ᠨᠢᠬᠡ᠂ ᠬᠢᠷᠠᠭᠤ ᠬᠦᠯᠳᠡᠯᠳᠠ | ᠬᠢᠷᠠᠭᠤ ᠬᠦᠯᠳᠡᠯᠳᠠ ᠪᠤᠯ ᠤᠳᠤᠭ ᠤᠨ ᠡᠮᠤᠨᠡᠳᠤ ᠬᠤᠰᠢᠭᠤᠨ ᠤ ᠬᠠᠪᠤᠷ ᠨᠠᠮᠤᠷ ᠤᠨ ᠬᠤᠶᠠᠷ ᠤᠯᠠᠷᠢᠯ ᠳᠤ ᠦᠷᠬᠦᠯᠵᠢ ᠡᠬᠦᠰᠳᠡᠭ ᠭᠠᠢ ᠭᠠᠮᠰᠢᠭᠳᠤ ᠠᠭᠤᠷ | ᠠᠮᠢᠰᠬᠤᠯ ᠪᠤᠯᠤᠨ᠎ᠠ᠃ 1991 — 2009 ᠤᠨ ᠪᠤᠯᠳᠠᠯ᠎ᠠ᠂ ᠠᠩᠬᠠᠨ ᠤ ᠬᠢᠷᠠᠭᠤ ᠬᠦᠯᠳᠡᠬᠦᠤ ᠨᠢ ᠬᠠᠮᠤᠭ ᠤᠨ ᠡᠷᠳᠠ ᠳᠤ ᠪᠠᠨ 9 ᠰᠠᠷ᠎ᠠ ᠶᠢᠨ 9 ᠤ | ᠡᠳᠤᠷ᠂ ᠬᠠᠮᠤᠭ ᠤᠨ ᠤᠷᠤᠢ ᠴᠤ ᠬᠡᠤᠨ 10 ᠰᠠᠷ᠎ᠠ ᠶᠢᠨ 14 ᠤ ᠡᠳᠤᠷ ᠡᠬᠦᠰᠴᠤ᠂ ᠬᠠᠮᠤᠭ ᠤᠨ ᠰᠡᠬᠦᠯᠴᠢ ᠶᠢᠨ ᠬᠢᠷᠠᠭᠤ ᠬᠦᠯᠳᠡᠬᠦᠤ ᠨᠢ ᠬᠠᠮᠤᠭ ᠤᠨ ᠡᠷᠳᠠ | ᠳᠤ ᠪᠠᠨ 2 ᠰᠠᠷ᠎ᠠ ᠶᠢᠨ 28᠂ ᠬᠠᠮᠤᠭ ᠤᠨ ᠤᠷᠤᠢ ᠳᠤ ᠪᠠᠨ 5 ᠰᠠᠷ᠎ᠠ ᠶᠢᠨ 4 ᠳᠤ ᠡᠬᠦᠰᠴᠤ᠂ ᠬᠢᠷᠠᠭᠤ ᠬᠦᠯᠳᠡᠯᠳᠠ ᠶᠢᠨ ᠬᠤᠭᠤᠴᠠᠭ᠎ᠠ ᠨᠢ ᠤᠷᠳᠤ᠂ ᠵᠢᠯ ᠤᠨ | ᠳᠤᠮᠳᠠᠴᠢ ᠬᠢᠷᠠᠭᠤ ᠦᠬᠡᠢ ᠬᠤᠭᠤᠴᠠᠭ᠎ᠠ ᠨᠢ 176 ᠡᠳᠤᠷ ᠪᠠᠶᠢᠳᠠᠭ᠃ | 1991 ᠤᠨ ᠤ 5 ᠰᠠᠷ᠎ᠠ ᠶᠢᠨ 6 ~ 7 ᠪᠤᠯᠳᠠᠯ᠎ᠠ᠂ ᠢᠮᠠᠭᠠᠯᠠᠢ᠂ ᠪᠤᠷᠤᠪᠠᠯᠭᠠᠰᠤ᠂ ᠳᠠᠬᠢᠯᠳᠤ᠂ ᠵᠤᠤᠬ᠎ᠠ᠂ ᠵᠢᠷᠠ᠂ ᠮᠤᠭᠠᠶᠢᠳᠤ᠂ ᠤᠯᠵᠠᠴᠢ ᠵᠡᠷᠬᠡ ᠰᠤᠮᠤ | ᠪᠠᠯᠭᠠᠰᠤᠨ ᠳᠤ ᠬᠢᠷᠠᠭᠤ ᠬᠦᠯᠳᠡᠯᠳᠠ ᠢᠯᠡᠷᠡᠵᠤ᠂ ᠭᠠᠵᠠᠷ ᠤᠨ ᠳᠠᠪᠬᠤᠷᠭ᠎ᠠ ᠶᠢᠨ ᠬᠠᠮᠤᠭ ᠤᠨ ᠳᠤᠤᠷ᠎ᠠ ᠳᠤᠯᠠᠭᠠᠨ ᠤ ᠬᠡᠮᠵᠢᠶ᠎ᠡ ᠲᠡᠭ ᠠᠴᠠ ᠳᠤᠷᠤᠭᠰᠢ 1.3 | ᠭᠷᠠᠳᠦ᠋ᠰ ᠪᠠᠭᠤᠷᠠᠨ᠂ ᠳᠠᠷᠢᠶᠠᠯᠠᠩ ᠤᠨ ᠳᠠᠷᠢᠮᠠᠯ ᠤᠨ ᠭᠠᠮᠰᠢᠭᠳᠠᠭᠰᠡᠨ ᠳᠠᠯᠠᠪᠠᠢ 25012.5 ᠮᠤ᠋ ᠳᠤ ᠬᠦᠷᠴᠤ᠂ 12000 ᠪᠤᠳᠠ ᠪᠤᠭ ᠮᠠᠯ ᠦᠬᠦᠵᠤ | ᠬᠤᠷᠤᠭᠳᠠᠭᠰᠡᠨ ᠪᠠᠶᠢᠨ᠎ᠠ᠃ | 2006 ᠤᠨ ᠤ 9 ᠰᠠᠷ᠎ᠠ ᠶᠢᠨ 9 ~ 11 ᠪᠤᠯᠳᠠᠯ᠎ᠠ᠂ ᠪᠦᠬᠦ ᠬᠤᠰᠢᠭᠤᠨ ᠳᠤ ᠶᠡᠭᠡ ᠬᠡᠪᠴᠢᠶᠡᠨ ᠤ ᠬᠢᠷᠠᠭᠤ ᠬᠦᠯᠳᠡᠯᠳᠠ ᠢᠯᠡᠷᠡᠵᠤ᠂ ᠡᠳᠤᠷ ᠤᠨ ᠭᠠᠵᠠᠷ | ᠤᠨ ᠳᠠᠪᠬᠤᠷᠭ᠎ᠠ ᠶᠢᠨ ᠬᠠᠮᠤᠭ ᠤᠨ ᠳᠤᠤᠷ᠎ᠠ ᠳᠤᠯᠠᠭᠠᠨ ᠤ ᠬᠡᠮᠵᠢᠶ᠎ᠠ 1.9 ᠭᠷᠠᠳᠦ᠋ᠰ ᠪᠠᠶᠢᠵᠤ᠂ 45356 ᠬᠦᠮᠤᠨ ᠭᠠᠮᠰᠢᠭᠳᠠᠨ᠂ ᠳᠠᠷᠢᠶᠠᠯᠠᠩ ᠤᠨ ᠳᠠᠷᠢᠮᠠᠯ ᠤᠨ | ᠭᠠᠮᠰᠢᠭᠳᠠᠭᠰᠡᠨ ᠳᠠᠯᠠᠪᠠᠢ 199185 ᠮᠤ᠋ ᠳᠤ ᠬᠦᠷᠴᠤ᠂ ᠠᠵᠤ ᠠᠬᠤᠢ ᠶᠢᠨ ᠰᠢᠭᠤᠤᠨ ᠬᠤᠬᠢᠷᠠᠯ 4900 ᠲᠦᠮᠡᠨ ᠲᠦᠬᠦᠷᠢᠭ ᠲᠤ ᠬᠦᠷᠴᠠᠢ᠃ | 2008 ᠤᠨ ᠤ 5 ᠰᠠᠷ᠎ᠠ ᠶᠢᠨ 30 ᠤ ᠦᠷᠯᠤᠬᠡ ᠡᠷᠳᠠ᠂ ᠪᠦᠬᠦ ᠬᠤᠰᠢᠭᠤᠨ ᠳᠤ ᠨᠠᠶᠢᠳᠠᠮ ᠨᠡᠯᠢᠶᠡᠤᠨ ᠬᠦᠨᠳᠤ ᠨᠤᠴᠢᠳᠠᠢ ᠳᠤᠤᠷ᠎ᠠ ᠳᠤᠯᠠᠭᠠᠨ ᠤ | ᠰᠡᠷᠢᠬᠦᠨ ᠭᠠᠮᠰᠢᠭ ᠲᠤ ᠳᠤᠬᠢᠶᠠᠯᠳᠤᠵᠤ᠂ ᠡᠳᠤᠷ ᠤᠨ ᠭᠠᠵᠠᠷ ᠤᠨ ᠳᠠᠪᠬᠤᠷᠭ᠎ᠠ ᠶᠢᠨ ᠬᠠᠮᠤᠭ ᠤᠨ ᠳᠤᠤᠷ᠎ᠠ ᠳᠤᠯᠠᠭᠠᠨ ᠤ ᠬᠡᠮᠵᠢᠶ᠎ᠡ ᠳᠡᠭ ᠠᠴᠠ ᠳᠤᠷᠤᠭᠰᠢ 0.5 | ᠭᠷᠠᠳᠦ᠋ᠰ ᠲᠤ ᠬᠦᠷᠴᠤ᠂ 244995 ᠮᠤ᠋ ᠳᠠᠷᠢᠶᠠᠯᠠᠩ ᠤᠨ ᠳᠠᠷᠢᠮᠠᠯ ᠭᠠᠮᠰᠢᠭ ᠲᠤ ᠤᠴᠠᠷᠠᠨ᠂ 2430 ᠡᠷᠤᠬᠡ ᠶᠢᠨ 8740 ᠬᠦᠮᠤᠨ ᠬᠦᠨᠤᠬᠡᠯ ᠳᠤ ᠤᠴᠠᠷᠠᠨ᠂ | ᠠᠵᠤ ᠠᠬᠤᠢ ᠶᠢᠨ ᠰᠢᠭᠤᠤᠨ ᠬᠤᠬᠢᠷᠠᠯ 2500 ᠲᠦᠮᠡᠨ ᠲᠦᠬᠦᠷᠢᠭ ᠲᠤ ᠬᠦᠷᠴᠠᠢ᠃ | | | ᠢᠷᠠᠯᠳᠠ᠄ ᠤᠳᠤᠭ ᠤᠨ ᠡᠮᠤᠨᠡᠳᠤ ᠬᠤᠰᠢᠭᠤᠨ ᠤ ᠤᠶᠢᠯᠠᠯᠭ᠎ᠠ ︵1980 —2009 ᠤᠨ︶ | |