ᠬᠡᠷᠡᠮ ᠨᠠᠭᠠᠯᠳᠤᠨ ᠵᠣᠭᠰᠣᠬᠤ ᠨᠢ ᠶᠠᠮᠠᠷ ᠶᠠᠮᠠᠷ ᠰᠠᠶᠢᠨ ᠲᠠᠯ᠎ᠠ ᠲᠠᠢ ᠪᠤᠶ︖ ᠬᠡᠷᠡᠮ ᠨᠠᠭᠠᠯᠳᠤᠨ ᠵᠣᠭᠰᠣᠬᠤ ᠶᠢ ᠴᠢᠮᠠᠯᠠᠵᠤ ᠪᠣᠯᠬᠤ ᠦᠭᠡᠢ᠂ ᠡᠨᠡ ᠪᠣᠯ ᠨᠢᠭᠡ | ᠵᠦᠢᠯ ᠤᠨ ︽ᠤᠷᠲᠤ ᠨᠠᠰᠤᠯᠠᠬᠤ ᠬᠥᠳᠡᠯᠭᠡᠭᠡᠨ︾ ᠮᠥᠨ︕ | 1. ᠬᠡᠷᠡᠮ ᠨᠠᠭᠠᠯᠳᠤᠨ ᠵᠣᠭᠰᠣᠬᠤ ᠨᠢ ᠮᠠᠷᠢᠶ᠎ᠠ ᠰᠢᠭᠤᠷᠠᠭᠤᠯᠵᠤ ᠰᠢᠩᠭᠡᠭᠡᠯᠲᠡ ᠶᠢ ᠰᠠᠶᠢᠵᠢᠷᠠᠭᠤᠯᠤᠨ᠎ᠠ ᠬᠤᠭᠤᠯᠠ ᠪᠠᠨ ᠢᠳᠡᠵᠦ ᠪᠠᠷᠠᠭᠰᠠᠨ ᠤ ᠳᠠᠷᠠᠭ᠎ᠠ | ᠰᠠᠭᠤᠵᠤ ᠬᠡᠪᠲᠡᠬᠦ ᠨᠢ ᠰᠢᠩᠭᠡᠭᠡᠯᠲᠡ ᠶᠢ ᠨᠥᠯᠥᠭᠡᠯᠡᠬᠦ ᠪᠠᠷ ᠪᠠᠷᠠᠬᠤ ᠦᠭᠡᠢ ᠪᠠᠰᠠ ᠭᠡᠳᠡᠰᠦᠨ ᠳᠤ ᠮᠠᠷᠢᠶ᠎ᠠ ᠰᠠᠭᠤᠯᠭᠠᠨ᠎ᠠ᠃ ᠬᠤᠭᠤᠯᠠᠨ ᠤ ᠳᠠᠷᠠᠭ᠎ᠠ ᠬᠡᠷᠡᠮ ᠨᠠᠭᠠᠯᠳᠤᠨ | ᠵᠢᠭᠠᠬᠠᠨ ᠵᠣᠭᠰᠣᠪᠠᠯ ᠰᠢᠩᠭᠡᠭᠡᠯᠲᠡ ᠳᠤ ᠲᠤᠰᠠᠲᠠᠢ ᠮᠥᠷᠲᠡᠭᠡᠨ ᠮᠠᠷᠢᠶ᠎ᠠ ᠰᠢᠭᠤᠷᠠᠭᠤᠯᠵᠤ ᠲᠠᠶᠢᠯᠤᠨ᠎ᠠ᠃ ᠡᠬᠢᠨ ᠳᠤ ᠪᠠᠨ 5 ᠮᠢᠨᠦ᠋ᠲ ᠵᠣᠭᠰᠣᠵᠤ᠂ ᠶᠠᠪᠤᠭᠠᠨ ᠳᠠᠭᠠᠨ | 10 ~15 ᠮᠢᠨᠦ᠋ᠲ ᠪᠣᠯᠭᠠᠨ ᠤᠷᠲᠤᠳᠬᠠᠵᠤ ᠪᠣᠯᠣᠨ᠎ᠠ᠃ ᠵᠣᠭᠰᠣᠬᠤ ᠳᠠᠭᠠᠨ ᠲᠡᠭᠰᠢ ᠤᠯᠠ ᠲᠠᠢ ᠱᠠᠬᠠᠢ ᠡᠮᠦᠰᠬᠦ ᠶᠢ ᠠᠩᠬᠠᠷᠬᠤ ᠬᠡᠷᠡᠭᠲᠡᠢ᠃ ᠬᠡᠷᠡᠮ ᠨᠠᠭᠠᠯᠳᠤᠨ | ᠵᠣᠭᠰᠣᠬᠤ ᠨᠢ ᠪᠦᠬᠦ ᠪᠡᠶ᠎ᠡ ᠶᠢᠨ ᠪᠤᠯᠴᠢᠩ ᠢ ᠪᠣᠯᠪᠠᠰᠤᠷᠠᠭᠤᠯᠵᠤ᠂ ᠨᠡᠩ ᠠᠷᠪᠢᠨ ᠢᠯᠴᠢ ᠵᠠᠷᠤᠴᠠᠭᠤᠯᠵᠤ᠂ ᠪᠡᠶ᠎ᠡ ᠶᠢ ᠴᠢᠩᠭᠠᠷᠠᠭᠤᠯᠬᠤ ᠶᠢᠨ ᠬᠠᠮᠲᠤ ᠮᠠᠷᠢᠶ᠎ᠠ | ᠰᠢᠭᠤᠷᠠᠭᠤᠯᠬᠤ ᠪᠠ ᠥᠭᠡᠬᠦ ᠶᠢ ᠪᠠᠭᠤᠷᠠᠭᠤᠯᠬᠤ ᠦᠷ᠎ᠡ ᠳ᠋ᠦᠩ ᠳᠤ ᠬᠦᠷᠳᠡᠭ᠃ | 2. ᠬᠡᠷᠡᠮ ᠨᠠᠭᠠᠯᠳᠤᠨ ᠵᠣᠭᠰᠣᠬᠤ ᠨᠢ ᠪᠦᠰᠡᠯᠡᠭᠦᠷ ᠰᠡᠭᠡᠷ ᠪᠠ ᠬᠦᠵᠦᠭᠦᠦ ᠰᠡᠭᠡᠷ ᠢ ᠰᠤᠯᠠ ᠲᠠᠯᠪᠢᠬᠤ ᠳᠤ ᠲᠤᠰᠠᠯᠠᠨ᠎ᠠ ᠬᠡᠷᠡᠮ ᠨᠠᠭᠠᠯᠳᠤᠨ ᠵᠣᠭᠰᠣᠬᠤ | ᠦᠶ᠎ᠡ ᠳᠤ᠂ ᠬᠦᠵᠦᠭᠦᠦ ᠰᠡᠭᠡᠷ ᠪᠠ ᠪᠦᠰᠡᠯᠡᠭᠦᠷ ᠰᠡᠭᠡᠷ ᠬᠡᠪ ᠤᠨ ᠮᠤᠷᠦ᠋ᠢᠯᠲᠠ ᠪᠠᠨ ᠪᠠᠲᠤᠯᠠᠵᠤ᠂ ᠬᠦᠵᠦᠭᠦᠦ ᠰᠡᠭᠡᠷ ᠡᠮᠦᠨᠡᠰᠢ ᠪᠥᠬᠦ᠋ᠢᠬᠦ ᠪᠠ ᠪᠦᠰᠡᠯᠡᠭᠦᠷ ᠰᠡᠭᠡᠷ | ᠡᠮᠦᠨᠡᠰᠢ ᠪᠥᠬᠦ᠋ᠢᠬᠦ ᠠᠴᠠ ᠪᠣᠯᠣᠭᠰᠠᠨ ᠳᠠᠷᠤᠯᠲᠠ ᠶᠢ ᠡᠭᠦᠰᠬᠡᠬᠦ ᠠᠴᠠ ᠵᠠᠶᠢᠯᠠᠰᠬᠢᠵᠤ ᠴᠢᠳᠠᠨ᠎ᠠ᠃ | 3. ᠬᠡᠷᠡᠮ ᠨᠠᠭᠠᠯᠳᠤᠨ ᠵᠣᠭᠰᠣᠬᠤ ᠨᠢ ᠪᠠᠭᠠᠨ᠎ᠠ ᠨᠢᠷᠤᠭᠤ ᠶᠢ ᠵᠠᠰᠠᠨ᠎ᠠ ᠬᠡᠷᠡᠮ ᠨᠠᠭᠠᠯᠳᠤᠨ ᠵᠣᠭᠰᠣᠬᠤ ᠪᠠᠷ ᠳᠠᠮᠵᠢᠵᠤ᠂ ᠪᠠᠭᠠᠨ᠎ᠠ ᠨᠢᠷᠤᠭᠤ ᠶᠢ ᠵᠣᠬᠢᠬᠤ | ᠬᠡᠮᠵᠢᠶ᠎ᠡ ᠪᠠᠷ ᠲᠡᠭᠰᠢᠯᠡᠬᠦ ᠪᠠ ᠵᠠᠯᠠᠷᠠᠭᠤᠯᠬᠤ ᠦᠢᠯᠡᠳᠦᠯ ᠲᠠᠢ᠃ | 4. ᠬᠡᠷᠡᠮ ᠨᠠᠭᠠᠯᠳᠤᠨ ᠵᠣᠭᠰᠣᠬᠤ ᠨᠢ ᠪᠥᠭᠲᠥᠷ ᠢ ᠵᠠᠯᠠᠷᠠᠭᠤᠯᠤᠨ᠎ᠠ ᠬᠡᠷᠡᠮ ᠨᠠᠭᠠᠯᠳᠤᠨ ᠵᠣᠭᠰᠣᠬᠤ ᠨᠢ ᠪᠦᠭᠲᠦᠷ ᠢ ᠵᠠᠰᠠᠬᠤ ᠦᠢᠯᠡᠳᠦᠯ ᠲᠠᠢ ᠪᠠᠶᠢᠳᠠᠭ᠃ | 5. ᠬᠡᠷᠡᠮ ᠨᠠᠭᠠᠯᠳᠤᠨ ᠵᠣᠭᠰᠣᠬᠤ ᠨᠢ ᠠᠯᠬᠤᠬᠤ ᠬᠡᠯᠪᠡᠷᠢ ᠶᠢ ᠵᠠᠯᠠᠷᠠᠭᠤᠯᠤᠨ᠎ᠠ ᠲᠣᠯᠣᠭᠠᠢ ᠪᠠᠨ ᠡᠷᠭᠦᠨ ᠴᠡᠭᠡᠵᠢ ᠪᠠᠨ ᠲᠡᠨᠢᠢᠯᠭᠡᠨ᠂ ᠵᠥᠪ ᠣᠨᠣᠪᠴᠢᠲᠠᠶ | ᠬᠡᠯᠪᠡᠷᠢ ᠪᠠᠷ ᠠᠯᠬᠤᠪᠠᠯ ᠰᠠᠶ᠋ᠢ ᠬᠥᠮᠥᠨ ᠤ ᠪᠡᠶ᠎ᠡ ᠶᠢᠨ 13 ᠲᠣᠮᠣ ᠪᠤᠯᠴᠢᠩ ᠤᠨ ᠰᠦᠷᠦᠭ ᠢ ᠳᠠᠶᠢᠴᠢᠯᠠᠨ ᠬᠠᠮᠲᠤ ᠳᠤᠨᠢ ᠬᠥᠳᠡᠯᠭᠡᠭᠡᠨ ᠬᠢᠯᠭᠡᠵᠦ᠂ ᠪᠡᠶ᠎ᠡ | ᠮᠠᠬᠠᠪᠤᠳ ᠢ ᠴᠢᠭᠢᠷᠠᠭᠵᠢᠭᠤᠯᠤᠨ᠂ ᠡᠭᠡᠯᠢᠯᠡᠬᠦ ᠴᠢᠳᠠᠯ ᠢ ᠳᠡᠭᠡᠭᠰᠢᠯᠡᠭᠦᠯᠵᠦ ᠴᠢᠳᠠᠨ᠎ᠠ᠃ ᠣᠳᠣᠬᠠᠨ ᠳᠤ ᠮᠠᠰᠢ ᠣᠯᠠᠨ ᠬᠥᠮᠥᠨ ᠵᠥᠪ ᠠᠯᠬᠤᠵᠤ ᠴᠢᠳᠠᠬᠤ ᠦᠭᠡᠢ᠂ | ᠦᠷᠭᠦᠯᠵᠢ ᠬᠡᠷᠡᠮ ᠨᠠᠭᠠᠯᠳᠤᠨ ᠵᠣᠭᠰᠣᠬᠤ ᠪᠣᠯ ᠨᠢᠭᠡᠨ ᠮᠠᠰᠢ ᠰᠠᠶᠢᠨ ᠪᠣᠯᠪᠠᠰᠤᠷᠠᠬᠤ ᠠᠷᠭ᠎ᠠ ᠪᠣᠯᠣᠨ᠎ᠠ᠃ | 6. ᠬᠡᠷᠡᠮ ᠨᠠᠭᠠᠯᠳᠤᠨ ᠵᠣᠭᠰᠣᠬᠤ ᠨᠢ ᠶᠠᠰᠤᠨ ᠤ ᠡᠳ᠋ ᠰᠡᠶᠢᠷᠡᠭᠵᠢᠬᠦ ᠶᠢ ᠰᠡᠷᠭᠡᠶᠢᠯᠡᠬᠦ ᠳᠤ ᠲᠤᠰᠠᠲᠠᠢ ᠨᠠᠰᠤᠲᠠᠨ ᠦᠷᠭᠦᠯᠵᠢ ᠬᠡᠷᠡᠮ ᠲᠦᠰᠢᠨ ᠵᠣᠭᠰᠣᠪᠠᠯ | ᠪᠠᠭᠠᠨ᠎ᠠ ᠨᠢᠷᠤᠭᠤ ᠶᠢ ᠬᠠᠮᠠᠭᠠᠯᠠᠵᠤ᠂ ᠶᠠᠰᠤᠨ ᠤ ᠪᠡᠷᠲᠡᠯ ᠢ ᠪᠠᠭᠠᠰᠬᠠᠨ᠎ᠠ᠃ ᠵᠣᠭᠰᠣᠬᠤ ᠳᠠᠭᠠᠨ ᠡᠷᠬᠡᠪᠰᠢ ᠬᠤᠶᠠᠷ ᠮᠥᠷᠥ ᠪᠠᠨ ᠰᠤᠯᠠ ᠲᠠᠯᠪᠢᠵᠤ᠂ ᠴᠡᠭᠡᠵᠢ ᠲᠡᠨᠢᠢᠨ | ᠭᠡᠳᠡᠰᠦ ᠪᠠᠨ ᠬᠤᠮᠢᠬᠤ ᠬᠡᠷᠡᠭᠲᠡᠢ᠃ | ᠬᠡᠷᠡᠮ ᠨᠠᠭᠠᠯᠳᠤᠨ ᠵᠣᠭᠰᠣᠬᠤ ᠳᠤ ᠶᠠᠭᠤ ᠶᠢ ᠠᠩᠬᠠᠷᠬᠤ ᠴᠢᠬᠤᠯᠠᠲᠠᠢ ᠪᠤᠢ︖ ᠬᠡᠷᠡᠮ ᠨᠠᠭᠠᠯᠳᠤᠨ ᠵᠣᠭᠰᠣᠬᠤ ᠳᠤ ᠪᠣᠷᠪᠢ᠂ ᠭᠡᠳᠡᠰᠦ᠂ ᠥᠭᠡᠵᠡᠭ᠂ | ᠨᠢᠷᠤᠭᠤ᠂ ᠲᠣᠬᠤ ᠵᠡᠷᠭᠡ ᠲᠠᠪᠤᠨ ᠬᠡᠰᠡᠭ ᠢ ᠬᠡᠷᠡᠮ ᠲᠠᠢ ᠨᠢᠭᠲᠠ ᠨᠠᠭᠠᠯᠳᠤᠭᠤᠯᠤᠨ᠎ᠠ᠂ ᠵᠣᠭᠰᠣᠬᠤ ᠳᠠᠭᠠᠨ ᠵᠠᠪᠠᠯ ᠬᠥᠳᠡᠯᠭᠡᠭᠡᠨ ᠤ ᠪᠠᠷᠢᠮᠵᠢᠶ᠎ᠠ ᠶᠢ ᠠᠩᠬᠠᠷᠬᠤ | ᠬᠡᠷᠡᠭᠲᠡᠢ᠂ ᠢᠩᠭᠢᠪᠡᠯ ᠰᠠᠶ᠋ᠢ ᠨᠡᠩ ᠰᠠᠶᠢᠨ ᠦᠢᠯᠡᠳᠦᠯ ᠭᠠᠷᠭᠠᠵᠤ ᠴᠢᠳᠠᠨ᠎ᠠ᠃ | ᠰᠠᠨᠠᠭᠤᠯᠬᠤ ᠨᠢ᠄ ᠡᠳᠦᠷ ᠪᠦᠷᠢ 5~10 ᠮᠢᠨᠦ᠋ᠲ ᠵᠣᠭᠰᠣᠵᠤ ᠪᠣᠯᠣᠨ᠎ᠠ᠂ ᠬᠠᠭᠠᠰ ᠴᠠᠭ ᠠᠴᠠ ᠬᠡᠲᠦᠷᠡᠵᠦ ᠪᠣᠯᠬᠤ ᠦᠭᠡᠢ᠃ ᠤᠷᠳᠦ ᠬᠤᠭᠤᠴᠠᠭ᠎ᠠ ᠪᠠᠷ | ᠪᠠᠷᠢᠮᠲᠠᠯᠠᠪᠠᠯ ᠦᠷ᠎ᠡ ᠪᠦᠲᠦᠮᠵᠢ ᠲᠠᠢ ᠪᠣᠯᠵᠤ ᠴᠢᠳᠠᠨ᠎ᠠ᠃ | ᠬᠡᠷᠡᠮ ᠨᠠᠭᠠᠯᠳᠤᠨ ᠵᠣᠭᠰᠣᠭᠰᠠᠨ ᠤ ᠳᠠᠷᠠᠭ᠎ᠠ ᠬᠠᠮᠤᠭ ᠰᠠᠶᠢᠨ ᠨᠢ 5 ᠮᠢᠨᠦ᠋ᠲ ᠠᠭᠠᠵᠢᠮᠬᠠᠨ ᠠᠯᠬᠤᠬᠤ ᠬᠡᠷᠡᠭᠲᠡᠢ᠂ ᠤᠴᠢᠷ ᠨᠢ ᠵᠣᠭᠰᠣᠬᠤ ᠦᠶ᠎ᠡ ᠳᠤ | ᠰᠢᠯᠪᠢ ᠶᠢᠨ ᠪᠤᠯᠴᠢᠩ ᠨᠢ ᠮᠠᠰᠢ ᠬᠦᠴᠦ ᠠᠪᠴᠤ᠂ ᠠᠮᠠᠷᠬᠠᠨ ᠪᠤᠯᠴᠢᠩ ᠱᠠᠷᠬᠢᠷᠠᠨ ᠡᠪᠡᠳᠬᠦ ᠦᠵᠡᠭᠳᠡᠯ ᠭᠠᠷᠳᠠᠭ᠂ ᠰᠤᠯᠠ ᠠᠯᠬᠤᠪᠠᠯ ᠡᠨᠡ ᠬᠦ ᠦᠵᠡᠭᠳᠡᠯ ᠢ | ᠨᠠᠮᠳᠠᠭᠠᠨ᠎ᠠ᠃ |