ᠨᠠᠩᠰᠤ ᠪᠠᠯᠭᠠᠰᠤ
ᠨᠡᠶᠢᠲᠡᠯᠡᠭᠰᠡᠨ ᠴᠠᠭ᠄
2025/3/28
     ᠨᠠᠩᠰᠤ ᠪᠠᠯᠭᠠᠰᠤ ᠪᠤᠯ 2000 ᠤᠨ ᠤ 5 ᠰᠠᠷ᠎ᠠ ᠶᠢᠨ 17 ᠤ ᠡᠳᠤᠷ᠂ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠠᠷᠠᠤᠨ ᠤᠨ ᠶᠠᠪᠤᠳᠠᠯ ᠤᠨ ᠲᠢᠩᠬᠢᠮ ᠤᠨ ᠵᠦᠪᠰᠢᠶᠡᠷᠡᠯ ᠢᠶᠠᠷ ᠤᠤᠯ ᠤᠨ ᠴᠠᠭᠠᠨᠳᠤᠯᠤᠭᠠᠢ ᠰᠤᠮᠤ ᠪᠤᠯᠤᠨ ᠮᠠᠯᠠᠤᠨ ᠰᠤᠮᠤ ᠶᠢ ᠨᠡᠶᠢᠯᠡᠬᠦᠯᠤᠨ ᠪᠠᠶᠢᠭᠤᠯᠤᠭᠰᠡᠨ ᠶᠤᠮ᠃ ᠪᠠᠯᠭᠠᠰᠤᠨ ᠤ ᠵᠠᠰᠠᠭ ᠤᠨ ᠤᠷᠳᠤᠨ ᠨᠢ ᠤᠤᠯ ᠤᠨ ᠨᠠᠩᠰᠤ ᠶᠢᠨ ᠳᠤᠭᠠᠩ ᠤᠨ ᠪᠠᠭᠤᠷᠢ ᠳᠡᠬᠡᠷ᠎ᠡ ᠪᠠᠶᠢᠭ᠎ᠠ ᠳᠤᠯᠠ ᠡᠶᠢᠨᠬᠦ ᠨᠡᠷᠡᠯᠡᠵᠡᠢ᠃ 2005 ᠤᠨ ᠳᠤ ᠤᠤᠯ  ᠤᠨ ᠮᠤᠭᠠᠶᠢᠳᠤ ᠰᠤᠮᠤ ᠶᠢ ᠪᠦᠬᠦᠨ ᠢᠶᠠᠷ ᠨᠢ ᠨᠠᠩᠰᠤ ᠪᠠᠯᠭᠠᠰᠤᠨ ᠳᠤ ᠬᠠᠷᠢᠶᠠᠯᠠᠭᠤᠯᠪᠠ᠃ 2007 ᠤᠨ ᠤ 6 ᠰᠠᠷ᠎ᠠ᠂ ᠶᠡᠭᠡ ᠤᠰᠤ ᠭᠠᠴᠠᠭ᠎ᠠ ᠶᠢ ᠤᠯᠵᠠᠴᠢ ᠪᠠᠯᠭᠠᠰᠤᠨ ᠳᠤ ᠰᠢᠯᠵᠢᠬᠦᠯᠤᠨ ᠬᠠᠷᠢᠶᠠᠯᠠᠭᠤᠯᠵᠤ᠂ ᠳᠠᠷᠢᠶᠠᠯᠠᠩ ᠤᠨ ᠳᠠᠯᠠᠪᠠᠢ ᠶᠢ ᠮᠠᠯᠠᠤᠨ ᠭᠠᠴᠠᠭᠠᠨ ᠳᠤ ᠬᠠᠷᠢᠶᠠᠯᠠᠭᠤᠯᠪᠠ᠃ ᠤᠳᠤ ᠪᠦᠬᠦ ᠪᠠᠯᠭᠠᠰᠤᠨ ᠳᠤ 16 ᠭᠠᠴᠠᠭ᠎ᠠ᠂ 75 ᠮᠠᠯᠵᠢᠯ ᠤᠨ ᠬᠤᠷᠰᠢᠶ᠎ᠠ᠂ 1 ᠤᠯᠤᠰ ᠤᠨ ᠰᠠᠩ ᠤᠨ ᠤᠢ ᠰᠢᠭᠤᠢ ᠶᠢᠨ ᠳᠠᠯᠠᠪᠠᠢ᠂ 2 ᠨᠡᠶᠢᠬᠡᠮ ᠤᠨ ᠳᠤᠭᠤᠷᠢᠭ ᠲᠠᠢ᠃ ᠨᠤᠳᠤᠭ ᠪᠡᠯᠴᠢᠬᠡᠷ  ᠤᠨ ᠶᠡᠷᠤᠩᠬᠡᠢ ᠳᠠᠯᠠᠪᠠᠢ ᠨᠢ 4240 ᠳᠡᠭᠰᠢ ᠲᠦᠷᠪᠡᠯᠵᠢᠨ ᠺᠢᠯᠤᠮᠧᠲᠷ ᠪᠠᠶᠢᠵᠤ᠂ ᠨᠠᠶᠢᠳᠠ 2248 ᠡᠷᠤᠬᠡ᠂ 10244 ᠬᠦᠮᠤᠨ ᠠᠮᠠ ᠲᠠᠢ ᠶᠤᠮ᠃     ᠨᠠᠩᠰᠤ ᠪᠠᠯᠭᠠᠰᠤ ᠨᠢ ᠤᠳᠤᠭ ᠤᠨ ᠡᠮᠤᠨᠡᠳᠤ ᠬᠤᠰᠢᠭᠤᠨ ᠤ ᠵᠡᠬᠦᠨ ᠡᠮᠤᠨᠡᠳᠤ ᠪᠡᠶ᠎ᠡ ᠳᠤ ᠪᠠᠶᠢᠷᠢᠰᠢᠵᠤ᠂ ᠬᠤᠰᠢᠭᠤ ᠵᠠᠰᠠᠭ ᠤᠨ ᠤᠷᠳᠤᠨ ᠤ ᠰᠠᠭᠤᠭ᠎ᠠ ᠭᠠᠵᠠᠷ ᠤᠯᠵᠠᠴᠢ ᠪᠠᠯᠭᠠᠰᠤᠨ ᠠᠴᠠ 56 ᠺᠢᠯᠤᠮᠧᠲᠷ ᠵᠠᠶᠢᠳᠠᠢ ᠪᠠᠶᠢᠵᠤ᠂ ᠭᠠᠵᠠᠷ ᠵᠦᠢ ᠶᠢᠨ ᠪᠠᠶᠢᠷᠢᠰᠢᠯ ᠨᠢ ᠤᠮᠠᠷᠠᠳᠤ ᠦᠷᠬᠡᠷᠢᠭ ᠤᠨ 37。58、35、、~ 38。47、08、、᠂ ᠵᠡᠬᠦᠨ ᠤᠷᠳᠤᠷᠢᠭ ᠤᠨ  107。21、18、、~ 108。25、45、、 ᠶᠢᠨ ᠬᠤᠭᠤᠷᠤᠨᠳᠤ ᠪᠠᠶᠢᠵᠤ᠂ ᠳᠠᠯᠠᠢ  ᠶᠢᠨ ᠲᠦᠪᠰᠢᠨ ᠠᠴᠠ 1300 ᠮᠧᠲᠷ ᠠᠴᠠ 1560 ᠮᠧᠲᠷ ᠡᠷᠬᠦᠭᠳᠡᠵᠤ ᠪᠠᠶᠢᠳᠠᠭ᠃ ᠡᠨᠡ ᠬᠦ ᠨᠠᠩᠰᠤ ᠶᠢᠨ ᠳᠤᠭᠠᠩ ᠢ ᠤᠳᠤᠭ ᠤᠨ ᠳᠤᠯᠤᠳᠤᠭᠠᠷ ᠵᠠᠰᠠᠭ ᠪᠠᠶᠢᠯᠡ ᠨᠤᠶᠠᠨ ᠳᠤᠩᠷᠤᠪᠰᠡᠷᠡᠩ ᠤᠨ ᠦᠶ᠎ᠡ᠂ 1790 ᠤᠨ ︵ᠴᠢᠩ ᠤᠯᠤᠰ ᠤᠨ ᠳᠡᠭᠷᠢ ᠳᠡᠤᠨᠬᠦᠭᠴᠢ ᠶᠢᠨ ᠳᠠᠪᠢᠨ ᠳᠠᠪᠤᠳᠤᠭᠠᠷ ᠤᠨ — 13 ᠵᠢᠷᠠᠨ ᠤ ᠴᠠᠭᠠᠨ ᠨᠤᠬᠠᠢ ᠵᠢᠯ︶ ᠳᠤ ᠬᠡᠶᠢᠷᠤᠪ ᠨᠠᠩᠰᠤ ᠯᠠᠮᠠ ᠡᠷᠬᠢᠯᠡᠨ ᠪᠠᠶᠢᠭᠤᠯᠵᠠᠢ᠃ ᠮᠤᠩᠭᠤᠯᠴᠢᠯᠠᠭᠰᠡᠨ ᠰᠦᠮ᠎ᠠ ᠶᠢᠨ ᠨᠡᠷ᠎ᠡ ᠨᠢ ᠦᠯᠵᠡᠢ ᠪᠤᠶᠠᠨ ᠠᠷᠪᠢᠵᠢᠭᠤᠯᠤᠭᠴᠢ ᠬᠡᠶᠢᠤᠨ ᠬᠡᠳᠡᠭ᠃     ᠤᠤᠯ ᠨᠢ ᠪᠠᠷᠠᠭᠤᠨ ᠭᠠᠵᠠᠷ ᠲᠤ ᠰᠠᠭᠤᠵᠤ ᠨᠤᠮ ᠡᠷᠳᠡᠮ᠂ ᠡᠮ ᠡᠮᠨᠡᠯᠬᠡ ᠶᠢᠨ ᠤᠬᠠᠭᠠᠨ ᠢ ᠨᠡᠪᠳᠡᠷᠡᠳᠡᠯ᠎ᠡ ᠮᠡᠳᠡᠭᠰᠡᠨ ᠬᠡᠶᠢᠷᠤᠪ ︵ᠨᠠᠩᠰᠤ ᠮᠢᠨᠳᠠᠭ ᠲᠠᠢ︶ ᠯᠠᠮᠠ ᠴᠠᠭᠠᠨᠳᠤᠯᠤᠭᠠᠢ ᠳᠤ ᠤᠳᠠᠭᠠᠨ ᠵᠢᠯ ᠰᠠᠭᠤᠵᠤ ᠪᠠᠶᠢᠭᠠᠤᠨ ᠨᠢᠬᠡ ᠵᠢᠯ ᠬᠤᠶᠠᠷ ᠱᠠᠪᠢ ᠪᠠᠨ ᠳᠠᠭᠠᠭᠤᠯᠤᠨ ᠭᠤᠷᠪᠠᠨ ᠰᠠᠷ᠎ᠠ ᠶᠢᠨ ᠬᠤᠷᠢᠨ ᠨᠢᠬᠡᠨ ᠤ ᠴᠢᠩᠬᠢᠰ  ᠤᠨ ᠤᠩᠭᠤᠨ ᠤ ᠳᠠᠬᠢᠯᠭᠠᠨ ᠳᠤ ᠶᠠᠪᠤᠵᠤ ᠨᠢᠬᠡᠨ ᠠᠶᠢᠯ ᠳᠤ ᠬᠤᠨᠤᠵᠠᠢ᠃ ᠮᠠᠷᠭᠠᠰᠢ ᠦᠷᠯᠤᠬᠡ ᠨᠢ ᠶᠠᠪᠤᠬᠤᠯ᠎ᠠ ᠪᠠᠭ᠎ᠠ ᠴᠠᠰᠤ ᠤᠷᠤᠭᠰᠠᠨ ᠳᠤᠯᠠ ᠵᠠᠮ ᠤᠨ ᠬᠠᠵᠠᠭᠤ ᠪᠠᠷ  ᠤᠪᠤᠭᠠᠷᠠᠯᠳᠤᠭᠰᠠᠨ ᠤᠯᠠᠨ ᠬᠦᠮᠤᠨ ᠤ ᠮᠦᠷ ᠳᠡᠬᠡᠷ᠎ᠡ ᠨᠢᠬᠡᠨ ᠳᠤᠰᠤᠯ ᠴᠢᠰᠤ ᠪᠠᠶᠢᠬᠤ ᠶᠢ ᠦᠵᠡᠬᠡᠤᠨ᠄ ︽ᠡᠨᠡ ᠯᠠᠪ ᠠᠮᠢᠳᠤ ᠬᠦᠮᠤᠨ ᠢ ᠬᠦᠳᠡᠭᠡ ᠬᠠᠶᠠᠭᠰᠠᠨ ᠮᠠᠭᠠᠤᠨ︾ ᠬᠡᠵᠤ᠂ ᠬᠤᠶᠠᠷ ᠱᠠᠪᠢ ᠪᠠᠨ ᠱᠠᠭᠠᠷᠳᠠᠭᠤᠯᠤᠨ ᠮᠦᠷ ᠢ ᠨᠢ ᠳᠠᠭᠠᠵᠤ ᠶᠠᠪᠤᠭᠠᠤᠨ ᠳᠡᠮᠡᠢ ᠬᠤᠯᠠ ᠶᠠᠪᠤᠭᠰᠠᠨ ᠦᠬᠡᠢ ᠬᠡᠳᠤᠨ ᠰᠢᠪᠠᠭ ᠤᠨ ᠳᠤᠮᠳᠠ ᠨᠢᠬᠡᠨ ᠡᠮᠡᠭᠳᠡᠢ ᠬᠦᠮᠤᠨ ᠤ ᠦᠬᠦᠳᠡᠯ ᠢ ᠰᠢᠪᠠᠭ ᠢᠶᠠᠷ ᠳᠠᠷᠤᠭᠰᠠᠨ ᠢ ᠤᠯᠵᠤ ᠮᠡᠳᠡᠵᠡᠢ᠃ ᠰᠢᠪᠠᠭ ᠢ ᠨᠢ ᠵᠠᠶᠢᠯᠠᠭᠤᠯᠤᠭᠠᠤᠨ ᠭᠠᠯ ᠨᠤᠴᠤᠭᠠᠵᠤ ᠵᠡᠬᠦᠤ ᠤᠯᠠᠶᠢᠯᠠᠭᠠᠨ ᠦᠬᠦᠳᠠᠯ ᠤᠨ ᠠᠷᠤ ᠳᠠᠯ᠎ᠠ ᠠᠴᠠ  ᠨᠢ ᠬᠠᠤᠨᠬᠤᠭᠰᠠᠨ ᠳᠤ ᠡᠨᠡ ᠦᠬᠦᠳᠡᠯ ᠨᠢ ᠠᠮᠢ ᠤᠷᠤᠵᠤ ᠦᠬᠡ ᠬᠡᠯᠡᠪᠡ ᠬᠡᠨ᠎ᠡ᠃ ᠦᠨᠡᠨ ᠳᠡᠭᠡᠨ ᠡᠨᠡ ᠵᠢᠷᠮᠤᠰᠤᠨ ᠡᠮᠡᠭᠳᠡᠢ ᠶᠢᠨ ᠬᠡᠪᠡᠯᠢ ᠳᠠᠬᠢ ᠬᠡᠤᠬᠡᠤᠨ ᠨᠢ ᠡᠬᠡ ᠶᠢᠨ ᠢᠶᠠᠨ ᠠᠮᠢᠨ ᠭᠤᠤᠯ ᠢ ᠠᠤᠨᠬᠤᠭᠰᠠᠨ ᠪᠠᠶᠢᠵᠠᠢ᠃ ᠢᠩᠬᠢᠬᠡᠤᠨ ᠳᠡᠬᠦᠨ ᠠᠴᠠ ᠭᠠᠷᠤᠭᠰᠡᠨ ᠬᠦᠪᠡᠬᠦᠨ ᠨᠢ ᠶᠡᠭᠡ ᠬᠤᠵᠢᠮ ᠪᠤᠯᠳᠠᠯ᠎ᠠ ᠬᠠᠷᠢᠨ ᠨᠢᠬᠡᠨ ᠭᠠᠷ ᠮᠠᠭᠤᠳᠠᠢ ᠡᠪᠤᠬᠡᠨ ᠪᠤᠯᠵᠤ ᠵᠢᠯ ᠪᠦᠷᠢ ᠨᠠᠩᠰᠤ ᠯᠠᠮᠠ ᠳᠤ ᠵᠤᠯᠭᠠᠵᠤ ᠰᠢᠨ᠎ᠠ ᠶᠢᠨ ᠮᠡᠨᠳᠤᠴᠢᠯᠡᠯ ᠬᠦᠷᠬᠡᠵᠤ ᠪᠠᠶᠢᠭᠰᠡᠨ ᠬᠡᠵᠤ ᠨᠤᠳᠤᠭ ᠤᠨ ᠳᠤᠮᠤᠭᠠᠳᠠᠤᠨ ᠬᠡᠯᠡᠯᠴᠡᠳᠡᠭ ᠪᠠᠶᠢᠵᠠᠢ᠃ ᠳᠡᠨᠳᠠ ᠠᠴᠠ ᠬᠤᠶᠢᠰᠢ ᠨᠠᠩᠰᠤ ᠯᠠᠮᠠ ᠶᠢᠨ ᠨᠠᠷ᠎ᠠ ᠠᠯᠳᠠᠷ ᠨᠠᠩ ᠮᠠᠨᠳᠤᠵᠤ ᠠᠮᠢᠳᠤ ᠪᠤᠷᠬᠠᠨ ᠮᠡᠳᠤ ᠰᠢᠳᠤᠬᠦ ᠪᠤᠯᠪᠠ᠃             ᠢᠷᠡᠯᠳᠠ᠄ ︽ᠤᠳᠤᠭ ᠤᠨ ᠡᠮᠤᠨᠡᠳᠤ ᠬᠤᠰᠢᠭᠤᠨ ᠤ ᠰᠤᠮᠤ᠂ ᠰᠢᠶᠠᠩ᠂ ᠭᠠᠴᠠᠭ᠎ᠠ᠂ ᠳᠤᠰᠬᠤᠨ ᠤ ᠨᠡᠷᠡᠰ ᠤᠨ ᠴᠠᠳᠢᠭ︾ 
ᠢᠷᠡᠯᠲᠡ᠄ ᠲᠣᠲᠣᠷᠬᠠᠢ ᠦᠭᠡᠢ