ᠣᠳᠤᠭ ᠤᠨ ᠡᠮᠦᠨᠡᠳᠦ ᠬᠤᠰᠢᠭᠤ ᠡᠯᠡᠰᠦ ᠵᠠᠰᠠᠬᠤ ᠠᠵᠢᠯᠯᠭᠠᠨ ᠢᠶᠠᠨ ᠡᠬᠢᠯᠡᠬᠦᠯᠪᠡ
ᠨᠡᠶᠢᠲᠡᠯᠡᠭᠰᠡᠨ ᠴᠠᠭ᠄
2025/3/24
     3 ᠰᠠᠷ᠎ᠠ ᠶᠢᠨ 20 ᠤ ᠡᠳᠦᠷ᠂ ᠣᠳᠤᠭ ᠤᠨ ᠡᠮᠦᠨᠡᠳᠦ ᠬᠤᠰᠢᠭᠤ 2025 ᠣᠨ ᠤ ᠮᠣᠣᠠᠣᠰᠦ ᠶᠢᠨ ᠡᠯᠡᠰᠦᠷᠬᠡᠭ ᠭᠠᠵᠠᠷ ᠤᠨ ᠲᠦᠪᠯᠡᠷᠡᠩᠭᠦᠢ ᠵᠠᠰᠠᠯᠳᠠ  ᠶᠢᠨ ᠠᠵᠢᠯᠯᠭᠠᠨ ᠢᠶᠠᠨ ᠡᠬᠢᠯᠡᠭᠦᠯᠪᠡ᠃     ᠠᠵᠢᠯᠯᠠᠭᠠᠨ ᠤ ᠠᠬᠤᠢ ᠲᠠᠯᠠᠪᠠᠢ ᠳᠤ᠂ ᠪᠦᠬᠦ ᠬᠤᠰᠢᠭᠤᠨ ᠤ ᠡᠯ᠎ᠡ ᠪᠠᠯᠭᠠᠰᠣ ᠡᠯ᠎ᠡ ᠰᠠᠯᠠᠭ᠎ᠠ ᠮᠦᠴᠢᠷ᠂ ᠡᠯ᠎ᠡ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠵᠢᠴᠢ ᠠᠵᠣ ᠠᠬᠤᠶᠢᠯᠠᠯ ᠤᠨ 8000 ᠭᠠᠷᠣᠢ ᠬᠦᠮᠦᠨ ᠢᠳᠡᠪᠬᠢᠳᠡᠢ ᠣᠷᠣᠯᠴᠠᠨ᠂ ᠣᠯᠠᠨ ᠢᠶᠠᠷ ᠢᠶᠠᠨ ᠬᠦᠴᠦᠨ ᠢᠶᠠᠨ ᠬᠠᠮᠳᠣᠳᠬᠠᠨ ᠡᠯᠡᠰᠦᠷᠬᠡᠭ ᠭᠠᠵᠠᠷ ᠤᠨ ᠵᠠᠰᠠᠯᠳᠠ ᠳᠤ ᠬᠦᠴᠦᠨ ᠨᠡᠮᠡᠷᠢᠯᠡᠪᠡ᠃     ᠲᠣᠰ ᠣᠳᠠᠭᠠᠨ ᠤ ᠲᠦᠪᠯᠡᠷᠡᠩᠭᠦᠢ ᠵᠠᠰᠠᠯᠳᠠ ᠶᠢᠨ ᠠᠵᠢᠯᠯᠠᠭᠠᠨ ᠨᠢ ᠢᠨᠵᠧᠨᠧᠷᠢᠩ ᠢᠶᠠᠷ ᠡᠯᠡᠰᠦ ᠶᠢ ᠲᠣᠭᠳᠠᠪᠦᠷᠢᠵᠢᠭᠤᠯᠬᠤ ᠪᠠ ᠪᠣᠳᠠᠯᠢᠭ ᠡᠪᠡᠰᠦ ᠶᠢ ᠣᠶᠠᠯᠳᠣᠭᠤᠯᠣᠨ ᠵᠠᠰᠠᠵᠣ᠂ ︽ᠠᠵᠣ ᠠᠬᠤᠶᠢᠯᠠᠯ + ᠮᠠᠯᠴᠢᠨ ᠲᠠᠷᠢᠶᠠᠴᠢᠨ︾᠂ ︽ᠬᠤᠷᠰᠢᠶᠠᠵᠢᠯ + ᠮᠠᠯᠴᠢᠨ ᠲᠠᠷᠢᠶᠠᠴᠢᠨ︾ ᠤ ᠠᠷᠭ᠎ᠠ ᠠᠪᠴᠠᠯ ᠢᠶᠠᠷ ᠪᠦᠬᠦ ᠨᠡᠶᠢᠭᠡᠮ ᠢ ᠲᠠᠶᠢᠴᠢᠯᠠᠨ ᠡᠯᠡᠰᠦ ᠵᠠᠰᠠᠯᠳᠠ ᠳᠤ ᠣᠷᠣᠯᠴᠠᠭᠤᠯᠣᠨ᠂ ᠪᠣᠳᠠᠳᠦ ᠠᠵᠢᠯᠯᠠᠭ᠎ᠠ ᠪᠠᠷ ᠢᠶᠠᠨ ᠪᠣᠬᠢᠷᠳᠣᠯ ᠦᠭᠡᠢ ᠬᠦᠭᠵᠢᠯᠳᠡ ᠶᠢᠨ ᠣᠨᠣᠯ ᠢ ᠦᠢᠯᠡᠳᠦᠯᠭᠡᠵᠢᠭᠦᠯᠵᠣ᠂ ᠮᠠᠨ ᠤ ᠣᠯᠣᠰ ᠤᠨ ᠣᠮᠠᠷᠠᠳᠦ ᠶᠢᠨ ᠴᠢᠬᠤᠯᠠ ᠠᠮᠢ ᠠᠬᠤᠢ ᠶᠢᠨ ᠠᠮᠣᠷ ᠲᠦᠪᠰᠢᠨ ᠤ ᠬᠠᠯᠬᠠᠪᠴᠢ ᠶᠢ ᠪᠠᠬᠢᠵᠢᠭᠦᠯᠬᠦ ᠳᠤ ᠬᠦᠴᠦᠨ ᠢᠶᠠᠨ ᠨᠡᠮᠡᠷᠢᠯᠡᠭᠰᠡᠨ ᠪᠠᠶᠢᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ