ᠳᠠᠪᠤᠳᠤᠭᠠᠷ ᠪᠦᠯᠦᠭ ᠪᠤᠷᠤᠪᠠᠯᠭᠠᠰᠤᠨ ᠤ ᠰᠠᠭᠤᠷᠢᠨ ᠭᠠᠵᠠᠷ | ᠳᠦᠷᠪᠡ᠂ ᠴᠡᠷᠢᠭ ᠤᠨ ᠶᠠᠪᠣᠳᠡᠯ ᠤᠨ ᠪᠠᠶᠢᠭᠤᠯᠣᠯᠳᠠ ᠪᠠ ᠡᠷᠣᠭᠡ ᠶᠢᠨ ᠴᠡᠷᠢᠭ ᠤᠨ ᠵᠤᠬᠢᠶᠠᠨ ᠪᠠᠶᠢᠭᠤᠯᠣᠯᠳᠠ | | | ᠶᠡᠭᠡ ᠵᠣᠣ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠶᠢᠨ ᠠᠮᠣᠷ ᠢ ᠬᠠᠮᠠᠭᠠᠯᠠᠬᠤ ᠴᠡᠷᠢᠭ ᠠᠩᠬᠢ ᠶᠢ ᠪᠠᠰᠠ ᠰᠡᠷᠬᠡᠶᠢᠯᠠᠨ ᠬᠠᠮᠠᠭᠠᠯᠠᠬᠤ ᠠᠩᠬᠢ ᠪᠤᠶᠤ ᠴᠢᠮᠡᠭᠡ | ᠬᠤᠯᠪᠤᠭᠠᠨ ᠤ ᠰᠠᠯᠠᠭ᠎ᠠ ᠭᠡᠳᠡᠭ᠂ ᠰᠡᠭᠦᠯᠡᠷ ᠨᠢ ᠪᠣᠵᠠᠭᠠᠶᠢᠷᠠᠭᠠᠳ ᠦᠪᠡᠷ ᠢ ᠪᠠᠨ ᠬᠠᠮᠠᠭᠠᠯᠠᠬᠤ ᠶᠡᠭᠡ ᠠᠩᠬᠢ ᠪᠣᠯᠵᠣ᠂ ᠴᠢᠮᠡᠭᠡ ᠨᠡᠪᠳᠡᠷᠡᠬᠦ᠂ ᠰᠡᠷᠬᠡᠶᠢᠯᠡᠨ | ᠬᠠᠮᠠᠭᠠᠯᠠᠬᠤ᠂ ᠬᠤᠯᠪᠣᠭ᠎ᠠ ᠠᠪᠬᠤ᠂ ᠪᠣᠯᠪᠠᠰᠣᠷᠠᠭᠤᠯᠬᠤ ᠵᠡᠷᠭᠡ ᠡᠭᠦᠷᠭᠡ ᠶᠢ ᠬᠦᠢᠴᠡᠤᠨᠬᠡᠵᠤ ᠪᠠᠶᠢᠪᠠ᠃ | 1945 ᠣᠨ ᠤ 8 ᠰᠠᠷ᠎ᠠ ᠳᠤ᠂ ᠪᠣᠷᠣᠪᠠᠯᠭᠠᠰᠣᠨ ᠤ ᠴᠢᠮᠡᠭᠡ ᠨᠡᠪᠳᠡᠷᠡᠬᠦᠯᠬᠡ ᠶᠢᠨ ᠠᠩᠬᠢ ᠪᠠᠶᠢᠭᠤᠯᠤᠭᠳᠠᠵᠤ᠂ 1946 ᠣᠨ ᠤ 4 ᠰᠠᠷ᠎ᠠ ᠪᠤᠯᠬᠤ ᠳᠤ | ᠴᠢᠮᠡᠭᠡ ᠨᠡᠪᠳᠡᠷᠡᠬᠦᠯᠬᠡ ᠶᠢᠨ ᠠᠩᠬᠢ ᠶᠢᠨ ᠭᠦᠮᠦᠨ ᠤ ᠳᠤᠭ᠎ᠠ ᠨᠡᠮᠡᠭᠳᠡᠭᠡᠳ 20 ᠢᠯᠡᠭᠦᠣ ᠪᠤᠯᠤᠭᠰᠡᠨ ᠳᠤ ᠠᠮᠣᠷ ᠢ ᠬᠠᠮᠠᠭᠠᠯᠠᠬᠤ ᠠᠩᠬᠢ ︵ᠰᠠᠯᠠᠭ᠎ᠠ︶ ᠪᠠᠶᠢᠭᠤᠯᠵᠣ᠂ | ᠾᠧ ᠹᠦ᠋ ᠼᠠᠢ ᠶᠢ ᠠᠩᠬᠢ ᠶᠢᠨ ᠳᠠᠷᠤᠭ᠎ᠠ᠂ ᠾᠥᠸᠧ ᠪᠢᠩ ᠰᠢᠦ᠋ᠩ ᠢ ᠵᠢᠭᠠᠨ ᠵᠢᠯᠣᠭᠤᠳᠣᠭᠴᠢ ᠪᠠᠷ ᠳᠤᠮᠢᠯᠡᠵᠤ᠂ ᠳᠣᠣᠷ᠎ᠠ ᠨᠢ ᠬᠤᠶᠡᠷ ᠳᠠᠰᠤᠭ ᠭᠠᠷᠭᠠᠨ᠂ ᠪᠠᠢ | ᠰᠢ ᠯᠢᠨ ᠢ ᠨᠢᠭᠡᠳᠣᠭᠡᠷ ᠳᠠᠰᠤᠭ ᠤᠨ ᠳᠠᠷᠤᠭ᠎ᠠ᠂ ᠾᠧ ᠶᠸᠤ ᠢ᠂ ᠶᠠᠩ ᡁᠢ ᠶᠢ ᠬᠤᠶᠠᠳᠣᠭᠠᠷ ᠳᠠᠰᠤᠭ ᠤᠨ ᠳᠠᠷᠤᠭ᠎ᠠ ᠪᠠᠷ ᠣᠷᠢᠳ ᠬᠤᠵᠢᠳ ᠳᠤᠮᠢᠯᠠᠵᠠᠢ᠃ 9 | ᠰᠠᠷ᠎ᠠ ᠳᠤ᠂ ᠶᠡᠭᠡ ᠵᠣᠣ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠠᠴᠠ ᠦᠪᠡᠷ ᠢ ᠪᠠᠨ ᠬᠠᠮᠠᠭᠠᠯᠠᠬᠤ ᠶᠡᠭᠡ ᠠᠩᠬᠢ ︵ ᠪᠠᠲᠯᠢᠶᠤᠨ︶ ᠪᠠᠶᠢᠭᠤᠯᠵᠣ᠂ ᠵᠦ ᠪᠠᠩ | ᠷᠧᠨ ᠶᠡᠭᠡ ᠠᠩᠬᠢ ᠶᠢᠨ ᠳᠠᠷᠤᠭ᠎ᠠ᠂ ᠭᠤᠣ ᠽᠧᠩ ᠫᠧᠢ ᠵᠢᠭᠠᠨ ᠵᠢᠯᠣᠭᠤᠳᠣᠭᠴᠢ ᠶᠢᠨ ᠳᠤᠰᠢᠶᠠᠯ ᠢ ᠡᠬᠦᠷᠬᠡᠯᠡᠪᠡ᠃ ᠪᠠᠰᠠ ᠪᠣᠷᠣᠪᠠᠯᠭᠠᠰᠣ᠂ ᠳᠠᠬᠢᠯᠳᠣ ᠬᠤᠶᠡᠷ | ᠭᠠᠵᠠᠷ ᠤᠨ ᠠᠮᠣᠷ ᠢ ᠬᠠᠮᠠᠭᠠᠯᠠᠬᠤ ᠠᠩᠬᠢ ᠶᠢ ᠦᠷᠭᠡᠳᠭᠡᠭᠡᠳ ᠳᠣᠮᠳᠠ ᠠᠩᠬᠢ ᠪᠤᠯᠭᠠᠵᠤ᠂ ᠪᠣᠷᠣᠪᠠᠯᠭᠠᠰᠣᠨ ᠤ ᠬᠡᠷᠡᠭ ᠡᠷᠬᠢᠯᠡᠭᠦ ᠭᠠᠵᠠᠷ ᠤᠨ ᠠᠮᠣᠷ ᠢ ᠬᠠᠮᠠᠭᠠᠯᠠᠬᠤ | ᠠᠩᠬᠢ ᠶᠢᠨ ᠳᠣᠮᠳᠠ ᠠᠩᠬᠢ ᠶᠢᠨ ᠳᠠᠷᠤᠭ᠎ᠠ ᠨᠢ ᠾᠧ ᠹᠦ᠋ ᠼᠠᠢ᠂ ᠵᠢᠭᠠᠨ ᠵᠢᠯᠣᠭᠤᠳᠣᠭᠴᠢ ᠨᠢ ᠾᠥᠸᠧ ᠪᠢᠩ ᠰᠢᠦ᠋ᠩ ᠪᠠᠶᠢᠵᠤ᠂ ᠳᠣᠣᠷ᠎ᠠ ᠪᠠᠨ ᠬᠤᠶᠡᠷ | ᠬᠤᠪᠢᠶᠠᠷᠢ ᠠᠩᠬᠢ ᠭᠠᠷᠭᠠᠨ᠂ ᠪᠠᠢ ᠰᠢ ᠯᠢᠨ ᠨᠢᠭᠡᠳᠣᠭᠡᠷ ᠬᠤᠪᠢᠶᠡᠷᠢ ᠠᠩᠬᠢ ᠶᠢᠨ ᠳᠠᠷᠤᠭ᠎ᠠ᠂ ᠶᠠᠩ ᡁᠢ ᠬᠤᠶᠠᠳᠣᠭᠠᠷ ᠬᠤᠪᠢᠶᠡᠷᠢ ᠠᠩᠬᠢ ᠶᠢᠨ ᠳᠠᠷᠤᠭ᠎ᠠ ᠪᠤᠯᠵᠠᠢ᠃ | ᠳᠠᠬᠢᠯᠳᠣ ᠶᠢᠨ ᠠᠵᠢᠯᠯᠠᠬᠤ ᠬᠤᠷᠢᠶ᠎ᠠ ᠶᠢᠨ ᠠᠮᠣᠷ ᠢ ᠬᠠᠮᠠᠭᠠᠯᠠᠬᠤ ᠳᠣᠮᠳᠠ ᠠᠩᠬᠢ ᠶᠢᠨ ᠳᠠᠷᠤᠭ᠎ᠠ ᠨᠢ ᠯᠢ ᠲᠢᠩ ᠯᠠᠨ ᠪᠣᠯᠣᠨ᠎ᠠ᠃ 13 ᠪᠠᠶᠢᠯᠳᠣᠭᠴᠢ ᠲᠠᠢ | ᠪᠠᠶᠢᠭᠰᠠᠨ ᠠᠴᠠ ᠪᠠᠨ ᠦᠷᠭᠡᠵᠢᠭᠡᠳ 63 ᠪᠤᠯᠵᠤ᠂ ᠦᠷᠭᠡᠳᠭᠡᠭᠰᠡᠨ ᠤ ᠳᠠᠷᠠᠭᠠᠬᠢ ᠠᠮᠣᠷ ᠢ ᠬᠠᠮᠠᠭᠠᠯᠠᠬᠤ ᠶᠡᠭᠡ ᠠᠩᠬᠢ ᠳᠤ ᠱᠠᠨ— ᠭᠠᠨ— ᠨᠢᠩ ᠬᠢᠵᠠᠭᠠᠷ | ᠤᠷᠤᠨ ᠤ ᠠᠮᠣᠷ ᠢ ᠬᠠᠮᠠᠭᠠᠯᠠᠬᠤ ᠵᠠᠬᠢᠷᠭᠠᠨ ᠤ ᠭᠠᠵᠠᠷ ᠠᠴᠠ ᠵᠠᠪᠰᠠᠩ ᠳᠣᠬᠢᠷᠠᠭᠤᠯᠣᠨ ᠦᠭᠴᠣ ᠪᠠᠶᠢᠵᠡᠢ᠃ ᠡᠭᠦᠷᠭᠡ ᠨᠢ ᠳᠠᠷᠣᠢ ᠭᠤᠮᠢᠨᠳᠠᠩ ᠤᠨ ᠬᠢᠨ ᠤ | ᠳᠠᠯᠳᠠᠭᠤᠷ ᠠᠷᠠᠯᠵᠢᠶᠠᠯᠠᠭᠰᠠᠤᠨ ᠢ ᠮᠦᠷᠳᠡᠨ ᠪᠠᠶᠢᠴᠠᠭᠠᠵᠤ ᠨᠡᠭᠡᠮᠵᠢᠯᠡᠨ ᠤᠯᠵᠠᠯᠠᠬᠤ ᠶᠠᠪᠣᠳᠡᠯ ᠪᠣᠯᠣᠨ᠎ᠠ᠃ ᠡᠪᠣᠯ ᠪᠣᠯᠬᠤ ᠳᠤ ᠳᠣᠳᠣᠭᠠᠳᠣ ᠶᠢᠨ ᠳᠠᠶᠢᠨ ᠤ ᠪᠡᠶᠢᠳᠡᠯ | ᠪᠠᠴᠢᠮ ᠪᠣᠯᠵᠣ᠂ ᠪᠣᠷᠣᠪᠠᠯᠭᠠᠰᠣᠨ ᠳᠤ ᠰᠡᠷᠬᠡᠶᠢᠯᠠᠨ ᠰᠠᠭᠤᠵᠣ ᠪᠠᠶᠢᠭᠰᠠᠨ ᠶᠢᠰᠣᠳᠦᠭᠡᠷ ᠬᠤᠷᠢᠶ᠎ᠠ ᠶᠢᠨ ᠭᠤᠷᠪᠠᠳᠣᠭᠠᠷ ᠪᠠᠲᠯᠢᠶᠤᠨ ᠢ ᠡᠮᠣᠨ᠎ᠡ ᠹᠷᠤᠨᠲ ᠲᠤ | ᠰᠢᠯᠵᠢᠬᠦᠯᠤᠬᠡᠤᠨ᠂ ᠵᠦᠪᠬᠡᠨ ᠪᠣᠷᠣᠪᠠᠯᠭᠠᠰᠣᠨ ᠤ ᠠᠮᠣᠷ ᠢ ᠬᠠᠮᠠᠭᠠᠯᠠᠬᠤ ᠠᠩᠬᠢ᠂ ᠪᠠᠭ᠎ᠠ ᠮᠠᠰᠢᠩ ᠤᠨ ᠳᠣᠰᠠᠭᠠᠷ ᠪᠠᠲᠯᠢᠶᠤᠨ ᠤ ᠬᠤᠶᠠᠳᠣᠭᠠᠷ ᠰᠣᠮᠣ ᠪᠣᠯᠣᠨ | ᠪᠠᠷᠢᠨᠳᠠᠭ ︵ ᠶᠢᠨ ᠬᠠᠨ ᠪᠢᠨ︶ ᠤᠨ ᠠᠮᠣᠷ ᠢ ᠬᠠᠮᠠᠭᠠᠯᠠᠬᠤ ᠳᠦᠷᠪᠡᠳᠣᠭᠡᠷ ᠪᠠᠲᠯᠢᠶᠤᠨ ᠢ ᠦᠯᠡᠳᠡᠬᠡᠨ ᠪᠣᠷᠣᠪᠠᠯᠭᠠᠰᠣ ᠶᠢ ᠬᠠᠮᠠᠭᠠᠯᠠᠵᠣ ᠪᠠᠶᠢᠯ᠎ᠠ᠃ | ᠪᠣᠷᠣᠪᠠᠯᠭᠠᠰᠣᠨ ᠤ ᠡᠷᠣᠭᠡ ᠶᠢᠨ ᠴᠡᠷᠢᠭ ᠤᠨ ᠵᠣᠬᠢᠶᠠᠨ ᠪᠠᠶᠢᠭᠤᠯᠣᠯᠳᠠ ᠨᠢ ᠠᠯᠢ ᠡᠷᠳᠡ 1943 ᠣᠨ ᠳᠤ ᠪᠠᠶᠢᠭᠤᠯᠣᠭᠳᠠᠭᠰᠠᠨ ᠶᠣᠮ᠃ 1943 ᠤᠨ ᠤ | 10 ᠰᠠᠷ᠎ᠠ ᠶᠢᠨ 18 ᠤ ᠡᠳᠣᠷ᠂ ᠳᠣᠮᠳᠠᠳᠣ ᠣᠯᠣᠰ ᠤᠨ ᠡᠪ ᠬᠠᠮᠳᠣ ᠨᠠᠮ ᠤᠨ ᠪᠣᠷᠣᠪᠠᠯᠭᠠᠰᠣᠨ ᠤ ᠠᠵᠢᠯᠯᠠᠬᠤ ᠬᠤᠷᠢᠶ᠎ᠠ ᠠᠴᠠ ᠹᠦᠭᠤᠸᠠᠨ ᠤ ᠭᠠᠵᠠᠷ ᠤᠨ ᠨᠠᠷ᠎ᠡ | ᠪᠠᠷ ᠡᠷᠣᠭᠡ ᠶᠢᠨ ᠴᠡᠷᠢᠭ ᠤᠨ ᠶᠡᠭᠡ ᠠᠩᠬᠢ ︵ᠰᠣᠮᠣ︶ ᠶᠢ ᠪᠠᠶᠢᠭᠤᠯᠵᠣ᠂ ᠡᠬᠡᠯᠵᠢᠯᠡᠭᠦ ᠳᠦᠷᠢᠮ ᠢ ᠭᠡᠷᠡᠭᠵᠢᠭᠦᠯᠵᠡᠢ᠃ ᠡᠬᠦᠨ ᠳᠤ ᠯᠢᠣ ᠶᠥᠩ ᠹᠧᠢ ᠶᠢ ᠶᠡᠭᠡ | ᠠᠩᠬᠢ ᠶᠢᠨ ᠳᠠᠷᠤᠭ᠎ᠠ ᠪᠠᠷ᠂ ᠸᠠᠩ ᠮᠢᠩ ᠲᠠᠩ ᠢ ᠳᠡᠳ᠋ ᠳᠠᠷᠤᠭ᠎ᠠ ᠪᠠᠷ ᠳᠤᠮᠢᠯᠠᠨ᠂ ᠳᠣᠣᠷ᠎ᠠ ᠪᠠᠨ ᠭᠤᠷᠪᠡᠨ ᠳᠣᠮᠳᠠ ᠠᠩᠬᠢ ᠭᠠᠷᠭᠠᠵᠤ᠂ ᠱᠣᠣ ᠵᠢᠶᠦ᠋ᠨ ᠵᠧᠦ᠂ | ᠯᠣ᠋ ᠳ᠋ᠢᠩ ᠮᠢᠩ᠂ ᠰᠢᠩ ᠱᠧᠩ ᡁᠢ ᠳᠤᠰ ᠪᠦᠷᠢ ᠳᠤᠮᠳᠠ ᠠᠩᠬᠢ ᠶᠢᠨ ᠳᠠᠷᠤᠭ᠎ᠠ ᠪᠤᠯᠵᠤ᠂ ᠳᠠᠷᠤᠭ᠎ᠠ ᠪᠠᠶᠢᠯᠳᠣᠭᠴᠢᠳ ᠪᠠᠷᠤᠭ ᠵᠠᠭᠤᠭᠠᠳ ᠭᠦᠮᠦᠨ ᠪᠡᠶᠢᠵᠡᠢ᠃ | 1944 ᠣᠨ ᠤ 8 ᠰᠠᠷ᠎ᠠ ᠳᠤ᠂ ᠪᠣᠷᠣᠪᠠᠯᠭᠠᠰᠣᠨ ᠤ ᠴᠡᠷᠢᠭ ᠵᠠᠰᠠᠭ ᠠᠷᠠᠳ ᠤᠨ ᠬᠤᠯᠪᠣᠭᠠᠳᠣ ᠬᠤᠷᠡᠯ ᠠᠴᠠ ᠡᠩ ᠤᠨ ᠡᠷᠦᠭᠡ ᠶᠢᠨ ᠴᠡᠷᠢᠭ ᠤᠨ | ᠳᠣᠳᠣᠷ᠎ᠠ ᠠᠴᠠ ᠴᠢᠬᠢᠷᠠᠭ ᠰᠢᠯᠢᠳᠡᠭ 50 ᠭᠠᠷᠤᠢ ᠵᠠᠯᠠᠭᠤᠴᠣᠳ ᠢ ᠰᠤᠩᠭᠤᠵᠤ᠂ ᠰᠢᠯᠢᠳᠡᠭ ᠡᠷᠦᠭᠡ ᠶᠢᠨ ᠴᠡᠷᠢᠭ ᠤᠨ ᠶᠡᠭᠡ ᠠᠩᠬᠢ ᠪᠠᠶᠢᠭᠤᠯᠵᠣ᠂ ᠶᠡᠭᠡ ᠠᠩᠬᠢ | ᠶᠢᠨ ᠳᠠᠷᠤᠭ᠎ᠠ ᠪᠠ ᠳᠡᠳ᠋ ᠳᠠᠷᠤᠭ᠎ᠠ ᠨᠢ ᠰᠤᠯᠢᠭᠳᠠᠭᠰᠡᠨ ᠦᠬᠡᠢ᠂ ᠵᠢᠭᠠᠨ ᠵᠢᠯᠣᠭᠤᠳᠣᠭᠴᠢ ᠶᠢ ᠵᠣᠣ ᠶᠢᠩ ᠬᠠᠪᠰᠣᠷᠭᠠᠨ ᠬᠠᠷᠢᠭᠤᠴᠠᠵᠣ᠂ ᠳᠣᠣᠷ᠎ᠠ ᠨᠢ ᠬᠤᠶᠡᠷ | ᠳᠣᠮᠳᠠ ᠠᠩᠬᠢ ᠭᠠᠷᠭᠠᠨ᠂ ᠳᠠᠷᠤᠭ᠎ᠠ ᠨᠢ ᠯᠢ ᠭᠦᠢ ᠷᠥᠩ ᠪᠣᠯᠣᠨ ᠸᠠᠩ ᠽᠢ ᠰᠢᠣ ᠪᠠᠶᠢᠵᠤ᠂ ᠨᠡᠶᠢᠳᠠ 6 ᠳᠠᠰᠤᠭ ᠢ ᠬᠠᠷᠢᠶᠠᠯᠠᠵᠤ ᠪᠡᠶᠢᠵᠡᠢ᠃ ᠰᠢᠯᠢᠳᠡᠭ ᠡᠷᠤᠬᠡ | ᠶᠢᠨ ᠴᠡᠷᠢᠭ ᠤᠨ ᠠᠩᠬᠢ ᠳᠤ ᠡᠬᠡᠯᠵᠢ ᠬᠠᠯᠠᠭ᠎ᠠ ᠶᠢᠨ ᠳᠦᠷᠢᠮ ᠢ ᠭᠡᠷᠡᠭᠵᠢᠭᠦᠯᠦᠨ᠂ ᠫᠣᠣ ᠰᠣᠮᠣ᠂ ᠵᠢᠳᠠ᠂ ᠢᠯᠳᠣ ᠬᠤᠪᠢᠶᠠᠨ ᠦᠭᠴᠤ᠂ ᠡᠩ ᠤᠨ ᠴᠠᠭ ᠲᠤ | ᠪᠣᠯᠪᠠᠰᠣᠷᠡᠵᠣ᠂ ᠳᠡᠶᠢᠨ ᠤ ᠦᠶ᠎ᠡ ᠳᠤ ᠬᠦᠳᠡᠯᠤᠯᠴᠡᠳᠡᠭ᠃ | 1945 ᠣᠨ ᠳᠤ᠂ ᠪᠣᠷᠣᠪᠠᠯᠭᠠᠰᠣᠨ ᠤ ᠭᠡᠷᠡᠭ ᠡᠷᠬᠢᠯᠡᠭᠦ ᠭᠠᠵᠠᠷ ᠠᠴᠠ ᠰᠢᠯᠢᠳᠡᠭ ᠡᠷᠦᠭᠡ ᠶᠢᠨ ᠴᠡᠷᠢᠭ ᠤᠨ ᠶᠡᠭᠡ ᠠᠩᠬᠢ ᠪᠠᠨ ᠫᠠᠷᠲ᠋ᠢᠽᠠᠨ ᠠᠩᠬᠢ ᠪᠣᠯᠭᠠᠨ | ᠦᠬᠡᠷᠡᠴᠢᠯᠡᠬᠡᠤᠨ᠂ ᠲᠡᠶᠢᠨ ᠤ ᠪᠡᠯᠡᠳᠭᠡᠯ ᠢ ᠴᠢᠩᠭᠠᠳᠬᠠᠬᠤ ᠶᠢᠨ ᠳᠦᠯᠦᠭᠡ ᠳᠣᠮᠳᠠ ᠠᠩᠬᠢ ᠶᠢᠨ ᠳᠠᠷᠤᠭ᠎ᠠ ᠠᠴᠠ ᠳᠡᠭᠡᠭᠰᠢ ᠺᠠᠳ᠋ᠷ ᠢ ᠰᠢᠯᠢᠨ ᠰᠣᠩᠭᠤᠵᠣ᠂ | ᠦᠨᠳᠣᠰᠣᠳᠡᠨ ᠤ ᠳᠡᠭᠡᠳᠣ ᠰᠣᠷᠭᠠᠭᠤᠯᠢ ᠳᠤ ᠴᠡᠷᠢᠭ ᠤᠨ ᠶᠠᠪᠣᠳᠡᠯ ᠢ ᠰᠣᠷᠣᠯᠴᠠᠭᠤᠯᠵᠣ᠂ ᠲᠢᠶᠠᠨ ᠪᠣᠣ ︵ᠰᠠᠩᠵᠡᠶᠢᠶᠧᠰᠢ︶᠂ ᠬᠠᠨ ᠭᠧ ᠯᠤ᠋ ᠶᠢ ᠰᠣᠷᠭᠠᠭᠴᠢ ᠪᠠᠷ | ᠤᠷᠢᠪᠠ᠃ | ᠪᠣᠷᠣᠪᠠᠯᠭᠠᠰᠣᠨ ᠤ ᠰᠢᠯᠢᠳᠡᠭ ᠡᠷᠦᠭᠡ ᠶᠢᠨ ᠴᠡᠷᠢᠭ ᠨᠢ ᠬᠢᠵᠠᠭᠠᠷ ᠣᠷᠣᠨ ᠢ ᠬᠠᠮᠠᠭᠠᠯᠠᠬᠤ ᠪᠠ ᠦᠢᠯᠡᠳᠪᠣᠷᠢᠯᠡᠯ ᠪᠦᠳᠦᠭᠡᠨ ᠪᠠᠶᠢᠭᠤᠯᠣᠯᠳᠠ ᠶᠢᠨ ᠳᠣᠮᠳᠠ | ᠴᠢᠬᠤᠯᠠ ᠦᠢᠯᠡᠳᠣᠯ ᠢᠶᠠᠨ ᠪᠠᠳᠠᠷᠠᠭᠤᠯᠪᠠ᠃ ᠵᠢᠱᠢᠶᠠᠯᠠᠪᠡᠯ᠂1940 ᠣᠨ ᠳᠤ᠂ ᠣᠳᠣᠷ ᠤᠨ ᠬᠤᠭᠤᠯᠠᠢ᠂ ᠪᠠᠶᠠᠨ ᠳᠦᠭᠦᠮ ᠤᠨ ᠣᠶᠢᠷ᠎ᠠ ᠬᠠᠪᠢ ᠳᠤ | ᠳᠡᠬᠡᠷᠡᠮᠴᠢᠳ ᠵᠠᠮ ᠬᠠᠰᠢᠨ ᠪᠤᠯᠢᠶᠠᠨ ᠳᠡᠬᠡᠷᠡᠮᠳᠡᠵᠤ᠂ ᠮᠣᠩᠭᠤᠯ ᠬᠢᠳᠠᠳ ᠠᠷᠠᠳ ᠢᠷᠭᠡᠳ ᠲᠤ ᠦᠷᠭᠦᠯᠵᠢ ᠬᠤᠣᠷ ᠭᠦᠨᠦᠭᠡᠯ ᠤᠴᠠᠷᠠᠭᠤᠯᠵᠤ ᠪᠠᠶᠢᠵᠠᠢ᠃ ᠭᠡᠷᠡᠭ | ᠡᠷᠬᠢᠯᠡᠭᠦ ᠭᠠᠵᠠᠷ ᠠᠴᠠ ᠳᠡᠭᠡᠷᠡᠮᠴᠢᠳ ᠢ ᠪᠦᠰᠠᠯᠠᠨ ᠣᠰᠠᠳᠬᠠᠬᠤ ᠶᠢᠨ ᠳᠦᠯᠦᠭᠡ ᠡᠷᠣᠭᠡ ᠶᠢᠨ ᠴᠡᠷᠢᠭ ᠤᠨ ᠶᠡᠭᠡ ᠠᠩᠬᠢ ᠳᠤ ᠳᠡᠭᠡᠷᠡᠮᠴᠢᠳ ᠢ ᠳᠤᠶᠢᠯᠪᠤᠷᠢᠳᠠᠢ | ᠠᠷᠢᠯᠭᠠᠬᠤ ᠵᠢᠭᠠᠪᠣᠷᠢ ᠪᠠᠭᠤᠯᠭᠠᠪᠠ᠃ ᠡᠭᠦᠷᠭᠡ ᠶᠢ ᠭᠦᠯᠢᠶᠡᠨ ᠠᠪᠣᠭᠰᠠᠨ ᠤ ᠳᠠᠷᠠᠭ᠎ᠠ ᠶᠡᠭᠡ ᠠᠩᠬᠢ ᠶᠢᠨ ᠳᠠᠷᠤᠭ᠎ᠠ ᠯᠢᠣ ᠶᠥᠩ ᠹᠧᠢ᠂ ᠮᠦᠩᠭᠡᠳᠣᠷᠵᠢ᠂ ᠸᠠᠩ | ᠴᠧᠩ ᠭᠦᠢ ᠶᠢ ᠳᠠᠭᠠᠭᠤᠯᠤᠨ ᠳᠣᠰ ᠪᠦᠷᠢ ᠨᠢᠬᠡᠨ ᠭᠠᠷ ᠫᠣᠣ ᠠᠪᠴᠣ᠂ ᠬᠤᠳᠠᠯᠳᠣᠭᠠᠴᠢᠨ᠂ ᠮᠠᠯᠴᠢᠨ᠂ ᠳᠠᠷᠢᠶᠡᠴᠢᠨ ᠢᠶᠠᠷ ᠵᠠᠰᠠᠨ ᠴᠢᠮᠡᠭᠡᠳ᠂ ᠪᠠᠶᠠᠨ ᠳᠦᠭᠦᠮ | ᠳᠤ ᠭᠦᠨᠵᠡᠬᠡᠶᠢᠷᠡᠨ ᠳᠠᠩᠨᠠᠨ ᠪᠠᠶᠢᠴᠠᠭᠠᠵᠡᠢ᠃ ᠳᠡᠮᠡᠢ ᠣᠳᠠᠭᠰᠠᠨ ᠦᠬᠡᠢ ᠳᠡᠭᠡᠷᠡᠮᠴᠢᠳ ᠳᠡᠳᠡᠨ ᠢ ᠰᠡᠬᠦᠯᠳᠠᠨ ᠳᠠᠭᠠᠵᠣ᠂ ᠪᠠᠶᠠᠨ ᠳᠦᠭᠦᠮ ᠤᠨ ᠮᠠᠣ ᠵᠢᠶᠠᠩ ᠤᠨ | ᠪᠠᠭᠤᠳᠠᠯ ᠳᠤ ᠬᠦᠷᠤᠬᠡᠤᠨ ᠵᠢᠰᠤᠷ ᠲᠦᠷᠢ ᠪᠠᠨ ᠢᠯᠡᠷᠡᠬᠦᠯᠤᠨ ᠳᠡᠳᠠ ᠭᠤᠷᠪᠠᠭᠤᠯᠠ ᠶᠢ ᠪᠣᠯᠢᠶᠠᠨ ᠳᠡᠬᠡᠷᠡᠮᠳᠡᠭᠦ ᠪᠠᠷ ᠰᠠᠭᠰᠠᠭᠤᠷᠠᠪᠠ᠃ ᠳᠡᠭᠡᠷᠡᠮ ᠤᠨ ᠨᠢᠭᠡ ᠨᠢ ᠵᠧᠦ | ᠽᠦᠸᠧ ᠮᠢᠩ᠂ ᠨᠦᠭᠦᠭᠡ ᠨᠢ ᠹᠦ᠋ ᡁᠢ ᠫᠢᠩ ᠭᠡᠳᠡᠭ᠂ ᠯᠢᠣ ᠶᠥᠩ ᠹᠧᠢ ᠵᠡᠷᠭᠡ ᠭᠤᠷᠪᠡᠨ ᠭᠦᠮᠦᠨ ᠪᠠ ᠪᠣᠰᠣᠳ ᠠᠶᠠᠨᠴᠢᠤᠨ ᠬᠠᠮᠳᠤ ᠪᠠᠷ ᠬᠤᠶᠡᠷ ᠳᠡᠭᠡᠷᠡᠮ ᠢ | ᠪᠠᠷᠢᠵᠤ ᠠᠪᠴᠠᠢ᠃ ᠬᠤᠵᠢᠮ ᠨᠢ ᠰᠢᠯᠢᠳᠡᠭ ᠡᠷᠣᠭᠡ ᠶᠢᠨ ᠴᠡᠷᠢᠭ ᠤᠨ ᠮᠠᠰᠢ ᠠᠷᠪᠢᠨ ᠭᠦᠮᠦᠰ ᠴᠢᠯᠦᠭᠡᠯᠡᠭᠦ ᠲᠡᠶᠢᠨ ᠳᠤ ᠤᠷᠤᠯᠴᠠᠭᠰᠡᠨ ᠶᠤᠮ᠃ | | | ᠢᠷᠠᠯᠳᠠ᠄ ᠳᠠᠯ᠎ᠠ ᠨᠤᠳᠤᠭ ᠤᠨ ᠬᠤᠪᠢᠰᠬᠠᠯ ᠤᠨ ᠳᠡᠤᠬᠡ ᠤᠯᠪᠠᠭ᠎ᠠ | | |