2000 ᠤᠨ ᠤ 7 ᠰᠠᠷ᠎ᠠ ᠳᠤ ᠪᠠᠶᠢᠭᠤᠯᠤᠭᠳᠠᠭᠰᠡᠨ ᠪᠤᠷᠤᠪᠠᠯᠭᠠᠰᠤ ᠪᠠᠯᠭᠠᠰᠤ ᠨᠢ ᠤᠳᠤᠭ ᠤᠨ ᠡᠮᠤᠨᠡᠳᠤ ᠬᠤᠰᠢᠭᠤᠨ ᠤ ᠵᠠᠰᠠᠭ ᠤᠨ ᠤᠷᠳᠤᠨ ᠤ ᠰᠠᠭᠤᠭ᠎ᠠ | ᠭᠠᠵᠠᠷ ᠤᠯᠵᠠᠴᠢ ᠪᠠᠯᠭᠠᠰᠤᠨ ᠠᠴᠠ ᠵᠡᠬᠦᠨ ᠤᠷᠤᠭᠰᠢ ᠪᠠᠨ 100 ᠺᠢᠯᠤᠮᠧᠲᠷ ᠵᠠᠶᠢᠳᠠᠢ ᠪᠠᠶᠢᠵᠤ᠂ ᠭᠠᠵᠠᠷ ᠵᠦᠢ ᠶᠢᠨ ᠪᠠᠶᠢᠷᠢᠰᠢᠯ ᠨᠢ ᠤᠮᠠᠷᠠᠳᠤ ᠦᠷᠬᠡᠷᠢᠭ ᠤᠨ | 37。34、15、、~ 37。50、17、、᠂ ᠵᠡᠬᠦᠨ ᠤᠷᠳᠤᠷᠢᠭ ᠤᠨ 107。58、40 、、~ 108。30、 08、、 ᠶᠢᠨ | ᠬᠤᠭᠤᠷᠤᠨᠳᠤ ᠪᠠᠶᠢᠳᠠᠭ᠃ ᠠᠳᠡ ᠡᠮᠤᠨᠡᠳᠤ ᠤᠮᠠᠷᠠᠳᠤ ᠲᠦᠷᠤ ᠶᠢᠨ ᠦᠶ᠎ᠡ ᠶᠢᠨ ᠴᠠᠩ ᠽᠧ᠂ ᠪᠠᠷᠠᠭᠤᠨ ᠰᠢᠶᠠ ᠶᠢᠨ ᠦᠶ᠎ᠡ ᠶᠢᠨ ᠶᠸᠤ ᠵᠸᠤ ᠬᠡᠳᠡᠭ ᠡᠷᠳᠡᠨ ᠤ | ᠬᠤᠳᠠ ᠶᠢᠨ ᠪᠠᠭᠤᠷᠢ ᠪᠠᠶᠢᠳᠠᠭ ᠢᠶᠠᠷ ᠢᠶᠠᠨ ᠡᠶᠢᠨᠬᠦ ᠨᠡᠷᠡᠯᠡᠵᠡᠢ᠃ | 1949 ᠤᠨ ᠳᠤ ᠤᠳᠤᠭ ᠬᠤᠰᠢᠭᠤᠨ ᠤ ᠪᠤᠷᠤᠪᠠᠯᠭᠠᠰᠤ ᠨᠤᠳᠤᠭ ᠪᠤᠯᠵᠤ᠂ ᠰᠡᠬᠦᠯᠡᠷ ᠨᠢ ᠨᠢᠬᠡᠨ ᠬᠤᠭᠤᠴᠠᠭ᠎ᠠ 9 ᠳ᠋ᠤᠬᠡᠷ ᠨᠤᠳᠤᠭ ᠬᠡᠮᠡᠨ ᠨᠡᠷᠡᠯᠡᠵᠤ | ᠪᠠᠶᠢᠪᠠ᠃ 1956 ᠤᠨ ᠠᠴᠠ ᠪᠤᠷᠤᠪᠠᠯᠭᠠᠰᠤᠨ ᠤ ᠭᠤᠤᠯ ᠨᠤᠳᠤᠭ ᠬᠤᠷᠢᠶ᠎ᠠ ᠶᠢ ᠪᠠᠶᠢᠭᠤᠯᠵᠤ᠂ 1958 ᠤᠨ ᠤ 11 ᠰᠠᠷ᠎ᠠ ᠠᠴᠠ ᠬᠤᠶᠢᠰᠢ᠂ ᠤᠳᠤᠭ | ᠬᠤᠰᠢᠭᠤᠨ ᠤ ᠪᠤᠷᠤᠪᠠᠯᠭᠠᠰᠤ ︵ᠠᠩᠬᠠᠨ ᠳᠤ ᠪᠠᠨ ᠨᠦᠬᠦᠷᠯᠡᠯ ᠠᠷᠠᠤᠨ ᠤᠨ ᠨᠢᠬᠡᠳᠤᠯ ᠬᠡᠵᠤ ᠪᠠᠶᠢᠵᠠᠢ︶ ᠠᠷᠠᠤᠨ ᠤᠨ ᠨᠢᠬᠡᠳᠤᠯ ᠪᠤᠯᠵᠤ᠂ ᠳᠤᠤᠷ᠎ᠠ ᠪᠠᠨ 13 | ᠤᠶᠢᠯᠡᠤᠨᠪᠤᠷᠢᠯᠡᠯ ᠤᠨ ᠶᠡᠭᠡ ᠪᠠᠷᠢᠭᠠᠳᠠ ᠬᠠᠷᠢᠶᠠᠯᠠᠵᠤ ᠪᠠᠶᠢᠪᠠ᠃ 1980 ᠤᠨ ᠳᠤ ᠤᠳᠤᠭ ᠤᠨ ᠡᠮᠤᠨᠡᠳᠤ ᠬᠤᠰᠢᠭᠤᠨ ᠳᠤ ᠬᠠᠷᠢᠶᠠᠯᠠᠭᠳᠠᠨ᠂ 1984 ᠤᠨ | ᠠᠴᠠ ᠪᠤᠷᠤᠪᠠᠯᠭᠠᠰᠤ ᠰᠤᠮᠤ ᠨᠡᠷᠡᠶᠢᠤᠨᠪᠠ᠃ 2000 ᠤᠨ ᠤ 7 ᠰᠠᠷ᠎ᠠ ᠰᠤᠮᠤ ᠶᠢ ᠦᠬᠡᠶᠢᠰᠬᠡᠨ ᠪᠠᠯᠭᠠᠰᠤ ᠪᠤᠯᠭᠠᠵᠤ᠂ 2005 ᠤᠨ ᠤ 10 ᠰᠠᠷ᠎ᠠ ᠳᠤ ᠤᠤᠯ | ᠤᠨ ᠵᠤᠤᠬ᠎ᠠ ᠰᠤᠮᠤ ᠪᠤᠯᠤᠨ ᠢᠮᠠᠭᠠᠯᠠᠢ ᠰᠢᠶᠠᠩ ᠢ ᠪᠦᠬᠦᠯᠢ ᠪᠠᠷ ᠨᠢ ᠪᠤᠷᠤᠪᠠᠯᠭᠠᠰᠤ ᠪᠠᠯᠭᠠᠰᠤᠨ ᠳᠤ ᠤᠷᠤᠭᠤᠯᠪᠠ᠃ ᠤᠳᠤ ᠪᠤᠷᠤᠪᠠᠯᠭᠠᠰᠤ ᠭᠠᠴᠠᠭ᠎ᠠ᠂ ᠳᠠᠷᠢᠶᠠᠨ | ᠰᠢᠯᠢ ᠭᠠᠴᠠᠭ᠎ᠠ᠂ ᠳᠤᠮᠳᠠᠳᠤ ᠭᠠᠴᠠᠭ᠎ᠠ᠂ ᠰᠢᠯᠢ ᠭᠠᠴᠠᠭ᠎ᠠ᠂ ᠰᠢᠯᠢ ᠶᠢᠨ ᠴᠠᠶᠢᠵᠠ ᠭᠠᠴᠠᠭ᠎ᠠ᠂ ᠤᠳᠤᠷ ᠤᠨ ᠬᠤᠭᠤᠯᠠᠢ ᠳᠤᠰᠬᠤᠨ᠂ ᠵᠠᠩᠭᠠᠨ ᠰᠢᠯᠢ ᠳᠤᠰᠬᠤᠨ᠂ | ᠪᠠᠭ᠎ᠠ ᠬᠡᠵᠤᠤᠷ ᠳᠤᠰᠬᠤᠨ ︵ᠭᠤᠤ ᠴᠤᠤ ᠫᠠᠨ︶᠂ ᠰᠢᠷ᠎ᠠ ᠵᠠᠳᠠᠭᠠᠢ ᠳᠤᠰᠬᠤᠨ᠂ ᠰᠤᠪᠠᠭ ᠤᠨ ᠵᠠᠳᠠᠭᠠᠢ ᠳᠤᠰᠬᠤᠨ᠂ ᠬᠠᠤᠨ ᠤᠨ ᠠᠮᠠ ᠳᠤᠰᠬᠤᠨ᠂ | ᠪᠤᠷᠤᠳᠤᠯᠤᠭᠠᠢ ᠳᠤᠰᠬᠤᠨ᠂ ᠶᠡᠭᠡ ᠳᠤᠬᠤᠢ ᠳᠤᠰᠬᠤᠨ᠂ ᠬᠠᠷ᠎ᠠ ᠰᠡᠬᠡᠷ ᠭᠠᠴᠠᠭ᠎ᠠ᠂ ᠪᠠᠶᠠᠨ ᠰᠢᠯᠢ ᠭᠠᠴᠠᠭ᠎ᠠ᠂ ᠪᠠᠶᠠᠨ ᠰᠢᠯᠢ ᠭᠠᠴᠠᠭ᠎ᠠ᠂ ᠪᠠᠶᠠᠨ ᠰᠢᠪᠡᠷ ᠭᠠᠴᠠᠭ᠎ᠠ᠂ | ᠵᠤᠯᠠᠳᠤ ᠭᠠᠴᠠᠭ᠎ᠠ᠂ ᠬᠡᠵᠤᠤᠷ ᠭᠠᠴᠠᠭ᠎ᠠ᠂ ᠠᠷᠠᠯ ᠭᠠᠴᠠᠭ᠎ᠠ᠂ ᠬᠦᠬᠡᠪᠤᠷ ᠭᠠᠴᠠᠭ᠎ᠠ᠂ ᠬᠦᠬᠡᠳᠤᠯᠤᠭᠠᠢ ᠭᠠᠴᠠᠭ᠎ᠠ᠂ ᠶᠡᠭᠡ ᠴᠠᠶᠢᠳᠠᠮ ᠭᠠᠴᠠᠭ᠎ᠠ᠂ ᠦᠳᠡ ᠶᠢᠨ ᠰᠢᠪᠡᠷ | ᠭᠠᠴᠠᠭ᠎ᠠ᠂ ᠢᠮᠠᠭᠠᠯᠠᠢ ᠳᠤᠰᠬᠤᠨ᠂ ᠵᠡᠬᠡᠷᠬᠡᠨᠡᠳᠤ ᠳᠤᠰᠬᠤᠨ᠂ ᠬᠡᠵᠤᠤᠷ ᠳᠤᠰᠬᠤᠨ᠂ ᠬᠤᠯᠤᠰᠤᠨ ᠨᠠᠭᠤᠷ ᠳᠤᠰᠬᠤᠨ᠂ ᠶᠡᠭᠡ ᠰᠢᠬᠢᠷ ᠳᠤᠰᠬᠤᠨ᠂ ᠤᠪᠤᠭᠠᠨ | ᠬᠠᠳᠠᠭᠤ ᠳᠤᠰᠬᠤᠨ ᠵᠡᠷᠬᠡ 29 ᠭᠠᠴᠠᠭ᠎ᠠ ᠳᠤᠰᠬᠤᠨ ᠪᠠ ᠪᠤᠷᠤᠪᠠᠯᠭᠠᠰᠤ ᠨᠡᠶᠢᠬᠡᠮ ᠤᠨ ᠳᠤᠭᠤᠷᠢᠭ᠂ ᠵᠤᠤᠬ᠎ᠠ ᠨᠠᠶᠢᠬᠡᠮ ᠤᠨ ᠳᠤᠭᠤᠷᠢᠭ᠂ ᠢᠮᠠᠭᠠᠯᠠᠢ ᠨᠡᠶᠢᠬᠡᠮ ᠤᠨ | ᠳᠤᠭᠤᠷᠢᠭ ᠢ ᠬᠠᠷᠢᠶᠠᠯᠠᠵᠤ ᠪᠤᠢ᠃ | | | ᠢᠷᠠᠯᠳᠠ᠄ ︽ᠤᠳᠤᠭ ᠤᠨ ᠡᠮᠤᠨᠡᠳᠤ ᠬᠤᠰᠢᠭᠤᠨ ᠤ ᠰᠤᠮᠤ᠂ ᠰᠢᠶᠠᠩ᠂ ᠭᠠᠴᠠᠭ᠎ᠠ᠂ ᠳᠤᠰᠬᠤᠨ ᠤ ᠨᠡᠷᠡᠰ ᠤᠨ ᠴᠠᠳᠢᠭ︾ |