᠠᠳᠤ ᠶᠢᠨ ᠥᠨᠳᠥᠰᠥᠳᠡᠨ ᠤ ᠬᠠᠮᠳᠤ ᠶᠢᠨ ᠴᠤᠭᠴᠠ ᠶᠢᠨ ᠤᠬᠠᠮᠰᠠᠷ ᠤᠨ | ᠪᠠᠬᠢᠵᠢᠭᠦᠯᠥᠯᠳᠠ ᠶᠢ ᠡᠯ᠎ᠡ ᠠᠵᠢᠯ ᠤᠨ ᠪᠥᠭᠦ ᠭᠤᠭᠴᠤᠭᠠᠨ ᠳᠤ ᠡᠷᠡᠰ ᠲᠤᠤᠱᠯᠠᠭᠤᠯᠤᠨ᠂ ᠥᠨᠳᠥᠰᠥᠳᠡᠨ ᠤ ᠪᠥᠯᠭᠦᠮᠳᠡᠯ ᠲᠠᠪᠰᠢᠯᠳᠠ ᠶᠢᠨ ᠵᠢᠱᠢᠶᠡᠴᠢ ᠬᠤᠰᠢᠭᠤᠨ | ᠤ ᠪᠠᠶᠢᠭᠤᠯᠤᠯᠳᠠ ᠶᠢᠨ ᠥᠷ᠎ᠡ ᠪᠥᠳᠥᠭᠡᠯ ᠢᠶᠠᠨ ᠥᠷᠭᠦᠯᠵᠢᠯᠡᠨ ᠪᠠᠳᠤᠳᠬᠠᠨ᠎ᠠ᠃ ᠰᠢᠨ᠎ᠡ ᠴᠠᠭ ᠥᠶ᠎ᠡ ᠶᠢᠨ ︽ᠹᠧᠩ ᠴᠢᠶᠤᠤ ᠶᠢᠨ ᠲᠤᠷᠰᠢᠯᠭ᠎ᠠ︾ ᠶᠢ ᠪᠠᠷᠢᠮᠳᠠᠯᠠᠨ | ᠭᠥᠭᠵᠢᠭᠦᠯᠵᠤ᠂ ᠵᠠᠬᠢᠳᠠᠯ ᠰᠤᠷᠪᠤᠯᠵᠢᠯᠠᠭ᠎ᠠ ᠶᠢᠨ ᠱᠠᠳᠤ ᠠᠯᠤᠰᠯᠠᠨ ᠵᠠᠭᠠᠯᠳᠤᠬᠤ ᠪᠠ ᠲᠠᠬᠢᠨ ᠲᠠᠪᠳᠠᠨ ᠵᠠᠭᠠᠯᠳᠤᠬᠤ ᠥᠵᠡᠭᠳᠡᠯ ᠢ ᠪᠠᠶᠢᠩᠭᠤ ᠴᠡᠭᠴᠡᠯᠡᠨ᠂ ᠵᠥᠷᠢᠴᠡᠯ | ᠵᠠᠭᠤᠷᠠᠭᠠᠨ ᠢ ᠪᠠᠶᠢᠴᠠᠭᠠᠨ ᠰᠢᠢᠳᠪᠥᠷᠢᠯᠡᠭᠦ ᠪᠠ ᠵᠠᠬᠢᠳᠠᠯ ᠰᠤᠷᠪᠤᠯᠵᠢᠯᠠᠭ᠎ᠠ ᠶᠢᠨ ᠠᠰᠠᠭᠤᠳᠠᠯ ᠢ ᠰᠢᠢᠳᠪᠥᠷᠢᠯᠡᠭᠦ ᠲᠤᠭᠳᠠᠴᠠ ᠪᠠᠨ ᠴᠢᠩᠭ᠎ᠠ ᠨᠠᠶᠢᠳᠠᠪᠤᠷᠢᠵᠢᠭᠤᠯᠵᠤ᠂ | ᠵᠠᠬᠢᠳᠠᠯ ᠰᠤᠷᠪᠤᠯᠵᠢᠯᠠᠭ᠎ᠠ ᠶᠢᠨ ᠤᠷᠤᠯᠠᠨ ᠭᠥᠢᠴᠡᠳᠭᠡᠭᠦ ᠲᠥᠷᠢᠮ ᠢ ᠪᠥᠭᠦ ᠲᠠᠯ᠎ᠠ ᠪᠠᠷ ᠠᠬᠢᠭᠤᠯᠤᠨ᠎ᠠ᠃ ᠥᠨᠳᠥᠰᠥᠨ ᠱᠠᠳᠤᠨ ᠳᠤ ᠬᠢ ᠲᠤᠮᠢᠯᠠᠭᠰᠠᠨ ᠰᠠᠯᠪᠤᠷᠢ ᠶᠢᠨ | ᠰᠠᠭᠤᠷᠢ ᠨᠥᠭᠦᠴᠡᠯ ᠢ ᠰᠠᠶᠢᠵᠢᠷᠠᠭᠤᠯᠵᠤ᠂ ᠲᠤᠳᠤᠭᠠᠳᠤ ᠶᠢ ᠬᠠᠮᠠᠭᠠᠯᠠᠬᠤ ᠰᠢᠨᠵᠢᠯᠡᠭᠡ ᠵᠠᠩᠬᠢᠴᠢᠯᠠᠯᠳᠠ ᠶᠢᠨ ᠪᠠᠶᠢᠭᠤᠯᠤᠯᠳᠠ ᠶᠢ ᠠᠬᠢᠭᠤᠯᠤᠨ᠂ ᠨᠡᠶᠢᠭᠡᠮ ᠤᠨ ᠠᠮᠤᠷ | ᠢ ᠬᠠᠮᠠᠭᠠᠯᠠᠬᠤ ᠰᠡᠷᠭᠡᠶᠢᠯᠡᠨ ᠡᠵᠡᠮᠳᠡᠯ ᠤᠨ ᠲᠤᠤᠷᠵᠢᠯ ᠢ ᠨᠢᠭᠳᠠᠰᠢᠭᠤᠯᠵᠤ᠂ ᠬᠠᠷ᠎ᠠ ᠪᠥᠯᠥᠭᠳᠡᠨ ᠬᠠᠷᠬᠢᠰ ᠭᠥᠴᠥᠨ ᠢ ᠤᠰᠠᠳᠬᠠᠬᠤ ᠲᠡᠮᠡᠴᠡᠯ ᠢ ᠪᠠᠶᠢᠩᠭᠤᠵᠢᠭᠤᠯᠤᠨ᠂ | ᠨᠡᠶᠢᠭᠡᠮ ᠤᠨ ᠶᠡᠭᠡ ᠪᠠᠶᠢᠳᠠᠯ ᠤᠨ ᠡᠶ᠎ᠡ ᠨᠠᠶᠢᠷᠠᠮᠳᠠᠯ ᠠᠮᠤᠷ ᠲᠤᠭᠳᠠᠭᠤᠨ ᠢ ᠡᠷᠡᠰ ᠬᠠᠮᠠᠭᠠᠯᠠᠨ ᠪᠠᠳᠤᠯᠠᠨ᠎ᠠ᠃ | ᠲᠥᠯᠥᠭᠡᠯᠡᠭᠴᠢᠳ ᠡ᠂ ᠠᠷᠠᠳ ᠤᠨ ᠠᠮᠢᠳᠤᠷᠠᠯ ᠤᠨ ᠠᠯᠢ ᠪᠤᠯᠭᠠᠨ ᠳᠤ ᠨᠢ ᠴᠤ ᠠᠳᠠᠯᠢᠬᠠᠨ ᠨᠢᠮᠪᠠᠢ ᠬᠠᠨᠳᠤᠬᠤ ᠨᠢ ᠵᠥᠢᠳᠠᠢ᠃ ᠡᠨᠡ ᠵᠢᠯ ᠪᠢᠳᠠ | ᠥᠷᠭᠦᠯᠵᠢᠯᠡᠨ ︽ᠤᠯᠠᠨ ᠲᠥᠮᠡᠨ ᠲᠤᠷᠠᠳᠴᠤ᠂ ᠲᠥᠯᠥᠭᠡᠯᠡᠭᠴᠢᠳ ᠲᠤᠭᠳᠠᠭᠠᠨ᠂ ᠵᠠᠰᠠᠭ ᠤᠨ ᠤᠷᠳᠤᠨ ᠭᠥᠢᠴᠡᠳᠭᠡᠵᠤ᠂ ᠠᠷᠠᠳ ᠤᠨ ᠶᠡᠭᠡ ᠬᠤᠷᠠᠯ ᠥᠨᠡᠯᠡᠨ᠂ | ᠤᠯᠤᠰ ᠲᠥᠷᠥ ᠶᠢᠨ ᠵᠥᠪᠯᠡᠯᠭᠡᠨ ᠵᠦᠪᠯᠡᠬᠦ︾ ᠰᠡᠳᠬᠢᠮᠵᠢ ᠪᠠᠷ᠂ ᠢᠯᠡ ᠪᠠᠷ ᠡᠯᠰᠡᠨ ᠰᠤᠩᠭᠤᠨ ᠰᠢᠭ᠍ᠰᠢᠵᠤ ᠲᠠᠬᠢᠨ ᠲᠠᠪᠳᠠᠨ ᠰᠠᠨᠠᠯ ᠬᠤᠷᠢᠶᠠᠬᠤ ᠲᠠᠷᠠᠭᠠᠯᠠᠯ ᠢᠶᠠᠷ | ᠲᠠᠮᠵᠢᠭᠤᠯᠤᠭᠰᠠᠨ 17 ᠲᠥᠷᠥᠯ ᠤᠨ ᠠᠷᠠᠳ ᠤᠨ ᠠᠮᠢᠳᠤᠷᠠᠯ ᠤᠨ ᠪᠤᠳᠠᠳᠤ ᠶᠠᠪᠤᠳᠠᠯ ᠤᠨ ᠪᠡᠯᠡᠳᠭᠡᠯ ᠲᠥᠷᠥᠯ ᠢ ᠵᠢᠭᠰᠠᠭᠠᠨ ᠭᠠᠷᠭᠠᠵᠤ ᠲᠤᠰ ᠤᠳᠠᠭᠠᠨ ᠤ ᠠᠷᠠᠳ | ᠤᠨ ᠲᠥᠯᠥᠭᠡᠯᠡᠭᠴᠢᠳ ᠤᠨ ᠶᠡᠭᠡ ᠬᠤᠷᠠᠯ ᠳᠤ ᠲᠡᠪᠰᠢᠭᠦᠯᠥᠭᠰᠡᠨ ᠶᠤᠮ᠃ ᠠᠷᠠᠳ ᠤᠨ ᠠᠮᠢᠳᠤᠷᠠᠯ ᠤᠨ ᠪᠤᠳᠠᠳᠤ ᠶᠠᠪᠤᠳᠠᠯ ᠤᠨ ᠲᠥᠷᠥᠯ ᠵᠥᠢᠯ ᠢ ᠰᠤᠩᠭᠤᠨ | ᠲᠤᠭᠳᠠᠭᠠᠭᠰᠠᠨ ᠤ ᠠᠷᠤ ᠳᠤ ᠪᠢᠳᠠ᠂ ᠪᠥᠭᠦ ᠭᠥᠴᠥᠨ ᠢᠶᠠᠷ ᠵᠤᠬᠢᠶᠠᠨ ᠪᠠᠶᠢᠭᠤᠯᠤᠨ ᠨᠠᠶᠢᠳᠠᠪᠤᠷᠢᠵᠢᠭᠤᠯᠵᠤ ᠴᠢᠨᠠᠷᠯᠢᠭ ᠰᠠᠶᠢᠨ ᠢᠶᠠᠷ ᠪᠡᠶᠡᠯᠡᠭᠦᠯᠭᠦ ᠶᠤᠮ᠃ | ᠭᠤᠷᠪᠠ᠂ ᠵᠠᠰᠠᠭ ᠤᠨ ᠤᠷᠳᠤᠨ ᠤ ᠲᠤᠰ ᠪᠡᠶ᠎ᠡ ᠶᠢᠨ ᠪᠠᠶᠢᠭᠤᠯᠤᠯᠳᠠ | ᠲᠥᠯᠥᠭᠡᠯᠡᠭᠴᠢᠳ ᠡ︕ ᠴᠢᠭᠯᠡᠯᠳᠡ ᠵᠥᠪ ᠬᠠᠷᠠᠯᠳᠠ ᠲᠤᠳᠤ ᠤᠴᠢᠷ ᠨᠠᠶᠢᠳᠠᠪᠤᠷᠢᠵᠢᠭᠤᠯᠤᠯᠳᠠ ᠵᠠᠩᠬᠢᠯᠠᠭ᠎ᠠ ᠪᠤᠯᠵᠤ ᠪᠤᠢ᠃ ᠪᠥᠭᠦ ᠬᠤᠰᠢᠭᠤᠨ ᠤ ᠵᠠᠰᠠᠭ | ᠤᠨ ᠤᠷᠳᠤᠨ ᠤ ᠰᠢᠰᠲ᠋ᠧᠮ ᠤᠨ ᠬᠢᠨ ︽ᠭᠤᠷᠪᠠᠨ ᠡᠷᠭᠡᠪᠰᠢ︾ ᠶᠢ ᠤᠷᠳᠤᠳᠠ ᠪᠠᠷᠢᠮᠳᠠᠯᠠᠨ᠂ ᠲᠤᠤᠱᠳᠠᠢ ᠢᠳᠡᠳᠡᠢ ᠪᠤᠳᠠᠳᠠᠢ ᠵᠤᠷᠢᠭᠳᠠᠢ ᠨᠠᠶᠢᠳᠠᠪᠤᠷᠢᠵᠢᠭᠤᠯᠵᠤ᠂ | ᠭᠠᠪᠰᠢᠭᠠᠶᠢᠯᠠᠨ ᠲᠡᠮᠡᠴᠡᠭᠦ ᠢᠳᠡᠭᠡᠯ ᠢᠶᠠᠷ ᠪᠥᠳᠥᠮᠵᠢ ᠰᠠᠶᠢᠳᠠᠢ ᠪᠥᠭᠦᠳᠡ ᠳᠤ ᠲᠠᠭᠠᠰᠢᠶᠠᠭᠳᠠᠭᠰᠠᠨ ᠵᠠᠰᠠᠭ ᠤᠨ ᠤᠷᠳᠤᠨ ᠢ ᠴᠤᠭᠴᠠᠯᠠᠨ᠎ᠠ᠃ | ᠤᠯᠤᠰ ᠲᠥᠷᠥ ᠪᠠᠷ ᠲᠠᠶᠢᠴᠢᠯᠠᠬᠤ ᠶᠢ ᠪᠠᠷᠢᠮᠳᠠᠯᠠᠨ᠂ ᠨᠠᠮ ᠳᠤ ᠪᠠᠨ ᠥᠨᠡᠨᠴᠢ ᠪᠠᠶᠢᠬᠤ ᠶᠢ ᠡᠷᠬᠢᠮᠯᠡᠨ᠎ᠡ᠃ ᠰᠢ ᠶᠢᠨ ᠫᠢᠩ ᠤᠨ ᠰᠢᠨ᠎ᠡ ᠴᠠᠭ ᠥᠶ᠎ᠡ ᠶᠢᠨ | ᠲᠤᠮᠳᠠᠳᠤ ᠤᠯᠤᠰ ᠤᠨ ᠤᠨᠴᠠᠯᠢᠭᠳᠤ ᠨᠡᠶᠢᠭᠡᠮ ᠵᠢᠷᠤᠮ ᠤᠨ ᠥᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ᠂ ︽ᠬᠤᠶᠠᠷ ᠢ ᠲᠤᠭᠳᠠᠭᠠᠭᠰᠠᠨ︾ ᠢ ᠴᠢᠩ ᠰᠡᠳᠬᠢᠯ | ᠢᠶᠠᠷ ᠭᠥᠷᠢᠶᠡᠯᠡᠨ᠂ ︽ᠬᠤᠶᠠᠷ ᠢ ᠬᠠᠮᠠᠭᠠᠯᠠᠬᠤ︾ ᠶᠢ ᠥᠨᠡᠨᠴᠢ ᠰᠢᠳᠤᠷᠭᠤ ᠪᠠᠷ ᠥᠢᠯᠡᠳᠥᠯᠭᠡᠵᠢᠭᠦᠯᠵᠤ᠂ ᠤᠯᠤᠰ ᠲᠥᠷᠥ ᠶᠢᠨ ᠮᠠᠭᠠᠳᠯᠠᠯᠳᠠ ᠤᠬᠠᠮᠰᠠᠷᠯᠠᠯᠳᠠ | ᠬᠡᠷᠡᠭᠵᠢᠭᠦᠯᠥᠯᠳᠡ ᠪᠠᠨ ᠤᠯᠠᠮ ᠲᠡᠭᠡᠭᠰᠢᠯᠡᠭᠦᠯᠥᠨ᠂ ᠲᠡᠭᠡᠳᠤ ᠱᠠᠳᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠬᠢᠭᠡᠳ ᠬᠤᠰᠢᠭᠤ ᠨᠠᠮ ᠤᠨ ᠬᠤᠷᠢᠶᠠᠨ ᠤ | ᠰᠢᠢᠳᠪᠥᠷᠢ ᠪᠠᠶᠢᠷᠢᠰᠢᠭᠤᠯᠤᠯᠳᠠ ᠶᠢ ᠵᠠᠰᠠᠭ ᠤᠨ ᠤᠷᠳᠤᠨ ᠤ ᠠᠵᠢᠯ ᠤᠨ ᠡᠯ᠎ᠡ ᠴᠠᠷᠠᠭ᠎ᠠ ᠪᠥᠭᠦ ᠶᠠᠪᠤᠴᠠ ᠳᠤ ᠡᠷᠡᠰ ᠴᠢᠩᠭ᠎ᠠ ᠨᠠᠶᠢᠳᠠᠪᠤᠷᠢᠵᠢᠭᠤᠯᠤᠨ᠎ᠠ᠃ | ᠬᠠᠤᠯᠢ ᠶᠤᠰᠤᠭᠠᠷ ᠵᠠᠰᠠᠭᠯᠠᠬᠤ ᠶᠢ ᠪᠠᠷᠢᠮᠳᠠᠯᠠᠨ᠂ ᠭᠥᠴᠥᠯᠡᠨ ᠨᠠᠶᠢᠳᠠᠪᠤᠷᠢᠵᠢᠭᠤᠯᠬᠤ ᠶᠢ ᠡᠷᠬᠢᠮᠯᠡᠨ᠎ᠡ᠃ ᠵᠠᠰᠠᠭ ᠤᠨ ᠤᠷᠳᠤᠨ ᠤ ᠡᠷᠬᠡ ᠳᠤᠰᠢᠶᠠᠯ ᠤᠨ | ᠬᠢᠵᠠᠭᠠᠷᠯᠠᠯ᠂ ᠰᠢᠢᠤᠨᠪᠤᠷᠢ ᠪᠠᠶᠢᠷᠢᠰᠢᠭᠤᠯᠤᠯ ᠤᠨ ᠳᠠᠷᠠᠭᠠᠯᠠᠯ᠂ ᠬᠠᠷᠢᠭᠤᠴᠠᠯᠭ᠎ᠠ ᠶᠢᠨ ᠬᠠᠤᠯᠢᠵᠢᠯ ᠬᠢᠬᠡᠤᠨ ᠡᠯ᠎ᠡ ᠠᠵᠢᠯ ᠤᠨ ᠬᠠᠤᠯᠢ ᠵᠠᠰᠠᠯ ᠢ ᠠᠬᠢᠭᠤᠯᠵᠤ᠂ ᠠᠷᠠᠤᠨ | ᠤᠨ ᠲᠦᠯᠤᠬᠡᠯᠡᠭᠴᠢᠤᠨ ᠤᠨ ᠶᠡᠭᠡ ᠬᠤᠷᠠᠯ ᠤᠨ ᠬᠠᠤᠯᠢ ᠶᠢᠨ ᠬᠢᠨᠠᠯᠳᠠ᠂ ᠤᠯᠤᠰ ᠲᠦᠷᠤ ᠶᠢᠨ ᠵᠦᠪᠯᠡᠯᠬᠡᠨ ᠤ ᠠᠷᠠᠤᠨᠴᠢᠯᠠᠭᠰᠡᠨ ᠬᠢᠨᠠᠯᠳᠠ᠂ ᠨᠠᠶᠢᠬᠡᠮ ᠤᠨ ᠶᠠᠷᠢᠶ᠎ᠠ | ᠬᠡᠯᠡᠯᠴᠡᠬᠡᠨ ᠤ ᠬᠢᠨᠠᠯᠳᠠ ᠶᠢ ᠰᠠᠨᠠᠭᠠᠴᠢᠯᠠᠭ᠎ᠠ ᠲᠠᠢ ᠬᠦᠯᠢᠶᠡᠨ᠂ ᠵᠠᠰᠠᠭ ᠤᠨ ᠤᠷᠳᠤᠨ ᠪᠤᠯᠤᠨ ᠰᠢᠬᠦᠬᠦ ᠪᠠᠶᠢᠴᠠᠭᠠᠬᠤ ᠬᠤᠷᠢᠶᠠᠨ ᠤ ᠬᠠᠮᠳᠤᠷᠠᠭᠰᠠᠨ ᠠᠵᠢᠯᠯᠠᠭ᠎ᠠ ᠶᠢ | ᠴᠢᠩᠭᠠᠤᠨᠬᠠᠵᠤ᠂ ᠡᠷᠬᠡ ᠶᠢᠨ ᠬᠡᠷᠡᠭᠵᠢᠬᠦᠯᠤᠯᠳᠠ ᠶᠢ ᠢᠯᠡ ᠳᠤᠳᠤ ᠪᠤᠯᠭᠠᠨ᠎ᠠ᠃ ᠵᠠᠰᠠᠭ ᠤᠨ ᠤᠷᠳᠤᠨ ᠪᠤᠯ ᠬᠡᠷᠡᠭᠵᠢᠭᠦᠯᠥᠯᠳᠡ ᠨᠠᠶᠢᠳᠠᠪᠤᠷᠢᠵᠢᠭᠤᠯᠤᠯᠳᠠ ᠶᠢᠨ | ᠰᠠᠭᠤᠷᠢ ᠭᠡᠰᠡᠨ ᠢ ᠢᠮᠠᠭᠳᠠ ᠴᠠᠭᠡᠵᠢᠯᠡᠵᠤ᠂ ︽ᠨᠠᠮ ᠤᠨ ᠬᠤᠷᠢᠶ᠎ᠠ ᠰᠡᠳᠥᠪ ᠭᠠᠷᠭᠠᠵᠤ᠂ ᠵᠠᠰᠠᠭ ᠤᠨ ᠤᠷᠳᠤᠨ ᠬᠠᠷᠢᠭᠤᠯᠬᠤ︾ ᠪᠠ ︽ᠠᠷᠠᠳ ᠤᠯᠠᠨ ᠤ ᠰᠠᠨᠠᠯ | ᠱᠠᠭᠠᠷᠳᠠᠯᠭ᠎ᠠ ᠪᠠᠷ ᠵᠠᠰᠠᠭ ᠤᠨ ᠠᠵᠢᠯ ᠤᠨ ᠴᠢᠭᠯᠡᠯ ᠲᠤᠭᠳᠠᠭᠠᠬᠤ︾ ᠶᠢ ᠠᠰᠢᠳᠠ ᠪᠠᠷᠢᠮᠳᠠᠯᠠᠨ᠂ ᠬᠤᠰᠢᠭᠤ ᠨᠠᠮ ᠤᠨ ᠬᠤᠷᠢᠶᠠᠨ ᠤ ︽ᠲᠥᠰᠥᠪ ᠵᠢᠷᠤᠭ︾ ᠢ | ᠵᠠᠰᠠᠭ ᠤᠨ ᠤᠷᠳᠤᠨ ᠬᠢᠨᠠᠮᠠᠭᠠᠢ ︽ᠪᠤᠳᠠᠳᠠᠶᠢᠵᠢᠭᠤᠯᠤᠨ ᠠᠮᠢᠯᠠᠭᠤᠯᠵᠤ︾᠂ ᠠᠵᠤ ᠠᠬᠤᠶᠢᠯᠠᠯ ᠳᠤ ᠲᠤᠯᠭᠠᠷᠠᠭᠰᠠᠨ ︽ᠰᠠᠨᠠᠭᠠᠨ ᠤ ᠵᠤᠪᠠᠯᠠᠩ︾ ᠢ ᠪᠦᠳᠤᠮᠵᠢᠳᠠᠢ | ᠰᠢᠢᠤᠨᠪᠤᠷᠢᠯᠡᠨ᠂ ᠠᠷᠠᠳ ᠤᠨ ᠠᠮᠢᠳᠤᠷᠠᠯ ᠤᠨ ᠲᠥᠷᠥᠯ ᠵᠥᠢᠯ ᠢ ᠵᠠᠰᠠᠭ ᠤᠨ ᠠᠵᠢᠯ ᠤᠨ ᠡᠭᠦᠷᠭᠡᠯᠡᠯ ᠪᠤᠯᠭᠠᠨ᠎ᠠ᠃ | ᠵᠤᠷᠢᠭᠳᠠᠢ ᠰᠢᠪᠳᠤᠯᠤᠯᠳᠠ ᠬᠢᠭᠦ ᠶᠢ ᠪᠠᠷᠢᠮᠳᠠᠯᠠᠨ᠂ ᠡᠭᠦᠷᠭᠡᠯᠡᠨ ᠬᠠᠷᠢᠭᠤᠴᠠᠬᠤ ᠶᠢ ᠡᠷᠬᠢᠮᠯᠡᠨ᠎ᠡ᠃ ᠪᠤᠳᠠᠳᠠᠢ ᠠᠵᠢᠯᠯᠠᠬᠤ ᠶᠢ ᠲᠡᠷᠢᠭᠦᠨ ᠳᠤ ᠱᠠᠭᠠᠷᠳᠠᠵᠤ᠂ | ᠥᠷᠯᠥᠭᠡ ᠥᠳᠡᠰᠢ ᠶᠢ ᠲᠡᠮᠡᠴᠡᠨ ᠤᠴᠢᠷ ᠶᠠᠪᠤᠳᠠᠯ ᠢ ᠲᠠᠷᠤᠢ ᠰᠠᠶᠢᠳᠤᠷ ᠭᠥᠢᠴᠡᠳᠭᠡᠭᠦ ᠪᠠᠨ ᠵᠤᠷᠰᠢᠯ ᠲᠠᠳᠬᠠᠯ ᠪᠤᠯᠭᠠᠨ᠎ᠠ᠃ ᠪᠤᠳᠠᠳᠠᠢ ᠠᠵᠢᠯᠯᠠᠬᠤ ᠪᠠᠷ ᠰᠤᠷᠳᠠᠯ | ᠪᠤᠯᠭᠠᠵᠤ᠂ ᠪᠤᠳᠠᠳᠤ ᠪᠦᠳᠤᠮᠵᠢ ᠪᠠᠷ ᠴᠢᠳᠠᠪᠤᠷᠢ ᠶᠢ ᠦᠨᠡᠯᠡᠬᠦ ᠤᠳᠤᠷᠢᠳᠤᠮᠵᠢ ᠶᠢ ᠴᠤᠭᠴᠠᠯᠠᠨ᠂ ᠡᠭᠦᠷᠭᠡ ᠬᠠᠷᠢᠭᠤᠴᠠᠳᠠᠭ ᠪᠤᠳᠠᠳᠠᠢ ᠠᠵᠢᠯᠯᠠᠳᠠᠭ ᠵᠤᠷᠢᠭᠳᠠᠢ | ᠭᠠᠪᠰᠢᠭᠠᠶᠢᠯᠠᠳᠠᠭ ᠰᠤᠷᠳᠠᠯ ᠢ ᠢᠮᠠᠭᠳᠠ ᠪᠠᠳᠤᠯᠠᠵᠤ᠂ ᠡᠯ᠎ᠡ ᠱᠠᠳᠤᠨ ᠤ ᠰᠠᠯᠠᠭ᠎ᠠ ᠮᠦᠴᠢᠷ ᠤᠳ ᠤᠨ ᠬᠠᠷᠢᠭᠤᠴᠠᠯᠭ᠎ᠠ ᠡᠬᠦᠷᠬᠡᠯᠡᠯ ᠢ ᠳᠠᠶᠢᠴᠢᠯᠠᠨ᠂ ᠵᠠᠰᠠᠭ ᠤᠨ | ᠤᠷᠳᠤᠨ ᠤ ᠬᠦᠢᠴᠡᠤᠨᠬᠡᠯ ᠨᠠᠶᠢᠳᠠᠪᠤᠷᠢᠵᠢᠭᠤᠯᠤᠯᠳᠠ ᠶᠢ ᠳᠠᠰᠤᠷᠠᠯᠳᠠ ᠦᠬᠡᠢ ᠴᠢᠩᠭᠠᠤᠨᠬᠠᠨ᠎ᠠ᠃ | ᠠᠩᠬᠠᠨ ᠤ ᠵᠤᠷᠢᠯᠳᠠ ᠪᠠᠨ ᠪᠠᠷᠢᠮᠳᠠᠯᠠᠨ᠂ ᠠᠷᠠᠳ ᠤᠨ ᠭᠥᠷᠢᠶᠡᠯᠡᠯ ᠢ ᠡᠷᠬᠢᠮᠯᠡᠨ᠎ᠡ᠃ ᠵᠠᠰᠠᠭ ᠤᠨ ᠠᠵᠢᠯ ᠪᠤᠯ ᠠᠷᠠᠤᠨ ᠤᠨ ᠠᠮᠢᠳᠤᠷᠠᠯ ᠢ ᠰᠠᠶᠢᠵᠢᠷᠠᠭᠤᠯᠬᠤ | ᠬᠡᠰᠡᠨ ᠢ ᠢᠮᠠᠭᠳᠠ ᠴᠡᠬᠡᠵᠢᠯᠠᠨ᠂ ᠵᠠᠰᠠᠭ ᠤᠨ ᠤᠷᠳᠤᠨ ᠭᠡᠭᠦ ᠨᠡᠷ᠎ᠡ ᠶᠢᠨ ᠡᠮᠥᠨ᠎ᠡ ︽ᠠᠷᠠᠳ︾ ᠭᠡᠮᠡᠭᠦ ᠥᠰᠥᠭ ᠪᠤᠢ ᠶᠢ ᠠᠰᠢᠳᠠ ᠰᠠᠨᠠᠮᠵᠢᠯᠠᠵᠤ᠂ ︽ᠲᠥᠷᠪᠡ ᠶᠢ | ᠥᠨᠳᠥᠰᠥᠨ ᠱᠠᠳᠤᠨ ᠳᠤ ᠪᠠᠭᠤᠯᠭᠠᠬᠤ︾ ᠶᠢ ᠭᠥᠨᠵᠡᠭᠡᠢ ᠥᠢᠯᠡᠳᠥᠯᠭᠡᠵᠢᠭᠦᠯᠥᠨ᠂ ᠠᠷᠠᠳ ᠤᠯᠠᠨ ᠤ ᠰᠠᠨᠠᠯ ᠱᠠᠭᠠᠷᠳᠠᠯᠭ᠎ᠠ ᠶᠢ ᠲᠤᠩᠭᠠᠵᠤ᠂ ᠡᠳ᠋ ᠤᠨ ᠵᠠᠰᠠᠭ ᠢ | ᠠᠷᠠᠳ ᠤᠨ ᠠᠮᠢᠳᠤᠷᠠᠯ ᠳᠤ ᠨᠠᠩ ᠭᠡᠯᠪᠡᠶᠢᠯᠭᠡᠨ᠂ ᠤᠯᠠᠨ ᠲᠥᠮᠡᠨ ᠤ ᠭᠥᠴᠥᠨ ᠢ ᠲᠥᠰᠢᠵᠤ ᠤᠯᠠᠨ ᠲᠥᠮᠡᠨ ᠤ ᠲᠥᠯᠥᠭᠡ ᠵᠢᠳᠭᠦᠵᠤ᠂ ᠥᠭᠡᠷᠡᠴᠢᠯᠡᠯᠳᠡ | ᠨᠡᠭᠡᠭᠡᠯᠳᠡ ᠶᠢᠨ ᠠᠯᠢ ᠤᠯᠠᠨ ᠪᠥᠳᠥᠮᠵᠢ ᠪᠠᠷ ᠠᠷᠠᠳ ᠢ ᠲᠥᠭᠡᠮᠡᠯ ᠬᠠᠷᠠᠭᠠᠯᠵᠠᠨ᠂ ᠠᠷᠠᠳ ᠤᠨ ᠠᠮᠤᠷ ᠵᠢᠷᠭᠠᠯ ᠢ ᠲᠠᠰᠤᠷᠠᠯᠳᠠ ᠥᠭᠡᠢ ᠨᠡᠮᠡᠭᠳᠡᠭᠦᠯᠥᠨ᠎ᠡ᠃ | ᠨᠠᠮ ᠢ ᠴᠢᠩᠭ᠎ᠠ ᠵᠠᠰᠠᠬᠤ ᠶᠢ ᠪᠠᠷᠢᠮᠳᠠᠯᠠᠨ᠂ ᠲᠥᠪ ᠴᠢᠭᠡᠴᠢ ᠪᠠᠷ ᠵᠠᠰᠠᠭᠯᠠᠬᠤ ᠶᠢ ᠡᠷᠬᠢᠮᠯᠡᠨ᠎ᠡ᠃ ᠦᠪᠡᠷ ᠢ ᠪᠠᠨ ᠴᠢᠩᠳᠡᠯᠡᠨ ᠨᠠᠮ ᠢ ᠪᠦᠬᠦ ᠳᠠᠯ᠎ᠠ ᠪᠠᠷ ᠴᠢᠩᠭ᠎ᠠ | ᠵᠠᠰᠠᠬᠤ ᠪᠠᠶᠠᠴᠢ ᠬᠠᠷᠢᠭᠤᠴᠠᠯᠭ᠎ᠠ ᠶᠢ ᠴᠢᠩᠭᠠᠤᠨᠬᠠᠨ᠂ ᠨᠠᠮ ᠤᠨ ᠰᠤᠷᠳᠠᠯ ᠴᠢᠭᠡᠴᠢ ᠵᠠᠰᠠᠭ ᠤᠨ ᠪᠠᠶᠢᠭᠤᠯᠤᠯᠳᠠ ᠶᠢ ᠭᠥᠨᠵᠡᠭᠡᠢ ᠠᠬᠢᠭᠤᠯᠵᠤ᠂ ᠬᠡᠯᠪᠡᠷᠢ ᠶᠢᠨ ᠥᠵᠡᠯ᠂ | ᠨᠤᠶᠠᠨᠴᠢ ᠰᠤᠷᠳᠠᠯ ᠯᠤᠭ᠎ᠠ ᠡᠪᠯᠡᠷᠡᠰᠢ ᠥᠭᠡᠢ ᠲᠡᠮᠡᠴᠡᠵᠤ᠂ ᠥᠨᠳᠥᠰᠥᠨ ᠱᠠᠳᠤᠨ ᠤ ᠲᠠᠷᠤᠭᠠᠰᠤ ᠶᠢ ᠭᠥᠩᠭᠡᠯᠡᠭᠦ ᠶᠢ ᠠᠰᠢᠳᠠ ᠪᠠᠷᠢᠮᠳᠠᠯᠠᠨ᠂ ᠡᠳ᠋ ᠤᠨ ᠵᠠᠰᠠᠭ | ᠠᠵᠤ ᠠᠬᠤᠢ ᠶᠢᠨ ᠰᠠᠬᠢᠯᠭ᠎ᠠ ᠶᠢ ᠴᠢᠩᠳᠠᠯᠠᠵᠤ᠂ ᠬᠢᠨᠠᠨ ᠪᠤᠳᠤᠯᠳᠠ ᠶᠢᠨ ᠬᠢᠨᠠᠯᠳᠠ᠂ ᠳᠤᠭ᠎ᠠ ᠪᠦᠷᠢᠤᠨᠬᠡᠯ ᠤᠨ ᠬᠢᠨᠠᠯᠳᠠ᠂ ᠵᠠᠰᠠᠭ ᠵᠠᠬᠢᠷᠭᠠᠨ ᠤ ᠬᠢᠨᠠᠯᠳᠠ ᠶᠢ | ᠴᠢᠩᠭᠠᠤᠨᠬᠠᠨ᠂ ᠡᠬᠢ ᠰᠤᠷᠪᠤᠯᠵᠢ ᠪᠠ ᠡᠳ᠋ ᠤᠨ ᠬᠦᠴᠤᠨ ᠢ ᠬᠦᠭᠵᠢᠯᠳᠠ ᠶᠢ ᠠᠬᠢᠭᠤᠯᠬᠤ ᠪᠠ ᠠᠷᠠᠤᠨ ᠲᠤ ᠤᠶᠢᠯᠡᠴᠢᠯᠡᠬᠦ ᠳᠤ ᠢᠯᠡᠬᠦᠤ ᠵᠠᠷᠤᠴᠠᠭᠤᠯᠵᠤ᠂ | ᠠᠷᠢᠭᠤᠨ ᠴᠢᠬᠡᠴᠢ ᠪᠦᠳᠤᠮᠵᠢ ᠰᠠᠶᠢᠳᠠᠢ ᠤᠶᠢᠯᠡᠴᠢᠯᠡᠬᠦ ᠬᠡᠯᠪᠡᠷᠢ ᠶᠢᠨ ᠵᠠᠰᠠᠭ ᠤᠨ ᠤᠷᠳᠤᠨ ᠢ ᠴᠤᠭᠴᠠᠯᠠᠨ᠎ᠠ᠃ | ᠲᠥᠯᠥᠭᠡᠯᠡᠭᠴᠢᠳ ᠡ︕ ᠵᠠᠭᠤᠨ ᠤᠩᠭᠤᠴᠠ ᠤᠷᠤᠰᠬᠠᠯ ᠥᠭᠰᠥᠭᠦᠶᠡ᠂ ᠡᠷᠡᠮᠡᠭᠡᠶᠢᠯᠡᠨ ᠤᠷᠤᠭᠰᠢᠯᠠᠭᠰᠠᠳ ᠲᠡᠷᠢᠭᠦᠯᠡᠮᠥᠢ︔ ᠮᠢᠩᠭᠠᠨ ᠲᠠᠷᠪᠠᠭᠤᠯ ᠲᠠᠩᠬᠢᠰ | ᠬᠡᠳᠥᠯᠭᠦᠶᠡ᠂ ᠡᠷᠡᠯᠭᠡᠭᠯᠡᠨ ᠲᠡᠮᠡᠴᠡᠭᠴᠢᠳ ᠮᠠᠩᠯᠠᠶᠢᠯᠠᠮᠤᠢ᠃ ᠪᠢᠳᠠ ᠨᠥᠭᠦᠷ ᠰᠢ ᠶᠢᠨ ᠫᠢᠩ ᠢᠶᠠᠷ ᠲᠥᠪᠯᠡᠭᠦᠯᠥᠭᠰᠡᠨ ᠨᠠᠮ ᠤᠨ ᠲᠥᠪ ᠬᠤᠷᠢᠶ᠎ᠠ ᠶᠢᠨ ᠲᠤᠭᠤᠷᠢᠨ ᠳᠤ | ᠨᠡᠩ ᠪᠠᠳᠤ ᠪᠥᠯᠭᠦᠮᠳᠡᠵᠤ᠂ ᠲᠡᠭᠡᠳᠤ ᠱᠠᠳᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠬᠢᠭᠡᠳ ᠬᠤᠰᠢᠭᠤ ᠨᠠᠮ ᠤᠨ ᠬᠤᠷᠢᠶ᠎ᠠ ᠶᠢᠨ ᠡᠷᠴᠢᠳᠤ ᠤᠳᠤᠷᠢᠳᠤᠯᠭ᠎ᠠ | ᠲᠤᠤᠷ᠎ᠠ᠂ ᠡᠪᠯᠡᠵᠤ ᠪᠥᠯᠭᠦᠮᠳᠠᠨ ᠡᠷᠡᠯᠭᠡᠭᠯᠡᠨ ᠤᠷᠤᠭᠰᠢᠯᠠᠵᠤ᠂ ᠰᠢᠭᠤᠷᠬᠠᠢ ᠲᠠᠪᠰᠢᠨ ᠰᠢᠨᠡᠴᠢᠯᠡᠨ ᠠᠬᠢᠵᠤ᠂ ︽ᠲᠥᠷᠪᠡᠨ ᠤᠷᠤᠨ ᠤ ᠪᠠᠶᠢᠭᠤᠯᠤᠯᠳᠠ︾ ᠶᠢᠨ ᠲᠡᠰ | ᠲᠡᠪᠰᠢᠭᠤᠯᠤᠯᠳᠠ ᠶᠢ ᠠᠬᠢᠭᠤᠯᠤᠨ᠂ ᠲᠤᠮᠳᠠᠳᠤ ᠤᠯᠤᠰ ᠤᠨ ᠮᠠᠶ᠋ᠢᠭ ᠤᠨ ᠤᠳᠤᠬᠢᠴᠢᠯᠠᠯᠳᠠ ᠶᠢᠨ ︽ᠭᠠᠷᠮᠠᠭᠠᠶᠢᠯᠠᠨ ᠲᠠᠪᠰᠢᠬᠤ ᠤᠳᠤᠭ ᠤᠨ ᠡᠮᠥᠨᠡᠳᠤ ᠬᠤᠰᠢᠭᠤᠨ︾ | ᠤ ᠪᠠᠨ ᠵᠢᠪᠬᠤᠯᠠᠩᠳᠤ ᠬᠠᠭᠤᠳᠠᠰᠤ ᠶᠢ ᠪᠢᠴᠢᠭᠯᠡᠭᠦ ᠪᠠᠷ ᠴᠢᠷᠮᠠᠶᠢᠨ ᠲᠡᠮᠡᠴᠡᠰᠥᠭᠡᠢ︕ | | ᠨᠡᠷᠡᠰ ᠤᠨ ᠳᠠᠶᠢᠯᠪᠤᠷᠢ | | | 1. ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠬᠤᠶᠠᠷ ᠶᠡᠭᠡ ᠶᠠᠪᠤᠳᠠᠯ᠄ ᠶᠡᠷᠤᠩᠬᠡᠢ ᠱᠦᠵᠢ ᠰᠢ ᠶᠢᠨ ᠫᠢᠩ ᠠᠴᠠ ᠦᠪᠤᠷ ᠮᠤᠩᠭᠤᠯ ᠳᠤ | ᠳᠤᠰᠢᠶᠠᠭᠰᠡᠨ ︽ᠳᠠᠪᠤᠨ ᠶᠡᠭᠡ ᠡᠬᠦᠷᠬᠡ︾ ︵ᠦᠪᠤᠷ ᠮᠤᠩᠭᠤᠯ ᠢ ᠮᠠᠨ ᠤ ᠤᠯᠤᠰ ᠤᠨ ᠤᠮᠠᠷᠠᠳᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ | ᠬᠠᠯᠬᠠᠪᠴᠢ᠂ ᠡᠬᠡ ᠤᠯᠤᠰ ᠤᠨ ᠤᠮᠠᠷᠠᠳᠤ ᠬᠢᠯᠢ ᠶᠢᠨ ᠠᠮᠤᠷ ᠳᠤᠭᠳᠠᠭᠤᠨ ᠤ ᠬᠠᠯᠬᠠᠪᠴᠢ᠂ ᠤᠯᠤᠰ ᠤᠨ ᠴᠢᠬᠤᠯᠠ ᠡᠨᠧᠷᠬᠢ ᠪᠠ ᠪᠠᠶᠢᠯᠳᠤᠬᠤ ᠪᠤᠳᠤᠯᠭ᠎ᠠ ᠶᠢᠨ | ᠡᠬᠢ ᠰᠤᠷᠪᠤᠯᠵᠢ ᠶᠢᠨ ᠰᠠᠭᠤᠷᠢᠨ᠂ ᠤᠯᠤᠰ ᠤᠨ ᠴᠢᠬᠤᠯᠠ ᠮᠠᠯ ᠳᠠᠷᠢᠶᠠᠯᠠᠩ ᠤᠨ ᠪᠦᠳᠤᠬᠡᠭᠳᠡᠬᠦᠨ ᠤ ᠤᠶᠢᠯᠡᠤᠨᠪᠤᠷᠢᠯᠡᠯ ᠤᠨ ᠰᠠᠭᠤᠷᠢᠨ᠂ ᠤᠯᠤᠰ ᠤᠨ ᠤᠮᠠᠷᠠᠰᠢ | ᠨᠡᠬᠡᠬᠡᠯᠳᠠ ᠬᠢᠬᠦ ᠴᠢᠬᠤᠯᠠ ᠬᠤᠰᠢᠭᠤᠴᠢ ᠦᠷᠳᠡᠭᠡ︶ ᠶᠢ ᠴᠢᠷᠮᠠᠶᠢᠨ ᠪᠡᠶᠡᠯᠡᠬᠦᠯᠬᠦ︔ ︽ᠵᠢᠱᠢᠶᠡᠴᠢ ᠦᠪᠡᠷᠳᠡᠬᠡᠨ ᠵᠠᠰᠠᠬᠤ ᠤᠷᠤᠨ︾ ᠢ ᠪᠦᠬᠦ ᠳᠠᠯ᠎ᠠ ᠪᠠᠷ | ᠪᠠᠶᠢᠭᠤᠯᠬᠤ᠃ | 2. ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ︽ᠵᠢᠷᠭᠤᠭᠠᠨ ᠢᠨᠵᠧᠨᠧᠷᠢᠩ︾᠄ ᠲᠥᠷᠥ ᠶᠢᠨ ᠪᠤᠳᠤᠯᠭ᠎ᠠ ᠶᠢ ᠤᠷᠤᠨᠵᠢᠭᠤᠯᠬᠤ ᠢᠨᠵᠧᠨᠧᠷᠢᠩ᠂ | ᠡᠯᠡᠰᠤ ᠰᠡᠷᠭᠡᠶᠢᠯᠡᠨ ᠵᠠᠰᠠᠬᠤ ᠪᠠ ᠰᠡᠯᠬᠢᠨ ᠴᠠᠬᠢᠯᠭᠠᠨ ᠨᠠᠷᠠᠨ ᠡᠨᠧᠷᠬᠢ ᠶᠢ ᠢᠵᠢ ᠴᠤᠭᠴᠠᠵᠢᠭᠤᠯᠬᠤ ᠢᠨᠵᠧᠨᠧᠷᠢᠩ᠂ ᠲᠤᠯᠠᠭᠠᠨ ᠢᠨᠵᠧᠨᠧᠷᠢᠩ᠂ ᠢᠳᠡᠬᠡᠮᠵᠢ ᠶᠢᠨ | ᠪᠠᠶᠢᠭᠤᠯᠤᠯᠳᠠ ᠶᠢᠨ ᠢᠨᠵᠧᠨᠧᠷᠢᠩ᠂ ᠰᠢᠨᠵᠢᠯᠡᠭᠡ ᠮᠡᠷᠭᠡᠵᠢᠯ ᠢᠶᠠᠷ ︽ᠰᠢᠪᠳᠤᠯᠤᠯᠳᠠ ᠬᠢᠭᠦ︾ ᠢᠨᠵᠧᠨᠧᠷᠢᠩ᠂ ᠴᠢᠯᠥᠭᠡᠳᠤ ᠠᠷᠠᠯᠵᠢᠶᠠᠨ ᠤ ᠲᠤᠭᠤᠷᠢᠭ ᠤᠨ | ᠴᠤᠭᠴᠠᠯᠠᠯᠳᠠ ᠪᠠᠶᠢᠭᠤᠯᠤᠯᠳᠠ ᠶᠢᠨ ᠢᠨᠵᠧᠨᠧᠷᠢᠩ᠃ | 3. ᠤᠷᠳᠤᠰ ᠬᠤᠳᠠ ᠶᠢᠨ ︽ᠭᠤᠷᠪᠠᠨ ᠳᠦᠷᠪᠡ︾ ᠠᠵᠢᠯ ᠤᠨ ᠡᠭᠦᠷᠭᠡ᠄ ᠲᠡᠯᠡᠬᠡᠢ ᠶᠢᠨ ᠲᠡᠰ ᠤᠨ ᠳᠦᠷᠪᠡᠨ ᠠᠵᠤ ᠦᠢᠯᠡᠰ ︵ᠳᠡᠯᠡᠬᠡᠢ ᠶᠢᠨ ᠲᠡᠰ ᠤᠨ | ᠡᠨᠧᠷᠬᠢ ᠶᠢᠨ ᠠᠵᠤ ᠦᠢᠯᠡᠰ᠂ ᠲᠡᠯᠡᠬᠡᠢ ᠶᠢᠨ ᠲᠡᠰ ᠤᠨ ᠣᠳᠣ ᠦᠶ᠎ᠡ ᠶᠢᠨ ᠨᠡᠬᠦᠷᠡᠰᠦ ᠬᠢᠮᠢ ᠶᠢᠨ ᠠᠵᠤ ᠦᠢᠯᠡᠳᠪᠦᠷᠢ ᠶᠢᠨ ᠠᠵᠤ ᠦᠢᠯᠡᠰ᠂ ᠲᠡᠯᠡᠬᠡᠢ ᠶᠢᠨ ᠲᠡᠰ | ᠤᠨ ᠰᠢᠨ᠎ᠡ ᠡᠨᠧᠷᠬᠢ ᠶᠢᠨ ᠲᠤᠨᠤᠭᠯᠠᠯ ᠦᠢᠯᠡᠳᠬᠦ ᠠᠵᠤ ᠦᠢᠯᠡᠰ᠂ ᠲᠡᠯᠡᠬᠡᠢ ᠶᠢᠨ ᠲᠡᠰ ᠤᠨ ᠢᠮᠠᠭᠠᠨ ᠨᠣᠣᠯᠣᠭᠤᠷ ᠤᠨ ᠠᠵᠤ ᠦᠢᠯᠡᠰ︶ ᠢ ᠪᠦᠷᠢᠯᠳᠤᠬᠦᠯᠤᠨ᠎ᠠ︔ | ᠣᠯᠣᠰ ᠤᠨ ᠳᠦᠷᠪᠡᠨ ᠥᠯᠢᠭᠡᠷ ᠳᠠᠭᠤᠷᠢᠶᠠᠯ ︵ᠠᠮᠢ ᠠᠬᠤᠢ ᠶᠢᠨ ᠵᠠᠰᠠᠯᠲᠠ ᠶᠢᠨ ᠳᠠᠭᠤᠷᠢᠶᠠᠯ᠂ ᠪᠤᠯᠪᠠᠰᠣᠨ ᠬᠤᠲᠠ ᠶᠢᠨ ᠴᠣᠭᠴᠠᠯᠠᠯᠲᠠ ᠶᠢᠨ ᠳᠠᠭᠤᠷᠢᠶᠠᠯ᠂ | ᠬᠠᠮᠲᠤᠪᠡᠷ ᠴᠢᠨᠡᠬᠡᠯᠢᠭᠵᠢᠬᠦ ᠳᠠᠭᠤᠷᠢᠶᠠᠯ᠂ ᠬᠤᠲᠠ ᠶᠢᠨ ᠣᠷᠣᠨ ᠪᠦᠰᠡ ᠶᠢᠨ ᠨᠡᠶᠢᠬᠡᠮ ᠤᠨ ᠵᠠᠰᠠᠯᠲᠠ ᠶᠢᠨ ᠳᠠᠭᠤᠷᠢᠶᠠᠯ︶ ᠢ ᠪᠠᠶᠢᠭᠤᠯᠤᠨ᠎ᠠ︔ ᠪᠦᠬᠦ ᠣᠯᠣᠰ ᠤᠨ | ᠳᠦᠷᠪᠡᠨ ᠲᠡᠷᠢᠬᠦᠨ ︵ᠪᠦᠬᠦ ᠣᠯᠣᠰ ᠤᠨ ᠲᠡᠷᠢᠬᠦᠨ ᠤ ᠠᠮᠢ ᠠᠬᠤᠢ ᠶᠢᠨ ᠰᠢᠨᠡᠴᠢᠯᠡᠯᠲᠡ᠂ ᠪᠦᠬᠦ ᠣᠯᠣᠰ ᠤᠨ ᠲᠡᠷᠢᠬᠦᠨ ᠤ ᠬᠤᠳᠠᠯᠳᠤᠭ᠎ᠠ ᠡᠵᠡᠩᠨᠡᠬᠦ ᠣᠷᠴᠢᠨ᠂ | ᠪᠦᠬᠦ ᠣᠯᠣᠰ ᠤᠨ ᠲᠡᠷᠢᠬᠦᠨ ᠤ ᠬᠤᠲᠠ ᠶᠢᠨ ᠬᠡᠪ ᠳᠦᠷᠬᠦ᠂ ᠪᠦᠬᠦ ᠣᠯᠣᠰ ᠤᠨ ᠲᠡᠷᠢᠬᠦᠨ ᠤ ᠺᠠᠳ᠋ᠷᠴᠣᠳ ᠤᠨ ᠡᠩᠨᠡᠭᠡ︶ ᠢ ᠴᠤᠭᠴᠠᠯᠠᠨ᠎ᠠ᠃ | 4. ᠤᠳᠤᠭ ᠤᠨ ᠡᠮᠤᠨᠡᠳᠤ ᠬᠤᠰᠢᠭᠤᠨ ᠤ ︽ᠲᠦᠷᠪᠡᠨ ᠤᠷᠤᠨ︾ ᠤ ᠪᠠᠶᠢᠭᠤᠯᠤᠯᠳᠠ᠄ ᠬᠤᠤᠰ ᠨᠡᠬᠦᠷᠡᠰᠤᠳᠦ᠋ᠷᠦᠭᠴᠢᠳᠤ ᠤᠶᠢᠯᠡᠳᠤᠯᠬᠡ ᠶᠢᠨ ᠬᠤᠰᠢᠭᠤᠴᠢ | ᠤᠷᠤᠨ᠂ ᠬᠦᠳᠡᠭᠡ ᠳᠤᠰᠬᠤᠨ ᠤ ᠬᠦᠴᠤᠷᠬᠡᠭᠵᠢᠯ ᠮᠠᠨᠳᠤᠯᠳᠠ ᠶᠢᠨ ᠳᠠᠭᠤᠷᠢᠶᠠᠯ ᠤᠷᠤᠨ᠂ ᠤᠷᠤᠨ ᠪᠦᠰᠠ ᠶᠢᠨ ᠬᠠᠮᠳᠤᠷᠠᠯᠴᠠᠭᠠᠨ ᠤ ᠵᠢᠱᠢᠶ᠎ᠠ ᠦᠵᠡᠬᠦᠯᠬᠦ ᠤᠷᠤᠨ᠂ | ᠬᠤᠪᠢᠰᠬᠠᠯᠳᠤ ᠰᠤᠶᠤᠯ ᠤᠨ ᠤᠯᠠᠮᠵᠢᠯᠠᠯ ᠤᠨ ᠤᠷᠤᠨ᠃ | 5. ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ︽ᠵᠢᠷᠭᠤᠭᠠᠨ ᠠᠵᠢᠯᠯᠠᠭ᠎ᠠ︾᠄ ᠴᠢᠬᠤᠯᠠ ᠶᠡᠭᠡ ᠲᠦᠷᠤᠯ ᠵᠦᠢᠯ ᠢ ᠲᠦᠰᠤᠪᠯᠡᠬᠦ ᠠᠵᠢᠯᠯᠠᠭ᠎ᠠ᠂ | ᠠᠵᠤ ᠠᠬᠤᠶᠢᠯᠠᠯ ᠳᠤ ᠲᠤᠰᠠᠯᠠᠬᠤ ᠠᠵᠢᠯᠯᠠᠭ᠎ᠠ᠂ ᠠᠵᠢᠯ ᠤᠯᠤᠯᠳᠠ ᠶᠢ ᠠᠬᠢᠭᠤᠯᠬᠤ ᠠᠵᠢᠯᠯᠠᠭ᠎ᠠ᠂ ᠤᠰᠤ ᠠᠷᠪᠢᠯᠠᠬᠤ ᠠᠵᠢᠯᠯᠠᠭ᠎ᠠ᠂ ᠤᠷᠤᠨ ᠬᠡᠪᠴᠢᠶᠡᠨ ᠤ | ᠬᠠᠮᠳᠤᠷᠠᠯᠴᠠᠭ᠎ᠠ ᠶᠢ ᠭᠥᠨᠵᠡᠭᠡᠶᠢᠷᠡᠭᠦᠯᠭᠦ ᠠᠵᠢᠯᠯᠠᠭ᠎ᠠ᠂ ᠤᠮᠠᠷᠠᠳᠤ ᠬᠢᠯᠢ ᠶᠢᠨ ᠰᠤᠶᠤᠯ ᠤᠨ ᠪᠠᠶᠢᠭᠤᠯᠤᠯᠳᠠ ᠶᠢ ᠠᠬᠢᠭᠤᠯᠬᠤ ᠠᠵᠢᠯᠯᠠᠭ᠎ᠠ᠃ | 6. ︽ᠮᠢᠩᠭ᠎ᠠ ᠲᠥᠮᠡ ᠶᠢᠨ ᠢᠨᠵᠧᠨᠧᠷᠢᠩ︾᠄ ᠲᠠᠷᠤᠢ ︽ᠮᠢᠩᠭᠠᠨ ᠭᠠᠴᠠᠭ᠎ᠠ ᠲᠤᠰᠬᠤᠨ ᠲᠠᠭᠤᠷᠢᠶᠠᠯ ᠥᠵᠡᠭᠦᠯᠥᠨ᠂ ᠲᠥᠮᠡᠨ ᠭᠠᠴᠠᠭ᠎ᠠ ᠲᠤᠰᠬᠤᠨ ᠳᠤ | ᠴᠡᠭᠴᠡᠯᠡᠯᠳᠡ ᠬᠢᠭᠦ︾ ᠢᠨᠵᠧᠨᠧᠷᠢᠩ᠃ ᠶᠡᠷᠥᠩᠭᠡᠢ ᠱᠥᠵᠢ ᠰᠢ ᠶᠢᠨ ᠫᠢᠩ ᠤᠨ ᠵᠧᠵᠢᠶᠠᠩ ᠮᠤᠵᠢ ᠳᠤ ᠠᠵᠢᠯᠯᠠᠵᠤ ᠪᠠᠶᠢᠬᠤ ᠳᠤ ᠪᠠᠨ ᠥᠪᠡᠷ ᠤᠨ ᠪᠡᠶ᠎ᠡ ᠪᠠᠷ | ᠰᠠᠨᠠᠭᠠᠴᠢᠯᠠᠨ ᠪᠠᠶᠢᠷᠢᠰᠢᠭᠤᠯᠵᠤ ᠠᠬᠢᠭᠤᠯᠤᠭᠰᠠᠨ ᠴᠢᠬᠤᠯᠠ ᠨᠢᠭᠡ ᠰᠢᠢᠳᠪᠥᠷᠢ᠃ ᠲᠡᠷᠡ ᠪᠠᠷ᠂ ᠪᠥᠭᠦ ᠮᠤᠵᠢ ᠶᠢᠨ 4 ᠲᠥᠮᠡ ᠬᠢᠷᠢ ᠲᠤᠰᠬᠤᠳ ᠠᠴᠠ ᠲᠥᠮᠡᠭᠡᠳ | ᠵᠠᠰᠠᠭ ᠵᠠᠬᠢᠷᠭᠠᠨ ᠤ ᠲᠤᠰᠬᠤᠨ ᠳᠤ ᠪᠥᠭᠦ ᠲᠠᠯ᠎ᠠ ᠶᠢᠨ ᠴᠡᠭᠴᠡᠯᠡᠯᠳᠡ ᠬᠢᠭᠦ ᠶᠢᠨ ᠬᠠᠮᠳᠤ ᠲᠡᠳᠡᠭᠡᠷ ᠤᠨ ᠲᠤᠮᠳᠠ ᠠᠴᠠ ᠮᠢᠩᠭ᠎ᠠ ᠤᠷᠴᠢᠮ ᠭᠤᠤᠯᠳᠠᠯᠭᠠᠳᠤ ᠲᠤᠰᠬᠤᠨ | ᠢ ᠪᠥᠭᠦ ᠲᠠᠯ᠎ᠠ ᠪᠠᠷ ᠴᠢᠨᠡᠭᠡᠯᠢᠭ ᠨᠡᠶᠢᠭᠡᠮ ᠢ ᠪᠠᠶᠢᠭᠤᠯᠬᠤ ᠲᠠᠭᠤᠷᠢᠶᠠᠯ ᠲᠤᠰᠬᠤᠨ ᠪᠤᠯᠭᠠᠨ ᠪᠠᠶᠢᠭᠤᠯᠬᠤ ᠪᠠᠷ ᠲᠤᠷᠠᠳᠤᠭᠰᠠᠨ ᠢ ᠬᠡᠯᠡᠵᠤ ᠪᠤᠢ᠃ | 7. ᠬᠠᠤᠯᠢ ᠪᠤᠰᠤ ᠠᠳᠠᠷ ᠬᠠᠭᠠᠯᠪᠤᠷᠢᠯᠠᠯᠳᠠ ᠶᠢ ᠵᠠᠬᠢᠷᠤᠨ ᠡᠵᠡᠮᠳᠡᠭᠦ ︽ᠠᠷᠪᠠᠨ 1︾ ᠶᠢᠨ ᠠᠷᠭ᠎ᠠ ᠠᠪᠴᠠᠯ᠄ ᠬᠠᠤᠯᠢ ᠪᠤᠰᠤ ᠠᠳᠠᠷ ᠬᠠᠭᠠᠯᠪᠤᠷᠢᠯᠠᠯᠳᠠ ᠶᠢ | ᠴᠢᠩᠭ᠎ᠠ ᠪᠠᠷ ᠵᠠᠬᠢᠷᠤᠨ ᠡᠵᠡᠮᠳᠡᠭᠦ ᠵᠢᠯᠤᠭᠤᠳᠤᠯᠭ᠎ᠠ ᠶᠢᠨ ᠴᠢᠨᠠᠷᠳᠤ ︵ᠨᠢᠭᠡ ᠬᠤᠪᠢ︶ ᠪᠢᠴᠢᠭ ᠮᠠᠲ᠋ᠧᠷᠢᠶᠡᠯ ᠲᠤᠭᠳᠠᠭᠠᠬᠤ︔ ᠬᠤᠰᠢᠭᠤ ᠪᠠᠯᠭᠠᠰᠤ ᠭᠠᠴᠠᠭ᠎ᠠ ᠱᠠᠳᠤ | ᠬᠤᠪᠢᠶᠠᠨ ᠬᠢᠨᠠᠨ ᠬᠠᠮᠢᠶᠠᠷᠬᠤ ᠬᠠᠷᠢᠭᠤᠴᠠᠯᠭ᠎ᠠ ᠶᠢᠨ ︵ᠨᠢᠭᠡ ᠥᠪᠴᠢ︶ ᠰᠢᠰᠲ᠋ᠧᠮ ᠴᠤᠭᠴᠠᠯᠠᠬᠤ︔ ᠲᠠᠷᠢᠶᠠᠨ ᠭᠠᠵᠠᠷ᠂ ᠤᠢ ᠰᠢᠭᠤᠢ᠂ ᠡᠪᠡᠰᠤ ᠪᠡᠯᠴᠢᠭᠡᠷ ᠤᠨ | ᠡᠬᠢ ᠰᠤᠷᠪᠤᠯᠵᠢ ᠶᠢ ᠲᠤᠳᠤᠷᠬᠠᠶᠢᠯᠠᠭᠰᠠᠨ ︵ᠨᠢᠭᠡ ᠬᠠᠭᠤᠳᠠᠰᠤ︶ ᠲᠤᠳᠤᠷᠬᠠᠶᠢᠯᠠᠯ ᠤᠨ ᠺᠠᠷᠲ ᠵᠤᠬᠢᠶᠠᠬᠤ︔ ᠲᠠᠷᠢᠶᠠᠯᠠᠭ᠎ᠠ ᠶᠢ ᠲᠥᠷᠢᠮᠵᠢᠭᠦᠯᠭᠦ ︵ᠨᠢᠭᠡ ᠬᠤᠪᠢ︶ | ᠮᠡᠳᠡᠭᠳᠡᠯ ᠤᠨ ᠪᠢᠴᠢᠭ ᠢᠶᠠᠷ ᠪᠤᠯᠵᠤᠯ ᠲᠤᠭᠳᠠᠬᠤ︔ ᠬᠠᠤᠯᠢ ᠪᠤᠰᠤ ︵ᠨᠢᠭᠡ ᠪᠥᠯᠥᠭ︶ ᠴᠠᠬᠢᠯᠭᠠᠨ ᠬᠤᠳᠳᠤᠭ ᠤᠳ ᠢ ᠬᠡᠷᠡᠭᠯᠡᠭᠦᠯᠭᠦ ᠥᠭᠡᠢ ᠪᠤᠯᠭᠠᠬᠤ︔ ᠤᠢ | ᠰᠢᠭᠤᠢ ᠨᠤᠳᠤᠭ ᠪᠡᠯᠴᠢᠭᠡᠷ ᠤᠨ ᠡᠬᠢ ᠰᠤᠷᠪᠤᠯᠵᠢ ᠶᠢᠨ ᠤᠶᠤᠨᠴᠢ ᠬᠠᠮᠢᠶᠠᠷᠤᠯᠳᠠ ᠶᠢᠨ ︵ᠨᠢᠭᠡ ᠢᠵᠢ︶ ᠰᠢᠰᠲ᠋ᠧᠮ ᠢ ᠲᠥᠯᠥᠪᠯᠡᠭᠦ︔ ᠬᠠᠤᠯᠢ ᠪᠤᠰᠤ ᠪᠠᠷ ᠠᠳᠠᠷ | ᠬᠠᠭᠠᠯᠪᠤᠷᠢᠯᠠᠬᠤ ᠪᠠ ᠰᠢᠪᠡᠷ ᠴᠢᠯᠠᠭᠤ ᠮᠠᠯᠳᠠᠭᠰᠠᠨ ᠢ ᠵᠠᠭᠠᠯᠳᠤᠬᠤ ︵ᠨᠢᠭᠡ ᠨᠤᠮᠧᠷ︶ ᠱᠠᠩᠨᠠᠯᠳᠤ ᠢᠯᠡᠴᠢᠯᠡᠯ ᠤᠨ ᠤᠳᠠᠰᠤ ᠲᠤᠬᠢᠷᠠᠭᠤᠯᠬᠤ︔ ᠬᠠᠤᠯᠢ | ᠵᠥᠷᠢᠴᠡᠭᠰᠡᠨ ᠲᠤᠯᠪᠤᠳᠤ ᠵᠢᠷᠤᠭ ᠪᠥᠷᠢ ᠶᠢᠨ ᠭᠠᠵᠠᠷ ᠲᠤ ︵ᠨᠢᠭᠡ ᠰᠠᠭᠤᠷᠢ︶ ᠲᠤᠤᠷ ᠬᠥᠷᠢᠶ᠎ᠡ ᠲᠠᠳᠠᠬᠤ᠃ ᠬᠠᠤᠯᠢ ᠵᠥᠷᠢᠴᠡᠭᠰᠡᠨ ᠲᠤᠯᠪᠤᠳᠤ ᠵᠢᠷᠤᠭ ᠪᠥᠷᠢ ᠳᠤ | ᠴᠢᠭᠯᠡᠭᠦᠯᠥᠨ ︵ᠨᠢᠭᠡ ᠲᠥᠭᠦᠷ︶ ᠬᠢᠨᠠᠨ ᠡᠵᠡᠮᠰᠢᠭᠦ ᠲᠥᠭᠦᠭᠡᠷᠤᠮᠵᠢ ᠤᠭᠰᠠᠷᠠᠬᠤ︔ ᠵᠢᠯ ᠪᠥᠷᠢ ︵ᠨᠢᠭᠡ ᠤᠳᠠᠭ᠎ᠠ︶ ᠬᠠᠤᠯᠢ ᠪᠤᠰᠤ ᠠᠳᠠᠷ ᠬᠠᠭᠠᠯᠪᠤᠷᠢᠯᠠᠯᠳᠠ ᠶᠢ | ᠶᠡᠭᠡ ᠪᠠᠷ ᠪᠠᠶᠢᠴᠠᠭᠠᠨ ᠴᠡᠭᠴᠡᠯᠡᠭᠦ ᠲᠤᠰᠬᠠᠢ ᠠᠵᠢᠯᠯᠠᠭ᠎ᠠ ᠥᠷᠨᠢᠭᠦᠯᠭᠦ᠃ |