ᠶᠡᠬᠡᠴᠠᠶᠢᠳᠠᠮ ᠭᠠᠴᠠᠭ᠎ᠠ ᠶᠢᠨ ᠶᠡᠷᠣᠩᠬᠡᠢ ᠲᠠᠯᠠᠪᠠᠢ 16.1 ᠲᠦᠮᠡᠨ ᠮᠣ᠋᠂ ᠣᠢ ᠶᠢᠨ ᠭᠠᠵᠠᠷ 43319 ᠮᠣ᠋᠂ ᠣᠰᠣᠨ ᠭᠠᠵᠠᠷ 11900 ᠮᠣ᠋ ᠃ ᠴᠠᠶᠢᠳᠠᠮ᠂ | ᠴᠠᠩᠬᠤᠭ᠂ ᠪᠣᠷᠣ ᠬᠦᠳᠡᠭᠡ᠂ ᠬᠦᠬᠡᠪᠣᠷ 4 ᠮᠠᠯᠵᠢᠯ ᠤᠨ ᠬᠤᠷᠰᠢᠶ᠎ᠠ ᠲᠠᠢ᠂ ᠨᠡᠶᠢᠲᠡ 139 ᠡᠷᠣᠬᠡ 439 ᠬᠦᠮᠦᠨ ᠠᠮᠠ ᠲᠠᠢ᠂ ᠪᠠᠶᠢᠩᠭᠤ ᠰᠠᠭᠤᠭ᠎ᠠ 80 | ᠡᠷᠣᠬᠡ 296 ᠬᠦᠮᠦᠨ᠃᠂ ᠭᠠᠴᠠᠭᠠᠨ ᠤ ᠨᠠᠮ ᠤᠨ ᠡᠬᠦᠷ ᠲᠤ 23 ᠨᠠᠮ ᠤᠨ ᠬᠡᠰᠢᠬᠦᠨ ᠲᠠᠢ᠂ ᠡᠬᠦᠨ ᠳᠤ ᠴᠦᠬᠡᠨ ᠲᠣᠭᠠᠲᠣ ᠦᠨᠳᠣᠰᠣᠲᠡᠨ ᠤ ᠨᠠᠮ ᠤᠨ | ᠬᠡᠰᠢᠬᠦᠨ 22᠂ ᠡᠮᠡᠭᠲᠡᠢ ᠨᠠᠮ ᠤᠨ ᠬᠡᠰᠢᠬᠦᠨ 5᠂ 60 ᠨᠠᠰᠣ ᠶᠢ ᠲᠠᠪᠠᠭᠰᠠᠨ ᠠᠬᠠᠮᠠᠳ ᠨᠠᠮ ᠤᠨ ᠬᠡᠰᠢᠬᠦᠨ 4 ᠪᠣᠢ᠃ ᠲᠣᠣᠷ᠎ᠠ ᠪᠠᠲᠣᠯᠠᠭᠠᠲᠣ 9 ᠡᠷᠣᠬᠡ 13 | ᠬᠦᠮᠦᠨ᠂ ᠵᠡᠮᠳᠡᠭᠴᠣᠣᠯ 17 ᠬᠦᠮᠦᠨ᠂ 2018 ᠣᠨ ᠳᠤ ᠮᠠᠯᠴᠢᠨ ᠲᠠᠷᠢᠶᠠᠴᠢᠳ ᠤᠨ ᠬᠦᠮᠦᠨ ᠲᠣᠮᠳᠠᠴᠢ ᠶᠢᠨ ᠣᠷᠣᠯᠭ᠎ᠠ 18000 ᠲᠦᠬᠦᠷᠢᠭ ᠲᠤ ᠬᠦᠷᠴᠣ᠂ | ᠬᠠᠮᠳᠣ ᠶᠢᠨ ᠠᠵᠣ ᠠᠬᠤᠢ ᠶᠢᠨ ᠣᠷᠣᠯᠭ᠎ᠠ 5 ᠲᠦᠮᠡᠨ ᠲᠦᠬᠦᠷᠢᠭ ᠠᠴᠠ ᠲᠠᠪᠠᠪᠠ᠃ ᠭᠠᠴᠠᠭ᠎ᠠ ᠨᠠᠮ ᠤᠨ ᠡᠬᠦᠷ ᠢᠶᠠᠷ ᠭᠤᠣᠯ ᠪᠣᠯᠭᠠᠨ᠂ ᠠᠵᠣ ᠠᠬᠤᠶᠢᠯᠠᠯ ᠢᠶᠠᠷ | ᠬᠦᠬᠦᠷᠬᠡ ᠬᠤᠯᠪᠣᠭᠠᠰᠣ ᠪᠣᠯᠭᠠᠵᠣ᠂ ︽ᠨᠠᠮ ᠤᠨ ᠡᠬᠦᠷ + ᠠᠵᠣ ᠠᠬᠤᠶᠢᠯᠠᠯ + ᠨᠠᠮ ᠤᠨ ᠬᠡᠰᠢᠬᠦᠨ + ᠮᠠᠯᠴᠢᠨ ᠲᠠᠷᠢᠶᠠᠴᠢᠨ ᠡᠷᠣᠬᠡ︾ ᠶᠢᠨ ᠴᠣᠭᠴᠠᠵᠢᠭᠰᠠᠨ | ᠬᠦᠭᠵᠢᠯᠲᠡ ᠶᠢᠨ ᠵᠠᠭᠪᠣᠷ ᠢ ᠰᠦᠪᠡᠭᠴᠢᠯᠡᠨ ᠬᠡᠷᠡᠭᠵᠢᠬᠦᠯᠵᠣ᠂ ᠨᠠᠮ ᠤᠨ ᠬᠡᠰᠢᠬᠦᠳ ᠣᠯᠠᠨ ᠲᠦᠮᠡᠨ ᠢ ᠵᠣᠬᠢᠶᠠᠨ ᠪᠠᠶᠢᠭᠤᠯᠣᠨ ᠠᠵᠣ ᠦᠢᠯᠡᠰ ᠢᠶᠠᠨ ᠬᠦᠭᠵᠢᠬᠦᠯᠬᠦ᠂ | ᠬᠠᠮᠲᠣ ᠶᠢᠨ ᠠᠵᠣ ᠠᠬᠤᠢ ᠶᠢᠨ ᠣᠷᠣᠯᠭ᠎ᠠ ᠪᠠᠨ ᠨᠡᠮᠡᠭᠳᠡᠬᠦᠯᠬᠦ᠂ ᠮᠠᠯᠴᠢᠨ ᠲᠠᠷᠢᠶᠠᠴᠢᠳ ᠢᠶᠠᠨ ᠴᠢᠨᠡᠬᠡᠯᠢᠭᠵᠢᠬᠦᠯᠬᠦ ᠶᠢ ᠠᠬᠢᠭᠤᠯᠣᠭᠠᠳ᠂ ︽1 + 1 + 1 + 1 | ∨4︾ ᠶᠢᠨ ᠲᠠᠪᠬᠤᠴᠠᠭ᠎ᠠ ᠦᠢᠯᠡᠳᠣᠯ ᠢ ᠪᠠᠳᠠᠷᠠᠭᠤᠯᠵᠣ᠂ ᠨᠠᠮ ᠤᠨ ᠪᠠᠶᠢᠭᠤᠯᠣᠯᠲᠠ ᠪᠠᠷ ᠠᠵᠣ ᠦᠢᠯᠡᠰ ᠢ ᠲᠠᠶᠢᠴᠢᠯᠠᠬᠤ᠂ ᠠᠵᠣ ᠠᠬᠤᠶᠢᠯᠠᠯ ᠢᠶᠠᠷ ᠬᠦᠭᠵᠢᠯᠲᠡ | ᠶᠢ ᠲᠠᠭᠠᠭᠤᠯᠬᠤ᠂ ᠣᠯᠠᠨ ᠲᠦᠮᠡᠨ ᠢ ᠴᠢᠨᠡᠬᠡᠯᠢᠭᠵᠢᠬᠦᠯᠣᠨ ᠣᠷᠣᠯᠭ᠎ᠠ ᠶᠢ ᠨᠢ ᠨᠡᠮᠡᠭᠳᠡᠬᠦᠯᠬᠦ ᠵᠠᠮ ᠢᠶᠠᠷ ᠭᠠᠪᠰᠢᠭᠠᠶᠢᠯᠠᠨ ᠵᠠᠮᠨᠠᠵᠣ ᠪᠣᠢ᠃ |