ᠲᠦᠷᠭᠡᠨ ᠴᠢᠨᠠᠷᠲᠠᠢ ᠬᠡᠢ ᠳᠦᠭᠦᠷᠬᠦ᠄ ᠡᠪᠦᠯ ᠤᠨ ᠤᠯᠠᠷᠢᠯ ᠳᠤ ᠬᠠᠰᠢᠶᠠᠯᠠᠨ ᠲᠡᠵᠢᠭᠡᠬᠦ ᠦᠶ᠎ᠡ ᠳᠤ ᠣᠷᠳᠣ ᠬᠤᠭᠤᠴᠠᠭ᠎ᠠ ᠪᠠᠷ ᠬᠠᠭᠤᠷᠠᠢ ᠡᠪᠡᠰᠦ ᠲᠡᠵᠢᠭᠡᠳᠡᠭ | ᠪᠣᠯᠬᠤᠷ᠂ ᠬᠤᠨᠢ ᠢᠮᠠᠭ᠎ᠠ ᠬᠠᠪᠤᠷ ᠤᠨ ᠤᠯᠠᠷᠢᠯ ᠳᠤ ᠬᠠᠶᠠ ᠬᠥᠬᠡ ᠡᠪᠡᠰᠦ ᠢᠳᠡᠪᠡᠯ ᠠᠮᠠᠷᠬᠠᠨ ᠬᠡᠲᠦᠷᠡᠲᠡᠯ᠎ᠡ ᠢᠳᠡᠴᠢᠬᠡᠳᠡᠭ᠃ ᠬᠥᠬᠡ ᠡᠪᠡᠰᠦ ᠬᠤᠳᠣᠭᠤᠳᠤᠨ ᠳᠤ | ᠮᠠᠰᠢ ᠲᠦᠷᠭᠡᠨ ᠢᠰᠴᠦ᠂ ᠶᠡᠭᠡ ᠬᠡᠮᠵᠢᠶᠡᠨ ᠤ ᠬᠡᠢ ᠪᠡᠶᠡᠲᠦ ᠡᠭᠦᠰᠬᠡᠵᠦ᠂ ᠬᠤᠨᠢᠨ ᠤ ᠭᠦᠵᠡᠭᠡ ᠶᠢ ᠲᠡᠯᠡᠳᠡᠭ᠂ ᠬᠡᠷᠪᠡ ᠴᠠᠭ ᠲᠤᠬᠠᠢ ᠳᠤᠨᠢ ᠠᠪᠤᠷᠠᠬᠤ ᠦᠭᠡᠢ ᠪᠤᠶᠤ | ᠠᠪᠤᠷᠠᠬᠤ ᠠᠷᠭ᠎ᠠ ᠨᠢ ᠵᠣᠬᠢᠰ ᠦᠭᠡᠢ ᠪᠣᠯ ᠬᠤᠨᠢ ᠦᠬᠦᠳᠡᠭ ᠪᠠᠶᠢᠨ᠎ᠠ᠃ ᠡᠮᠨᠡᠨ ᠵᠠᠰᠠᠬᠤ ᠠᠷᠭ᠎ᠠ᠄ ᠤᠳᠠ ᠮᠣᠳᠣᠨ ᠤ ᠰᠢᠳᠠᠮ ᠢ ᠬᠤᠨᠢᠨ ᠤ ᠠᠮᠠᠨ ᠳᠤ ᠵᠠᠭᠤᠯᠭᠠᠵᠤ᠂ | ᠬᠤᠶᠠᠷ ᠦᠵᠦᠭᠦᠷ ᠢ ᠨᠢ ᠳᠡᠭᠡᠰᠦ ᠪᠠᠷ ᠬᠤᠨᠢᠨ ᠤ ᠲᠣᠯᠣᠭᠠᠢ ᠳᠤ ᠤᠶᠠᠵᠤ᠂ ᠬᠤᠨᠢ ᠶᠢ ᠵᠠᠵᠢᠯᠤᠭᠤᠯᠬᠤ ᠶᠢᠨ ᠬᠠᠮᠲᠤ ᠭᠠᠷ ᠢᠶᠠᠷ ᠢᠶᠠᠨ ᠴᠡᠭᠡᠵᠢᠨ ᠤ ᠵᠡᠭᠦᠨ | ᠬᠡᠰᠡᠭ ᠢ ᠨᠢ ᠢᠯᠢᠵᠦ ᠨᠤᠬᠤᠯᠠᠨ᠂ ᠬᠡᠶᠢᠯᠡᠬᠦ ᠳᠤᠨᠢ ᠲᠤᠰᠠᠯᠠᠨ᠎ᠠ᠃ ᠪᠠᠰᠠ 5 — 10 ᠭᠤᠳᠣᠯᠢ ᠶᠠᠩᠵᠤᠤᠷ ᠲᠠᠮᠠᠬᠢ ᠶᠢ ᠵᠠᠳᠠᠯᠵᠤ᠂ ᠬᠤᠶᠠᠷ ᠤᠳᠠᠭ᠎ᠠ ᠬᠤᠪᠢᠶᠠᠨ | ᠬᠤᠨᠢᠨ ᠳᠤ ᠢᠳᠡᠭᠦᠯᠦᠨ᠎ᠡ᠂ ᠢᠯᠡᠷᠡᠯ ᠨᠢ ᠬᠥᠩᠭᠡᠨ ᠬᠤᠨᠢ ᠲᠠᠮᠠᠬᠢ ᠢᠳᠡᠭᠰᠡᠨ ᠤ ᠳᠠᠷᠠᠭ᠎ᠠ ᠨᠢᠭᠡ ᠴᠠᠭ ᠤᠨ ᠳᠣᠲᠣᠷ᠎ᠠ ᠡᠳᠡᠭᠡᠷᠡᠴᠢᠬᠡᠨ᠎ᠡ᠂ ᠪᠠᠰᠠ ᠰᠢᠨ᠎ᠡ ᠰᠣᠷᠭᠤᠭ | ᠡᠪᠡᠰᠦ ᠮᠣᠳᠣᠨ ᠤ ᠦᠨᠡᠰᠦ 10 — 20 ᠭᠷᠡᠮ ᠢ 50 — 100 ᠮᠢᠯᠢᠯᠢᠳ᠋ᠷ ᠤᠷᠭᠤᠮᠠᠯ ᠤᠨ ᠲᠣᠰᠣ ᠲᠠᠢ ᠬᠤᠯᠢᠵᠤ ᠤᠤᠭᠤᠯᠭᠠᠵᠤ ᠪᠣᠯᠣᠨ᠎ᠠ᠃ ᠬᠡᠷᠪᠡ | ᠳᠡᠭᠡᠷᠡᠬᠢ ᠠᠷᠭ᠎ᠠ ᠶᠢ ᠬᠡᠷᠡᠭᠯᠡᠭᠰᠡᠨ ᠴᠦ ᠲᠤᠰᠠ ᠭᠠᠷᠬᠤ ᠦᠭᠡᠢ ᠪᠣᠯ ᠮᠠᠯ ᠤᠨ ᠡᠮᠴᠢ ᠪᠠᠷ ᠵᠡᠭᠦᠦ ᠬᠠᠳᠬᠤᠭᠤᠯᠤᠨ ᠬᠡᠢ ᠶᠢ ᠨᠢ ᠲᠠᠯᠪᠢᠬᠤ ᠬᠡᠷᠡᠭᠲᠡᠢ᠃ | ᠬᠤᠣᠷᠳᠠᠯᠭ᠎ᠠ᠄ ᠬᠤᠨᠢ ᠢᠮᠠᠭ᠎ᠠ ᠲᠠᠷᠢᠶᠠᠯᠠᠩ ᠤᠨ ᠡᠮ ᠳᠤ ᠪᠣᠬᠢᠷᠲᠤᠭᠰᠠᠨ ᠬᠥᠬᠡ ᠡᠪᠡᠰᠦ᠂ ᠬᠤᠣᠷᠲᠤ ᠬᠡᠭᠡᠷ᠎ᠡ ᠶᠢᠨ ᠨᠣᠭᠤᠭ᠎ᠠ ᠵᠡᠷᠭᠡ ᠶᠢ ᠢᠳᠡᠪᠡᠯ | ᠬᠤᠣᠷᠳᠠᠭᠳᠠᠨ᠎ᠠ᠃ ᠡᠮᠨᠡᠨ ᠵᠠᠰᠠᠬᠤ ᠠᠷᠭ᠎ᠠ᠄ ᠤᠷᠢᠳ ᠢᠶᠠᠷ ᠬᠢᠲᠤᠭ᠎ᠠ ᠪᠠᠷ ᠬᠤᠨᠢᠨ ᠤ ᠴᠢᠬᠢᠨ ᠤ ᠢᠷᠮᠡᠭ ᠢ ᠴᠤᠭᠤᠯᠬᠤ ᠪᠤᠶᠤ ᠬᠤᠨᠢᠨ ᠤ ᠠᠮᠠᠨ ᠳᠤ ᠮᠣᠳᠣᠨ | ᠰᠢᠳᠠᠮ ᠵᠠᠭᠤᠯᠭᠠᠵᠤ᠂ ᠬᠤᠣᠷᠲᠤ ᠰᠢᠩᠭᠡᠨ ᠢ ᠰᠢᠯᠦᠰᠦᠨ ᠤ ᠳᠠᠭᠠᠤ ᠭᠠᠳᠠᠭᠰᠢᠯᠠᠭᠤᠯᠵᠤ᠂ ᠳᠠᠷᠠᠭ᠎ᠠ ᠨᠢ 5 ᠥᠨᠳᠡᠭᠡᠨ ᠤ ᠴᠠᠭᠠᠨ ᠢ ᠤᠤᠭᠤᠯᠭᠠᠬᠤ ᠶᠢᠨ ᠬᠠᠮᠲᠤ | ᠠᠷᠠᠰᠤᠨ ᠳᠣᠣᠷ᠎ᠠ ᠠᠳ᠋ᠷᠤᠫᠢᠨ ᠢ 2 — 5 ᠮᠢᠯᠢᠯᠢᠳ᠋ᠷ ᠲᠠᠷᠢᠨ᠎ᠠ᠃ | ᠬᠢᠮᠤᠷᠠᠭ᠎ᠠ᠄ ᠬᠠᠪᠤᠷ ᠤᠨ ᠤᠯᠠᠷᠢᠯ ᠳᠤ ᠭᠡᠨᠡᠳᠲᠡ ᠬᠠᠯᠠᠭᠤᠨ ᠭᠡᠨᠡᠳᠲᠡ ᠬᠦᠢᠲᠡᠷᠡᠵᠦ᠂ ᠬᠤᠨᠢ ᠢᠮᠠᠭ᠎ᠠ ᠠᠮᠠᠷᠬᠠᠨ ᠬᠢᠮᠤᠷᠠᠨ᠎ᠠ᠃ ᠡᠮᠨᠡᠨ ᠵᠠᠰᠠᠬᠤ ᠠᠷᠭ᠎ᠠ᠄ | ᠡᠪᠡᠳᠴᠢᠨ ᠲᠠᠢ ᠬᠤᠨᠢᠨ ᠳᠤ ᠠᠮᠢᠨᠤᠫᠢᠷᠢᠨ ᠪᠤᠶᠤ ᠠᠨᠨᠠᠢ ᠣᠷᠴᠢᠮ ᠤᠨ 5 — 10 ᠮᠢᠯᠢᠯᠢᠳ᠋ᠷ᠂ ᠫᠧᠨᠢᠼᠢᠯᠢᠨ 160 ᠲᠦᠮᠡᠨ ᠣᠯᠠᠨ ᠤᠯᠤᠰ ᠤᠨ ᠨᠢᠭᠡᠴᠢ᠂ | ᠯᠢᠶᠠᠨ ᠮᠧᠶ ᠰᠦ 50 ᠲᠦᠮᠡᠨ ᠣᠯᠠᠨ ᠤᠯᠤᠰ ᠤᠨ ᠨᠢᠭᠡᠴᠢ᠂ ᠪᠠᠰᠠ ᠲᠦᠭᠦᠬᠡᠢ ᠭᠠ 100 ᠭᠷᠡᠮ᠂ ᠰᠣᠩᠭᠢᠨ᠎ᠠ 2 ᠶᠢ ᠨᠢᠴᠠᠯᠤᠨ ᠴᠢᠨᠠᠵᠤ᠂ 50 — 100 | ᠭᠷᠡᠮ ᠪᠤᠷᠠᠮ ᠨᠡᠮᠡᠵᠦ ᠡᠳᠦᠷ ᠲᠤ 2 ᠤᠳᠠᠭ᠎ᠠ ᠤᠤᠭᠤᠯᠭᠠᠵᠤ᠂ ᠵᠠᠯᠭᠠᠭᠠᠳ 2 ᠡᠳᠦᠷ ᠤᠤᠭᠤᠯᠭᠠᠨ᠎ᠠ᠃ | ᠰᠠᠭᠤᠯᠭᠠᠬᠤ᠄ ᠬᠠᠪᠤᠷ ᠤᠨ ᠤᠯᠠᠷᠢᠯ ᠳᠤ ᠬᠤᠨᠢ ᠢᠮᠠᠭ᠎ᠠ ᠭᠡᠨᠡᠳᠲᠡ ᠬᠥᠬᠡ ᠡᠪᠡᠰᠦ ᠢᠳᠡᠪᠡᠯ᠂ ᠬᠤᠳᠣᠭᠤᠳᠤ ᠭᠡᠳᠡᠰᠦ ᠳᠠᠳᠬᠤ ᠦᠭᠡᠢ ᠪᠠᠶᠢᠵᠤ᠂ ᠠᠮᠠᠷᠬᠠᠨ | ᠰᠠᠭᠤᠯᠭᠠᠨ᠎ᠠ᠃ ᠵᠠᠰᠠᠬᠤ ᠠᠷᠭ᠎ᠠ᠄ ᠬᠥᠬᠡ ᠡᠪᠡᠰᠦ᠂ ᠬᠠᠭᠤᠷᠠᠢ ᠡᠪᠡᠰᠦ ᠶᠢ ᠬᠠᠪᠰᠤᠷᠭᠠᠨ ᠲᠡᠵᠢᠭᠡᠵᠦ᠂ ᠬᠤᠨᠢᠨ ᠤ ᠬᠤᠳᠣᠭᠤᠳᠤ ᠭᠡᠳᠡᠰᠦ ᠶᠢ ᠠᠭᠠᠵᠢᠮ ᠢᠶᠠᠷ | ᠵᠣᠬᠢᠴᠠᠭᠤᠯᠤᠨ᠎ᠠ᠃ ᠰᠠᠭᠤᠯᠭᠠᠭᠰᠠᠨ ᠤ ᠳᠠᠷᠠᠭ᠎ᠠ ᠬᠤᠨᠢᠨ ᠳᠤ ᠭᠧᠨ᠋ᠲ᠋ᠠᠮᠢᠼᠢᠨ ᠤᠤᠭᠤᠯᠭᠠᠨ᠎ᠠ᠃ | ᠮᠥᠯᠵᠢᠭᠦᠷ ᠬᠤᠷᠣᠬᠠᠢ ᠶᠢᠨ ᠡᠪᠡᠳᠴᠢᠨ᠄ ᠬᠠᠪᠤᠷ ᠤᠨ ᠤᠯᠠᠷᠢᠯ ᠳᠤ᠂ ᠬᠤᠨᠢ ᠢᠮᠠᠭ᠎ᠠ ᠪᠡᠯᠴᠢᠭᠡᠷᠯᠡᠬᠦ ᠶᠠᠪᠤᠴᠠ ᠳᠠᠭᠠᠨ ᠨᠠᠭᠤᠷ ᠤᠨ ᠤᠰᠤ᠂ ᠪᠤᠵᠠᠷ ᠡᠪᠡᠰᠦ | ᠢᠳᠡᠵᠦ᠂ ᠮᠥᠯᠵᠢᠭᠦᠷ ᠬᠤᠷᠣᠬᠠᠢ ᠶᠢᠨ ᠡᠪᠡᠳᠴᠢᠨ ᠳᠤ ᠠᠮᠠᠷᠬᠠᠨ ᠨᠡᠷᠪᠡᠭᠳᠡᠨ᠎ᠡ᠃ ᠡᠶᠢᠮᠦ ᠠᠴᠠ 3 — 4 ᠰᠠᠷ᠎ᠠ ᠳᠤ ᠬᠤᠨᠢᠨ ᠰᠦᠷᠦᠭ ᠤᠨ ᠬᠤᠷᠣᠬᠠᠢ ᠶᠢ | ᠬᠥᠭᠡᠭᠡᠬᠦ ᠬᠡᠷᠡᠭᠲᠡᠢ᠃ | ᠬᠤᠷᠣᠬᠠᠢ ᠬᠥᠭᠡᠭᠡᠬᠦ ᠠᠷᠭ᠎ᠠ᠄ ᠪᠡᠶ᠎ᠡ ᠶᠢᠨ ᠳᠣᠲᠣᠷᠠᠬᠢ ᠮᠥᠯᠵᠢᠭᠦᠷ ᠬᠤᠷᠣᠬᠠᠢ ᠶᠢ ᠬᠥᠭᠡᠭᠡᠬᠦ ᠳᠤ ᠵᠡᠭᠦᠨ ᠡᠷᠭᠢᠯᠭᠡᠲᠦ ᠢᠮᠢᠳᠠᠽᠤᠯ᠂ ᠤᠯᠠᠭᠠᠨ ᠬᠦᠬᠦᠷ | ᠢᠮᠢᠳᠠᠽᠤᠯ᠂ ᠬᠤᠷᠣᠬᠠᠢ ᠠᠯᠠᠬᠤ ᠤᠳᠤᠨ ᠵᠡᠷᠭᠡ ᠡᠮ ᠢ ᠬᠡᠷᠡᠭᠯᠡᠨ᠎ᠡ᠃ ᠪᠡᠶ᠎ᠡ ᠶᠢᠨ ᠭᠠᠳᠠᠨᠠᠬᠢ ᠮᠥᠯᠵᠢᠭᠦᠷ ᠬᠤᠷᠣᠬᠠᠢ ᠶᠢ ᠬᠥᠭᠡᠭᠡᠬᠦ ᠳᠤ ᠳ᠋ᠢ ᠪᠠᠢ ᠴᠥᠩ ᠲᠠᠢ | ᠪᠦᠯᠢᠶᠡᠨ ᠤᠰᠤ ᠪᠠᠷ ᠬᠤᠨᠢ ᠶᠢ ᠤᠬᠢᠶᠠᠬᠤ ᠪᠤᠶᠤ ᠱᠢ ᠽᠣᠣ ᠱᠠ ᠡᠦ ᠳ᠋ᠢ ᠨᠤᠨᠳᠠᠭ ᠵᠡᠷᠭᠡ ᠡᠮ ᠢ ᠬᠡᠷᠡᠭᠯᠡᠨ᠎ᠡ᠃ |