| —— ᠠ᠊ ᠰᠠᠶᠢᠨᠵᠢᠷᠭᠠᠯ | | | ᠬᠦᠮᠦᠨ ᠤ ᠨᠢᠭᠡ ᠨᠠᠰᠤᠨ ᠳᠤ ᠪᠠᠨ ᠶᠠᠪᠤᠵᠦ ᠦᠡᠭᠭᠡᠷᠡᠬᠦᠯᠦᠭᠰᠡᠨ ᠵᠠᠮ ᠮᠦᠷ ᠪᠠᠯᠠᠷ ᠬᠦᠳᠡᠭᠡ ᠶᠢᠨ ᠲᠤᠮᠳᠠᠭᠤᠷ ᠰᠦᠯᠵᠢᠯᠳᠤᠨ ᠲᠤᠤᠷᠯᠠᠭᠰᠡᠨ ᠲᠠᠤᠯᠠᠢ ᠶᠢᠨ | ᠵᠢᠮ ᠮᠡᠳᠤ ᠰᠠᠨᠠᠭᠳᠠᠨ᠎ᠡ᠃ ᠵᠠᠷᠢᠮ ᠨᠢ ᠡᠪᠡᠰᠤᠨ ᠲᠡᠭᠡᠬᠦᠷ ᠰᠠᠯᠭᠢ ᠰᠢᠭ᠋ ᠰᠡᠪᠢᠯᠵᠡᠨ ᠦᠡᠭᠭᠡᠷᠡᠵᠦ ᠪᠠᠶᠢᠬᠤ ᠳᠤ ᠵᠠᠷᠢᠮ ᠨᠢ ᠰᠢᠷ᠎ᠡ ᠮᠠᠩᠬᠠᠨ ᠲᠡᠭᠡᠷ᠎ᠡ ᠮᠦᠷ ᠢᠶᠠᠨ | ᠳᠤᠷᠠᠶᠢᠳᠠᠯᠠ ᠦᠯᠡᠳᠡᠭᠡᠨ ᠤᠳᠤᠭᠰᠡᠨ ᠪᠠᠶᠢᠳᠠᠭ᠃ ᠵᠠᠷᠢᠮ ᠨᠢ ᠴᠠᠶᠢᠳᠠᠮ ᠵᠢᠯᠠᠭ᠎ᠠ ᠪᠠᠨ ᠲᠠᠭᠠᠵᠦ ᠠᠷᠭᠠᠮᠵᠢᠶᠠᠨ ᠤ ᠮᠤᠷᠢ ᠰᠢᠭ᠋ ᠡᠷᠬᠢᠯᠳᠦᠵᠦ ᠪᠠᠶᠢᠬᠤ ᠳᠤ ᠵᠠᠷᠢᠮ ᠨᠢ | ᠮᠠᠩᠬᠠᠨ ᠲᠤᠪᠤᠴᠠᠭ ᠰᠢᠯᠢ ᠶᠢᠨ ᠤᠷᠤᠢ ᠲᠠᠪᠠᠭᠠᠳ ᠲᠡᠷᠳᠡᠭᠡ ᠬᠤᠯᠠ ᠳᠤ ᠤᠳᠤᠭᠰᠠᠨ ᠪᠠᠶᠢᠳᠠᠭ᠃ ᠡᠳᠡᠭᠡᠷ ᠵᠠᠮ ᠤᠳ ᠦᠪᠡᠷ ᠦᠪᠡᠷ ᠤᠨ ᠭᠡᠯᠪᠡᠷᠢ ᠲᠦᠷᠬᠦ ᠪᠠᠷ | ᠢᠶᠠᠨ ᠶᠠᠮᠠᠷ ᠨᠢᠭᠡᠨ ᠴᠠᠭ ᠲᠤ ᠶᠠᠮᠠᠷ ᠨᠢᠭᠡᠨ ᠭᠠᠵᠠᠷ ᠤᠷᠤᠨ ᠵᠡᠢ ᠳᠤ ᠴᠢᠮ᠎ᠡ ᠲᠠᠢ ᠬᠠᠯᠵᠠ ᠮᠦᠷᠬᠦᠯᠳᠦᠵᠦ᠂ ᠴᠢᠮ᠎ᠡ ᠲᠠᠢ ᠲᠡᠪᠡᠷᠢᠯᠳᠤᠨ ᠵᠤᠯᠭᠠᠵᠦ᠂ ᠡᠷᠭᠢᠭᠡᠳ | ᠴᠢᠮ᠎ᠡ ᠶᠢ ᠲᠠᠭᠠᠭᠤᠯᠤᠨ ᠠᠶᠠᠨ ᠤ ᠵᠠᠮ ᠢᠶᠠᠨ ᠲᠠᠬᠢᠭᠠᠳ ᠯᠠ ᠡᠯᠬᠦᠴᠢᠭᠡᠳᠡᠭ᠃ ᠵᠠᠷᠢᠮ ᠳᠤ ᠪᠠᠨ ᠲᠡᠭᠡᠵᠦ ᠶᠠᠪᠤᠭᠰᠠᠭᠠᠷ ᠪᠠᠶᠢᠳᠠᠯ᠎ᠠ ᠪᠠᠯᠠᠷ ᠡᠯᠡᠰᠤᠨ ᠤ ᠲᠤᠮᠳᠠᠭᠢ | ᠤᠢ ᠪᠤᠷᠭᠠᠰᠤ ᠤᠷᠤᠭᠤ ᠤᠷᠤᠭᠠᠳ ᠰᠢᠩᠭᠡᠴᠢᠭᠡᠳᠡᠭ᠃ ᠵᠠᠷᠢᠮ ᠳᠤ ᠪᠠᠨ ᠲᠠᠤᠯᠠᠢ ᠶᠢᠨ ᠵᠢᠮ ᠢ ᠲᠠᠭᠠᠵᠦ ᠶᠠᠪᠤᠭᠰᠠᠭᠠᠷ ᠪᠠᠶᠢᠳᠠᠯ᠎ᠠ ᠬᠤᠨᠢᠨ ᠤ ᠴᠤᠪᠤᠭ᠎ᠠ ᠵᠠᠮ ᠲᠠᠢ | ᠨᠡᠶᠢᠯᠡᠬᠡᠤᠨ ᠤᠯᠠᠮ ᠶᠠᠪᠤᠭᠰᠠᠭᠠᠷ ᠲᠡᠷᠭᠡ ᠬᠠᠰᠠᠭ ᠤᠨ ᠵᠠᠮ ᠴᠤ ᠲᠠᠭᠠᠷᠠᠯᠳᠤᠭᠠᠳ ᠬᠤᠯᠠ ᠭᠠᠵᠠᠷ ᠠᠶᠠᠯᠠᠨ ᠤᠤᠨᠳᠠᠭ ᠢ ᠶᠠᠭᠠᠬᠢᠨ᠎ᠡ᠃ | ᠪᠢ ᠭᠡᠳᠡᠭ ᠬᠦᠮᠦᠨ ᠭᠤᠴᠢ ᠭᠠᠷᠤᠢ ᠵᠢᠯ ᠠᠯᠪᠠᠨ ᠤ ᠠᠵᠢᠯ ᠦᠢᠯᠡᠰ ᠲᠤ ᠡᠷᠳᠡᠯᠡᠵᠦ ᠤᠷᠤᠶᠢᠯᠠᠨ ᠮᠠᠬᠠᠷᠠᠵᠦ ᠵᠢᠳᠬᠦᠵᠦ ᠶᠠᠪᠤᠭᠰᠡᠨ ᠪᠤᠯᠪᠠᠴᠤ ᠤᠳᠤᠭ ᠤᠨ | ᠪᠠᠷᠠᠭᠤᠨ ᠵᠠᠬ᠎ᠠ ᠶᠢᠨ ᠬᠤᠶᠠᠷ ᠰᠤᠮᠤ ᠪᠠᠯᠭᠠᠰᠤ᠂ ᠭᠡᠳᠤᠨ ᠠᠯᠪᠠᠨ ᠪᠠᠶᠢᠭᠤᠯᠭ᠎ᠠ ᠶᠢᠨ ᠲᠤᠮᠳᠠ ᠨᠤᠳᠤᠭ ᠢᠶᠠᠨ ᠮᠠᠨᠠᠵᠦ ᠰᠢᠪᠠᠭ ᠪᠤᠷᠭᠠᠰᠤ ᠪᠠᠨ ᠲᠤᠭᠤᠷᠢᠠᠠᠰᠡᠨ | ᠬᠦᠳᠡᠭᠡ ᠶᠢᠨ ᠪᠤᠷᠤ ᠲᠠᠤᠯᠠᠢ ᠰᠢᠭ᠋ ᠡᠷᠬᠢᠯᠳᠦᠭᠰᠡᠭᠡᠷ ᠪᠠᠶᠢᠵᠤ ᠬᠠᠭᠠᠰ ᠨᠠᠰᠤ ᠪᠠᠨ ᠡᠯᠡᠭᠡᠴᠢᠭᠡᠭᠰᠡᠨ ᠲᠡᠳᠤᠢ᠃ ᠭᠠᠯ ᠵᠠᠯᠠᠭᠤ ᠶᠢᠨ ᠴᠠᠭ ᠲᠤ ᠤᠳᠤ ᠰᠢᠭ᠋ | ᠬᠢᠯᠠᠯᠵᠠᠵᠦ ᠰᠤᠮᠤ ᠰᠢᠭ᠋ ᠰᠢᠭᠤᠷᠴᠤ ᠲᠡᠯᠡᠭᠡᠢ ᠶᠢ ᠲᠤᠭᠤᠷᠢᠵᠦ ᠶᠡᠭᠡ ᠦᠢᠯᠡ ᠪᠦᠳᠦᠭᠡᠨ᠎ᠡ ᠭᠡᠮᠡᠨ ᠤᠮᠤᠭᠯᠠᠩ ᠰᠠᠭᠰᠠᠭᠤ ᠶᠠᠪᠤᠭᠰᠡᠨ ᠴᠤ ᠡᠴᠤᠰ ᠲᠤ ᠪᠠᠨ ᠨᠤᠳᠤᠭ | ᠢᠶᠠᠨ ᠲᠤᠭᠤᠷᠢᠠᠠᠰᠡᠨ ᠲᠡᠷᠡ ᠲᠠᠤᠯᠠᠢ ᠶᠢᠨ ᠵᠢᠮ ᠤᠨ ᠪᠢᠳᠡᠬᠦᠦ ᠴᠠᠭᠠᠷᠢᠭ ᠠᠴᠠ ᠰᠠᠯᠵᠦ ᠵᠠᠶᠢᠳᠠᠵᠤ ᠴᠢᠳᠠᠭ᠎ᠠ ᠦᠭᠡᠢ᠂ ᠲᠡᠷᠳᠡᠭᠡ ᠠᠭᠤᠯᠠ ᠶᠢ ᠲᠠᠪᠠᠵᠦ᠂ ᠲᠡᠭᠷᠢ ᠶᠢᠨ | ᠬᠠᠶᠠᠭᠠᠨ ᠳᠤ ᠬᠦᠷᠳᠡᠭ ᠲᠡᠷᠳᠡᠩ ᠰᠠᠷᠠᠭᠤᠯ ᠵᠠᠮ ᠢ ᠴᠤ ᠡᠷᠢᠵᠦ ᠤᠯᠤᠭ᠎ᠠ ᠦᠭᠡᠢ᠂ ᠵᠦᠪᠭᠡᠨ ᠯᠠ ᠬᠤᠨᠢᠨ ᠤ ᠵᠦᠷᠢᠭ᠂ ᠨᠤᠳᠤᠭ ᠤᠨ ᠰᠢᠷ᠎ᠡ ᠵᠠᠮ ᠢ ᠲᠠᠭᠠᠵᠦ᠂ | ᠦᠪᠡᠷ ᠤᠨ ᠲᠠᠭᠤᠤ ᠪᠠᠨ ᠲᠠᠭᠤᠯᠠᠨ᠂ ᠦᠪᠡᠷ ᠨᠢ ᠦᠪᠡᠷ ᠲᠤ ᠪᠠᠨ ᠬᠠᠭᠠᠨ ᠶᠤᠮ ᠰᠢᠭ᠋ ᠨᠢᠭᠡ ᠯᠠ ᠶᠡᠭᠡ ᠢᠳᠡᠭᠡᠯ ᠤᠮᠤᠭ ᠲᠠᠢ ᠵᠠᠮᠨᠠᠭᠰᠠᠭᠠᠷ ᠪᠠᠶᠢᠵᠤ ᠡᠳᠦᠭᠡ ᠳᠤ | ᠬᠦᠷᠦᠯ᠎ᠡ᠃ ᠠᠷᠤᠨᠰᠢ ᠪᠠᠨ ᠬᠠᠷᠠᠪᠠᠯ ᠲᠤᠭᠤᠰᠤ ᠮᠠᠨᠠᠷᠠᠭᠰᠡᠨ ᠨᠤᠳᠤᠭ ᠤᠨ ᠰᠢᠷ᠎ᠡ ᠵᠠᠮ ᠲᠡᠨᠳᠡ ᠪᠠᠨ ᠵᠤᠷᠠᠶᠢᠭᠰᠡᠨ ᠭᠡᠪ ᠢᠶᠠᠷ᠃ ᠤᠳᠤᠭ ᠤᠨ ᠪᠠᠷᠠᠭᠤᠨ ᠵᠠᠬ᠎ᠠ ᠶᠢᠨ | ᠠᠭᠤᠯᠠ ᠲᠤᠯᠤᠭᠠᠳ᠂ ᠰᠢᠯᠢ ᠬᠦᠳᠡᠭᠡ᠂ ᠪᠠᠯᠠᠷ ᠮᠠᠩᠬ᠎ᠠ᠂ ᠤᠰᠤ ᠵᠠᠳᠠᠭᠠᠢ᠂ ᠨᠠᠭᠤᠷ ᠪᠦᠷᠢᠳᠤ ᠭᠡᠪ ᠢᠶᠠᠷ ᠢᠶᠠᠨ᠂ ᠤᠴᠠᠷᠠᠭᠰᠠᠨ ᠲᠠᠨᠢᠯᠴᠠᠭᠰᠡᠨ᠂ ᠤᠴᠠᠷᠠᠭ᠎ᠠ | ᠦᠭᠡᠢ ᠲᠠᠨᠢᠯᠴᠠᠭᠠ ᠦᠭᠡᠢ ᠬᠦᠮᠦᠨ ᠠᠷᠠᠳ ᠨᠢ ᠵᠠᠩᠭᠠᠷ ᠢᠶᠠᠨ᠂ ᠨᠢᠭᠡ ᠶᠡᠭᠡ ᠢᠳᠡᠴᠢᠭᠡᠮᠡᠷ ᠤᠤᠭᠤᠴᠢᠬᠠᠮᠠᠷ᠂ ᠬᠤᠷᠤᠮ ᠲᠡᠳᠤᠢ ᠵᠠᠶᠢᠳᠠᠬᠤ ᠶᠢᠨ ᠠᠷᠭ᠎ᠠ ᠦᠭᠡᠢ | ᠬᠠᠯᠠᠭᠤᠨ ᠲᠤᠳᠤᠨᠤ ᠨᠠᠶᠢᠵᠠ ᠬᠠᠨᠢ ᠭᠡᠮᠡᠷ ᠭᠡᠨ ᠨᠢᠭᠡᠨ ᠴᠤ ᠬᠤᠪᠤᠷᠬᠠᠨ᠂ ᠨᠢᠭᠡ ᠯᠠ ᠶᠡᠭᠡ ᠬᠤᠷᠤᠰᠴᠤ ᠭᠤᠮᠤᠳᠠᠵᠦ᠂ ᠵᠢᠭᠰᠢᠵᠦ ᠭᠤᠯᠤᠵᠦ᠂ ᠦᠵᠡᠪᠡᠯ | ᠤᠷᠠᠯᠴᠠᠮᠠᠷ ᠬᠠᠷᠠᠪᠠᠯ ᠬᠠᠵᠠᠯᠴᠠᠮᠠᠷ ᠦᠰᠢᠶᠡᠳᠡᠨ ᠳᠡᠶᠢᠰᠤᠨ ᠭᠡᠳ ᠠᠯᠠᠭ᠎ᠠ᠃ ᠭᠤᠴᠢᠨ ᠭᠡᠳᠤᠨ ᠵᠢᠯ ᠠᠯᠪᠠᠳᠠᠨ ᠤ ᠡᠩᠨᠡᠭᠡᠨ ᠳᠤ ᠪᠠᠭᠳᠠᠯᠴᠠᠵᠦ ᠤᠯᠠᠨ ᠨᠢᠭᠡᠴᠢ | ᠪᠠᠶᠢᠭᠤᠯᠭ᠎ᠠ ᠲᠡᠮᠵᠢᠨ ᠠᠮᠢ ᠠᠮᠢᠳᠤᠷᠠᠯ ᠤᠨ ᠲᠦᠯᠦᠭᠡ ᠶᠠᠭᠠᠷᠠᠤ ᠰᠠᠨᠳᠤᠷᠤᠤ ᠮᠤᠩᠬᠢᠨᠠᠵᠦ ᠶᠠᠪᠤᠭᠰᠡᠨ ᠴᠤ ᠲᠡᠨᠳᠡ ᠪᠠᠨ ᠬᠦᠮᠦᠨ ᠤ ᠨᠢᠳᠤᠨ ᠳᠤ ᠦᠵᠡᠭᠳᠡᠮᠡᠷ | ᠤᠪᠤᠭᠠᠯᠠᠭᠠᠳ ᠲᠡᠯᠪᠢᠴᠢᠬᠠᠭᠰᠡᠨ ᠠᠮᠵᠢᠯᠳᠠ ᠪᠦᠳᠦᠭᠡᠯ ᠭᠡᠰᠡᠨ ᠶᠠᠭᠤᠮ᠎ᠡ ᠭᠡᠪᠡᠯ ᠬᠤᠪᠤᠷᠬᠠᠨ᠃ ᠭᠤᠴᠢ ᠲᠦᠴᠢᠨ ᠵᠢᠯ ᠤᠷᠠᠨ ᠵᠤᠬᠢᠶᠠᠯ ᠤᠨ ᠬᠤᠶᠢᠨ᠎ᠠ ᠠᠴᠠ | ᠮᠦᠰᠬᠢᠯᠳᠦᠵᠦ᠂ ᠰᠢᠯᠦᠭ ᠵᠤᠬᠢᠶᠠᠯ ᠭᠡᠵᠦ ᠰᠤᠯᠢᠶ᠎ᠡ ᠡᠯᠢᠶ᠎ᠡ ᠲᠤᠰᠴᠢᠬᠠᠭᠰᠡᠨ ᠶᠤᠮ ᠰᠢᠭ᠋ ᠲᠡᠷᠪᠡᠵᠦ ᠶᠠᠪᠤᠭᠰᠡᠨ ᠴᠤ ᠤᠡᠭᠰᠢᠠᠠᠴᠢ ᠲᠦᠮᠡᠨ ᠤ ᠰᠡᠳᠬᠢᠯ ᠳᠤ | ᠬᠦᠷᠦᠭᠰᠡᠨ ᠰᠠᠶᠢᠨ ᠪᠦᠳᠦᠭᠡᠯ᠂ ᠴᠠᠭ ᠦᠶ᠎ᠡ ᠶᠢᠨ ᠰᠢᠯᠭᠠᠯᠳᠠ ᠶᠢ ᠲᠠᠭᠠᠭᠠᠭᠰᠡᠨ ᠲᠤᠷᠪᠢᠳᠡᠢ ᠶᠠᠭᠤᠮ᠎ᠡ ᠪᠦᠳᠦᠭᠡᠵᠦ ᠳᠡᠶᠢᠯᠤᠬᠡ ᠦᠭᠡᠢ᠃ ᠲᠦᠷᠦ ᠶᠢᠨ ᠱᠠᠩᠨᠠᠯ | ᠪᠠᠶᠢᠳᠤᠭᠠᠢ ᠤᠷᠤᠨ ᠤ ᠱᠠᠩᠨᠠᠯ ᠢ ᠴᠤ ᠲᠡᠮᠳᠡᠷᠢᠵᠦ ᠦᠵᠡᠭᠡ ᠦᠭᠡᠢ ᠡ᠃ ᠭᠡᠨ ᠨᠢᠭᠡᠨ ᠤ ᠭᠡᠯᠡᠳᠡᠭ ︽ᠱᠠᠩᠨᠠᠯ ᠤᠯᠴᠢᠬᠠᠯᠡ ᠭᠡᠳ ᠶᠠᠭᠤ ᠯᠠ ᠪᠤᠯᠬᠤ ᠶᠤᠮ ᠪᠢᠯᠡ | ᠳ᠋ᠤᠤ︖︾ ᠭᠡᠵᠦ ᠲᠠᠪᠠᠯᠠᠭᠰᠡᠨ ᠦᠭᠡᠨ ᠳᠤ ᠳᠠᠶᠢᠪᠤᠰᠢᠷᠠᠵᠤ᠂ ᠵᠦᠭᠡᠷ ᠯᠠ ᠨᠠᠶᠢᠷᠠᠭ ᠰᠢᠯᠦᠭ ᠢᠶᠠᠨ ᠬᠦᠮᠦᠨ ᠠᠷᠠᠳ ᠲᠤ ᠪᠠᠨ ᠤᠡᠭᠰᠢᠵᠦ᠂ ᠨᠤᠳᠤᠭ ᠤᠰᠤᠨ ᠤ | ᠪᠠᠶᠢᠭᠠᠯᠢ ᠲᠡᠯᠡᠭᠡᠢ ᠳᠤ ᠤᠶᠠᠩᠭᠠᠯᠠᠨ᠂ ᠲᠠᠨᠢᠳᠠᠭ ᠮᠡᠳᠡᠳᠡᠭ ᠭᠡᠳᠤᠨ ᠬᠦᠮᠦᠨ ᠳᠤ ᠪᠠᠨ ᠮᠡᠷᠭᠡᠯᠡᠵᠦ ︽ᠵᠤᠬᠢᠶᠠᠯᠴᠢ ᠰᠢᠯᠦᠭᠴᠢ︾ ᠭᠡᠵᠦ ᠬᠤᠭᠤᠰᠤᠨ ᠮᠠᠯᠠᠭᠠᠢ ᠪᠠᠷ | ᠨᠡᠷᠡᠯᠭᠡᠤ ᠰᠡᠳᠬᠢᠯ ᠤᠨ ᠴᠠᠩᠭᠠᠭ᠎ᠠ ᠪᠠᠨ ᠳᠠᠶᠢᠯᠵᠤ ᠶᠠᠪᠤᠯᠡ ᠳ᠋ᠠ᠃ ᠬᠦᠮᠦᠨ ᠭᠡᠵᠦ ᠴᠠᠭ ᠤᠨ ᠬᠤᠨᠭ᠍ᠬᠢᠯ ᠳᠤ ᠬᠤᠷᠤᠮ ᠵᠠᠭᠤᠷ᠎ᠡ ᠡᠷᠬᠢᠯᠳᠤᠨ ᠦᠡᠭᠭᠡᠷᠡᠬᠦ ᠬᠤᠮᠠᠭᠢ | ᠲᠤᠭᠤᠰᠤ ᠠᠵᠤᠭᠤ᠃ ᠤᠷᠴᠢᠯᠠᠩ ᠰᠠᠨᠰᠠᠷ ᠤᠨ ᠺᠧᠨ᠋ᠲ ᠶᠢᠨ ᠲᠠᠳᠠᠯᠴᠠᠯ ᠢᠶᠠᠷ ᠤᠵᠠᠭᠤᠷ ᠭᠠᠯᠪᠠ᠂ ᠡᠳᠦᠭᠡ ᠴᠠᠭ᠂ ᠬᠤᠵᠢᠮ ᠢᠷᠡᠭᠡᠳᠤᠢ ᠶᠢᠨ ᠲᠤᠮᠳᠠ ᠠᠶᠠᠯᠠᠨ | ᠲᠡᠨᠦᠬᠦ ᠬᠤᠮᠡᠭᠢ ᠲᠤᠭᠤᠰᠤᠨ ᠤ ᠲᠡᠨᠦᠬᠦᠴᠢᠯᠡᠯ ᠪᠤᠯ ᠪᠢᠳᠠᠨ ᠤ ᠠᠮᠢ ᠨᠠᠰᠤᠨ ᠤ ᠭᠡᠯᠪᠠᠷᠢ᠃ | ᠦᠨᠳᠦᠰᠦᠳᠡᠨ ᠱᠠᠰᠢᠨ ᠰᠤᠷᠳᠠᠬᠤᠨ ᠤ ᠭᠡᠷᠡᠭ ᠡᠷᠬᠢᠯᠡᠬᠦ ᠲᠤᠪᠴᠢᠶᠠᠨ ᠳᠤ ᠠᠵᠢᠯᠯᠠᠭᠰᠡᠨ ᠭᠤᠷᠪᠠᠨ ᠵᠢᠯ ᠪᠤᠯ ᠠᠮᠢ ᠨᠠᠰᠤᠨ ᠤ ᠤᠷᠳᠤ ᠠᠶᠠᠯᠠᠯ ᠤᠨ ᠲᠤᠮᠳᠠᠭᠢ | ᠨᠢᠭᠡᠨ ᠦᠷᠳᠡᠭᠡ ᠪᠠᠶᠢᠭᠰᠠᠨ ᠶᠤᠮ᠃ ᠦᠨᠳᠦᠰᠦᠳᠡᠨ ᠤ ᠲᠦᠷᠦ ᠶᠢᠨ ᠪᠤᠳᠤᠯᠭ᠎ᠠ ᠶᠢ ᠲᠤᠭᠤᠰᠢᠯᠠᠭᠤᠯᠬᠤ᠂ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢ | ᠠᠬᠢᠭᠤᠯᠬᠤ᠂ ᠱᠠᠰᠢᠨ ᠰᠤᠷᠳᠠᠬᠤᠨ ᠤ ᠬᠠᠮᠢᠶᠠᠷᠤᠯᠳᠠ᠂ ᠮᠤᠩᠭᠤᠯ ᠭᠡᠯᠡ ᠪᠢᠴᠢᠭ ᠤᠨ ᠠᠵᠢᠯ᠂ ᠰᠤᠳᠤᠷ ᠪᠢᠴᠢᠭ ᠡᠮᠭᠢᠳᠭᠡᠨ ᠴᠤᠭᠯᠠᠭᠤᠯᠬᠤ᠂ ᠨᠤᠮ ᠭᠡᠪᠯᠡᠯ᠂ | ᠤᠯᠠᠮᠵᠢᠯᠠᠯᠳᠤ ᠰᠤᠶᠤᠯ ᠭᠡᠳ ᠨᠡᠯᠢᠶᠡᠳ ᠤᠯᠠᠨ ᠠᠵᠢᠯ ᠡᠬᠦᠷᠭᠡ ᠲᠠᠢ ᠰᠡᠯᠡᠬᠦᠭᠡᠨ ᠪᠠᠶᠢᠳᠠᠯ᠎ᠠ ᠶᠠᠭᠠᠷᠠᠤ᠂ ᠬᠦᠮᠦᠨ ᠴᠦᠭᠡᠨᠳᠡᠢ ᠪᠤᠮᠪᠤᠷᠬᠠᠨ ᠠᠶᠢᠯ ᠨᠢᠭᠡᠴᠢ ᠪᠠᠶᠢᠯ᠎ᠠ᠃ | ᠬᠠᠷᠢᠨ ᠱᠠᠰᠢᠨ ᠰᠤᠷᠳᠠᠬᠤᠨ ᠤ ᠠᠵᠢᠯ ᠭᠡᠳᠡᠭ ᠨᠢᠭᠡᠨ ᠲᠦᠪᠡᠭ ᠪᠤᠳᠤᠯᠢᠶᠠᠨᠳᠡᠢ ᠬᠦᠴᠢᠷ ᠪᠡᠷᠭᠡᠰᠢᠶᠡᠯ ᠲᠠᠢ ᠡᠬᠦᠷᠭᠡ ᠪᠢᠳᠠᠨ ᠤ ᠡᠮᠦᠨ᠎ᠡ ᠲᠠᠯᠪᠢᠭᠳᠠᠵᠦ ᠶᠡᠭᠡ ᠯᠠ | ᠲᠤᠯᠤᠭᠠᠢ ᠡᠪᠡᠳᠭᠡᠵᠦ ᠪᠠᠶᠢᠭᠰᠠᠨ᠃ ᠱᠠᠰᠢᠨ ᠰᠤᠷᠳᠠᠬᠤᠨ ᠤ ᠭᠡᠷᠡᠭ ᠶᠠᠪᠤᠳᠠᠯ ᠢ ᠬᠠᠤᠯᠢ ᠶᠤᠰᠤᠭᠠᠷ ᠬᠠᠮᠢᠶᠠᠷᠴᠤ᠂ ᠰᠦᠮ᠎ᠡ ᠬᠡᠶᠢᠤᠨ ᠲᠤᠭᠠᠡᠭ ᠤᠨ ᠠᠵᠢᠯᠯᠠᠭ᠎ᠠ ᠶᠢ | ᠭᠡᠪ ᠲᠦᠷᠢᠮᠵᠢᠬᠦᠯᠬᠦ ᠶᠢᠨ ᠲᠦᠯᠦᠭᠡ ᠦᠨᠳᠦᠰᠦᠳᠡᠨ ᠤ ᠠᠵᠢᠯ ᠤᠨ ᠨᠦᠬᠦᠦᠨ᠂ ᠢᠯᠠᠩᠭᠤᠶ᠎ᠡ ᠱᠠᠰᠢᠨ ᠰᠤᠷᠳᠠᠬᠤᠨ ᠢ ᠬᠤᠪᠢᠶᠠᠷᠢᠯᠠᠨ ᠬᠠᠷᠢᠭᠤᠴᠠᠵᠦ ᠪᠠᠶᠢᠭ᠎ᠠ | ᠤᠳᠤᠷᠢᠳᠤᠯᠭ᠎ᠠ᠂ ᠳᠤᠬᠠᠶᠢᠯᠠᠭᠰᠡᠨ ᠠᠵᠢᠯ ᠤᠨ ᠺᠠᠳ᠋ᠷ ᠤᠳ ᠨᠦᠷᠢ ᠶᠡᠭᠡ ᠬᠦᠳᠡᠯᠮᠤᠷᠢ ᠵᠠᠷᠤᠴᠠᠭᠤᠯᠤᠨ ᠲᠠᠪᠴᠢᠶᠠᠷᠢ ᠲᠠᠭᠠᠭᠠᠴᠠ ᠲᠠᠢ ᠠᠵᠢᠯᠯᠠᠵᠦ ᠪᠠᠶᠢᠯ᠎ᠠ᠃ | ᠮᠤᠩᠭᠤᠯ ᠭᠡᠯᠡ ᠪᠢᠴᠢᠭ ᠤᠨ ᠠᠵᠢᠯ ᠢ ᠲᠦᠷᠢᠮᠵᠢᠬᠦᠯᠵᠦ᠂ ᠵᠦᠪ ᠪᠢᠴᠢᠯᠭᠡ᠂ ᠪᠠᠷᠢᠮᠵᠢᠶ᠎ᠡ ᠠᠪᠢᠶ᠎ᠡ ᠶᠢ ᠲᠦᠭᠡᠮᠡᠯᠵᠢᠬᠦᠯᠬᠦ᠂ ᠨᠡᠶᠢᠬᠡᠮ ᠤᠨ ᠦᠡᠭᠭᠡᠨ ᠭᠡᠷᠡᠭᠯᠡᠭᠡᠨ ᠤ | ᠫᠠᠶᠢᠰᠠ ᠢᠯᠡᠷᠬᠡᠶᠢᠯᠡᠯ ᠢ ᠬᠤᠶᠠᠷ ᠭᠡᠯᠡ ᠪᠠᠷ ᠪᠢᠴᠢᠵᠦ ᠭᠡᠷᠡᠭᠯᠡᠬᠦ ᠡᠬᠦᠷᠭᠡ ᠪᠠᠰᠠ ᠶᠡᠭᠡ ᠬᠦᠨᠳᠤ ᠪᠠᠶᠢᠭᠰᠠᠨ᠃ ᠮᠠᠨ ᠤ ᠠᠵᠢᠯᠳᠠᠳ ᠬᠤᠤᠰ ᠭᠡᠯᠡᠨ ᠤ ᠫᠠᠶᠢᠰᠠ | ᠢᠯᠡᠷᠬᠡᠶᠢᠯᠡᠯ ᠢ ᠲᠦᠷᠢᠮᠵᠢᠬᠦᠯᠬᠦ ᠶᠢᠨ ᠲᠦᠯᠦᠭᠡ ᠵᠠᠷᠢᠮ ᠪᠠᠶᠢᠭᠤᠯᠭ᠎ᠠ ᠨᠢᠭᠡᠴᠢ ᠶᠢᠨ ᠲᠠᠷᠤᠭ᠎ᠠ ᠨᠤᠶᠠᠳ ᠲᠠᠢ ᠭᠠᠯ ᠪᠤᠳᠠᠷᠠᠳᠠᠯᠡ ᠭᠡᠷᠡᠬᠦᠯᠳᠡᠵᠦ᠂ ᠨᠢᠭᠤᠷ ᠴᠢᠷᠡᠢ | ᠤᠯᠠᠶᠢᠯᠴᠠᠵᠤ ᠪᠠᠶᠢᠭᠰᠠᠨ ᠨᠢ ᠨᠢᠭᠡ ᠪᠢᠰᠢ ᠤᠳᠠᠭ᠎ᠠ ᠲᠠᠢ᠃ ᠶᠠᠳᠠᠭᠤ ᠶᠢ ᠲᠡᠳᠬᠦᠬᠦ ᠲᠠᠯ᠎ᠡ ᠪᠠᠷ ᠭᠤᠤᠯᠳᠠᠭᠤ ᠪᠤᠷᠤᠪᠠᠯᠭᠠᠰᠤᠨ ᠤ ᠠᠷᠠᠯ ᠭᠠᠴᠠᠭ᠎ᠠ ᠶᠢᠨ ᠬᠠᠮᠳᠤ ᠶᠢᠨ | ᠠᠵᠤ ᠠᠬᠤᠢ ᠶᠢ ᠰᠡᠷᠬᠦᠭᠡᠨ ᠮᠠᠨᠳᠤᠭᠤᠯᠬᠤ ᠭᠡᠮᠡᠨ ᠬᠢᠵᠠᠭᠠᠷ ᠲᠠᠢ ᠪᠡᠯᠡ ᠮᠦᠡᠭᠬᠦ ᠶᠢ ᠭᠤᠤᠯᠳᠠᠯᠭ᠎ᠠ ᠲᠠᠢ ᠭᠠᠵᠠᠷ ᠤᠷᠤᠨ ᠳᠤ ᠲᠦᠪᠯᠡᠷᠡᠬᠦᠯᠵᠦ᠂ ᠭᠠᠴᠠᠭ᠎ᠠ | ᠨᠠᠶᠢᠳᠠ ᠳᠤ ᠨᠢ 100 ᠲᠦᠮᠡᠨ ᠲᠦᠬᠦᠷᠢᠭ ᠤᠨ ︵100 ᠲᠤᠯᠤᠭᠠᠢ︶ ᠰᠠᠶᠢᠨ ᠡᠬᠦᠯᠳᠡᠷ ᠤᠨ ᠮᠢᠬᠠᠨ ᠦᠭᠡᠷ ᠤᠷᠤᠭᠤᠯᠤᠨ ᠠᠪᠴᠢᠷᠠᠵᠦ᠂ ᠠᠶᠢᠯ ᠡᠷᠦᠭᠡ ᠳᠤ | ᠨᠡᠬᠦᠳᠡᠯ ᠰᠦᠷᠦᠭ ᠤᠨ ᠭᠡᠯᠪᠡᠷᠢ ᠪᠠᠷ ᠲᠠᠭᠠᠭᠠᠴᠢᠯᠠᠨ ᠡᠵᠡᠩᠨᠡᠬᠦᠯᠵᠦ ᠮᠠᠰᠢ ᠰᠠᠶᠢᠨ ᠦᠷ᠎ᠡ ᠪᠦᠳᠦᠮᠵᠢ ᠤᠯᠪᠠ᠃ ᠠᠷᠠᠯ ᠭᠠᠴᠠᠭᠠᠨ ᠤ ᠵᠠᠮ ᠨᠡᠪᠳᠡᠷᠡᠯᠭᠡ ᠲᠦᠬᠦᠮ | ᠦᠭᠡᠢ ᠪᠠᠶᠢᠳᠠᠯ ᠳᠤ ᠵᠦᠭᠯᠡᠬᠦᠯᠵᠦ᠂ ᠪᠢᠳᠠ ᠲᠤᠰᠬᠠᠢ ᠪᠡᠯᠡ ᠮᠦᠡᠭᠬᠦ ᠭᠤᠶᠤᠴᠢᠯᠠᠨ ᠤᠯᠵᠦ᠂ 19 ᠺᠢᠯᠦᠮᠧᠲᠷ ᠤᠨ ᠬᠠᠶᠢᠷ ᠴᠢᠯᠠᠭᠤᠨ ᠵᠠᠮ ᠢ ᠵᠠᠰᠠᠨ ᠨᠡᠪᠳᠡᠷᠡᠬᠦᠯᠵᠦ᠂ | ᠮᠠᠯᠴᠢᠳ ᠤᠨ ᠠᠶᠠᠯᠠᠵᠦ ᠶᠠᠪᠤᠬᠤ᠂ ᠨᠤᠳᠤᠭ ᠤᠨ ᠭᠠᠷᠤᠯᠳᠠ ᠪᠠᠨ ᠵᠠᠬ᠎ᠠ ᠲᠡᠯᠭᠡᠬᠦᠷ ᠲᠤ ᠪᠤᠷᠤᠯᠠᠭᠤᠯᠬᠤ ᠳᠤ ᠶᠡᠭᠡᠭᠡᠨ ᠲᠤᠰᠠ ᠲᠦᠬᠦᠮ ᠦᠵᠡᠬᠦᠯᠪᠡ᠃ | ᠦᠨᠳᠦᠰᠦᠳᠡᠨ ᠤ ᠤᠯᠠᠮᠵᠢᠯᠠᠯᠳᠤ ᠰᠤᠶᠤᠯ ᠢ ᠬᠦᠭᠵᠢᠬᠦᠯᠬᠦ ᠲᠤᠰᠬᠠᠢ ᠪᠡᠯᠡ ᠮᠦᠡᠭᠬᠦ ᠨᠢ ᠲᠡᠷᠡ ᠭᠡᠳᠤᠨ ᠵᠢᠯ ᠤᠪᠤᠭ᠎ᠠ ᠤᠷᠤᠳ ᠢ ᠰᠡᠷᠬᠦᠭᠡᠨ ᠪᠤᠰᠬᠠᠬᠤ᠂ | ᠮᠤᠷᠢᠨ ᠰᠤᠶᠤᠯ᠂ ᠨᠠᠶᠢᠷ ᠨᠠᠭᠠᠳᠤᠮ᠂ ᠦᠨᠳᠦᠰᠦᠳᠡᠨ ᠤ ᠤᠨᠴᠠᠯᠢᠭᠳᠤ ᠭᠠᠴᠠᠭ᠎ᠠ ᠲᠤᠰᠬᠤᠨ ᠢ ᠡᠬᠦᠳᠦᠨ ᠪᠠᠶᠢᠭᠤᠯᠬᠤ᠂ ᠨᠤᠮ ᠭᠡᠪᠯᠡᠯ ᠰᠤᠳᠤᠷ ᠪᠢᠴᠢᠭ ᠢ | ᠡᠮᠬᠢᠳᠭᠡᠨ ᠴᠤᠭᠯᠠᠭᠤᠯᠬᠤ᠂ ᠦᠨᠳᠦᠰᠦᠳᠡᠨ ᠤ ᠤᠨᠴᠠᠯᠢᠭ ᠪᠦᠬᠦᠢ ᠭᠠᠷ ᠤᠷᠠᠯᠠᠯ ᠤᠨ ᠦᠢᠯᠡᠰ ᠢ ᠲᠡᠮᠵᠢᠨ ᠲᠡᠳᠬᠦᠬᠦ ᠪᠦᠬᠦ ᠵᠦᠢᠯ ᠳᠤ ᠶᠡᠭᠡᠭᠡᠨ ᠲᠤᠰᠠ ᠲᠡᠮ | ᠪᠤᠯᠵᠦ᠂ ᠤᠳᠤᠭ ᠤᠨ ᠡᠮᠦᠨᠡᠳᠤ ᠬᠤᠰᠢᠭᠤ ᠪᠤᠰᠤᠤᠨ ᠭᠠᠵᠠᠷ ᠠᠴᠠ ᠤᠨᠴᠠᠯᠠᠨ ᠢᠯᠭᠠᠭᠳᠠᠬᠤ ᠨᠢᠭᠡᠨ ᠵᠦᠢᠯ ᠪᠤᠯᠵᠦ ᠪᠠᠶᠢᠯ᠎ᠠ᠃ ᠡᠨᠡ ᠲᠦᠷᠦ ᠶᠢᠨ ᠪᠤᠳᠤᠯᠭ᠎ᠠ ᠶᠢᠨ | ᠪᠤᠶᠠᠨ ᠢᠶᠠᠷ ᠶᠡᠭᠡ ᠤᠯᠠᠨ ᠬᠦᠮᠦᠨ ᠨᠤᠮ ᠰᠤᠳᠤᠷ ᠢᠶᠠᠨ ᠭᠡᠪᠯᠡᠬᠦᠯᠵᠦ᠂ ᠵᠠᠷᠢᠮ ᠭᠠᠴᠠᠭ᠎ᠠ ᠰᠤᠮᠤ ᠨᠢ ᠨᠤᠳᠤᠭ ᠤᠨ ᠦᠢᠯᠠᠯᠭ᠎ᠠ᠂ ᠭᠡᠷ ᠤᠨ ᠴᠠᠳᠢᠭ ᠲᠡᠤᠭᠡ ᠪᠠᠨ | ᠭᠡᠪᠯᠡᠬᠦᠯᠵᠦ᠂ ᠬᠤᠰᠢᠭᠤ ᠤᠪᠤᠭ᠎ᠠ ᠠᠴᠠ ᠠᠪᠤᠭᠠᠳ ᠨᠤᠳᠤᠭ ᠤᠰᠤᠨ ᠤ ᠤᠪᠤᠭ᠎ᠠ ᠬᠦᠷᠳᠡᠯ᠎ᠡ ᠰᠢᠨ᠎ᠡ ᠠᠮᠢᠯᠠᠯ ᠢᠶᠠᠨ ᠤᠯᠵᠦ᠂ ᠨᠠᠶᠢᠷ ᠨᠠᠭᠠᠳᠤᠮ ᠦᠷᠬᠦᠯᠵᠢᠯᠡᠵᠦ᠂ | ᠦᠡᠭᠭᠡ ᠲᠠᠢ ᠦᠭᠡᠳᠡ ᠲᠠᠢ ᠬᠢᠯᠠᠷᠠᠵᠦ ᠶᠠᠪᠤᠯᠡ᠃ ᠡᠨᠡ ᠬᠤᠭᠤᠴᠠᠭᠠᠨ ᠳᠤ ᠪᠢᠳᠠ ᠪᠦᠬᠦ ᠤᠷᠤᠨ ᠤ ᠱᠠᠨᠰᠠ ᠬᠦᠭᠵᠢᠮ ᠤᠨ ᠤᠷᠤᠯᠳᠤᠭᠠᠨ᠂ ᠨᠠᠢᠮᠠᠨ ᠮᠤᠵᠢ | ᠤᠷᠤᠨ ᠤ ᠢᠷᠦᠭᠡᠯ ᠮᠠᠭᠳᠠᠭᠠᠯ ᠤᠨ ᠤᠷᠤᠯᠳᠤᠭᠠᠨ᠂ ᠨᠠᠢᠮᠠᠨ ᠮᠤᠵᠢ ᠤᠷᠤᠨ ᠤ ᠬᠦᠳᠦᠯᠦᠭᠴᠢ ᠨᠡᠪᠳᠡᠷᠡᠬᠦᠯᠦᠭᠴᠢ ᠶᠢᠨ ᠤᠷᠤᠯᠳᠤᠭᠠᠨ᠂ ᠪᠦᠬᠦ ᠬᠤᠳᠠ ᠶᠢᠨ ᠠᠮᠠᠨ | ᠦᠯᠢᠭᠡᠷ ᠤᠨ ᠤᠷᠤᠯᠳᠤᠭᠠᠨ᠂ ᠪᠦᠬᠦ ᠤᠯᠤᠰ ᠤᠨ ᠴᠢᠨᠠᠷᠳᠡᠢ ᠵᠤᠬᠢᠶᠠᠯ ᠨᠠᠶᠢᠷᠠᠭᠤᠯᠤᠯ ᠤᠨ ᠤᠷᠤᠯᠳᠤᠭᠠᠨ ᠭᠡᠳ ᠤᠯᠠᠨ ᠰᠠᠶᠢᠬᠠᠨ ᠤᠳᠬ᠎ᠠ ᠠᠭᠤᠯᠭ᠎ᠠ ᠲᠠᠢ | ᠠᠵᠢᠯᠯᠠᠭ᠎ᠠ ᠨᠠᠶᠢᠷ ᠢ ᠵᠤᠬᠢᠶᠠᠨ ᠪᠠᠶᠢᠭᠤᠯᠵᠤ ᠭᠢᠭᠡᠳ ᠨᠤᠳᠤᠭ ᠤᠰᠤᠨ ᠤ ᠨᠡᠷ᠎ᠡ ᠠᠯᠳᠠᠷ ᠢᠶᠠᠨ ᠮᠠᠨᠳᠤᠭᠤᠯᠵᠦ ᠶᠠᠪᠤᠯᠡ᠃ ᠮᠤᠩᠭᠤᠯ ᠮᠤᠷᠢᠨ ᠤ ᠰᠤᠶᠤᠯ᠂ | ᠨᠠᠭᠠᠳᠤᠮ ᠤᠨ ᠰᠤᠶᠤᠯ ᠢ ᠴᠢᠬᠤᠯᠠᠴᠢᠯᠠᠨ ᠠᠳᠬᠤᠵᠦ᠂ ᠮᠤᠷᠢ ᠲᠠᠢ ᠠᠶᠢᠯ᠂ ᠲᠡᠮᠡᠭᠡ ᠲᠠᠢ ᠡᠷᠦᠭᠡ᠂ ᠨᠠᠶᠢᠷ ᠨᠠᠭᠠᠳᠤᠮ ᠡᠷᠬᠢᠯᠡᠭᠰᠡᠨ ᠭᠠᠴᠠᠭ᠎ᠠ ᠨᠢᠭᠡᠴᠢ᠂ ᠬᠤᠪᠢ | ᠡᠷᠦᠭᠡ᠂ ᠬᠤᠷᠰᠢᠶᠠᠵᠢᠯ ᠤᠨ ᠵᠤᠬᠢᠶᠠᠨ ᠪᠠᠶᠢᠭᠤᠯᠤᠯᠳᠠ ᠳᠤ ᠬᠦᠷᠳᠡᠯ᠎ᠡ ᠲᠤᠭᠳᠠᠮᠠᠯ ᠨᠦᠬᠦᠪᠤᠷᠢ ᠤᠯᠭᠤᠵᠦ᠂ ᠮᠤᠷᠢ ᠲᠡᠮᠡᠭᠡ ᠦᠰᠭᠡᠨ ᠦᠷᠡᠵᠢᠬᠦᠯᠬᠦ᠂ ᠰᠢᠨ᠎ᠡ | ᠮᠡᠷᠭᠡᠵᠢᠯ ᠰᠢᠨ᠎ᠡ ᠡᠬᠦᠯᠳᠡᠷ ᠢ ᠲᠡᠯᠭᠡᠷᠡᠬᠦᠯᠬᠦ᠂ ᠦᠨᠳᠦᠰᠦᠳᠡᠨ ᠤ ᠰᠢᠯᠢᠳᠡᠭ ᠰᠤᠶᠤᠯ ᠢ ᠰᠡᠷᠬᠦᠭᠡᠨ ᠮᠠᠨᠳᠤᠭᠤᠯᠬᠤ ᠳᠤ ᠬᠤᠪᠢ ᠵᠢᠳᠬᠦᠯ ᠢᠶᠠᠨ ᠨᠡᠮᠡᠷᠢᠯᠡᠵᠦ ᠶᠠᠪᠤᠭᠰᠠᠨ | ᠪᠢᠯᠡ᠃ | ᠭᠤᠷᠪᠠᠨ ᠵᠢᠯ ᠤᠨ ᠴᠠᠭ ᠬᠤᠭᠤᠴᠠᠭ᠎ᠠ ᠭᠡᠭᠴᠢ ᠨᠢᠭᠡ ᠵᠡᠬᠦᠳᠥᠯᠡᠭᠡᠳ ᠰᠡᠷᠡᠭᠰᠡᠨ ᠮᠡᠳᠤ ᠳᠡᠶᠢᠮᠤ ᠬᠤᠷᠳᠤᠬᠠᠨ ᠦᠡᠭᠭᠡᠷᠡᠵᠡᠢ᠃ ᠭᠢᠵᠦ ᠦᠡᠭᠭᠡᠷᠡᠬᠦᠯᠦᠭᠰᠡᠨ | ᠠᠵᠢᠯ ᠬᠢᠳᠠᠯ ᠭᠡᠪᠡᠯ ᠨᠢᠭᠡ ᠶᠡᠭᠡ ᠱᠤᠤᠬᠢᠶᠠᠨ ᠲᠤᠤᠯᠢᠶᠠᠨ ᠲᠡᠭᠳᠡᠭᠡᠭᠰᠡᠨ ᠶᠠᠭᠤᠮ᠎ᠡ ᠴᠤ ᠦᠭᠡᠢ᠃ ᠴᠠᠳᠢᠭ ᠲᠡᠤᠭᠡᠨ ᠳᠤ ᠪᠢᠴᠢᠭᠡᠳ ᠦᠯᠡᠳᠡᠭᠡᠴᠢᠬᠡᠮᠡᠷ ᠵᠦᠢᠯ ᠴᠤ | ᠠᠯᠠᠭ᠎ᠠ᠃ ᠲᠡᠷᠡ ᠲᠠᠢ ᠲᠡᠷᠡ ᠦᠭᠡᠢ ᠠᠵᠢᠯ ᠠᠯᠪᠠ ᠦᠪᠡᠷ ᠤᠨ ᠵᠢᠮ᠎ᠡ ᠪᠠᠷ ᠢᠶᠠᠨ ᠶᠠᠪᠤᠭᠳᠠᠨᠡ᠃ ᠴᠢᠮ᠎ᠡ ᠲᠠᠢ ᠴᠢᠮ᠎ᠡ ᠦᠭᠡᠢ ᠨᠢᠭᠡᠨ ᠪᠠᠶᠢᠭᠤᠯᠭ᠎ᠠ ᠨᠢᠭᠡᠴᠢ | ᠡᠷᠬᠢᠯᠳᠦᠬᠦ ᠪᠠᠷ ᠢᠶᠠᠨ ᠡᠷᠬᠢᠯᠳᠦᠨ᠎ᠡ᠃ ᠤᠯᠠᠭᠠᠨ ᠲᠤᠭ ᠰᠦᠮ᠎ᠡ ᠬᠡᠶᠢᠤᠨ ᠲᠤᠭᠠᠡᠭ ᠪᠤᠯᠭᠠᠨ ᠤ ᠤᠷᠤᠢ ᠲᠡᠭᠡᠷ᠎ᠡ ᠮᠠᠨᠳᠤᠳᠠᠭ ᠢᠶᠠᠷ ᠢᠶᠠᠨ ᠮᠠᠨᠳᠤᠨᠡ᠂ ᠤᠯᠤᠰ | ᠲᠦᠮᠡᠨ ᠡᠪ ᠬᠠᠮᠳᠤ ᠨᠠᠮ ᠢᠶᠠᠨ ᠲᠠᠭᠠᠵᠦ ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠭᠴᠠ ᠶᠢᠨ ᠢᠯᠠᠭᠤᠭᠰᠡᠨ ᠰᠢᠮᠹᠤᠨᠢ ᠪᠠᠨ ᠲᠠᠭᠤᠯᠠᠭᠰᠠᠭᠠᠷ ᠯᠠ | ᠪᠠᠶᠢᠨ᠎ᠠ᠃ | ᠪᠦᠬᠦ ᠶᠠᠭᠤᠮ᠎ᠡ ᠶᠠᠭ ᠦᠨᠡᠨ᠂ ᠪᠦᠬᠦ ᠶᠠᠭᠤᠮ᠎ᠡ ᠱᠠᠯ ᠬᠤᠳᠠᠯ᠂ ᠪᠦᠬᠦ ᠶᠠᠭᠤᠮ᠎ᠡ ᠡᠷᠡᠮᠳᠡᠭ ᠵᠡᠷᠡᠮᠳᠡᠭ᠂ ᠪᠦᠬᠦ ᠶᠠᠭᠤᠮ᠎ᠡ ᠲᠡᠬᠦᠰ ᠲᠡᠬᠦᠯᠳᠡᠷ᠃ ᠪᠦᠬᠦ ᠶᠠᠭᠤᠮ᠎ᠡ | ᠠᠯᠠᠭᠠᠨ ᠤ ᠵᠢᠷᠦᠭᠠᠰᠤ ᠰᠢᠭ᠋ ᠲᠤᠪ ᠲᠤᠳᠤᠬᠠᠨ᠂ ᠪᠦᠬᠦ ᠶᠠᠭᠤᠮ᠎ᠡ ᠠᠯᠤᠰ ᠲᠤ ᠨᠠᠳᠤᠪᠠᠯᠵᠡᠬᠦ ᠤᠳᠤ ᠰᠢᠭ᠋ ᠪᠦᠷᠦᠭ ᠪᠠᠷᠤᠭ᠃ ᠬᠠᠷ᠎ᠡ ᠳᠤᠯᠤᠭᠠᠶᠢᠳᠤ ᠬᠦᠮᠦᠰ | ᠶᠠᠪᠤᠭᠰᠠᠭᠠᠷ ᠪᠠᠶᠢᠳᠠᠯ᠎ᠠ ᠦᠳᠡᠯᠦᠭᠡᠳ ᠵᠦᠨᠦᠴᠢᠭᠡᠨᠡ᠂ ᠦᠬᠦᠭᠡᠳ ᠵᠢᠯᠢᠢᠴᠢᠬᠡᠨᠡ᠃ ᠠᠷᠤ ᠳᠤ ᠨᠢ ᠦᠯᠡᠳᠡᠭᠰᠡᠨ ᠬᠦᠮᠦᠰ ᠰᠠᠶᠢᠨ ᠯᠠ ᠮᠠᠭᠤ ᠯᠠ ᠭᠡᠵᠦ ᠪᠤᠷᠤ | ᠪᠢᠯᠵᠤᠤᠬᠠᠢ ᠰᠢᠭ᠋ ᠭᠡᠳᠤ ᠴᠤᠷᠬᠢᠯᠠᠭᠠᠳ ᠯᠠ ᠪᠠᠷᠠᠴᠢᠬᠠᠨᠡ᠃ ᠬᠠᠶᠢᠷᠠᠨ ᠰᠠᠶᠢᠬᠠᠨ ᠨᠤᠳᠤᠭ ᠤᠰᠤ ᠬᠠᠷᠠᠭᠰᠠᠭᠠᠷ ᠪᠠᠶᠢᠳᠠᠯ᠎ᠠ ᠬᠤᠪᠢᠷᠠᠭᠠᠳ ᠲᠠᠨᠢᠭᠳᠠᠬᠤ ᠪᠠᠨ | ᠪᠤᠯᠢᠴᠢᠬᠠᠨᠡ᠃ ᠪᠦᠷ ᠬᠦᠮᠦᠨ ᠤ ᠬᠢ ᠪᠤᠯᠤᠭᠠᠳ ᠠᠷᠢᠯᠴᠢᠬᠠᠨᠡ᠃ ᠭᠡᠨ ᠨᠢᠭᠡᠨ ᠨᠢ ᠡᠪᠴᠢᠬᠦᠦ ᠬᠡᠮᠡᠷᠳᠡᠭ ᠢᠶᠠᠨ ᠲᠠᠯᠠᠳᠦᠭᠡᠳ ᠡᠩᠭᠡᠷ ᠵᠠᠭᠠᠮ᠎ᠡ ᠪᠠᠨ ᠤᠷᠠᠯᠴᠠᠵᠦ᠂ | ᠲᠡᠭᠷᠢ ᠳᠤ ᠲᠤᠯᠳᠠᠯ᠎ᠡ ᠬᠠᠰᠬᠢᠷᠪᠠᠴᠤ ᠭᠠᠩ ᠲᠠᠢ ᠵᠤᠨ ᠤ ᠭᠡᠳᠤᠨ ᠲᠤᠰᠤᠯ ᠪᠤᠷᠤᠭ᠎ᠠ ᠰᠢᠭ᠋ ᠭᠠᠭᠴᠠ ᠬᠤᠶᠠᠷ ᠮᠦᠨᠳᠦᠷᠳᠡᠭᠡᠳ ᠯᠠ ᠲᠠᠭᠤᠰᠴᠢᠬᠠᠨᠡ᠃ ᠶᠢᠷᠳᠢᠨᠴᠤ | ᠡᠶᠢᠮᠤ ᠯᠠ ᠬᠤᠭᠤᠰᠤᠨ᠂ ᠡᠶᠢᠮᠤ ᠯᠠ ᠬᠤᠭᠤᠰᠤᠨ ᠶᠢᠷᠳᠢᠨᠴᠤ ᠳᠤ ᠪᠢᠳᠠ ᠪᠠᠰᠠ ᠢᠨᠢᠶᠡᠳᠤ ᠲᠠᠢ ᠲᠠᠭᠤᠤ ᠲᠠᠢ ᠶᠠᠪᠤᠵᠦ ᠯᠠ ᠪᠠᠶᠢᠯ᠎ᠠ ᠶᠠᠪᠤᠭᠰᠠᠭᠠᠷ ᠴᠤ ᠪᠠᠶᠢᠨ᠎ᠠ᠃ | ᠵᠠ ᠵᠠ ᠤᠯᠢᠭᠤ ᠰᠤᠯᠢᠭᠤ ᠶᠠᠭᠤᠮ᠎ᠡ ᠶᠠᠷᠢᠯ᠎ᠡ᠂ ᠲᠤᠭᠯᠠᠭᠠᠮ ᠢᠶᠠᠷ ᠲᠦᠬᠦᠷᠦᠭᠰᠡᠨ ᠤᠷᠴᠢᠯᠠᠩ ᠳᠤ ᠬᠠᠶᠠ ᠲᠤᠭᠯᠠᠵᠦ ᠶᠠᠪᠤᠬᠤ ᠪᠠᠰᠠ ᠰᠠᠶᠢᠬᠠᠨ ᠰᠢᠤ᠃ ᠨᠠᠳᠠ ᠲᠠᠢ | ᠬᠠᠮᠳᠤ ᠡᠨᠡ ᠭᠤᠷᠪᠠᠨ ᠵᠢᠯ ᠤᠨ ᠴᠠᠭ ᠬᠤᠭᠤᠴᠠᠭ᠎ᠠ ᠶᠢ ᠲᠤᠭᠤᠯᠤᠭᠰᠡᠨ ᠦᠨᠳᠦᠰᠦᠳᠡᠨ ᠤ ᠵᠦᠪᠯᠡᠯ ᠤᠨ ᠬᠠᠮᠳᠤ ᠤᠯᠠᠨ ᠳᠤ ᠪᠠᠨ ᠲᠠᠯᠠᠷᠬᠠᠯᠡ᠃ | ᠭᠠᠴᠢᠭ ᠴᠠᠭ ᠤᠨ ᠰᠠᠯᠬᠢ ᠰᠢᠭᠤᠷᠭᠠᠨ ᠢ ᠦᠯᠤ ᠲᠤᠭᠤᠮᠰᠠᠷᠯᠠᠨ ᠮᠦᠡᠭᠭᠡ ᠬᠦᠭᠡ ᠲᠡᠭᠷᠢ ᠶᠢᠨ ᠲᠤᠤᠷ᠎ᠡ ᠤᠷᠳᠤ ᠶᠢᠨ ᠲᠠᠭᠤᠤ ᠪᠠᠨ ᠠᠶᠠᠯᠵᠦ᠂ ᠤᠳᠤᠮ ᠤᠨ | ᠢᠷᠦᠭᠡᠯ ᠢᠶᠠᠨ ᠲᠠᠭᠤᠳᠠᠵᠦ ᠤᠶᠠᠩᠭ᠎ᠠ ᠰᠢᠯᠦᠭ ᠢᠶᠠᠨ ᠭᠡᠯᠬᠢᠵᠦ᠂ ᠨᠤᠳᠤᠭ ᠤᠰᠤ ᠬᠦᠮᠦᠨ ᠲᠦᠮᠡᠨ ᠢᠶᠠᠨ ᠳᠠᠶᠢᠤᠨᠬᠤᠷᠠᠭᠤᠯᠵᠤ ᠶᠠᠪᠤᠭᠰᠡᠨ ᠨᠠᠷᠠ ᠲᠠᠢ ᠨᠠᠷ᠎ᠡ | ᠦᠭᠡᠢ ᠡᠳᠤᠷ ᠬᠤᠨᠤᠭ ᠤᠳ ᠮᠢᠨᠢ ᠪᠠᠶᠠᠷᠳᠡᠢ︕ ᠠᠮᠢᠳᠤᠷᠠᠯ ᠤᠨ ᠮᠦᠴᠡ ᠪᠦᠬᠦᠨ ᠦᠪᠡᠷ ᠤᠨ ᠤᠴᠢᠷ ᠤᠳᠬ᠎ᠠ ᠲᠠᠢ᠂ ᠢᠨᠢᠶᠡᠵᠦ ᠶᠠᠪᠤᠭᠠᠷᠡᠢ᠂ ᠢᠨᠢᠶᠡᠵᠦ ᠯᠠ | ᠶᠠᠪᠤᠭᠠᠷᠡᠢ᠃ | | ᠢᠷᠠᠯᠳᠠ᠄ ︽ᠵᠢᠷᠠᠨ ᠬᠠᠶᠢᠯᠠᠰᠤ︾ ᠰᠡᠤᠨᠬᠦᠯ | | |