ᠣᠲᠣᠷ ᠤᠨ ᠬᠤᠭᠤᠯᠠᠢ ᠲᠣᠰᠬᠤᠨ
ᠨᠡᠶᠢᠲᠡᠯᠡᠭᠰᠡᠨ ᠴᠠᠭ᠄
2025/3/5
     ᠣᠲᠣᠷ ᠤᠨ ᠬᠤᠭᠤᠯᠠᠢ ᠲᠣᠰᠬᠤᠨ ᠪᠣᠷᠣᠪᠠᠯᠭᠠᠰᠣ ᠪᠠᠯᠭᠠᠰᠣᠨ ᠤ ᠪᠠᠷᠠᠭᠤᠨ ᠬᠡᠰᠡᠭ ᠲᠤ ᠪᠠᠶᠢᠷᠢᠯᠠᠵᠣ᠂ ᠪᠠᠯᠭᠠᠰᠣᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠠᠴᠠ 22 ᠺᠢᠯᠣᠮᠧᠲᠷ ᠵᠠᠶᠢᠲᠠᠢ᠂ ᠵᠡᠬᠦᠨᠰᠢ ᠪᠠᠨ ᠲᠣᠮᠳᠠᠳᠣ ᠭᠠᠴᠠᠭ᠎ᠠ ᠲᠠᠢ ᠵᠠᠯᠭᠠᠯᠳᠣᠨ᠂ ᠡᠮᠣᠨᠡᠰᠢ ᠪᠠᠨ  ᠱᠠᠨᠰᠢ ᠮᠣᠵᠢ ᠶᠢᠨ ᠪᠠᠢ ᠶᠢᠨ ᠰᠢᠯᠢ ᠪᠠᠯᠭᠠᠰᠣ  ᠲᠠᠢ ᠬᠦᠷᠰᠢᠯᠡᠵᠣ᠂ ᠪᠠᠷᠠᠭᠤᠨᠰᠢ ᠪᠠᠨ ᠵᠠᠩᠭᠠᠨ ᠰᠢᠯᠢ ᠲᠣᠰᠬᠤᠨ ᠲᠠᠢ ᠰᠠᠪᠠᠯᠠᠨ᠂ ᠬᠤᠶᠢᠰᠢ ᠪᠠᠨ  ᠰᠢᠷ᠎ᠠ ᠵᠠᠳᠠᠭᠠᠢ ᠲᠣᠰᠬᠤᠨ ᠲᠠᠢ ᠵᠠᠬ᠎ᠠ ᠨᠡᠶᠢᠯᠡᠨ᠎ᠡ᠃ ᠨᠡᠶᠢᠲᠡ 417 ᠡᠷᠣᠬᠡ 1405 ᠬᠦᠮᠦᠨ ᠠᠮᠠ ᠲᠠᠢ᠂ ᠪᠠᠶᠢᠩᠭᠤ ᠰᠠᠭᠤᠭ᠎ᠠ 241 ᠡᠷᠣᠬᠡ 876 ᠬᠦᠮᠦᠨ᠂ 24 ᠨᠠᠮ ᠤᠨ ᠬᠡᠰᠢᠬᠦᠨ ᠲᠠᠢ᠂ ᠠᠵᠢᠯᠯᠠᠭᠠᠨ ᠤ ᠭᠠᠵᠠᠷ  ᠤᠨ ᠪᠠᠷᠢᠯᠭ᠎ᠠ ᠶᠢᠨ ᠲᠠᠯᠠᠪᠠᠢ 160 ᠺᠦᠸᠠᠳ᠋ ᠮᠧᠲᠷ᠃  ᠭᠠᠵᠠᠷ ᠰᠢᠷᠣᠢ ᠶᠢᠨ ᠶᠡᠷᠣᠩᠬᠡᠢ ᠲᠠᠯᠠᠪᠠᠢ 9.3 ᠲᠦᠮᠡᠨ ᠮᠣ᠋᠂ ᠡᠬᠦᠨ ᠳᠤ ᠠᠰᠢᠭᠯᠠᠵᠣ ᠪᠣᠯᠬᠤ ᠨᠣᠲᠤᠭ ᠪᠡᠯᠴᠢᠬᠡᠷ 0.5 ᠲᠦᠮᠡᠨ ᠮᠣ᠋᠂ ᠣᠢ ᠶᠢᠨ ᠭᠠᠵᠠᠷ 3 ᠲᠦᠮᠡᠨ ᠮᠣ᠋᠂ ᠲᠠᠷᠢᠮᠠᠯ ᠤᠨ ᠲᠠᠯᠠᠪᠠᠢ 1.3 ᠲᠦᠮᠡᠨ ᠮᠣ᠋᠂ ᠴᠢᠨᠠᠷ ᠰᠠᠶᠢᠲᠠᠢ ᠡᠪᠡᠰᠣ 300 ᠮᠤ᠋᠂ ᠠᠮᠣ ᠪᠣᠳᠠᠭᠠᠨ ᠤ ᠶᠡᠷᠣᠩᠬᠡᠢ ᠣᠨᠠᠯᠲᠠ 5988 ᠲᠣᠨ᠂ ᠮᠠᠯ ᠤᠨ ᠶᠡᠷᠣᠩᠬᠡᠢ ᠲᠤᠭ᠎ᠠ 8000 ᠭᠠᠷᠣᠢ ᠲᠣᠯᠣᠭᠠᠢ᠂ ᠮᠠᠯᠴᠢᠨ ᠲᠠᠷᠢᠶᠠᠴᠢᠨ ᠤ ᠬᠦᠮᠦᠨ ᠲᠣᠮᠳᠠᠴᠢ ᠶᠢᠨ ᠴᠡᠪᠡᠷ ᠣᠷᠣᠯᠭ᠎ᠠ 12000 ᠲᠦᠬᠦᠷᠢᠭ᠂ ᠪᠦᠬᠦ ᠪᠠᠯᠭᠠᠰᠣᠨ ᠤ ᠲᠣᠮᠳᠠ ᠵᠡᠷᠬᠡ ᠶᠢᠨ ᠲᠦᠪᠰᠢᠨ ᠳᠤ ᠪᠣᠢ᠃ ᠠᠶᠣᠯᠬᠦᠢ ᠣᠰᠣ ᠣᠮᠳᠠ ᠶᠢᠨ ᠢᠨᠵᠧᠨᠧᠷᠢᠩ ᠢ ᠬᠡᠷᠡᠭᠵᠢᠬᠦᠯᠦᠭᠰᠡᠨ ᠡᠷᠣᠬᠡ 160᠂ ᠠᠶᠢᠯ ᠪᠣᠯᠭᠠᠨ ᠳᠤ ᠲᠧᠯᠸᠢᠰ ᠲᠣᠬᠢᠶ᠎ᠠ ᠨᠡᠪᠳᠡᠷᠡᠬᠦᠯᠬᠦ ᠢᠨᠵᠧᠨᠧᠷᠢᠩ ᠢ ᠬᠡᠷᠡᠭᠵᠢᠬᠦᠯᠦᠭᠰᠡᠨ ᠡᠷᠣᠬᠡ 170 ᠪᠣᠢ᠃ ᠦᠢᠷ᠎ᠠ  ᠶᠢᠨ ᠵᠢᠯ ᠳᠤ ᠣᠲᠣᠷ ᠤᠨ ᠬᠤᠭᠤᠯᠠᠢ ᠲᠣᠰᠬᠤᠨ ᠵᠠᠬ᠎ᠠ ᠲᠡᠯᠬᠡᠬᠦᠷ ᠢᠶᠠᠷ ᠣᠳᠣᠷᠢᠳᠣᠮᠵᠢ ᠪᠣᠯᠭᠠᠨ᠂ ᠣᠳᠣ ᠦᠶ᠎ᠡ ᠶᠢᠨ ᠮᠠᠯ ᠲᠠᠷᠢᠶᠠᠯᠠᠩ ᠤᠨ ᠦᠳᠲᠡᠷ ᠬᠦᠭᠵᠢᠯᠲᠡ ᠶᠢ ᠲᠠᠰᠣᠷᠠᠯᠲᠠ ᠦᠬᠡᠢ ᠠᠬᠢᠭᠤᠯᠵᠣ᠂ ᠢᠯᠠᠩᠭᠤᠶ᠎ᠠ ᠣᠨᠴᠠᠯᠢᠭᠲᠣ ᠲᠠᠷᠢᠮᠠᠯ ᠤᠨ ᠲᠠᠯ᠎ᠠ ᠪᠠᠷ ᠨᠡᠷᠡᠲᠣ ᠲᠡᠮᠳᠡᠭ ᠪᠣᠯᠣᠨ ᠵᠠᠬ᠎ᠠ ᠲᠡᠯᠬᠡᠬᠦᠷ ᠲᠤ ᠲᠦᠰᠢᠭᠯᠡᠨ᠂ ᠣᠨᠴᠠᠯᠢᠭᠲᠣ ᠲᠠᠷᠢᠮᠠᠯ ᠤᠨ ᠦᠢᠯᠡᠰ ᠢ ᠬᠦᠭᠵᠢᠬᠦᠯᠵᠡᠢ᠃ ᠣᠲᠣᠷ ᠤᠨ ᠬᠤᠭᠤᠯᠠᠢ ᠲᠣᠰᠬᠤᠨ ᠪᠣᠯ ᠠᠮᠢ ᠠᠬᠤᠢ ᠶᠢᠨ ᠪᠠᠶᠢᠭᠤᠯᠣᠯᠲᠠ ᠬᠠᠮᠠᠭᠠᠯᠠᠯᠲᠠ  ᠪᠠᠷ ᠭᠤᠣᠯ ᠪᠣᠯᠭᠠᠵᠣ᠂ ᠡᠷᠬᠢᠯᠲᠡᠲᠣ ᠮᠠᠯ ᠠᠵᠣ ᠠᠬᠤᠢ ᠪᠣᠯᠣᠨ ᠣᠳᠣ ᠦᠶ᠎ᠡ ᠶᠢᠨ ᠲᠠᠷᠢᠶᠠᠯᠠᠩ ᠢ ᠬᠦᠭᠵᠢᠬᠦᠯᠵᠣ ᠪᠠᠶᠢᠭ᠎ᠠ ᠲᠣᠰᠬᠤᠨ ᠪᠣᠯᠣᠨ᠎ᠠ᠃
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ