ᠣᠷᠢᠬᠠᠨ ᠬᠠᠪᠣᠷ ᠰᠠᠭᠠᠳᠠᠵᠣ᠂ ᠲᠦᠮᠡᠨ ᠪᠣᠳᠠᠰ ᠠᠮᠢᠯᠠᠨ᠎ᠠ᠃ ᠬᠠᠪᠣᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠪᠦᠬᠦ ᠲᠠᠯ᠎ᠠ ᠪᠠᠷ ᠦᠷᠨᠢᠵᠣ᠂ ᠣᠳᠤᠭ ᠤᠨ | ᠡᠮᠦᠨᠡᠳᠦ ᠬᠤᠰᠢᠭᠤᠨ ᠤ ᠲᠣᠰᠣᠯᠭᠠᠨ ᠣᠰᠣᠯᠠᠬᠤ ᠪᠦᠰᠡ ᠶᠢᠨ ᠦᠢᠯᠠᠳᠪᠦᠷᠢ ᠪᠦᠬᠦ ᠬᠦᠴᠦᠨ ᠢᠶᠠᠷ ᠢᠶᠠᠨ ᠵᠠᠬᠢᠶᠠᠯᠠᠭ᠎ᠠ ᠬᠦᠯᠢᠶᠡᠵᠣ᠂ ᠬᠠᠪᠣᠷ ᠤᠨ ᠲᠠᠷᠢᠶᠠᠯᠠᠭ᠎ᠠ ᠳᠤ | ᠪᠠᠳᠣᠯᠠᠭ᠎ᠠ ᠬᠠᠩᠭᠠᠵᠣ ᠪᠠᠶᠢᠨ᠎ᠠ᠃ | | | | | ᠣᠷᠳᠣᠰ ᠬᠤᠳᠠ ᠶᠢᠨ ᠬᠤᠩ ᠴᠧᠩ ᠣᠰᠣ ᠠᠷᠪᠢᠯᠠᠬᠤ ᠲᠣᠰᠣᠯᠭᠠᠨ ᠣᠰᠣᠯᠠᠬᠤ ᠪᠦᠰᠡ ᠶᠢᠨ ᠦᠢᠯᠠᠳᠪᠦᠷᠢ ᠶᠢᠨ ᠲᠠᠰᠤᠭ ᠲᠤ᠂ ᠮᠠᠰᠢᠨ ᠬᠦᠷᠴᠢᠭᠢᠨᠡᠵᠣ᠂ | ᠠᠵᠢᠯᠴᠢᠳ ᠶᠠᠭᠠᠷᠠᠯᠳᠣᠨ᠂ ᠬᠠᠳᠠᠭᠠᠬᠤ᠂ ᠰᠦᠯᠢᠶᠣᠣ ᠰᠢᠬᠠᠬᠤ᠂ ᠬᠡᠪᠰᠢᠭᠦᠯᠬᠦ᠂ ᠬᠦᠷᠦᠭᠡᠬᠦ᠂ ᠲᠠᠳᠠᠬᠤ᠂ ᠡᠪᠬᠡᠬᠦ ᠬᠤᠷᠢᠶᠠᠬᠤ ᠵᠡᠷᠭᠡ ᠠᠵᠢᠯ ᠢ ᠮᠠᠰᠢᠨ ᠤ | ᠬᠠᠪᠰᠣᠷᠣᠯᠭ᠎ᠠ ᠲᠣᠣᠷ᠎ᠠ ᠬᠢᠨᠠᠮᠠᠭᠠᠢ ᠬᠢᠵᠣ ᠪᠠᠶᠢᠯ᠎ᠠ᠃ ᠦᠢᠯᠠᠳᠪᠦᠷᠢ ᠶᠢᠨ ᠲᠠᠰᠤᠭ ᠤᠨ ᠬᠠᠷᠢᠭᠤᠴᠠᠯᠭᠠᠳᠠᠨ ᠦᠢᠯᠠᠳᠪᠦᠷᠢᠯᠡᠵᠣ ᠭᠠᠷᠭᠠᠭᠰᠠᠨ ᠪᠦᠰᠡ ᠶᠢᠨ ᠣᠰᠣ | ᠭᠠᠷᠭᠠᠬᠤ ᠵᠢᠭᠳᠡᠴᠡ᠂ ᠣᠷᠣᠰᠬᠠᠯ ᠤᠨ ᠬᠡᠮᠵᠢᠶ᠎ᠡ᠂ ᠵᠣᠵᠠᠭᠠᠨ ᠤ ᠬᠡᠮᠵᠢᠶ᠎ᠡ᠂ ᠣᠷᠳᠦ ᠶᠢᠨ ᠬᠡᠮᠵᠢᠶ᠎ᠡ ᠵᠡᠷᠭᠡ ᠳᠤ ᠬᠢᠨᠠᠨ ᠬᠡᠮᠵᠢᠯᠳᠡ ᠬᠢᠵᠣ᠂ ᠲᠣᠰᠣᠯᠭᠠᠨ ᠣᠰᠣᠯᠠᠬᠤ | ᠪᠦᠰᠡ ᠨᠢᠭᠡᠪᠦᠷᠢ ᠶᠢ ᠴᠦᠮ ᠣᠯᠣᠰ ᠤᠨ ᠶᠠᠰᠦ ᠴᠢᠨᠠᠷ ᠤᠨ ᠪᠠᠷᠢᠮᠵᠢᠶ᠎ᠡ ᠳᠤ ᠬᠦᠷᠭᠡᠬᠦ ᠶᠢ ᠦᠨᠡᠨᠬᠦ ᠪᠠᠳᠣᠯᠠᠵᠣ᠂ ᠣᠰᠣᠯᠠᠯᠳᠠ ᠶᠢᠨ ᠦᠷ᠎ᠡ ᠪᠦᠳᠦᠮᠵᠢ ᠳᠤ | ᠬᠠᠷᠢᠭᠤᠴᠠᠵᠣ ᠪᠠᠶᠢᠯ᠎ᠠ᠃ | | | | | ᠬᠠᠷᠢᠭᠤᠴᠠᠯᠭᠠᠳᠠᠨ ᠴᠠᠩ ᠬᠥᠩ᠂ ᠮᠠᠨ ᠤ ᠦᠢᠯᠠᠳᠪᠦᠷᠢ ᠨᠢᠳᠣᠨᠣᠨ ᠤ 10 ᠰᠠᠷ᠎ᠠ ᠠᠴᠠ ᠡᠬᠢᠯᠡᠨ ᠬᠠᠪᠣᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠳᠤ | ᠵᠣᠷᠢᠭᠤᠯᠵᠣ᠂ ᠲᠣᠰᠣᠯᠭᠠᠨ ᠣᠰᠣᠯᠠᠬᠤ ᠪᠦᠰᠡ ᠶᠢᠨ ᠵᠠᠬᠢᠶᠠᠯᠠᠭ᠎ᠠ ᠶᠢ ᠲᠣᠰᠣᠭᠰᠠᠨ ᠶᠣᠮ᠃ ᠪᠢᠳᠡ ᠰᠢᠨ᠎ᠡ ᠪᠠᠷ 2 ᠰᠠᠭᠤᠷᠢ ᠭᠤᠣᠯ ᠮᠠᠰᠢᠨ ᠨᠡᠮᠡᠵᠣ᠂ ᠡᠨᠡ ᠵᠢᠯ | ᠲᠣᠰᠣᠯᠭᠠᠨ ᠣᠰᠣᠯᠠᠬᠤ ᠪᠦᠰᠡ ᠶᠢ 6 ᠲᠦᠮᠡᠨ ᠣᠷᠢᠶᠠᠮᠠᠯ ᠠᠴᠠ ᠲᠡᠭᠡᠭᠰᠢ᠂ ᠭᠤᠣᠯ ᠬᠤᠭᠤᠯᠠᠢ ᠶᠢ 1 ᠲᠦᠮᠡᠨ ᠣᠷᠢᠶᠠᠮᠠᠯ ᠣᠷᠴᠢᠮ ᠦᠢᠯᠠᠳᠪᠦᠷᠢᠯᠡᠭᠦ ᠪᠠᠷ | ᠲᠦᠯᠦᠪᠯᠡᠵᠣ ᠪᠠᠶᠢᠨ᠎ᠠ᠃ ᠢᠩᠬᠢᠪᠡᠯ ᠪᠢᠳᠠ ᠣᠳᠤᠭ ᠤᠨ ᠡᠮᠦᠨᠡᠳᠦ ᠬᠤᠰᠢᠭᠤᠨ ᠤ ᠲᠣᠰ ᠭᠠᠵᠠᠷ ᠤᠨ ᠱᠠᠭᠠᠷᠳᠠᠯᠭ᠎ᠠ ᠶᠢ ᠬᠠᠩᠭᠠᠬᠤ ᠶᠢᠨ ᠬᠠᠮᠳᠦ᠂ ᠪᠠᠰᠠ | ᠦᠣᠰᠢᠨ ᠬᠤᠰᠢᠭᠤ᠂ ᠲᠡᠮᠡᠭᠡᠳᠦ ᠬᠤᠳᠠ᠂ ᠶᠡᠭᠡ ᠮᠠᠰᠢᠩ ᠵᠡᠷᠭᠡ ᠬᠦᠷᠰᠢ ᠵᠡᠷᠭᠡᠯᠡᠳᠡᠭᠡ ᠬᠤᠰᠢᠭᠤ ᠰᠢᠶᠠᠨ ᠳᠤ ᠴᠣ᠋ ᠪᠣᠷᠣᠯᠠᠭᠤᠯᠵᠣ ᠲᠡᠶᠢᠯᠦᠨ᠎ᠡ ᠭᠡᠵᠣ ᠪᠠᠶᠢᠯ᠎ᠠ᠃ | | | | | ᠪᠣᠷᠣᠪᠠᠯᠭᠠᠰᠣ ᠪᠠᠯᠭᠠᠰᠣᠨ ᠤ ᠲᠣᠮᠳᠠᠳᠦ ᠲᠣᠰᠬᠤᠨ ᠤ ᠠᠷᠠᠳ ᠭᠥᠸᠧ ᠯᠢ ᠹᠧᠩ ᠬᠠᠶᠠᠭᠳᠠᠮᠠᠯ ᠬᠠᠭᠤᠴᠢᠨ ᠲᠣᠰᠣᠯᠭᠠᠨ ᠣᠰᠣᠯᠠᠬᠤ ᠪᠦᠰᠡ ᠪᠠᠨ | ᠦᠷᠳᠡᠭᠴᠢᠯᠡᠨ ᠪᠣᠳᠣᠵᠣ ᠰᠢᠨ᠎ᠡ ᠪᠦᠰᠡ ᠰᠣᠯᠢᠵᠣ ᠠᠪᠣᠭᠠᠳ ᠮᠠᠰᠢ ᠬᠠᠨᠣᠮᠵᠢᠳᠡᠢ ᠪᠠᠶᠢᠪᠡ᠃ ᠲᠡᠷᠡ ᠬᠠᠭᠤᠴᠢᠨ ᠲᠣᠰᠣᠯᠭᠠᠨ ᠣᠰᠣᠯᠠᠬᠤ ᠪᠦᠰᠡ ᠪᠠᠨ 2000 | ᠲᠦᠬᠦᠷᠢᠭ ᠣᠷᠴᠢᠮ ᠰᠣᠯᠢᠵᠣ ᠲᠡᠭᠡᠷ᠎ᠡ ᠨᠢ ᠪᠠᠭᠠᠨᠡᠮᠡᠭᠡᠳ ᠡᠨᠡ ᠵᠢᠯ ᠬᠡᠷᠡᠭᠰᠡᠭᠦ ᠪᠦᠰᠠ ᠪᠠᠨ ᠬᠤᠳᠠᠯᠳᠣᠨ ᠠᠪᠣᠪᠠ᠂ ᠡᠨᠡ ᠨᠢ ᠮᠠᠯᠴᠢᠨ ᠲᠠᠷᠢᠶᠠᠴᠢᠨ ᠤ | ᠦᠢᠯᠠᠳᠪᠦᠷᠢᠯᠠᠯ ᠤᠨ ᠦᠪᠡᠷ ᠤᠨ ᠦᠷᠳᠡᠭ ᠢ ᠪᠠᠭᠤᠷᠠᠭᠤᠯᠣᠭᠰᠠᠨ ᠢᠶᠠᠷ ᠪᠠᠷᠠᠬᠤ ᠦᠭᠡᠢ ᠪᠠᠰᠠ ᠲᠡᠳᠡᠨ ᠤ ᠣᠷᠴᠢᠨ ᠠᠬᠤᠢ ᠶᠢ ᠬᠠᠮᠠᠭᠠᠯᠠᠬᠤ ᠣᠬᠠᠮᠰᠠᠷ ᠢ | ᠲᠡᠭᠡᠭᠰᠢᠯᠡᠭᠦᠯᠦᠭᠰᠡᠨ ᠪᠠᠶᠢᠨ᠎ᠡ ᠭᠡᠪᠡ᠃ | | | | | ᠲᠣᠷᠠᠳᠣᠭᠤᠰᠢᠳᠠᠢ ᠨᠢ᠂ ᠲᠣᠰᠣᠯᠭᠠᠨ ᠣᠰᠣᠯᠠᠬᠤ ᠪᠦᠰᠡ ᠣᠰᠣᠨ ᠳᠤ ᠠᠷᠪᠢᠳᠠᠢ᠂ ᠦᠪᠡᠷ ᠤᠨ ᠦᠷᠳᠡᠭ ᠲᠣᠣᠷ᠎ᠠ᠂ ᠲᠠᠬᠢᠨ ᠠᠰᠢᠭᠯᠠᠵᠣ ᠪᠣᠯᠬᠤ ᠵᠡᠷᠭᠡ | ᠲᠠᠪᠠᠭᠤᠯᠢᠭ ᠲᠠᠯ᠎ᠠ ᠪᠠᠷ ᠢᠶᠠᠨ ᠣᠳᠤᠭ ᠤᠨ ᠡᠮᠦᠨᠡᠳᠦ ᠬᠤᠰᠢᠭᠤᠨ ᠳᠤ ᠨᠢᠭᠡᠨᠳᠡ ᠲᠦᠭᠡᠮᠡᠯᠵᠢᠵᠣ᠂ ᠦᠷᠭᠡᠨ ᠣᠯᠠᠨ ᠮᠠᠯᠴᠢᠨ ᠲᠠᠷᠢᠶᠠᠴᠢᠳ ᠤᠨ ᠣᠰᠣᠨ ᠤ ᠡᠬᠢ | ᠪᠠᠶᠠᠯᠢᠭ ᠤᠨ ᠠᠰᠢᠭᠯᠠᠮᠵᠢ ᠶᠢ ᠶᠡᠬᠡᠪᠡᠷ ᠲᠡᠭᠡᠭᠰᠢᠯᠡᠭᠦᠯᠵᠣ᠂ ᠠᠮᠢ ᠠᠬᠤᠢ ᠦᠨᠳᠦᠷ ᠪᠦᠳᠦᠮᠵᠢᠳᠡᠢ᠂ ᠣᠷᠴᠢᠯ ᠠᠰᠢᠭᠯᠠᠯᠳᠠ᠂ ᠦᠷᠭᠦᠯᠵᠢᠭᠦᠶᠢᠴᠡ ᠬᠦᠭᠵᠢᠯᠳᠡ ᠶᠢᠨ | ᠰᠢᠨ᠎ᠡ ᠵᠠᠮ ᠢ ᠨᠡᠭᠡᠭᠡᠭᠰᠡᠨ ᠪᠠᠶᠢᠨ᠎ᠠ᠃ | ᠣᠳᠣᠬᠠᠨ ᠳᠤ᠂ ᠲᠣᠰᠣᠯᠭᠠᠨ ᠣᠰᠣᠯᠠᠬᠤ ᠪᠦᠰᠡ ᠶᠢᠨ ᠦᠢᠯᠠᠳᠪᠦᠷᠢ ᠨᠢ ᠬᠠᠪᠣᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠲᠣᠮᠳᠠᠬᠢ ᠨᠢᠭᠡᠨ ᠴᠢᠬᠤᠯᠠ | ᠭᠤᠭᠴᠤᠭ᠎ᠠ ᠪᠣᠯᠵᠣ᠂ ᠬᠦᠳᠡᠭᠡ ᠲᠣᠰᠬᠤᠨ ᠢ ᠬᠦᠭᠵᠢᠭᠦᠯᠦᠨ ᠮᠠᠨᠳᠣᠭᠤᠯᠬᠤ ᠶᠢ ᠠᠬᠢᠭᠤᠯᠬᠤ ᠬᠦᠴᠦᠷᠬᠡᠭ ᠶᠡᠭᠡ ᠬᠦᠳᠡᠯᠭᠡᠬᠦ ᠬᠦᠴᠦᠨ ᠪᠣᠯᠣᠭᠰᠠᠨ ᠪᠠᠶᠢᠨ᠎ᠠ᠃ | | | | | |