—— ᠴᠠᠬᠠᠷ ᠪᠠᠳᠤᠴᠢᠯᠠᠭᠤ | | | ᠤᠵᠠᠭᠤᠷ ᠲᠤ ᠪᠠᠶᠢᠵᠠᠢ᠃ ᠡᠪᠤᠭᠡᠨ ᠡᠮᠡᠭᠡᠨ ᠬᠤᠶᠠᠷ ᠭᠡᠳᠥᠨ ᠮᠠᠯ ᠢᠶᠠᠨ ᠬᠠᠷᠠᠭᠠᠳ ᠰᠠᠭᠤᠳᠠᠭ ᠬᠡᠨ᠎ᠡ᠃ ᠡᠪᠥᠭᠡᠨ ᠨᠢ ᠵᠠᠩ ᠮᠠᠭᠤ᠂ ᠥᠭᠳᠡᠰ ᠭᠡᠭᠰᠡᠭᠡᠷ | ᠮᠠᠭᠤ ᠡᠮᠡᠭᠡᠨ ᠢᠶᠠᠨ ᠪᠠᠷᠢᠵᠤ ᠠᠪᠤᠭᠠᠳ ︽ᠬᠡᠥᠭᠡᠳ ᠭᠠᠷᠭᠠᠭᠰᠠᠨ ᠥᠭᠡᠢ︕︾ ᠭᠡᠳ ᠬᠠᠷᠢᠶᠠᠭᠠᠳ ᠪᠠᠶᠢᠬᠤᠯᠠᠷ ᠡᠮᠡᠭᠡᠨ ᠨᠢ ᠴᠤᠬᠤᠮ ᠰᠠᠨᠠᠭ᠎ᠠ ᠵᠤᠪᠠᠳᠠᠭ | ᠪᠠᠶᠢᠵᠠᠢ᠃ | ᠬᠠᠪᠤᠷ ᠤᠨ ᠨᠢᠭᠡ ᠡᠳᠥᠷ᠂ ᠡᠮᠡᠭᠡᠨ ᠨᠢ ᠬᠤᠨᠢ ᠪᠠᠨ ᠠᠳᠤᠭᠤᠯᠠᠭᠠᠳ ᠴᠠᠶᠢᠳᠠᠮ ᠪᠡᠯᠴᠢᠭᠡᠷ ᠲᠤ ᠶᠠᠪᠤᠵᠤ ᠪᠠᠶᠢᠭᠰᠠᠨ ᠪᠢᠯᠠ ︵ᠴᠢᠨᠢ︶᠂ ᠲᠡᠷᠡᠰᠥᠨ | ᠲᠤᠤᠭᠤᠳᠠᠢ ᠨᠢᠭᠡ ᠲᠠᠤᠯᠠᠢ ᠶᠢᠨ ᠵᠤᠯᠵᠠᠭ᠎ᠠ ᠤᠨᠳᠠᠵᠤ ᠪᠠᠶᠢᠬᠤ ᠶᠢ ᠤᠯᠤᠭᠠᠳ ᠥᠵᠡᠴᠢᠭᠡᠵᠠᠢ᠃ ᠴᠡᠭᠡᠭᠡᠳ ᠭᠡᠨᠡᠳᠳᠡᠭᠡᠨ ᠮᠡᠷᠭᠡᠨ ᠠᠷᠭ᠎ᠠ ᠪᠤᠳᠤᠵᠤ ᠤᠯᠤᠭᠠᠳ | ᠲᠤᠯᠤᠭᠠᠢ ᠶᠢᠨ ᠠᠯᠴᠢᠭᠤᠷ ᠢᠶᠠᠨ ᠲᠠᠶᠢᠯᠵᠤ ᠠᠪᠤᠭᠠᠳ ᠰᠠᠶ᠋ᠢᠭᠢ ᠲᠠᠤᠯᠠᠢ ᠶᠢᠨ ᠵᠤᠯᠵᠠᠭ᠎ᠠ ᠶᠢ ᠰᠡᠮᠡᠭᠡᠷ ᠡᠴᠢᠭᠡᠳ ᠲᠠᠷᠤᠭᠠᠳ ᠪᠠᠷᠢᠭᠠᠳ ᠠᠪᠴᠠᠢ᠃ ᠤᠷᠤᠢ ᠨᠢ | ᠡᠮᠡᠭᠡᠨ ᠭᠡᠷ ᠲᠡᠭᠡᠨ ᠬᠠᠷᠢᠭᠠᠳ᠄ ︽ᠥᠶ᠋ᠢ ᠥᠶ᠋ᠢ᠂ ᠡᠪᠥᠭᠡᠨ︕ ᠪᠢ ᠥᠨᠥᠳᠥᠷ ᠮᠠᠯ ᠳᠤ ᠶᠠᠪᠤᠵᠤ ᠪᠠᠶᠢᠭᠠᠳ ᠴᠢᠮ᠎ᠠ ᠳᠤ ᠨᠢᠭᠡ ᠭᠥᠥ ᠭᠠᠷᠭᠠᠴᠢᠬᠠᠯ᠎ᠠ᠂ ᠴᠢ | ᠢᠷᠡᠵᠤ ᠥᠵᠡᠭᠦᠢ︕︾ ᠭᠡᠰᠡᠨ ᠳᠤ ᠡᠪᠥᠭᠡᠨ ᠨᠢ ᠢᠨᠢᠶᠡᠳᠤ ᠭᠥᠷᠴᠤ᠄ ︽ᠬᠠᠮᠢᠭ᠎ᠠ ᠪᠠᠶᠢᠨ᠎ᠠ᠂ ᠬᠠᠮᠢᠭ᠎ᠠ ᠪᠠᠶᠢᠨ᠎ᠠ᠂ ᠥᠵᠡᠶ᠎ᠡ︕︾ ᠭᠡᠳ ᠭᠥᠶᠥᠭᠡᠳ | ᠢᠷᠡᠵᠠᠢ᠃ | ᠡᠮᠡᠭᠡᠨ ᠨᠢ ᠠᠯᠴᠢᠭᠤᠷ ᠲᠤ ᠴᠤᠭᠯᠠᠭᠰᠠᠨ ᠲᠠᠤᠯᠠᠢ ᠭᠥᠥ ᠪᠠᠨ ᠲᠠᠶᠢᠯᠵᠤ ᠥᠵᠡᠭᠦᠯᠭᠦᠯᠡᠷ᠂ ᠡᠪᠥᠭᠡᠨ ᠨᠢ᠄ ︽ᠢ︕︖ ᠠᠪᠠᠢ ᠶᠢᠨ ᠲᠡᠭᠳᠡᠭᠡ ᠶᠠᠭᠠᠬᠢᠭᠠᠳ | ᠪᠥᠳᠥᠨ ᠪᠡᠶ᠎ᠡ ᠥᠰᠥ ᠲᠠᠢ ᠪᠠᠶᠢᠬᠤ ᠶᠤᠮ︖︾ ᠭᠡᠰᠡᠨ ᠳᠤ ᠡᠮᠡᠭᠡᠨ ᠨᠢ᠄ ︽ᠲᠠᠭᠠᠷᠠᠴᠢᠬᠠᠬᠤ ᠶᠤᠮ ᠪᠠᠶᠢᠨ᠎ᠠ ᠭᠡᠳ ᠲᠠᠬᠤ ᠲᠠᠢ ᠲᠥᠷᠥᠭᠰᠡᠨ ᠶᠤᠮ ᠡ︕︾ | ᠭᠡᠵᠤ᠂ ᠡᠪᠥᠭᠡᠨ ᠨᠢ ᠥ ᠥ ᠥ ᠭᠡᠵᠠᠢ᠃ ︽ᠢ︕︖ ᠠᠪᠠᠢ ᠶᠢᠨ ᠲᠡᠭᠳᠡᠭᠡ ᠶᠠᠭᠠᠬᠢᠭᠠᠳ ᠤᠷᠳᠤ ᠬᠤᠶᠠᠷ ᠴᠢᠬᠢ ᠲᠠᠢ ᠪᠠᠶᠢᠬᠤ ᠶᠤᠮ︖︾ ᠭᠡᠰᠡᠨ ᠳᠤ | ︽ᠥᠭᠡ ᠰᠠᠶᠢᠨ ᠰᠤᠨᠤᠰᠳᠠᠭ ᠭᠡᠥᠭᠡᠳ ᠪᠤᠯᠤᠶ᠎ᠠ ᠭᠡᠳ ᠴᠡᠶᠢᠮᠤ ᠤᠷᠳᠤ ᠴᠢᠬᠢ ᠲᠠᠢ ᠪᠤᠯᠤᠭᠰᠠᠨ ᠶᠤᠮ ᠡ︾ ᠭᠡᠵᠤ ᠡᠮᠡᠭᠡᠨ ᠬᠡᠯᠡᠭᠦᠯᠡᠷ ᠡᠪᠤᠭᠡᠨ ᠨᠢ ᠪᠠᠰᠠ ᠥ ᠥ | ᠥ ᠭᠡᠵᠡᠢ᠃ ︽ᠢ︕︖ ᠠᠪᠠᠢ ᠶᠢᠨ ᠲᠡᠭᠳᠡᠭᠡ ᠶᠠᠭᠠᠬᠢᠭᠠᠳ ᠱᠥᠵᠥᠶᠢᠭᠰᠡᠨ ᠬᠤᠶᠠᠷ ᠰᠢᠳᠤ ᠲᠠᠢ ᠪᠠᠶᠢᠬᠤ ᠶᠤᠮ ᠪᠤᠢ︖︾ ᠭᠡᠰᠡᠨ ᠳᠤ ᠡᠮᠡᠭᠡᠨ᠄ ︽ᠮᠢᠬ᠎ᠠ | ᠰᠠᠶᠢᠨ ᠢᠳᠡᠶ᠎ᠡ ᠭᠡᠳ ᠴᠡᠶᠢᠮᠤ ᠤᠷᠳᠤ ᠰᠢᠳᠤ ᠲᠠᠢ ᠲᠥᠷᠥᠭᠰᠡᠨ ᠶᠤᠮ ᠡ︕︾ ᠭᠡᠭᠦᠯᠡᠷ ᠡᠪᠥᠭᠡᠨ ᠨᠢ ᠮᠥᠨ ᠥ ᠥ ᠥ ᠭᠡᠵᠠᠢ᠃ | ᠡᠪᠥᠭᠡᠨ ᠴᠡᠭᠡᠭᠡᠳ᠄ ︽ᠠᠯᠢᠵᠠᠢ᠂ ᠠᠪᠠᠢ ᠨᠢ ᠤᠤ᠋ — ᠪᠠ ᠬᠡᠶ᠎ᠡ︕︾ ᠭᠡᠳ ᠲᠠᠤᠯᠠᠢ ᠶᠢᠨ ᠵᠤᠯᠵᠠᠭ᠎ᠠ ᠶᠢ ᠠᠯᠠᠭᠠᠨ ᠳᠤ ᠪᠠᠨ ᠠᠪᠤᠭᠠᠳ᠂ ᠤᠷᠤᠭᠤᠯ | ᠢᠶᠠᠨ ᠴᠤᠷᠪᠤᠶᠢᠯᠭᠠᠳ ᠲᠠᠭᠠᠯᠠᠬᠤ ᠭᠡᠳᠡᠯ᠎ᠡ ᠲᠠᠤᠯᠠᠢ ᠶᠢᠨ ᠵᠤᠯᠵᠠᠭ᠎ᠠ ᠡᠪᠥᠭᠡᠨ ᠤ ᠤᠷᠤᠭᠤᠯ ᠢ ᠲᠠᠪ ᠭᠡᠳ ᠬᠠᠵᠠᠭᠠᠳ ᠠᠪᠴᠠᠢ᠃ ᠡᠪᠥᠭᠡᠨ᠄ ︽ᠠᠶ᠎ᠠ︕︾ ᠭᠡᠳ | ᠲᠠᠤᠯᠠᠢ ᠭᠥᠥ ᠪᠠᠨ ᠠᠯᠳᠠᠭᠠᠳ᠂ ᠰᠠᠶ᠋ᠢᠬᠢ ᠨᠢ ᠪᠥᠭ ᠪᠥᠭ ᠭᠡᠳ ᠲᠤᠳᠠᠭᠠᠭᠠᠳ ᠠᠷᠢᠯᠵᠠᠢ᠃ | ᠴᠡᠭᠡᠭᠦᠯᠡᠷ ᠡᠮᠡᠭᠡᠨ ᠨᠢ ᠡᠪᠥᠭᠡᠨ ᠳᠡᠭᠡᠨ ᠵᠠᠩᠨᠠᠭᠰᠠᠨ ᠪᠠᠶᠢᠰᠢᠤ᠄ ︽ᠴᠢ ᠨᠡᠪᠳᠡ ᠨᠠᠮ᠎ᠠ ᠶᠢ ᠬᠡᠥᠭᠡᠳ ᠭᠠᠷᠭᠠᠭᠰᠠᠨ ᠥᠭᠡᠢ ᠭᠡᠳ ᠬᠠᠷᠢᠶᠡᠯ ᠲᠠᠯᠪᠢᠳᠠᠭ | ᠪᠢᠰᠢᠶᠤ︖ ᠪᠢ ᠤᠳᠤ ᠠᠮᠠᠷ ᠥᠭᠡᠢ ᠴᠢᠮ᠎ᠡ ᠳᠤ ᠨᠢᠭᠡ ᠭᠥᠥ ᠲᠥᠷᠥᠴᠢᠭᠦᠯᠡᠷ ᠨᠢ ᠴᠢ ᠥᠪᠡᠷ ᠢᠶᠠᠨ ᠠᠯᠳᠠᠭᠠᠳ ᠲᠠᠭᠤᠴᠢᠬᠠᠬᠤ᠂ ᠠᠮᠠᠷᠠᠯ᠎ᠠ ᠪᠠ︖︕︾ | ᠭᠡᠰᠡᠨ ᠳᠤ ᠡᠪᠥᠭᠡᠨ ᠨᠢ᠄ ︽ ᠠᠱ︕ ᠮᠢᠨᠤ ᠮᠠᠭᠤ᠂ ᠮᠢᠨᠤ ᠮᠠᠭᠤ︕︾ ᠭᠡᠳ᠂ ᠲᠡᠷᠡᠭᠦᠨ ᠠᠴᠠ ᠬᠤᠶᠢᠰᠢ ᠲᠠᠬᠢᠵᠤ ᠶᠠ ᠡᠮᠡᠭᠡᠨ ᠢᠶᠠᠨ ᠬᠠᠷᠢᠶᠠᠬᠤ ᠪᠠᠨ | ᠪᠠᠶᠢᠭᠰᠠᠨ ᠪᠠᠶᠢᠨ᠎ᠠ᠃ ᠬᠤᠶᠠᠭᠤᠯᠠ ᠴᠡᠭᠡᠭᠡᠳ ᠠᠮ ᠰᠠᠶᠢᠬᠠᠨ ᠵᠢᠷᠭᠠᠵᠤ ᠭᠡᠨ᠎ᠡ︕ | ᠥᠨᠡᠨ ᠳᠤ ᠪᠠᠨ ᠮᠠᠯᠴᠢᠨ ᠤᠯᠤᠰ ᠤᠳ ᠲᠠᠤᠯᠠᠢ ᠶᠢᠨ ᠵᠤᠯᠵᠠᠭ᠎ᠠ ᠶᠢ ᠲᠠᠨᠢᠯᠭᠦᠢ ᠶᠠᠭᠠᠬᠢᠬᠤ ᠪᠤᠢ᠃ ᠴᠡᠭᠡᠶᠡ᠂ ᠬᠡᠥᠭᠡᠳ ᠤᠨ ᠤᠴᠢᠷ ᠲᠤ ᠲᠠᠬᠢᠭᠠᠳ | ᠬᠠᠷᠢᠶᠠᠯᠴᠠᠬᠤ ᠥᠭᠡᠢ ᠶᠢᠨ ᠲᠥᠯᠥᠭᠡ ᠴᠡᠭᠡᠵᠤ ᠲᠤᠭᠯᠠᠭᠰᠠᠨ ᠪᠠᠶᠢᠰᠢᠤ᠂ ᠴᠡᠶᠢᠮᠤ ᠥᠯᠢᠭᠡᠷ᠃ | | ᠢᠷᠠᠯᠳᠠ᠄ ᠵᠣᠬᠢᠶᠠᠭᠴᠢ ᠠᠴᠠ | |